| | ᠵᠡᠭᠦᠨᠭᠠᠷ ᠪᠤᠶᠠᠨᠪᠠᠲᠤ | ᠴᠢᠯᠠᠭᠤᠳ ᠤᠨ ᠤᠭᠢᠯᠠᠯᠳᠤᠬᠤ ᠳᠠᠭᠤᠨ ᠢᠶᠠᠷ ᠪᠢ ᠨᠠᠮ ᠭᠦᠮ ᠵᠡᠭᠦᠳᠦᠨ ᠤ ᠶᠢᠷᠲᠢᠨᠴᠦ ᠠᠴᠠ ᠪᠠᠨ ᠲᠤᠭ᠎ᠠ ᠦᠭᠡᠢ | ᠣᠯᠠᠠ ᠤᠳᠠᠭ᠎ᠠ ᠠᠷᠠᠢ ᠴᠢᠮᠡᠢ ᠰᠣᠴᠢᠨ ᠰᠡᠷᠡᠵᠦ᠂ ᠪᠣᠳᠠᠳᠤ ᠠᠬᠤᠢ ᠤᠷᠤᠭᠤ ᠴᠢᠳᠠᠨ ᠶᠠᠳᠠᠨ ᠪᠤᠴᠠᠵᠤ ᠢᠷᠡᠳᠡᠭ | ᠪᠣᠯᠪᠠ᠃ ᠬᠡᠵᠢᠶ᠎ᠡ ᠠᠴᠠ ᠲᠡᠶᠢᠮᠦ ᠪᠣᠯᠵᠤ ᠡᠬᠢᠯᠡᠭᠰᠡᠨ ᠢᠶᠠᠨ ᠮᠠᠷᠲᠠᠵᠤ ᠣᠷᠬᠢᠵᠠᠢ᠃ ᠶᠠᠮᠠᠷ ᠴᠦ ᠪᠠᠶᠢᠭᠰᠠᠨ ᠬᠠᠮᠢᠭ᠎ᠠ | ᠨᠢᠭᠡᠲᠡᠭᠡ ᠠᠴᠠ ᠨᠤᠲᠤᠭ ᠤᠨ ᠮᠢᠨᠢ ᠴᠢᠯᠠᠭᠤ ᠠᠮᠢ ᠲᠠᠯᠪᠢᠨ ᠴᠢᠷᠠᠯᠠᠨ ᠤᠭᠢᠯᠠᠵᠤ᠂ ᠨᠢᠯᠪᠤᠰᠤᠨ ᠳᠠᠭᠠᠨ ᠳᠡᠪᠲᠣᠨ | ᠭᠤᠨᠢᠵᠤ ᠭᠤᠲᠤᠵᠤ ᠶᠠᠪᠤᠭ᠎ᠠ ᠶᠢ ᠵᠢᠷᠦᠬᠡᠨ ᠤ ᠪᠠᠨ ᠴᠠᠭᠠᠨ ᠵᠥᠩ ᠢᠶᠠᠷ ᠮᠡᠳᠡᠷᠡᠳᠡᠭ ᠪᠣᠯᠣᠭᠠᠳ ᠴᠢᠮᠠᠯᠠᠬᠤ ᠪᠠᠷ | ᠦᠭᠡᠢ ᠣᠨ ᠵᠢᠯ ᠢ ᠠᠷᠤ ᠳᠠᠭᠠᠨ ᠬᠠᠶᠠᠭᠰᠠᠨ ᠨᠢ ᠦᠨᠡᠡ ᠪᠢᠯᠡ᠃ | ᠴᠢᠯᠠᠭᠤᠨ ᠳᠤ ᠨᠢᠯᠪᠤᠰᠤ ᠲᠠᠢ ᠭᠡᠳᠡᠭ ᠲᠤ ᠬᠡᠨ ᠨᠢᠭᠡᠨ ᠢᠲᠡᠭᠡᠬᠦ ᠦᠭᠡᠢ ᠪᠠᠶᠢᠬ᠎ᠠ᠃ ᠲᠡᠶᠢᠮᠦ ᠡ᠂ ᠴᠢᠯᠠᠭᠤᠨ ᠤ | ᠨᠢᠯᠪᠤᠰᠤ ᠶᠢ ᠬᠡᠨ ᠴᠦ ᠬᠠᠷᠠᠬᠤ ᠦᠭᠡᠢ᠃ ᠦᠨᠡᠨ ᠳᠡᠭᠡᠨ ᠬᠡᠨ ᠳᠤ ᠴᠦ ᠬᠠᠷᠠᠭᠳᠠᠬᠤ ᠦᠭᠡᠢ᠃ ᠬᠦᠮᠦᠨ ᠳᠡᠯᠡᠬᠡᠢ | ᠳᠤ ᠪᠤᠷᠤᠭᠤ ᠲᠠᠢ ᠶᠠᠭᠤᠮ᠎ᠠ ᠬᠢᠬᠦ ᠳᠤ ᠶᠤᠮ ᠦᠦ ᠥᠪᠡᠷ ᠢᠶᠠᠨ ᠨᠤᠲᠤᠭ ᠠᠴᠠ ᠪᠠᠨ ᠬᠤᠯᠠ ᠲᠡᠷᠲᠡᠭᠡ ᠰᠠᠯᠵᠤ | ᠬᠠᠭᠠᠴᠠᠭᠰᠠᠨ ᠦᠶ᠎ᠡ ᠳᠤ ᠯᠠ ᠴᠢᠯᠠᠭᠤ ᠦᠷᠭᠦᠯᠵᠢ ᠲᠡᠮᠡᠭᠡ ᠰᠢᠭ ᠢᠶᠠᠨ ᠠᠰᠬᠠᠷᠠᠲᠠᠯ᠎ᠠ ᠤᠭᠢᠯᠠᠳᠠᠭ ᠭᠡᠨᠡᠮ᠃ | ᠤᠭᠢᠯᠠᠬᠤ ᠴᠢᠮᠡᠭᠡᠨ ᠳᠤ ᠨᠢ ᠲᠡᠭᠷᠢ ᠶᠢᠨ ᠲᠠᠩᠨᠠᠢ ᠤᠷᠠᠭᠳᠠᠵᠤ᠂ ᠳᠡᠯᠡᠬᠡᠢ ᠶᠢᠨ ᠲᠡᠩᠬᠡᠯᠢᠭ ᠲᠤ ᠴᠠᠪᠠ ᠰᠠᠭᠤᠳᠠᠭ ᠢ | ᠬᠦᠮᠦᠨ ᠬᠡᠮᠡᠭᠴᠢ ᠬᠠᠷ᠎ᠠ ᠲᠡᠷᠢᠭᠦᠲᠡᠨ ︽ᠤᠬᠠᠭᠠᠨ︾ ᠳᠠᠭᠠᠨ ᠡᠷᠡᠮᠰᠢᠭᠡᠳ ᠳᠠᠩᠴᠢ ᠠᠩᠵᠠᠭᠠᠷᠠᠳᠠᠭ ᠦᠭᠡᠢ ᠠᠵᠢ᠃ | | ᠴᠢᠯᠠᠭᠤ ᠪᠣᠯᠭᠠᠨ ᠢ ᠪᠢ ᠭᠠᠷᠠᠭ ᠡᠷᠬᠡᠰ ᠤᠨ ᠴᠠᠷᠴᠠᠭᠰᠠᠨ ᠦᠭᠡᠰ᠂ ᠦᠯᠦ ᠮᠡᠳᠡᠭᠳᠡᠭᠴᠢ ᠴᠠᠭ ᠲᠣᠭᠠᠯᠠᠯ ᠤᠨ | ᠮᠡᠳᠡᠭᠡᠯᠡᠯ ᠪᠤᠶᠤ ᠲᠡᠭᠦᠨ ᠤ ᠲᠤᠬᠠᠢ ᠦᠨᠡᠨ ᠪᠠᠲᠤᠲᠠᠢ ᠲᠡᠮᠳᠡᠭᠯᠡᠯ ᠬᠡᠮᠡᠨ ᠦᠷᠭᠦᠯᠵᠢ ᠪᠣᠳᠣᠳᠠᠭ ᠰᠠᠨ᠃ ᠭᠠᠭᠴᠠᠬᠠᠨ | ᠮᠠᠨ ᠤ ᠴᠡᠩᠬᠡᠷ ᠳᠡᠯᠡᠬᠡᠢ ᠳᠤ ᠴᠦ ᠪᠤᠰᠤ ᠥᠨᠥ ᠶᠢᠨ ᠣᠯᠵᠣ ᠮᠡᠳᠡᠭᠰᠡᠨ ᠪᠦᠬᠦ ᠣᠳᠣ ᠡᠷᠬᠡᠰ ᠲᠤ ᠪᠦᠷ ᠠᠭᠠᠷ | ᠤᠰᠤ ᠬᠡᠬᠦᠴᠢᠯᠡᠨ ᠪᠤᠰᠤᠳ ᠶᠠᠭᠤᠮ᠎ᠠ ᠪᠠᠷ ᠳᠤᠲᠠᠭᠤ ᠶᠤᠮ ᠭᠡᠬᠦ ᠳᠤ ᠴᠢᠯᠠᠭᠤ ᠪᠠᠷ ᠬᠠᠷᠢᠨ ᠪᠠᠶᠠᠨ ᠲᠠᠩᠰᠤᠭ ᠶᠤᠮ | ᠰᠠᠨᠵᠠᠢ᠃ ᠲᠡᠶᠢᠮᠦ ᠪᠣᠯᠬᠤᠷ ᠦᠨᠳᠦᠷ ᠬᠥᠭᠵᠢᠯ ᠲᠠᠢ ᠤᠯᠤᠰ ᠭᠦᠷᠦᠨ ᠰᠠᠨᠰᠠᠷ ᠤᠨ ᠬᠥᠯᠭᠡ ᠪᠠᠷ ᠲᠡᠨᠳᠡ ᠠᠴᠠ | ᠴᠢᠯᠠᠭᠤ ᠶᠢ ᠨᠢ ᠳᠡᠭᠡᠵᠢ ᠪᠣᠯᠭᠠᠨ ᠠᠪᠴᠦ ᠢᠷᠡᠭᠡᠳ ᠲᠡᠷᠡ ᠭᠠᠷᠠᠭ ᠣᠳᠣᠨ ᠤ ᠨᠠᠰᠤ ᠰᠢᠳᠦ ᠨᠠᠮᠲᠠᠷ ᠲᠡᠦᠬᠡ ᠶᠢ ᠨᠢ | ᠲᠦᠪᠡᠭ ᠦᠭᠡᠢ ᠲᠣᠮᠢᠶᠠᠯᠠᠨ ᠲᠣᠭᠲᠠᠭᠠᠳᠠᠭ ᠭᠡᠨ᠎ᠡ᠃ ᠲᠡᠭᠡᠭᠡᠳ ᠪᠣᠳᠣᠬᠤ ᠳᠤ ᠴᠢᠯᠠᠭᠤ ᠪᠣᠯ ᠬᠠᠮᠤᠭ ᠤᠨ ᠥᠷᠭᠡᠨ | ᠲᠦᠭᠡᠮᠡᠯ᠂ ᠬᠠᠮᠤᠭ ᠤᠨ ᠲᠡᠰᠪᠤᠷᠢ ᠲᠡᠪᠴᠢᠶᠡᠷᠢ ᠲᠠᠢ᠂ ᠬᠠᠮᠤᠭ ᠤᠨ ᠭᠦᠨ ᠨᠢᠭᠤᠴᠠᠯᠢᠭ᠂ ᠬᠠᠮᠤᠭ ᠤᠨ ᠦᠨᠢ | ᠮᠥᠩᠬᠡ ᠶᠢᠨ ᠣᠷᠣᠰᠢᠬᠤᠢ ᠶᠤᠮᠰᠠᠨᠵᠠᠢ᠃ ᠡᠭᠦᠨ ᠠᠴᠠ ᠰᠢᠯᠲᠠᠭᠠᠯᠠᠵᠦ ᠪᠢ ᠬᠠᠮᠤᠭ ᠰᠡᠭᠦᠯᠴᠢ ᠶᠢᠨ ᠦᠭᠡ ᠪᠠᠨ᠂ | ᠬᠠᠯᠠᠭᠤᠨ ᠪᠦᠯᠢᠶᠡᠨ ᠰᠦᠨᠡᠰᠦ ᠪᠠᠨ ᠡᠬᠡ ᠨᠤᠲᠤᠭ ᠤᠨ ᠢᠶᠠᠨ ᠡᠭᠡᠯ ᠪᠣᠷᠭᠢᠯ ᠴᠢᠯᠠᠭᠤᠨ ᠳᠤ ᠯᠠ ᠰᠢᠪᠰᠢᠨ | ᠰᠢᠩᠭᠡᠭᠡᠵᠦ ᠦᠯᠡᠳᠡᠭᠡᠬᠦ ᠶᠢ ᠮᠥᠷᠥᠭᠡᠳᠬᠦ ᠪᠣᠯᠪᠠ᠃ | ᠮᠣᠩᠭᠤᠯ ᠨᠤᠲᠤᠭ ᠤᠨ ᠮᠢᠨᠢ ᠬᠡᠭᠡᠷ᠎ᠡ ᠲᠠᠯ᠎ᠠ ᠳᠤ ᠬᠠᠮᠢᠭ᠎ᠠ ᠰᠠᠢ ᠦᠭᠡᠢ ᠯᠠ ᠲᠠᠭᠠᠷᠠᠵᠤ ᠪᠠᠶᠢᠳᠠᠭ ᠲᠤᠯᠭ᠎ᠠ ᠶᠢᠨ | ᠭᠤᠷᠪᠠᠨ ᠴᠢᠯᠠᠭᠤ ᠶᠢ ᠬᠠᠷᠠᠬᠤ ᠪᠦᠷᠢ ᠡᠯᠡᠷ ᠪᠠᠯᠠᠷ ᠴᠠᠭ ᠲᠤ ᠠᠮᠢᠳᠤᠷᠠᠯ ᠤᠨ ᠠᠩᠬᠠᠨ ᠤ ᠭᠠᠯ ᠭᠤᠯᠣᠮᠲᠠ ᠪᠠᠨ | ᠠᠰᠠᠭᠠᠭᠰᠠᠨ ᠵᠠᠯᠠᠭᠤᠬᠠᠨ ᠬᠤᠣᠰ ᠡᠰᠡᠪᠡᠯ ᠰᠡᠭᠦᠯᠴᠢ ᠶᠢᠨ ᠭᠠᠯ ᠢᠶᠠᠨ ᠮᠠᠨᠠᠭᠰᠠᠨ ᠪᠤᠭᠤᠷᠤᠯ ᠳᠡᠭᠡᠳᠦᠰ ᠢᠶᠠᠨ ᠣᠯᠵᠣ | ᠬᠠᠷᠠᠬᠤ ᠰᠢᠭ᠋ ᠪᠣᠯᠳᠠᠭ᠃ ᠲᠡᠷᠡ ᠪᠦᠯᠢᠶᠡᠨ ᠬᠥᠬᠡ ᠨᠤᠷᠮᠠᠨ ᠳᠤ ᠨᠢ ᠲᠡᠷᠡ ᠭᠡᠬᠦ ᠶᠢᠨ ᠠᠷᠭ᠎ᠠ ᠦᠭᠡᠢ ᠲᠡᠷᠲᠡᠭᠡ | ᠨᠢᠭᠡᠨ ᠴᠠᠭ ᠤᠨ ᠦᠯᠢᠭᠡᠷ ᠳᠣᠮᠤᠭ ᠤᠳ ᠣᠨ ᠴᠠᠭ ᠢ ᠥᠷᠲᠡᠭᠡᠯᠡᠨ ᠥᠨᠥ ᠶᠢ ᠬᠦᠷᠲᠡᠯ᠎ᠡ ᠮᠠᠠᠨᠠᠭᠠᠰᠤᠲᠠᠢ | ᠬᠡᠪ ᠢᠶᠠᠷ ᠢᠶᠠᠨ ᠪᠠᠶᠢᠭ᠎ᠠ ᠭᠡᠳᠡᠭ ᠲᠤ ᠨᠢᠭᠡ ᠶᠡᠭᠡ ᠡᠷᠡᠭᠡᠯᠵᠡᠬᠦ ᠦᠭᠡᠢ ᠪᠠᠶᠢᠨ᠎ᠠ᠃ ᠬᠡᠵᠢᠶ᠎ᠡ ᠴᠦ ᠶᠤᠮ ᠮᠡᠳᠡᠬᠦ ᠦᠭᠡᠢ | ᠨᠢᠭᠡᠨ ᠴᠠᠭ ᠲᠤ ᠨᠢᠭᠡ ᠵᠠᠯᠠᠭᠤ ᠰᠦᠨᠢ ᠳᠦᠯᠢ ᠪᠠᠷ ᠭᠡᠷ ᠵᠦᠭ ᠢᠶᠠᠨ ᠳᠡᠪᠬᠢᠵᠤ ᠶᠠᠪᠤᠬᠤ ᠳᠠᠭᠠᠨ ᠭᠡᠷ ᠠᠴᠠ ᠨᠢ | ᠬᠤᠯᠠ ᠦᠭᠡᠶᠢᠬᠡᠨ ᠨᠢᠭᠡᠨ ᠬᠤᠲᠣᠭᠤᠷ ᠲᠠᠬᠢ ᠲᠤᠯᠭ᠎ᠠ ᠶᠢᠨ ᠭᠤᠷᠪᠠᠨ ᠴᠢᠯᠠᠭᠤᠨ ᠤ ᠵᠠᠬ᠎ᠠ ᠳᠤ ᠬᠤᠶᠠᠭ ᠲᠤᠭᠤᠯᠭ᠎ᠠ | ᠲᠠᠢ ᠬᠦᠮᠦᠰ ᠬᠤᠯᠤ ᠲᠠᠢ ᠠᠶᠢᠷᠠᠭ ᠰᠥᠩᠨᠡᠨ ᠲᠠᠰ ᠲᠠᠰ ᠬᠥᠬᠦᠷᠡᠯᠳᠤᠨ ᠰᠠᠭᠤᠵᠠᠭᠠᠬᠤ ᠶᠢ ᠣᠯᠵᠣ ᠬᠠᠷᠠᠭᠠᠳ᠂ | ᠥᠨᠥᠬᠢ ᠴᠢᠳᠬᠦᠷ ᠱᠤᠯᠤᠮ ᠨᠢ ᠶᠤᠮ ᠪᠠᠶᠢᠬ᠎ᠠ ᠭᠡᠵᠤ ᠤᠬᠠᠭᠠᠨ ᠰᠦᠨᠡᠰᠦ ᠦᠭᠡᠢ ᠠᠶᠤᠵᠤ ᠰᠡᠵᠢᠭᠯᠡᠨ ᠤᠮ ᠬᠤᠮ | ᠦᠭᠡᠢ ᠳᠠᠪᠬᠢᠨ ᠭᠡᠷ ᠲᠡᠭᠡᠨ ᠣᠴᠢᠵᠤ ᠬᠡᠯᠡᠬᠦ ᠳᠤ ᠨᠢ ᠭᠡᠷ ᠤᠨ ᠬᠤᠶᠢᠮᠣᠷ ᠠᠪᠳᠠᠷ᠎ᠠ ᠬᠠᠯᠬᠠᠯᠠᠨ ᠰᠠᠭᠠᠲᠠᠭᠰᠠᠨ | ᠪᠤᠭᠤᠷᠤᠯ ᠡᠪᠦᠭᠡ ᠨᠢ ᠲᠣᠭᠤᠨᠣ ᠪᠠᠷ ᠱᠠᠭᠠᠶᠢᠬᠤ ᠣᠳᠣᠳ ᠢ ᠨᠢᠭᠡ ᠬᠠᠷᠠᠨ᠂ ᠲᠤᠯᠭᠠᠨ ᠳᠤ ᠴᠢᠮᠡᠭᠡ ᠦᠭᠡᠶᠢᠬᠡᠨ | ᠨᠣᠴᠣᠬᠤ ᠠᠷᠭᠠᠯ ᠤᠨ ᠭᠠᠯ ᠢᠶᠠᠨ ᠨᠢᠭᠡ ᠰᠢᠷᠲᠡᠩᠭᠡᠨ᠄ ︽ᠠᠶᠤᠵᠤ ᠰᠡᠵᠢᠭᠯᠡᠬᠦ ᠶᠢᠨ ᠬᠡᠷᠡᠭ ᠦᠭᠡᠢ ᠳ᠋ᠡ᠂ ᠮᠢᠨᠦ | ᠬᠦᠦ᠃ ᠭᠠᠯ ᠭᠤᠯᠣᠮᠲᠠ ᠳᠠᠭᠠᠨ ᠦᠦᠬᠡ ᠲᠡᠦᠬᠡ ᠮᠠᠨᠢ ᠡᠷᠭᠢᠵᠦ ᠢᠷᠡᠵᠦ ᠪᠠᠶᠢᠭ᠎ᠠ ᠶᠢᠨ ᠴᠣᠨᠳᠣᠩ ᠲᠡᠷᠡ ᠪᠠᠶᠢᠬᠤ | ᠦᠭᠡᠢ ᠦᠦ᠃ ᠪᠡᠮᠪᠡᠭᠡᠨᠡᠵᠦ ᠠᠶᠤᠬᠤ ᠶᠢᠨ ᠣᠷᠣᠨ ᠳᠤ ᠬᠠᠷᠢᠨ ᠪᠡᠯᠭᠡᠰᠢᠶᠡᠵᠦ ᠪᠠᠶᠠᠷᠯᠠᠬᠤ ᠬᠡᠷᠡᠭᠲᠡᠢ ᠶᠤᠮ ᠰᠢᠦ︾ | ᠭᠡᠵᠤ ᠬᠡᠯᠡᠭᠰᠡᠨ ᠪᠥᠭᠡᠳ ᠮᠠᠷᠭᠠᠰᠢ ᠥᠷᠯᠥᠭᠡ ᠨᠢ ᠡᠷᠲᠡ ᠭᠡᠭᠴᠢ ᠨᠢ ᠪᠣᠰᠣᠭᠠᠳ ᠲᠠᠷᠡ ᠭᠤᠷᠪᠠᠨ ᠴᠢᠯᠠᠭᠤᠨ ᠳᠤ | ᠣᠴᠢᠵᠤ ᠰᠠᠭᠠᠮ᠎ᠠ ᠰᠦ ᠪᠠᠷ ᠳᠡᠭᠡᠵᠢ ᠡᠷᠭᠦᠭᠰᠡᠨ ᠭᠡᠳᠡᠭ ᠶᠤᠮ᠃ | ᠮᠢᠨᠦ ᠮᠣᠩᠭᠤᠯ ᠤᠨ ᠭᠠᠯ ᠭᠤᠯᠣᠮᠲᠠ ᠡᠳᠡᠭᠡᠷ ᠲᠤᠯᠭ᠎ᠠ ᠶᠢᠨ ᠭᠤᠷᠪᠠᠨ ᠴᠢᠯᠠᠭᠤᠨ ᠠᠴᠠ ᠯᠠ ᠡᠬᠢᠯᠡᠭᠰᠡᠨ ᠭᠡᠵᠤ ᠪᠢ | ᠢᠲᠡᠭᠡᠯ ᠦᠨᠡᠮᠰᠢᠯ ᠢᠶᠠᠨ ᠳᠦᠭᠦᠷᠭᠡᠵᠦ ᠶᠠᠪᠤᠳᠠᠭ ᠰᠠᠨ᠃ ᠦᠯᠦ ᠮᠡᠳᠡᠭᠬᠡᠨ ᠬᠦ᠋ ᠨᠠᠭᠠᠯᠳᠤᠭᠰᠠᠨ ᠡᠨᠡ ᠭᠤᠷᠪᠠᠨ | ᠴᠢᠯᠠᠭᠤ ᠵᠦᠭᠡᠷ ᠴᠦ ᠨᠢᠭᠡ ᠴᠢᠯᠠᠭᠤ ᠯᠠᠪ ᠪᠢᠰᠢ᠃ ᠮᠠᠨ ᠤ ᠮᠣᠩᠭᠤᠯ ᠤᠨ ᠥᠩᠭᠡᠷᠡᠭᠰᠡᠨ᠂ ᠣᠳᠣ᠂ ᠢᠷᠡᠭᠡᠳᠦᠢ | ᠭᠤᠷᠪᠠᠨ ᠴᠠᠭ ᠤᠨ ᠭᠠᠩ ᠪᠠᠲᠤ ᠢᠯᠡᠷᠬᠡᠶᠢᠯᠡᠯ᠂ ᠠᠳᠡ ᠲᠡᠦᠬᠡ ᠦᠳᠡᠯᠡᠭᠡᠳ ᠮᠣᠷᠳᠠᠭᠰᠠᠨ ᠤ ᠬᠦᠨᠳᠦᠲᠦ ᠭᠡᠷᠡᠴᠢ᠂ | ᠡᠷᠲᠡᠨ ᠤ ᠪᠠᠭᠠᠲᠤᠷ ᠤᠨ ᠳᠥᠷᠥᠭᠡ ᠠᠮᠠᠷᠠᠭᠠᠭᠰᠠᠨ ᠭᠠᠵᠠᠷ ᠪᠠᠶᠢᠵᠤ ᠪᠣᠯᠬᠤ ᠶᠤᠮ᠃ ᠮᠥᠨ ᠴᠦ ︽ᠮᠢᠨᠦ ᠡᠬᠡ | ᠣᠷᠣᠨ︾ ᠭᠡᠰᠡᠨ ᠴᠢᠨᠳᠠᠮᠤᠨᠢᠯᠠᠭᠰᠠᠨ ᠭᠤᠷᠪᠠᠨ ᠨᠠᠨᠳᠢᠨ ᠦᠰᠦᠭ᠂ ᠨᠡᠭᠦᠳᠡᠯ ᠰᠣᠶᠣᠯ ᠤᠨ ᠮᠢᠨ᠋᠊ | ᠢ ᠪᠠᠯᠠᠷᠠᠰᠢ ᠦᠭᠡᠢ ᠢᠮ ᠲᠠᠮᠠᠭ᠎ᠠ ᠭᠠᠷᠴᠠᠭ᠎ᠠ ᠦᠭᠡᠢ ᠮᠥᠨ᠃ ᠡᠨᠡ ᠲᠤᠯᠭ᠎ᠠ ᠶᠢᠨ ᠭᠤᠷᠪᠠᠨ ᠴᠢᠯᠠᠭᠤ ᠪᠠᠷ ᠭᠠᠵᠠᠷ | ᠰᠢᠷᠣᠢ ᠪᠠᠨ ᠲᠠᠮᠠᠭᠠᠯᠠᠭᠠᠳ ᠮᠣᠷᠳᠠᠭᠰᠠᠨ ᠤᠬᠠᠭᠠᠨᠲᠤ ᠳᠡᠭᠡᠳᠦᠰ ᠮᠢᠨᠢ ᠦᠷ᠎ᠡ ᠬᠤᠶᠢᠴᠢᠰ ᠪᠢᠳᠡᠨ ᠳᠡᠭᠡᠨ ᠶᠠᠮᠠᠷ | ᠨᠢᠭᠡᠨ ᠨᠢᠭᠤᠴᠠ ᠳᠣᠬᠢᠶ᠎ᠠ ᠲᠡᠮᠳᠡᠭ ᠵᠠᠬᠢᠶᠠᠰᠤᠯᠠᠨ ᠦᠯᠡᠳᠡᠭᠡᠭᠰᠡᠨ ᠢ ᠪᠢᠳᠡ ᠮᠡᠳᠡᠬᠦ ᠴᠦ ᠦᠭᠡᠢ ᠬᠡᠨᠡᠭ ᠴᠦ ᠦᠭᠡᠢ | ᠶᠠᠪᠤᠵᠤ ᠪᠠᠶᠢᠭ᠎ᠠ ᠴᠦ ᠶᠤᠮ ᠪᠢᠵᠡ ᠬᠡᠨ ᠮᠡᠳᠡᠬᠦ ᠪᠤᠢ᠃ ᠢᠵᠢᠯ ᠨᠢᠭᠡᠨ ᠰᠢᠯᠤᠭᠤᠨ ᠳᠡᠭᠡᠷ᠎ᠡ ᠦᠯᠦ ᠣᠷᠣᠰᠢᠬᠤ | ᠭᠤᠷᠪᠠᠨ ᠴᠡᠭ ᠨᠢᠭᠡ ᠬᠠᠪᠲᠠᠭᠠᠢ ᠶᠢ ᠲᠣᠭᠲᠠᠭᠠᠬᠤ ᠪᠦᠭᠡᠳ ᠵᠥᠪᠬᠡᠨ ᠨᠢᠭᠡ ᠯᠠ ᠬᠠᠪᠲᠠᠭᠠᠢ ᠶᠢ ᠲᠤᠭᠲᠠᠭᠠᠳᠠᠭ | ᠲᠣᠭᠠᠨ ᠤ ᠤᠬᠠᠭᠠᠨ ᠤ ᠢᠯᠡᠶᠣᠰᠤ ᠶᠢ ᠮᠠᠨ ᠤ ᠡᠪᠦᠭᠡ ᠳᠡᠭᠡᠳᠦᠰ ᠡᠨᠡ ᠲᠤᠯᠭ᠎ᠠ ᠶᠢᠨ ᠭᠤᠷᠪᠠᠨ ᠴᠢᠯᠠᠭᠤ ᠪᠠᠷ | ᠲᠡᠳᠦᠢ ᠪᠤᠰᠤ ᠲᠡᠦᠬᠡ ᠶᠢᠨ ᠤᠷᠲᠤ ᠬᠤᠭᠤᠴᠠᠭᠠᠨ ᠤ ᠣᠷᠣᠰᠢᠯ ᠲᠣᠭᠲᠠᠨᠢᠯ ᠢᠶᠠᠷ ᠢᠶᠠᠨ ᠲᠡᠭᠦᠰ ᠲᠡᠭᠦᠯᠳᠡᠷ ᠪᠠᠲᠤᠯᠠᠨ | ᠬᠠᠷᠠᠭᠤᠯᠵᠤ ᠴᠢᠳᠠᠭᠰᠠᠨ ᠭᠡᠵᠤ ᠪᠢ ᠪᠣᠳᠣᠨᠠᠮ᠃ ᠮᠣᠩᠭᠤᠯ ᠦᠨᠳᠦᠰᠦᠲᠡᠨ ᠤ ᠮᠢᠨᠢ ᠳᠠᠪᠲᠠᠭᠳᠠᠰᠢ ᠦᠭᠡᠢ ᠰᠣᠶᠣᠯ | ᠢᠷᠭᠡᠨᠰᠢᠯ ᠤᠨ ᠡᠨᠡ ᠬᠦ ᠠᠭᠤᠤ ︽ᠬᠠᠪᠲᠠᠭᠠᠢ︾ ᠶᠢ ᠲᠤᠯᠵᠤ ᠲᠣᠭᠲᠠᠭᠠᠵᠤ ᠢᠷᠡᠭᠰᠡᠨ ᠭᠤᠷᠪᠠᠨ ᠴᠡᠭ ᠪᠣᠯᠪᠠᠰᠤ | ᠵᠣᠬᠢᠴᠠᠬᠤᠢ᠂ ᠲᠡᠪᠴᠢᠬᠦᠢ᠂ ᠲᠡᠮᠡᠴᠡᠬᠦᠢ ᠭᠤᠷᠪᠠ ᠬᠡᠮᠡᠨ ᠪᠢ ᠤᠬᠠᠭᠠᠷᠠᠬᠤ ᠪᠦᠯᠦᠭᠡ᠃ ᠵᠣᠬᠢᠴᠠᠬᠤᠢ ᠭᠡᠳᠡᠭ ᠨᠢ | ᠮᠠᠯ ᠠᠵᠤ ᠠᠬᠤᠢ ᠡᠷᠬᠢᠯᠡᠭᠰᠡᠨ ᠮᠠᠯᠴᠢᠨ ᠳᠡᠭᠡᠳᠦᠰ ᠮᠢᠨᠢ ᠭᠠᠵᠠᠷ ᠲᠡᠭᠷᠢ ᠶᠢᠨ ᠢᠶᠠᠨ ᠠᠭᠠᠰᠢ ᠠᠷᠠᠨᠰᠢᠨ ᠢ | ᠠᠷᠭᠠᠳᠠᠩᠬᠠᠨ ᠨᠡᠭᠦᠵᠦ ᠪᠠᠭᠤᠵᠤ ᠶᠠᠪᠤᠬᠤ ᠳᠠᠭᠠᠨ ᠪᠠᠶᠢᠭᠠᠯᠢ ᠳᠡᠯᠡᠬᠡᠢ ᠲᠠᠢ ᠪᠠᠨ ᠳᠠᠰᠤᠨ ᠵᠣᠬᠢᠴᠠᠵᠤ᠂ ᠰᠢᠲᠦᠨ | ᠪᠠᠷᠢᠯᠳᠤᠵᠤ᠂ ᠲᠡᠭᠦᠨ ᠢᠶᠠᠨ ᠣᠩᠭᠤᠨ ᠬᠡᠪ ᠢᠶᠠᠷ ᠨᠢ ᠬᠠᠶᠢᠷᠠᠯᠠᠨ ᠬᠠᠮᠠᠭᠠᠯᠠᠵᠤ᠂ ᠦᠷ᠎ᠡ ᠬᠤᠶᠢᠴᠢᠰ ᠲᠠᠭᠠᠨ | ᠥᠪᠯᠡᠭᠦᠯᠦᠨ ᠥᠭᠭᠦᠭᠰᠡᠨ ᠢ ᠬᠡᠯᠡᠵᠤ ᠪᠠᠶᠢᠨ᠎ᠠ᠃ ᠲᠡᠪᠴᠢᠬᠦᠢ ᠭᠡᠳᠡᠭ ᠨᠢ ᠬᠤᠶᠠᠷ ᠰᠠᠨᠠᠭ᠎ᠠ ᠶᠢ ᠠᠭᠤᠯᠤᠨ᠎ᠠ᠃ ᠨᠢᠭᠡ | ᠨᠢ ᠡᠷᠡᠰ ᠲᠡᠰᠦ ᠳᠥᠷᠪᠡᠨ ᠤᠯᠠᠷᠢᠯ ᠲᠠᠢ ᠬᠠᠲᠠᠭᠤ ᠳᠣᠭᠰᠢᠨ ᠠᠭᠤᠷ ᠠᠮᠢᠰᠬᠤᠯ ᠲᠠᠢ ᠥᠩ ᠭᠠᠩ ᠠᠯᠠᠭᠯᠠᠭᠰᠠᠨ | ᠭᠠᠵᠠᠷ ᠨᠤᠲᠤᠭ ᠲᠤ ᠲᠡᠰᠪᠤᠷᠢ ᠲᠡᠪᠴᠢᠶᠡᠷᠢ ᠶᠢᠨ ᠡᠷᠴᠢ ᠬᠦᠴᠦ ᠪᠠᠷ ᠣᠷᠣᠰᠢᠨ ᠠᠮᠢᠳᠤᠷᠠᠵᠤ᠂ ᠪᠠᠶᠢᠨ ᠳᠠᠬᠢᠨ | ᠬᠠᠶᠢᠷ᠎ᠠ ᠨᠠᠶᠢᠷ ᠦᠭᠡᠢ ᠲᠣᠬᠢᠶᠠᠯᠳᠤᠵᠤ ᠪᠠᠶᠢᠭᠰᠠᠨ ᠴᠠᠭ ᠲᠥᠷᠥ ᠶᠢᠨ ᠦᠢᠮᠡᠭᠡᠨ ᠰᠠᠮᠠᠭᠤᠨ ᠠᠶᠤᠯ ᠵᠠᠨᠤᠯᠬᠢᠯᠡᠯ ᠢ | ᠪᠡᠶ᠎ᠡ ᠰᠡᠳᠬᠢᠯ ᠤᠨ ᠲᠡᠩᠬᠡᠭᠡ ᠪᠠᠷ ᠳᠠᠪᠠᠨ ᠲᠤᠭᠤᠯᠵᠤ ᠢᠷᠡᠭᠰᠡᠨ ᠢ ᠬᠡᠯᠡᠬᠦ ᠠᠪᠠᠢ᠃ ᠨᠥᠭᠦᠭᠡ ᠨᠢ ᠬᠤᠮᠣᠬᠠᠢ | ᠰᠢᠨᠤᠬᠠᠢ ᠰᠡᠳᠬᠢᠯ ᠢ ᠲᠡᠪᠴᠢᠨ ᠭᠡᠭᠡᠨ ᠲᠤᠩᠭᠠᠯᠠᠭ ᠠᠮᠢᠳᠤᠷᠠᠵᠤ ᠢᠷᠡᠭᠰᠡᠨ ᠢ ᠬᠡᠯᠡᠨ᠎ᠡ᠃ ᠲᠡᠮᠡᠴᠡᠬᠦᠢ ᠭᠡᠳᠡᠭ ᠨᠢ | ᠮᠠᠨ ᠤ ᠮᠣᠩᠭᠤᠯ ᠢᠮᠠᠭᠲᠠ ︽ᠵᠣᠪᠠᠵᠤ ᠪᠠᠶᠢᠭᠰᠠᠨ ᠴᠦ ᠵᠣᠪᠬᠢ ᠨᠢ ᠳᠡᠭᠡᠭᠰᠢ ᠪᠠᠨ︾ ᠪᠠᠶᠢᠵᠤ᠂ ᠶᠠᠭᠤ ᠪᠦᠬᠦᠨ | ᠰᠠᠶᠢᠬᠠᠨ ᠪᠣᠯᠣᠨ᠎ᠠ ᠭᠡᠳᠡᠭ ᠲᠤ ᠢᠲᠡᠭᠡᠵᠦ ᠨᠠᠶᠢᠳᠠᠵᠤ᠂ ᠲᠡᠮᠡᠴᠡᠵᠦ ᠲᠡᠮᠡᠦᠯᠡᠵᠦ ᠶᠠᠪᠤᠭᠰᠠᠨ ᠢ ᠬᠡᠯᠡᠵᠦ ᠪᠠᠶᠢᠭ᠎ᠠ᠃ | ᠲᠤᠯᠭ᠎ᠠ ᠶᠢᠨ ᠭᠤᠷᠪᠠᠨ ᠴᠢᠯᠠᠭᠤ ᠮᠠᠨᠢ ᠡᠶᠢᠮᠦ ᠯᠠ ᠡᠴᠢᠨ᠎ᠡ ᠳᠠᠯᠳᠠ ᠶᠢᠨ ᠤᠳᠬ᠎ᠠ ᠤᠴᠢᠷ ᠠᠬᠤᠭᠤᠯᠤᠭᠰᠠᠨ ᠶᠡᠷᠦ | ᠪᠤᠰᠤ ᠶᠢᠨ ᠭᠦᠨ ᠤᠬᠠᠭᠠᠨ ᠤ ᠲᠤᠯᠬᠤ ᠴᠡᠭ ᠶᠤᠮ ᠳ᠋ᠠ᠃ ᠭᠡᠲᠡᠯ᠎ᠡ ᠥᠨᠥᠳᠥᠷ ᠪᠢᠳᠡ ᠡᠨᠡ ᠪᠦᠬᠦᠨ ᠢ ᠦᠯᠦ | ᠠᠩᠵᠠᠭᠠᠷᠠᠬᠤ ᠪᠤᠶᠦ ᠪᠦᠷᠢᠮᠦᠰᠦᠨ ᠮᠠᠷᠲᠠᠵᠤ ᠣᠷᠬᠢᠭᠰᠠᠨ ᠡᠰᠡᠪᠡᠯ ᠦᠨ᠎ᠡ ᠴᠡᠨ᠎ᠡ ᠳᠤ ᠬᠦᠷᠪᠡᠯ ᠲᠣᠯᠣᠭᠠᠢ | ᠳᠠᠪᠠᠭᠤᠯᠤᠨ ᠬᠤᠳᠠᠯᠳᠤᠵᠤ ᠬᠤᠪᠢᠯᠭᠠᠵᠤ ᠪᠠᠶᠢᠭ᠎ᠠ ᠶᠢ ᠬᠡᠯᠡᠬᠦ ᠳᠤ ᠶᠠᠭᠤᠲᠠᠢ ᠭᠠᠰᠢᠭᠤᠨ᠃ ᠡᠭᠦᠨ ᠠᠴᠠ | ᠰᠢᠯᠲᠠᠭᠠᠯᠠᠵᠤ ᠲᠤᠯᠭ᠎ᠠ ᠶᠢᠨ ᠭᠤᠷᠪᠠᠨ ᠴᠢᠯᠠᠭᠤ ᠶᠠᠭᠤ ᠨᠢᠭᠡ ᠶᠢ ᠦᠭᠡᠶᠢᠯᠡᠭᠡᠳ ᠤᠭᠢᠯᠠᠵᠤ ᠳᠠᠭᠤᠯᠠᠵᠤ ᠪᠠᠶᠢᠬᠤ | ᠰᠢᠭ᠋᠂ ᠭᠤᠣᠯ ᠢᠶᠠᠨ ᠲᠠᠰᠤᠷᠠᠲᠠᠯ᠎ᠠ ᠪᠢᠳᠡᠨ ᠳᠡᠭᠡᠨ ᠭᠤᠮᠣᠳᠠᠵᠤ ᠭᠤᠨᠳᠠᠵᠤ ᠪᠠᠶᠢᠬᠤ ᠰᠢᠭ᠋ ᠪᠠᠶᠢᠰᠭᠢᠭᠠᠳ ᠯᠠ | ᠨᠠᠳᠠᠳᠤ ᠪᠣᠳᠣᠭᠳᠠᠬᠤ ᠨᠢ ᠬᠠᠴᠢᠨ ᠪᠥᠭᠡᠳ ᠬᠡᠴᠡᠭᠦᠦ᠃ ᠵᠠᠷᠢᠮ ᠭᠠᠵᠠᠷ ᠤᠳ ᠢᠶᠠᠷ ᠡᠨᠡ ᠭᠤᠷᠪᠠᠨ ᠴᠢᠯᠠᠭᠤ | ᠲᠣᠳᠣᠷᠬᠠᠢ ᠪᠤᠰᠤ ᠰᠢᠯᠲᠠᠭᠠᠨ ᠢᠶᠠᠷ ᠣᠷᠣ ᠰᠤᠷᠠᠭ ᠦᠭᠡᠢ ᠠᠯᠠᠭ᠎ᠠ ᠪᠣᠯᠵᠤ ᠪᠠᠶᠢᠭ᠎ᠠ ᠭᠡᠨ᠎ᠡ᠃ ᠲᠡᠷᠡ ᠲᠡᠭᠡᠭᠡᠳ | ᠬᠠᠮᠢᠭ᠎ᠠ ᠨᠡᠭᠦᠭᠡᠳ ᠶᠠᠪᠤᠴᠢᠬᠠᠭᠰᠠᠠ ᠶᠤᠮ ᠪᠣᠯ ᠡ︖ ᠬᠡᠨ ᠨᠡᠭᠦᠯᠭᠡᠭᠡᠳ ᠶᠠᠪᠤᠴᠢᠬᠠᠭᠰᠠᠨ ᠶᠤᠮ ᠪᠣᠯ ᠡ︖ | ᠡᠵᠡᠨ ᠨᠢ ᠰᠠᠭᠤᠷᠢᠰᠢᠭᠠᠳ ᠡᠬᠢᠯᠡᠬᠦ ᠳᠤ ᠴᠢᠯᠠᠭᠤ ᠨᠢ ᠨᠡᠭᠦᠳᠡᠯᠯᠡᠭᠡᠳ ᠶᠠᠪᠤᠴᠢᠬᠠᠳᠠᠭ ᠶᠤᠮ ᠭᠡᠵᠢ ᠦᠦ⁈ | ᠮᠣᠩᠭᠤᠯ ᠬᠦᠮᠦᠨ ᠪᠦᠬᠦᠨ ᠨᠤᠲᠤᠭ ᠤᠰᠤᠨ ᠤ ᠪᠠᠨ ᠶᠠᠭᠤ ᠪᠣᠯᠭᠠᠨ ᠳᠤ ᠦᠷ᠎ᠡ ᠰᠠᠳᠤᠨ ᠢᠶᠠᠨ ᠰᠢᠭ᠋ ᠬᠠᠶᠢᠷᠠᠲᠠᠢ | ᠪᠦᠭᠡᠳ ︽ᠠᠮᠢ ᠲᠠᠢ ᠪᠣᠯᠭᠠᠨ ᠨᠢ ᠰᠠᠬᠢᠭᠤᠰᠤ ᠲᠠᠢ᠂ ᠠᠮᠢ ᠦᠭᠡᠢ ᠪᠣᠯᠭᠠᠨ ᠨᠢ ᠡᠵᠡᠨ ᠲᠠᠢ︾ ᠬᠡᠮᠡᠨ ᠰᠠᠨᠠᠵᠤ᠂ | ᠲᠡᠷᠡ ᠳᠤᠮᠳᠠ ᠪᠠᠨ ᠴᠢᠯᠠᠭᠤ ᠶᠢ ᠮᠠᠰᠢ ᠶᠡᠭᠡ ᠬᠠᠶᠢᠷᠠᠯᠠᠨ ᠳᠡᠭᠡᠳᠦᠯᠡᠳᠡᠭ ᠪᠠᠶᠢᠪᠠ᠃ ᠳᠠᠭᠤ ᠶᠢ ᠨᠢ ᠰᠣᠨᠣᠰᠬᠤ ᠭᠡᠵᠤ | ᠬᠤᠭᠤᠷᠣᠨᠳᠤ ᠨᠢ ᠬᠠᠪᠢᠷᠤᠯᠳᠤᠭᠤᠯᠤᠨ ᠣᠴᠢ ᠦᠰᠦᠷᠬᠦ ᠶᠢ ᠨᠢ ᠬᠠᠷᠠᠬᠤ ᠭᠡᠵᠤ ᠨᠢᠭᠡ ᠪᠠᠷ ᠨᠢ ᠨᠥᠭᠦᠭᠡ ᠶᠢ ᠨᠢ | ᠪᠠᠯᠪᠠᠴᠢᠵᠤ ᠪᠠᠶᠢᠭᠠᠳ ︽ᠴᠢᠨ᠋ᠸ᠎ᠠ ᠶᠢᠨ ᠰᠢᠳᠦ ᠬᠤᠷᠴᠠᠳᠳᠠᠭ ᠭᠡᠳᠡᠭ ᠶᠤᠮ︾ ᠭᠡᠵᠤ ᠡᠵᠢ ᠪᠠᠷ ᠢᠶᠠᠨ ᠴᠡᠭᠡᠷᠯᠡᠭᠦᠯᠦᠨ | ᠵᠠᠩᠨᠠᠭᠤᠯᠳᠠᠭ ᠪᠠᠶᠢᠭᠰᠠᠨ ᠪᠠᠭ᠎ᠠ ᠶᠢᠨ ᠶᠠᠪᠤᠳᠠᠯ ᠢᠶᠠᠨ ᠮᠠᠷᠲᠠᠵᠤ ᠦᠯᠦ ᠴᠢᠳᠠᠨ᠎ᠠ᠃ ᠲᠡᠷᠡ ᠨᠢ ᠨᠤᠲᠤᠭ ᠤᠨ | ᠴᠢᠯᠠᠭᠤ ᠪᠠᠨ ᠴᠠᠪᠠ ᠰᠡᠪ ᠰᠠᠭᠤᠯᠭᠠᠴᠢᠬᠠᠬᠤ ᠠᠴᠠ ᠯᠠ ᠬᠠᠷᠠᠮᠨᠠᠵᠤ ᠬᠢᠮᠠᠭᠠᠳᠠᠵᠤ ᠪᠠᠶᠢᠭᠰᠠᠨ ᠬᠡᠷᠡᠭ ᠭᠡᠳᠡᠭ ᠢ ᠰᠡᠭᠦᠯ | ᠳᠤ ᠨᠢ ᠤᠬᠠᠭᠠᠷᠠᠭᠰᠠᠨ᠃ ᠮᠠᠨ ᠤ ᠮᠣᠩᠭᠤᠯᠴᠤᠳ ᠡᠷᠲᠡ ᠢᠵᠠᠭᠤᠷ ᠠᠴᠠ ᠪᠠᠨ ᠴᠠᠬᠢᠭᠤᠷ ᠴᠢᠯᠠᠭᠤ ᠪᠠᠷ ᠬᠡᠲᠡ | ᠴᠠᠬᠢᠨ ᠭᠠᠯ ᠢᠶᠠᠨ ᠠᠰᠠᠭᠠᠵᠤ᠂ ᠠᠮᠢ ᠠᠮᠢᠳᠤᠷᠠᠯ ᠢᠶᠠᠨ ᠦᠷᠭᠦᠯᠵᠢᠯᠡᠭᠦᠯᠵᠦ ᠢᠷᠡᠭᠰᠡᠨ᠃ ᠡᠷᠳᠡᠨᠢ ᠶᠢᠨ ᠴᠢᠯᠠᠭᠤ ᠪᠠᠷ | ᠨᠢ ᠬᠥᠭᠡᠷᠭᠡ ᠪᠣᠯᠭᠠᠨ ᠮᠡᠨᠳᠦ ᠵᠥᠷᠢᠭᠦᠯᠵᠦ᠂ ᠭᠠᠩᠰᠠᠨ ᠤ ᠰᠣᠷᠣᠭᠤᠯ ᠪᠣᠯᠭᠠᠨ ᠡᠳᠦᠷᠵᠢᠨ ᠬᠥᠬᠦᠵᠦ ᠰᠢᠮᠡᠵᠦ᠂ | ᠰᠣᠨᠳᠣᠷ ᠪᠦᠯᠡᠵᠡᠭ ᠪᠣᠯᠭᠠᠨ ᠭᠤᠶᠣᠵᠣ ᠭᠠᠩᠭᠠᠷᠠᠵᠤ ᠶᠠᠪᠤᠭᠰᠠᠨ᠃ ᠭᠠᠵᠠᠷ ᠤᠨ ᠴᠢᠯᠠᠭᠤᠵᠢᠭᠰᠠᠨ ᠨᠢᠯᠪᠤᠰᠤ᠂ | ᠭᠠᠷᠴᠠᠭ᠎ᠠ ᠦᠭᠡᠢ ᠪᠢᠳᠡᠨ ᠤ ᠴᠤᠭᠯᠠᠷᠠᠭᠰᠠᠨ ᠪᠣᠳᠣᠯ ᠬᠡᠮᠡᠨ ᠪᠡᠯ ᠤᠨ ᠴᠢᠯᠠᠭᠤᠳ ᠢᠶᠠᠨ ᠳᠡᠭᠡᠭᠰᠢ ᠨᠢ ᠬᠤᠮᠢᠵᠤ᠂ | ᠣᠪᠣᠭ᠎ᠠ ᠪᠣᠰᠬᠠᠨ ᠭᠠᠵᠠᠷ ᠲᠡᠭᠷᠢ ᠲᠠᠢ ᠪᠠᠨ ᠦᠭᠡ ᠪᠠᠨ ᠣᠯᠣᠯᠴᠠᠵᠤ᠂ ᠡᠭᠦᠷᠢᠳᠡ ᠶᠢᠨ ᠰᠠᠶᠢᠨ ᠰᠠᠶᠢᠬᠠᠨ ᠢᠶᠠᠨ | ᠳᠠᠭᠠᠳᠬᠠᠵᠤ ᠢᠷᠡᠭᠰᠡᠨ᠃ ᠬᠠᠮᠢᠭ᠎ᠠ ᠲᠤᠷᠠᠲᠠᠢ ᠭᠠᠵᠠᠷ ᠢᠶᠠᠨ ᠬᠠᠨ᠎ᠠ ᠪᠠᠨ ᠳᠤᠭᠤᠶᠢᠯᠠᠨ ᠬᠠᠶᠠᠭ᠎ᠠ ᠪᠠᠨ ᠴᠢᠯᠠᠭᠤ ᠪᠠᠷ | ᠳᠠᠷᠤᠵᠤ᠂ ᠴᠢᠭᠲᠠᠭ᠎ᠠ ᠪᠠᠨ ᠴᠢᠯᠠᠭᠤ ᠪᠠᠷ ᠪᠠᠬᠢᠯᠡᠨ ᠴᠢᠩᠭᠠᠯᠠᠵᠤ᠂ ᠭᠠᠯᠵᠠᠭᠤ ᠰᠢᠭᠤᠷᠭᠠᠨ ᠳᠤ ᠴᠦ ᠢᠰᠡᠭᠡᠢ | ᠣᠷᠳᠣᠨ ᠨᠢ ᠭᠠᠩᠬᠤᠯ ᠦᠭᠡᠢ ᠪᠠᠭᠤᠷᠢ ᠰᠠᠭᠤᠷᠢ ᠲᠠᠢ ᠪᠦᠲᠦᠨ ᠲᠣᠬᠢᠯᠢᠭ ᠪᠠᠶᠢᠵᠤ ᠴᠢᠳᠠᠭᠰᠠᠨ᠃ ᠬᠢᠲᠤᠭ᠎ᠠ | ᠰᠡᠯᠡᠮ᠎ᠡ ᠪᠠᠨ ᠴᠢᠯᠠᠭᠤ ᠪᠠᠷ ᠪᠢᠯᠡᠭᠦᠳᠡᠵᠦ᠂ ᠲᠠᠷᠢᠶ᠎ᠠ ᠪᠤᠳᠠᠭ᠎ᠠ ᠪᠠᠨ ᠴᠢᠯᠠᠭᠤᠨ ᠲᠡᠭᠡᠷᠮ᠎ᠡ ᠪᠠᠷ ᠲᠠᠯᠬᠠᠳᠠᠵᠤ ᠪᠠᠶᠢᠯ᠎ᠠ᠃ | ᠳᠦᠴᠢᠨ ᠨᠢᠭᠡᠨ ᠴᠢᠯᠠᠭᠤ ᠪᠠᠷ ᠨᠢ ᠬᠤᠪᠤᠯᠠᠭ ᠲᠠᠲᠠᠨ ᠲᠥᠯᠭᠡ ᠪᠠᠷᠢᠵᠤ᠂ ᠬᠤᠯᠠ ᠣᠶᠢᠷ᠎ᠡ ᠶᠢᠨ ᠤᠴᠢᠷ ᠪᠢᠲᠡᠭᠦᠯᠢᠭ | ᠴᠢᠮᠡᠭᠡ ᠶᠢ ᠴᠢᠯᠠᠭᠤᠨ ᠤ ᠪᠠᠨ ᠪᠠᠭᠤᠯᠲᠠ ᠠᠴᠠ ᠵᠠᠳᠠᠯᠤᠨ ᠬᠠᠷᠠᠳᠠᠭ ᠪᠠᠶᠢᠯ᠎ᠠ᠃ ᠲᠡᠭᠡᠭᠡᠳ ᠴᠦ ᠵᠣᠭᠰᠤᠬᠤ ᠦᠭᠡᠢ | ᠬᠤᠷᠸ᠎ᠠ ᠠᠴᠠ ᠨᠠᠰᠤ ᠪᠠᠨ ᠶᠡᠭᠦᠯᠡᠬᠦ ᠳᠡᠭᠡᠨ ᠨᠤᠲᠤᠭ ᠤᠨ ᠢᠶᠠᠨ ᠪᠦᠯᠢᠶᠡᠨ ᠴᠢᠯᠠᠭᠤ ᠶᠢ ᠳᠡᠷᠡᠯᠡᠭᠡᠳ᠂ ᠨᠤᠲᠤᠭ | ᠤᠰᠤᠨ ᠳᠠᠭᠠᠨ ᠮᠥᠩᠬᠡᠷᠡᠨ ᠰᠢᠩᠭᠡᠳᠡᠭ ᠪᠠᠶᠢᠪᠠ᠃ ᠮᠢᠩᠭ᠎ᠠ ᠮᠢᠩᠭᠠᠨ ᠵᠢᠯ ᠤᠨ ᠲᠤᠷᠰᠢ ᠮᠣᠩᠭᠤᠯ ᠬᠦᠮᠦᠨ ᠤ | ᠠᠮᠢᠳᠤᠷᠠᠯ ᠠᠬᠤᠢ ᠳᠤ ᠴᠢᠯᠠᠭᠤ ᠴᠢᠯᠠᠭᠤᠨ ᠤ ᠦᠵᠡᠭᠦᠯᠦᠭᠰᠡᠨ ᠠᠴᠢ ᠭᠠᠪᠢᠶ᠎ᠠ ᠶᠢ ᠶᠠᠭᠠᠬᠢᠨ ᠲᠣᠭᠠᠴᠢᠵᠤ ᠪᠠᠷᠠᠬᠤ | ᠪᠢᠯᠡ᠃ ᠲᠡᠶᠢᠮᠦ ᠠᠴᠠ ᠨᠤᠲᠤᠭ ᠤᠰᠤᠨ ᠤ ᠮᠢᠨᠢ ᠴᠢᠯᠠᠭᠤ ᠪᠣᠯᠭᠠᠨ ᠪᠦᠷ ᠠᠯᠮᠠᠰ ᠡᠷᠳᠡᠨᠢ ᠠᠴᠠ ᠦᠨᠡᠲᠡᠢ ᠪᠦᠭᠡᠳ | ᠪᠠᠰᠠ ᠡᠷᠲᠡ ᠪᠠᠯᠠᠷ ᠤᠨ ᠦᠯᠢᠭᠡᠷ ᠳᠣᠮᠤᠭ ᠰᠢᠩᠭᠡᠭᠡᠰᠦᠲᠡᠢ ᠤᠨᠠᠭᠠᠨ ᠪᠠᠶᠢᠭᠠᠯᠢ ᠶᠢᠨ ᠮᠥᠩᠬᠡ ᠶᠢᠨ ᠰᠤᠳᠤᠷ ᠤᠳ | ᠪᠢᠯᠡ᠃ | ᠪᠣᠯᠴᠢᠮ ᠦᠭᠡᠢ ᠲᠡᠨᠡᠭᠬᠡᠨ ᠨᠠᠰᠤᠨ ᠳᠠᠭᠠᠨ ᠰᠢᠪᠠᠭᠤᠨ ᠳᠤ ᠴᠦ ᠶᠤᠮ ᠦᠦ ᠲᠠᠤᠯᠠᠢ ᠳᠤ ᠴᠦ ᠶᠤᠮ ᠦᠦ ᠰᠢᠳᠡᠭᠰᠡᠨ | ᠴᠢᠯᠠᠭᠤ ᠠᠵᠠ ᠪᠠᠷ ᠲᠤᠰᠤᠭᠠ ᠦᠭᠡᠢ ᠶᠤᠮ᠃ ᠴᠢᠯᠠᠭᠤ ᠥᠪᠡᠷ ᠢᠶᠠᠨ ︽ᠵᠠᠮ ᠪᠤᠷᠤᠭᠤᠯᠠᠭᠠᠳ︾ ᠣᠨᠤᠭ᠎ᠠ ᠦᠭᠡᠢ | ᠨᠢ ᠨᠠᠮᠠᠶᠢ ᠨᠢᠭᠦᠯ ᠬᠢᠬᠦ ᠠᠴᠠ ᠨᠢᠭᠡ ᠤᠳᠠᠭ᠎ᠠ ᠴᠦ ᠪᠣᠯᠪᠠ ᠠᠪᠤᠷᠠᠵᠤ ᠳ᠋ᠠ ᠭᠡᠵᠤ ᠪᠢ ᠣᠳᠣ ᠪᠢ ᠴᠢᠯᠠᠭᠤᠨ ᠳᠤ | ᠦᠷᠭᠦᠯᠵᠢ ᠵᠠᠯᠪᠠᠷᠢᠨ ᠲᠠᠯᠠᠷᠬᠠᠳᠠᠭ ᠰᠠᠨ᠃ ᠦᠳᠡᠰᠢ ᠪᠠᠷ ᠲᠣᠬᠤᠭᠤᠷᠠᠬᠠᠭᠠᠳ ᠲᠡᠷᠭᠡᠯ ᠰᠠᠷᠠᠨ ᠥᠭᠡᠳᠡ ᠰᠢᠳᠡᠭᠰᠡᠨ | ᠴᠢᠯᠠᠭᠤ ᠮᠠᠨᠢ ᠣᠳᠣ ᠬᠦᠷᠲᠡᠯ᠎ᠡ ᠵᠣᠷᠢᠭᠰᠠᠨ ᠭᠠᠵᠠᠷ ᠲᠠᠭᠠᠨ ᠬᠦᠷᠴᠦ ᠴᠢᠳᠠᠭ᠎ᠠ ᠦᠭᠡᠢ ᠶᠠᠭ ᠯᠠ ᠮᠢᠨᠦ ᠪᠡᠶᠡᠯᠡᠭᠡ | ᠦᠭᠡᠢ ᠮᠥᠷᠥᠭᠡᠳᠦᠯ ᠰᠢᠭ ᠵᠠᠮ ᠳᠠᠭᠠᠨ ︽ᠨᠢᠰᠴᠦ︾ ᠯᠠ ᠶᠠᠪᠤᠭ᠎ᠠ ᠭᠡᠳᠡᠭ ᠲᠤ ᠪᠢ ᠢᠲᠡᠭᠡᠨᠡᠮ᠃ | ᠣᠨ ᠵᠢᠯ ᠢ ᠬᠦᠯᠬᠦᠵᠦ᠂ ᠡᠰᠡᠪᠡᠯ ᠣᠨ ᠵᠢᠯ ᠳᠤ ᠬᠦᠯᠬᠦᠭᠳᠡᠵᠦ᠂ ᠪᠤᠮ ᠰᠠᠶ᠎ᠠ ᠵᠢᠯ ᠢᠶᠠᠷ ᠡᠨᠡ ᠯᠠ ᠨᠤᠲᠤᠭ ᠤᠨ | ᠨᠠᠷᠠ ᠰᠠᠯᠬᠢ ᠵᠠᠯᠭᠢᠯᠠᠵᠤ᠂ ᠡᠷᠬᠡ ᠳᠤᠷ᠎ᠠ ᠪᠠᠷ ᠱᠠᠷᠭᠢᠵᠤ ᠱᠠᠭᠢᠵᠤ ᠬᠡᠪᠲᠡᠭᠰᠡᠨ ᠬᠡᠭᠡᠷ᠎ᠡ ᠲᠠᠯ᠎ᠠ ᠶᠢᠨ ᠬᠡᠬᠡᠮᠰᠦᠭ | ᠴᠢᠯᠠᠭᠤᠳ ᠮᠢᠨᠢ ᠥᠨᠥ ᠪᠣᠯᠬᠤ ᠳᠤ ᠭᠠᠷ ᠠᠴᠠ ᠭᠠᠷ ᠳᠠᠮᠵᠢᠨ᠂ ᠭᠠᠵᠠᠷ ᠠᠴᠠ ᠭᠠᠵᠠᠷ ᠠᠯᠤᠰᠯᠠᠨ᠂ ᠮᠥᠩᠭᠦ ᠠᠴᠠ | ᠮᠥᠩᠭᠦ ᠬᠤᠪᠢᠯᠤᠨ ᠬᠠᠮᠢᠭ᠎ᠠ ᠣᠴᠢᠵᠤ ᠶᠠᠪᠤᠭ᠎ᠠ ᠶᠢ ᠪᠢ ᠶᠠᠭᠠᠬᠢᠨ ᠮᠡᠳᠡᠨᠡᠮ᠃ ᠭᠠᠭᠴᠠ ᠬᠦ ᠡᠭᠦᠰᠦᠭᠰᠡᠨ ︽ | ᠲᠥᠷᠥᠭᠰᠡᠨ︾ ᠨᠤᠲᠤᠭ ᠠᠴᠠ ᠪᠠᠨ ᠰᠠᠯᠤᠭᠠᠳ ᠤᠭᠢᠯᠠᠨ ᠬᠠᠶᠢᠯᠠᠨ ᠶᠠᠪᠤᠭ᠎ᠠ ᠶᠢ ᠯᠠ ᠬᠠᠮᠢᠭ᠎ᠠ ᠨᠢᠭᠡ ᠵᠦᠭ ᠠᠴᠠ | ᠣᠯᠵᠤ ᠰᠣᠨᠣᠰᠬᠤ ᠲᠡᠳᠦᠶᠢᠬᠡᠨ ᠶᠠᠪᠤᠨᠠᠮ᠃ | ᠬᠤᠷᠳᠤᠨ ᠮᠣᠷᠢᠨ ᠤ ᠲᠤᠭᠤᠷᠠᠢ ᠪᠠᠷ ᠣᠷᠣᠨ ᠠᠴᠠ ᠪᠠᠨ ᠲᠥᠭᠡᠷᠢᠴᠢᠬᠦ ᠠᠴᠠ ᠬᠢᠴᠢᠶᠡᠳᠡᠭ ᠮᠥᠷᠲᠡᠭᠡᠨ ᠪᠠᠰᠠ | ᠮᠠᠯ ᠤᠨ ᠢᠶᠠᠨ ᠬᠤᠶᠢᠨ᠎ᠠ ᠠᠴᠠ ᠰᠢᠳᠡᠵᠦ᠂ ᠵᠠᠶᠠᠭ᠎ᠠ ᠶᠢ ᠨᠢ ᠭᠡᠮᠲᠦᠭᠡᠬᠦ ᠠᠴᠠ ᠪᠣᠯᠭᠤᠮᠵᠢᠯᠠᠭᠠᠳ ᠬᠠᠶᠠᠵᠤ ᠴᠢᠳᠠᠭ᠎ᠠ | ᠦᠭᠡᠢ ᠭᠠᠵᠠᠷ ᠲᠤ ᠨᠢ ᠣᠷᠬᠢᠭᠰᠠᠨ ᠲᠡᠷᠡ ᠴᠢᠯᠠᠭᠤ᠂ ᠬᠦᠢ ᠶᠢ ᠮᠢᠨᠢ ᠲᠠᠰᠤᠯᠤᠭᠰᠠᠨ ᠲᠡᠷᠡ ᠢᠷ ᠲᠠᠢ ᠴᠢᠯᠠᠭᠤ | ᠪᠠᠰᠠ ᠬᠦᠢ ᠶᠢ ᠮᠢᠨᠢ ᠡᠯᠢᠭᠡᠨ ᠳᠣᠣᠷ᠎ᠠ ᠪᠠᠨ ᠳᠠᠷᠤᠵᠤ ᠨᠢᠭᠤᠴᠠᠯᠠᠭᠰᠠᠨ ᠡᠩᠭᠡᠷ ᠭᠠᠵᠠᠷ ᠤᠨ ᠬᠤᠨᠢᠨ ᠴᠠᠭᠠᠨ ᠴᠢᠯᠠᠭᠤ | ᠂ ᠪᠠᠯᠴᠢᠷ ᠪᠠᠭ᠎ᠠ ᠠᠴᠠ ᠪᠠᠨ ᠮᠠᠯ ᠰᠦᠷᠦᠭ᠂ ᠭᠡᠷ ᠪᠠᠶᠢᠰᠢᠩ᠂ ᠠᠪᠳᠠᠷ᠎ᠠ ᠰᠠᠪᠠ ᠪᠣᠯᠭᠠᠵᠤ ᠲᠣᠭᠯᠠᠵᠤ ᠪᠠᠶᠢᠭᠰᠠᠨ | ᠬᠤᠷᠸ᠎ᠠ ᠶᠢᠨ ᠪᠦᠬᠦ ᠥᠩᠭᠡ ᠶᠢ ᠪᠠᠵᠠᠵᠤ ᠪᠠᠭᠲᠠᠭᠠᠭᠰᠠᠨ ᠲᠠᠷᠡ ᠣᠯᠠᠨ ᠶᠠᠩᠵᠤ ᠬᠡᠯᠪᠡᠷᠢ ᠶᠢᠨ ᠴᠢᠯᠠᠭᠤ᠂ ᠮᠣᠩᠭᠤᠯ | ᠠᠶᠢᠯ ᠤᠨ ᠬᠡᠦᠬᠡᠳ ᠤᠳ ︽ᠪᠢᠯᠡᠭᠦᠦ ᠴᠢᠯᠠᠭᠤ᠂ ᠪᠢᠯᠡᠭᠦᠦ ᠴᠢᠯᠠᠭᠤ᠂᠂᠂︾ ᠬᠡᠮᠡᠨ ᠬᠡᠯᠡ ᠳᠤ ᠣᠷᠣᠳᠠᠭ | ᠪᠠᠶᠢᠭᠰᠠᠨ ᠲᠡᠷᠡ ᠤᠪᠠᠳᠢᠰ ᠲᠠᠢ ᠴᠢᠯᠠᠭᠤ᠂ ᠬᠥᠯ ᠳᠤ ᠣᠷᠤᠬᠤ ᠳᠤ ᠨᠢ ᠪᠦᠳᠦᠷᠢᠭᠡᠵᠦ᠂ ᠤᠭᠢᠯᠠᠭᠤᠯᠵᠤ | ᠬᠤᠷᠸ᠎ᠠ ᠶᠢᠨ ᠠᠭᠠᠭ ᠣᠮᠤᠭ ᠢ ᠠᠩᠬ᠎ᠠ ᠲᠠᠨᠢᠭᠤᠯᠤᠭᠰᠠᠨ ᠲᠡᠷᠡ ︽ᠤᠬᠠᠭᠠᠯᠢᠭ︾ ᠴᠢᠯᠠᠭᠤ᠂᠂᠂ ᠣᠳᠣ ᠬᠠᠮᠢᠭ᠎ᠠ | ᠪᠠᠶᠢᠨ᠎ᠠ︖ ᠬᠠᠮᠢᠭ᠎ᠠ ᠪᠠᠶᠢᠨ᠎ᠠ ᠡ⁉ ᠮᠠᠯ ᠠᠮᠢᠲᠠᠨ ᠤ ᠲᠤᠭᠤᠷᠠᠢ ᠳᠤ᠂ ᠴᠠᠭ ᠤᠨ ᠰᠠᠯᠬᠢᠨ ᠳᠤ᠂ ᠭᠠᠯᠠᠪ ᠤᠨ | ᠡᠷᠬᠡ ᠪᠠᠷ ᠡᠷᠳᠡᠨᠢ ᠶᠢᠨ ᠴᠢᠯᠠᠭᠤ ᠪᠣᠯᠵᠤ ᠬᠤᠪᠢᠷᠠᠭᠰᠠᠨ ᠳᠠᠭᠠᠨ᠂ ᠶᠠᠮᠠᠷ ᠨᠢᠭᠡᠨ ᠶᠠᠭᠤᠮᠠᠨ ᠤ ᠭᠠᠯᠪᠢᠷ ᠳᠦᠷᠰᠦ ᠲᠠᠢ | ᠲᠥᠰᠲᠡᠢ ᠪᠣᠯᠵᠤ ᠪᠦᠲᠦᠭᠰᠡᠨ ᠳᠡᠭᠡᠨ᠂ ᠬᠡᠨ ᠨᠢᠭᠡᠨ ᠤ ᠬᠡᠲᠡᠪᠴᠢ ᠲᠠᠷᠭᠤᠯᠠᠭᠤᠯᠤᠨ ᠨᠢᠳᠦ ᠰᠡᠳᠬᠢᠯ ᠤᠨ ᠬᠢᠨᠢ | ᠬᠤᠷᠣᠬᠠᠢ ᠶᠢ ᠭᠠᠷᠭᠠᠨ ᠭᠡᠷ ᠤᠨ ᠮᠤᠬᠤᠷ ᠲᠤ ᠠᠮᠢᠰᠬᠤᠯ ᠳᠠᠪᠴᠢᠳᠠᠨ ᠦᠵᠡᠮᠦᠷᠢ ᠪᠣᠯᠣᠨ ᠬᠡᠪᠲᠡᠬᠦ ᠳᠡᠭᠡᠨ ᠬᠡᠮᠵᠢᠶ᠎ᠡ | ᠬᠢᠵᠠᠭᠠᠷ ᠦᠭᠡᠢ ᠬᠠᠷᠠᠮᠰᠠᠨ ᠶᠠᠩᠭᠢᠨᠠᠲᠠᠯ᠎ᠠ ᠤᠭᠢᠯᠠᠳᠠᠭ ᠨᠢ ᠮᠡᠳᠡᠭᠡᠵᠢ᠃ | ︽ᠮᠠᠨ ᠤ ᠣᠶᠢᠷ᠎ᠡ ᠬᠠᠪᠢ ᠳᠤ ᠥᠩᠭᠡ ᠲᠠᠢ ᠬᠡᠯᠪᠡᠷᠢ ᠲᠠᠢ ᠦᠨᠡᠲᠦ ᠰᠠᠶᠢᠬᠠᠨ ᠴᠢᠯᠠᠭᠤ ᠪᠠᠶᠢᠳᠠᠭ ᠦᠭᠡᠢ ᠳᠤ ᠨᠢ | ᠪᠢ ᠶᠡᠭᠡ ᠪᠠᠶᠠᠷᠯᠠᠳᠠᠭ᠃ ᠪᠤᠷᠬᠠᠨ ᠲᠡᠭᠷᠢ ᠳᠡᠭᠡᠨ ᠪᠠᠰᠠ ᠵᠠᠯᠪᠠᠷᠢᠳᠠᠭ︾ ᠭᠡᠵᠤ ᠳᠡᠭᠦᠦ ᠶᠢᠨ ᠮᠠᠨᠢ ᠬᠡᠯᠡᠭᠰᠡᠨ ᠢ ᠪᠢ | ᠮᠠᠷᠲᠠᠵᠤ ᠴᠢᠳᠠᠳᠠᠭ ᠦᠭᠡᠢ ᠶᠤᠮ᠃ | ᠪᠢ ᠵᠡᠭᠦᠳᠦᠨ ᠤ ᠪᠠᠨ ᠭᠦᠨ ᠠᠯᠤᠰ ᠲᠤ᠂ ᠵᠥᠩ ᠮᠡᠳᠡᠷᠡᠬᠦᠢ ᠶᠢᠨ ᠢᠶᠠᠨ ᠲᠣᠷᠭᠠᠨ ᠰᠡᠵᠢᠭᠦᠷ ᠲᠤ ᠨᠤᠲᠤᠭ ᠤᠨ | ᠴᠢᠯᠠᠭᠤᠳ ᠤᠨ ᠢᠶᠠᠨ ᠮᠡᠭᠰᠢᠨ ᠤᠭᠢᠯᠠᠯᠳᠤᠬᠤ ᠶᠢ ᠳᠠᠩᠳᠠ ᠣᠯᠵᠣ ᠰᠣᠨᠣᠰᠳᠠᠭ᠃ ᠬᠤᠲᠠ ᠰᠠᠭᠤᠷᠢᠨ᠂ ᠳᠣᠲᠣᠷ | ᠭᠠᠵᠠᠷ ᠲᠤ ᠡᠵᠡᠨ ᠠᠴᠠ ᠪᠠᠨ ᠤᠷᠢᠲᠠᠵᠤ᠂ ᠨᠡᠭᠦᠵᠦ ᠣᠴᠢᠵᠤ ᠪᠠᠶᠢᠭ᠎ᠠ ᠤᠤᠭᠠᠯ ᠨᠤᠲᠤᠭ ᠤᠨ ᠮᠢᠨᠢ ᠴᠢᠯᠠᠭᠤ | ᠥᠪᠡᠷ ᠤᠨ ᠢᠶᠠᠨ ᠬᠤᠪᠢ ᠵᠠᠶᠠᠭᠠᠨ ᠤ ᠲᠤᠬᠠᠢ ᠡᠰᠡᠪᠡᠯ ᠠᠷᠠᠴᠢᠭ᠎ᠠ ᠦᠭᠡᠢ ᠡᠵᠡᠨ ᠤ ᠪᠠᠨ ᠲᠤᠬᠠᠢ ᠰᠢᠨᠠᠯᠤᠭᠠᠳ | ᠤᠭᠢᠯᠠᠭᠰᠠᠨ ᠪᠠᠶᠢᠵᠦ ᠮᠡᠳᠡᠨ᠎ᠡ᠃ ᠡᠰᠡᠪᠡᠯ ᠣᠷᠣᠰᠢᠨ ᠪᠤᠢ ᠡᠬᠡ ᠳᠡᠯᠡᠬᠡᠢ ᠶᠢᠨ ᠢᠶᠠᠨ ᠢᠷᠡᠭᠡᠳᠦᠢ ᠶᠢᠨ ᠲᠥᠯᠥᠭᠡ | ᠰᠢᠮᠰᠢᠷᠡᠨ ᠤᠭᠢᠯᠠᠭᠰᠠᠨ ᠴᠦ ᠪᠠᠶᠢᠵᠤ ᠮᠡᠳᠡᠨ᠎ᠡ᠃ | ᠣᠷᠣᠨ ᠠᠴᠠ ᠪᠠᠨ ᠬᠥᠳᠡᠯᠥᠭᠰᠡᠨ ᠴᠢᠯᠠᠭᠤ ᠭᠤᠷᠪᠠᠨ ᠵᠢᠯ ᠵᠣᠪᠠᠵᠤ ᠤᠭᠢᠯᠠᠳᠠᠭ ᠬᠡᠮᠡᠨ ᠬᠦᠮᠦᠨ ᠤ ᠨᠤᠲᠤᠭ ᠤᠨ | ᠴᠢᠯᠠᠭᠤ ᠶᠢ ᠠᠪᠬᠤ ᠠᠴᠠ ᠡᠷᠡᠰ ᠴᠡᠭᠡᠷᠯᠡᠳᠡᠭ ᠮᠠᠨ ᠤ ᠬᠢᠨ ᠪᠤᠰᠤᠳ ᠤᠨ ᠨᠤᠲᠤᠭ ᠠᠴᠠ ᠴᠢᠯᠠᠭᠤ ᠠᠪᠳᠠᠭ ᠦᠭᠡᠢ | ᠪᠦᠭᠡᠳ ᠥᠪᠡᠷ ᠤᠨ ᠨᠤᠲᠤᠭ ᠤᠨ ᠢᠶᠠᠨ ᠴᠢᠯᠠᠭᠤ ᠶᠢ ᠴᠦ ᠪᠤᠰᠤᠳ ᠲᠤ ᠥᠭᠳᠡᠭ ᠦᠭᠡᠢ ᠪᠠᠶᠢᠭᠰᠠᠨ ᠪᠢᠯᠡ᠃ | ᠭᠡᠲᠡᠯ᠎ᠡ ᠣᠳᠣ᠂᠂᠂ ᠴᠢᠯᠠᠭᠤ ᠤᠭᠢᠯᠠᠠᠭᠠᠳ ᠯᠠ᠂᠂᠂᠂ | ᠡᠬᠡ ᠣᠷᠣᠨ ᠤᠷᠤᠭᠤ ᠮᠢᠨᠢ ᠡᠷᠡᠭᠡ ᠴᠡᠭᠡᠷ ᠦᠭᠡᠢ ᠥᠩᠭᠡᠯᠵᠡᠭᠴᠢ ᠡᠵᠡᠷᠬᠡᠭ ᠳᠠᠶᠢᠰᠤᠨ ᠤ ᠥᠭᠡᠳᠡ ᠠᠴᠠ ᠠᠮᠢ | ᠬᠠᠶᠢᠷ᠎ᠠ ᠦᠭᠡᠢ ᠲᠡᠮᠡᠴᠡᠯᠳᠣᠵᠣ ᠶᠠᠪᠤᠭᠰᠠᠨ ᠪᠠᠭᠠᠲᠤᠷ ᠤᠳ ᠤᠨ ᠮᠢᠨᠢ ᠠᠰᠬᠠᠷᠠᠭᠰᠠᠨ ᠴᠢᠰᠤ᠂ ᠰᠡᠭᠦᠯᠴᠢ ᠶᠢᠨ | ᠪᠣᠳᠤᠯ ᠨᠢ ᠠᠭᠤᠰᠤᠨ ᠰᠢᠮᠡᠳᠦᠭᠰᠡᠨ ᠴᠢᠯᠠᠭᠤ ᠪᠣᠯᠭᠠᠨ ᠢᠶᠠᠨ ᠪᠢᠳᠡ ᠪᠤᠷᠬᠠᠨ ᠠᠴᠠ ᠴᠦ ᠬᠦᠷᠲᠡᠯ᠎ᠡ ᠬᠠᠷᠠᠮᠨᠠᠬᠤ | ᠶᠣᠰᠣᠲᠠᠢ ᠪᠠᠶᠢᠭᠰᠠᠨ᠃ ᠭᠡᠲᠡᠯ᠎ᠡ ᠣᠳᠣ᠂᠂᠂ ᠭᠠᠵᠠᠷ ᠤᠨ ᠰᠢᠷᠬ᠎ᠠ ᠰᠡᠳᠡᠷᠡᠭᠡᠳ ᠯᠠ᠂᠂᠂᠂ | ᠡᠷᠡᠬᠡᠢ ᠶᠢᠨ ᠴᠢᠨᠡᠭᠡᠨ ᠴᠢᠯᠠᠭᠤᠨ ᠠᠴᠠ ᠡᠬᠡ ᠣᠷᠣᠨ ᠮᠢᠨᠢ ᠡᠬᠢᠯᠡᠳᠡᠭ ᠰᠠᠨ᠃ ᠭᠡᠲᠡᠯ᠎ᠡ ᠣᠳᠣ᠂᠂᠂ ᠪᠢ | ᠥᠪᠡᠷ ᠢᠶᠠᠨ ᠤᠭᠢᠯᠠᠠᠭᠠᠳ ᠯᠠ᠂᠂᠂᠂ | ᠴᠢᠯᠠᠭᠤᠳ ᠤᠨ ᠲᠡᠦᠬᠡ ᠪᠣᠯ ᠭᠠᠯᠠᠪ ᠤᠨ ᠲᠡᠦᠬᠡ᠃ ᠴᠢᠯᠠᠭᠤᠳ ᠤᠨ ᠬᠤᠪᠢ ᠵᠠᠶᠠᠭ᠎ᠠ ᠪᠣᠯ ᠨᠤᠲᠤᠭ ᠤᠨ ᠬᠤᠪᠢ | ᠵᠠᠶᠠᠭ᠎ᠠ᠃ ᠮᠠᠭᠠᠳ ᠦᠭᠡᠢ ᠴᠢᠯᠠᠭᠤᠳ ᠤᠨ ᠨᠢᠯᠪᠤᠰᠤ ᠪᠢᠳᠡᠨ ᠤ ᠨᠢᠯᠪᠤᠰᠤ ᠪᠠᠶᠢᠵᠤ ᠪᠣᠯᠬᠤ᠃ | ᠲᠡᠭᠦᠵᠦ ᠬᠤᠳᠠᠯᠳᠤᠭᠰᠠᠨ ᠴᠢᠯᠠᠭᠤᠨ ᠤ ᠪᠠᠨ ᠲᠤᠭ᠎ᠠ ᠪᠠᠷ ᠬᠠᠷᠠᠮᠰᠠᠨ ᠨᠠᠮᠠᠨᠴᠢᠯᠠᠬᠤ ᠴᠠᠭ ᠢᠷᠡᠵᠤ ᠮᠡᠳᠡᠨ᠎ᠡ᠃ | ᠰᠢᠨᠤᠯ ᠳᠤ ᠪᠠᠨ ᠴᠠᠳᠬᠤ ᠦᠭᠡᠢ ᠬᠦᠮᠦᠰ ᠴᠢᠯᠠᠭᠤᠨ ᠤ ᠨᠢᠯᠪᠤᠰᠤᠨ ᠳᠤ ᠵᠢᠪᠴᠦ ᠳᠠᠭᠤᠰᠬᠤ ᠴᠠᠭ ᠢᠷᠡᠬᠦ ᠪᠤᠢ | ᠭᠡᠵᠤ ᠪᠢ ᠪᠣᠳᠣᠨᠠᠮ᠂ ᠪᠠᠰᠠ ᠠᠶᠤᠨᠠᠮ᠃ | | ︽ᠮᠠᠭᠤ ᠴᠢᠷᠠᠶᠢᠲᠤ︾ ᠬᠡᠮᠡᠬᠦ ᠭᠠᠯ ᠪᠡᠴᠢᠨ ᠵᠢᠯ ᠤᠨ ᠴᠠᠭᠠᠨ ᠰᠠᠷ᠎ᠠ ᠶᠢᠨ ᠠᠷᠪᠠᠨ ᠨᠠᠢᠮᠠᠨ | ᠪᠤᠶᠤ | 2016 ᠣᠨ ᠤ 2 ᠰᠠᠷ᠎ᠠ ᠶᠢᠨ 24 ᠤ ᠡᠳᠦᠷ᠃ ᠤᠯᠠᠭᠴᠢᠨ ᠦᠬᠡᠷ ᠡᠳᠦᠷ᠃ ᠣᠲᠣᠷ ᠤᠨ | ᠪᠠᠶᠢᠰᠢᠩ ᠳᠤ᠃ | | ᠪᠡᠯᠡᠳᠬᠡᠭᠰᠡᠨ ᠨᠢ᠄ ᠡᠷᠳᠡᠨᠢᠬᠦᠦ | ᠨᠠᠶᠢᠷᠠᠭᠤᠯᠤᠭᠰᠠᠨ ᠨᠢ᠄ ᠨᠠᠮᠤᠷ | ᠬᠢᠨᠠᠭᠰᠠᠨ ᠨᠢ᠄ ᠤᠷᠢᠬᠠᠨ | |