ᠬᠡᠷ ᠤᠨ ᠮᠢᠯᠢᠶᠠᠯᠭ᠎ᠠ
ᠨᠡᠶᠢᠲᠡᠯᠡᠭᠰᠡᠨ ᠴᠠᠭ᠄
2020/12/3
ᠪᠤᠷᠵᠢᠬᠢᠨ ᠡᠭᠦᠯᠡᠴᠢ ᠤᠮ ᠰᠠᠶᠢᠨ ᠠᠮᠤᠭᠤᠯᠠᠩ ᠲᠠᠨ ᠪᠤᠯᠳᠤᠭᠠᠢ︔ ᠡᠩᠬᠡ ᠰᠠᠶᠢᠨ ᠵᠢᠷᠭᠠᠯᠳᠠᠢ ᠲᠠᠨ ᠪᠤᠯᠳᠤᠭᠠᠢ︔ ᠡᠵᠢᠨ ᠪᠤᠭᠳᠠ ᠶᠢᠨ ᠬᠢᠰᠢᠭ ᠢᠶᠠᠷ ᠡᠩᠬᠡ ᠴᠠᠭᠠᠨ ᠤᠷᠳᠤᠨ ᠶᠢᠨ ᠪᠠᠶᠢᠭᠤᠯᠤᠭᠰᠠᠨ︔ ᠠᠯᠠᠭᠱᠠ ᠦᠨᠳᠦᠷ ᠬᠠᠶᠢᠷᠠᠬᠠᠨ ᠢᠶᠠᠷ ᠳᠦᠰᠢᠭ ᠶᠢᠨ ᠪᠤᠯᠭᠠᠵᠤ ᠠᠷᠢᠭᠤᠨ ᠳᠤᠩᠭᠠᠯᠠᠭ ᠮᠦᠷᠢᠨ ᠢᠶᠠᠷ ᠤᠮᠳᠠᠭᠠᠨ ᠶᠢᠨ ᠪᠤᠯᠭᠠᠵᠤ︔ ᠠᠯᠳᠠᠨ ᠮᠦᠩᠬᠦᠨ ᠬᠡ ᠤᠭᠠᠯᠵᠠ ᠪᠠᠷ ᠴᠢᠮᠡᠭ ᠢᠶᠠᠨ ᠪᠤᠯᠭᠠᠭᠰᠠᠨ︔ ᠡᠷᠳᠡᠨᠢ ᠶᠢᠨ ᠨᠠᠶᠢᠮᠠᠨ ᠳᠠᠬᠢᠯ ᠤᠨ ᠰᠢᠨᠵᠢ ᠳᠡᠬᠦᠰ ᠪᠦᠷᠳᠡᠭᠰᠡᠨ︔ ᠡᠷᠡᠯ ᠬᠦᠰᠡᠯ ᠤᠨ ᠴᠢᠨᠳᠠᠮᠤᠨᠢ ᠶᠢᠨ ᠶᠢᠰᠥᠨ ᠬᠦᠯᠦᠭ ᠳᠤᠭᠯᠠᠭᠰᠠᠨ︔ ᠡᠨᠡ ᠭᠡᠷ ᠤᠨ ᠡᠵᠡᠨ = = . = = ᠬᠤᠶᠠᠷ ᠡᠮᠡᠬᠡᠨ ᠪᠤᠭᠤᠷᠤᠯ ᠪᠤᠯᠳᠠᠯ᠎ᠠ ᠪᠠᠨ ᠵᠢᠷᠭᠠᠵᠦ ᠰᠠᠭᠤᠬᠤ ᠰᠢᠨᠵᠢᠳᠠᠢ︔ ᠤᠷᠤᠢ ᠶᠢᠨ ᠳᠡᠬᠡᠳᠤ ᠠᠷᠪᠠᠨ ᠨᠠᠶᠢᠮᠠᠨ ᠴᠢᠮᠢᠭ ᠨᠢ ᠸᠴᠢᠷᠪᠠᠨᠢ ᠪᠤᠷᠬᠠᠨ ᠰᠠᠬᠢᠭᠰᠠᠨ ᠰᠢᠨᠵᠢᠳᠠᠢ︔ ᠠᠭᠤᠳᠠᠮ ᠳᠡᠯᠬᠡᠷ ᠨᠤᠳᠤᠭ ᠤᠰᠤ ᠨᠢ ᠠᠮᠠᠭᠤᠯᠠᠩ ᠵᠢᠷᠭᠠᠯᠠᠩ ᠢ ᠡᠳᠡᠯᠡᠬᠦᠯᠬᠦ ᠪᠡᠯᠡᠭᠳᠠᠢ︔ ᠰᠢᠪᠠᠷ ᠢᠶᠠᠷ ᠪᠠᠷᠢᠭᠰᠠᠨ ᠬᠡᠷ ᠴᠢᠨᠢ ᠰᠢᠷ᠎ᠠ ᠸᠠᠭᠠᠷ ᠢᠶᠠᠷ ᠪᠦᠳᠡᠬᠡᠳ︔ ᠮᠤᠳᠤ ᠪᠠᠷ ᠪᠠᠷᠢᠭᠰᠠᠨ ᠬᠡᠷ ᠴᠢᠨᠢ ᠮᠤᠯᠤᠷ ᠡᠷᠳᠡᠨᠢ ᠪᠠᠷ ᠪᠦᠳᠡᠬᠡᠳ︔ ᠡᠬᠦᠳᠡᠨ ᠳᠡᠬᠡᠷ᠎ᠡ ᠨᠢ ᠡᠪᠦᠬᠡᠨ ᠪᠤᠷᠬᠠᠨ ᠤᠷᠤᠰᠢᠭᠠᠳ︔ ᠪᠢᠰᠮᠠᠨ ᠳᠡᠭᠷᠢ ᠶᠢᠨ ᠬᠢᠰᠢᠭ ᠪᠤᠶᠠᠨ ᠡᠨᠡ ᠬᠡᠷ ᠲᠤ ᠬᠤᠷᠠᠵᠤ︔ ᠪᠠᠶᠠᠷ ᠵᠢᠷᠭᠠᠯ ᠤᠨ ᠪᠡᠯᠬᠡ ᠢᠷᠦᠬᠡᠯ ᠡᠩᠬᠡ ᠳᠦᠮᠡᠨ ᠳᠤ ᠳᠤᠭᠳᠠᠭᠠᠳ︔ ᠡᠷᠳᠡᠨᠢ ᠶᠢᠨ ᠬᠢᠯᠠᠭᠠᠨ ᠦᠷᠦᠬᠡᠨ ᠳᠤ ᠨᠢ ᠶᠢᠰᠦᠨ ᠴᠠᠭᠠᠨ ᠪᠤᠶ᠋ᠨ ᠬᠤᠷᠠᠭᠰᠠᠨ︔ ᠮᠤᠯᠤᠷ ᠬᠢᠯᠠᠭᠠᠨ ᠦᠷᠦᠬᠡᠨ ᠳᠤ ᠨᠢ ᠮᠦᠩᠬᠦᠨ ᠴᠠᠭᠠᠨ ᠪᠤᠶᠠᠨ ᠬᠤᠷᠠᠭᠰᠠᠨ︔ ᠡᠶᠢᠮᠤ ᠰᠠᠶᠢᠬᠠᠨ ᠰᠢᠨᠵᠢ ᠳᠡᠬᠦᠰ ᠴᠤᠭᠴᠢᠯᠠᠭᠰᠠᠨ ᠡᠷᠳᠡᠨᠢ ᠶᠢᠨ ᠴᠠᠭᠠᠨ ᠭᠡᠷ ᠢ ᠴᠢᠨᠢ︔ ᠠᠮᠳᠠᠳᠤ ᠢᠳᠡᠬᠡᠨ ᠠᠷᠠᠽᠠ ᠬᠤᠤᠷᠠᠽᠠ ᠪᠠᠷ ᠮᠢᠯᠢᠶᠡᠨ ᠢᠷᠦᠬᠡᠬᠡᠳ︔ ᠡᠩᠬᠡᠨ ᠠᠮᠠᠭᠤᠯᠠᠩ . ᠴᠡᠩᠬᠡᠨ ᠵᠢᠷᠭᠠᠬᠤ ᠶᠢᠨ ᠪᠡᠯᠬᠡ ᠪᠠᠷ ᠪᠤᠯᠳᠤᠭᠠᠢ︔ ᠬᠤᠷᠤᠢ . ᠬᠤᠷᠤᠢ . ᠬᠤᠷᠤᠢ . .ᠪᠡᠯᠡᠳᠬᠡᠭᠰᠡᠨ ᠨᠢ᠄ ᠡᠷᠳᠡᠨᠢᠬᠦᠦᠨᠠᠶᠢᠷᠠᠭᠤᠯᠤᠭᠰᠠᠨ ᠨᠢ᠄ ᠨᠠᠮᠤᠷᠬᠢᠨᠠᠭᠰᠠᠨ ᠨᠢ᠄ ᠤᠷᠢᠬᠠᠨ  
 
ᠢᠷᠡᠯᠲᠡ᠄ ᠲᠤᠰ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号