ᠵᠡᠭᠦᠨᠭᠠᠷ ᠪᠤᠶᠠᠨᠪᠠᠲᠤ | | ᠬᠠᠷ᠎ᠠ ᠤᠰᠤᠨ ᠨᠢᠳᠤᠨ ᠳᠤ ᠴᠢᠨᠢ ᠴᠤᠯᠮᠤᠨ ᠤᠳᠤ ᠭᠡᠷᠡᠯᠳᠥᠵᠤ ᠪᠠᠶᠢᠭᠰᠠᠨ ᠢ | ᠬᠠᠰ ᠴᠠᠭᠠᠨ ᠰᠢᠳᠤᠨ ᠳᠤ ᠴᠢᠨᠢ ᠮᠡᠴᠢᠳ ᠤᠨ ᠭᠡᠭᠡ ᠪᠥᠳᠥᠷᠢᠵᠤ ᠪᠠᠶᠢᠭᠰᠠᠨ ᠢ | ᠬᠠᠪᠤᠷ ᠤᠨ ᠢᠷᠭᠤᠢ ᠰᠢᠭ᠋ ᠤᠷᠤᠭᠤᠯ ᠠᠴᠠ ᠴᠢᠨᠢ ᠵᠢᠷᠭᠠᠯ ᠤᠨ ᠠᠮᠳᠠ ᠠᠰᠬᠠᠷᠠᠵᠤ ᠪᠠᠶᠢᠭᠰᠠᠨ ᠢ | ᠬᠠᠷᠢᠶᠠᠴᠠᠢ ᠶᠢᠨ ᠵᠢᠭᠦᠷ ᠰᠢᠭ ᠰᠤᠷᠮᠤᠤᠰᠤ ᠠᠴᠠ ᠴᠢᠨᠢ ᠬᠠᠶᠢᠷ᠎ᠠ ᠶᠢᠨ ᠨᠢᠯᠪᠤᠰᠤ ᠰᠢᠭᠦᠳᠡᠷᠢᠯᠡᠵᠥ ᠪᠠᠶᠢᠭᠰᠠᠨ ᠢ | ᠮᠠᠷᠳᠠᠭ᠎ᠠ ᠥᠭᠡᠢ ᠪᠢᠵᠡ ᠳ᠋ᠡ᠂ ᠴᠢ ᠮᠢᠨᠢ | ᠰᠠᠨᠠᠵᠤ ᠯᠠ ᠶᠠᠪᠤᠨ᠎ᠠ ᠰᠢᠤ᠂ ᠴᠢᠮᠠᠢᠢ ᠪᠠᠨ | ᠨᠠᠮᠤᠷ ᠤᠨ ᠰᠥᠨᠢ ᠶᠢᠨ ᠤᠳᠤᠳ ᠠᠯᠠᠭᠠᠨ ᠲᠡᠭᠡᠷ᠎ᠡ ᠶᠤᠮ ᠰᠢᠭ ᠪᠠᠶᠢᠭᠰᠠᠨ | ᠨᠠᠪᠴᠢᠰ ᠤᠨ ᠵᠥᠭᠡᠯᠡᠨ ᠰᠡᠷᠴᠢᠭᠡᠨᠡᠭᠡ ᠵᠢᠷᠤᠭᠡᠨ ᠲᠡᠭᠡᠷ᠎ᠡ ᠡᠭᠰᠢᠵᠤ ᠪᠠᠶᠢᠭᠰᠠᠨ | ᠤᠷᠤᠶᠢᠳᠠᠭᠰᠠᠨ ᠪᠤᠷᠤᠭᠠᠨ ᠤ ᠥᠨᠥᠷ ᠡᠩᠭᠡᠷ ᠨᠡᠪᠳᠡ ᠴᠢᠮᠴᠢᠭᠢᠨᠡᠵᠤ ᠪᠠᠶᠢᠭᠰᠠᠨ ᠤᠩᠭᠤᠨ ᠬᠤᠶᠠᠷ ᠰᠢᠪᠠᠭᠤ ᠰᠢᠭ᠋ | ᠬᠠᠨᠳᠤᠭᠰᠠᠨ ᠵᠥᠭ ᠲᠡᠭᠡᠨ ᠶᠠᠪᠤᠭᠠᠳ ᠥᠭᠭᠦᠮᠡᠷ ᠪᠠᠶᠢᠭᠰᠠᠨ | ᠲᠡᠷᠡ ᠥᠳᠡᠰᠢ ᠶᠢ ᠰᠠᠨᠠᠵᠤ ᠪᠠᠶᠢᠨ᠎ᠠ ᠤᠤ︖ | ᠲᠡᠭᠷᠢ ᠶᠢᠨ ᠤᠳᠤᠳ ᠤᠶᠢᠷᠠᠬᠠᠨ ᠪᠠᠶᠢᠭᠰᠠᠨ ᠰᠢᠤ | ᠨᠢᠯᠬᠠᠷᠠᠵᠤ ᠡᠷᠭᠡᠯᠡᠭᠰᠡᠨ ᠲᠠᠭᠤ ᠴᠢᠨᠢ ᠴᠢᠭᠢᠨ ᠳᠤ ᠮᠢᠨᠢ ᠨᠠᠮᠢᠯᠵᠠᠨ᠎ᠠ | ᠨᠢᠮᠭᠡᠨ ᠤᠷᠤᠭᠤᠯ ᠤᠨ ᠴᠢᠨᠢ ᠠᠮᠳᠠ ᠲᠠᠩᠨᠠᠢ ᠳᠤ ᠮᠢᠨᠢ ᠬᠤᠷᠭᠤᠨᠠ | ᠱᠠᠨᠵᠠ ᠶᠢᠨ ᠡᠭᠡᠰᠢᠭ ᠰᠢᠭ ᠥᠭᠡ ᠴᠢᠨᠢ ᠴᠡᠭᠡᠵᠢᠨ ᠳᠤ ᠮᠢᠨᠢ ᠴᠤᠤᠷᠢᠶᠠᠳᠤᠨ᠎ᠠ | ᠱᠠᠩᠬᠤᠨ ᠤ ᠴᠢᠨᠢ ᠮᠢᠨᠳᠠᠰᠤᠨ ᠰᠡᠪᠢᠯᠭᠡ ᠲᠤᠷᠠᠰᠤᠯ ᠳᠤ ᠮᠢᠨᠢ ᠨᠠᠮᠢᠷᠠᠨ᠎ᠠ | ᠬᠠᠶᠢᠷ᠎ᠠ ᠶᠢᠨ ᠲᠡᠷᠡ ᠥᠳᠡᠰᠢ ᠪᠠᠨ ᠰᠠᠨᠠᠵᠤ ᠪᠠᠶᠢᠨ᠎ᠠ ᠤᠤ︖ | ᠬᠠᠵᠠᠭᠠᠷ ᠲᠠᠢ ᠮᠤᠷᠢ ᠲᠡᠷᠡᠦᠬᠡᠡ ᠳᠤ ᠲᠤᠷᠭᠢᠵᠤ ᠪᠠᠶᠢᠭᠰᠠᠨ ᠰᠢᠤ | ᠤᠷᠤᠭᠤᠯ ᠤᠨ ᠴᠢᠨᠢ ᠭᠡ ᠶᠢ ᠤᠷᠤᠭᠤᠯ ᠳᠠᠭᠠᠨ ᠪᠢ ᠰᠢᠩᠭᠡᠭᠡᠭᠰᠡᠨ ᠶᠤᠮ | ᠬᠤᠷᠤᠭᠤᠨ ᠤ ᠴᠢᠨᠢ ᠤᠷᠤᠮ ᠢ ᠬᠤᠷᠮᠤᠰᠳᠠ ᠶᠢᠨ ᠰᠤᠪᠢᠩ ᠳᠤ ᠨᠡᠪᠴᠢᠭᠡᠭᠰᠡᠨ ᠶᠤᠮ | ᠵᠢᠷᠤᠭᠡᠨ ᠤ ᠴᠢᠨᠢ ᠴᠤᠭᠢᠯᠭ᠎ᠠ ᠶᠢ ᠠᠯᠤᠰ ᠤᠨ ᠤᠳᠤᠨ ᠠᠴᠠ ᠮᠡᠳᠡᠷᠡᠭᠰᠡᠨ ᠶᠤᠮ | ᠵᠢᠰᠤᠨ ᠤ ᠴᠢᠨᠢ ᠲᠤᠩᠭᠠᠯᠠᠭ ᠢ ᠴᠡᠴᠡᠭ ᠤᠨ ᠲᠡᠯᠪᠡᠭᠡᠨ ᠠᠴᠠ ᠬᠠᠷᠠᠭᠰᠠᠨ ᠶᠤᠮ | ᠲᠡᠭᠷᠢᠯᠢᠭ ᠲᠡᠷᠡ ᠥᠳᠡᠰᠢ ᠶᠢ ᠰᠠᠨᠠᠵᠤ ᠪᠠᠶᠢᠨ᠎ᠠ ᠤᠤ︖ | ᠲᠡᠷᠭᠡᠯ ᠲᠡᠯᠡᠭᠡᠢ ᠪᠥᠭᠦᠨ ᠢᠶᠠᠷ ᠢᠶᠠᠨ ᠪᠢᠳᠠᠨ ᠤ ᠬᠢ ᠪᠠᠶᠢᠭᠰᠠᠨ ᠶᠤᠮ ᠰᠢᠤ | ᠴᠢᠨᠤ ᠤᠷᠤᠭᠤᠯ ᠢᠶᠠᠷ ᠲᠠᠮᠵᠢᠨ ᠤᠷᠤᠰᠴᠤ ᠢᠷᠡᠭᠰᠡᠨ ᠪᠠᠶᠢᠬᠤ ᠪᠤᠢ ᠭᠡᠮᠡᠨ | ᠴᠡᠴᠡᠭ ᠤᠨ ᠭᠥᠭᠡᠮᠡᠢ ᠲᠠᠢ ᠰᠠᠯᠭᠢ ᠪᠠᠷ ᠥᠨᠥᠰᠥᠭᠦᠯᠵᠥ ᠠᠭᠤᠵᠢᠷᠠᠯ᠎ᠠ᠂ ᠪᠢ | ᠴᠢᠨᠤ ᠢᠯᠡᠭᠡᠭᠰᠡᠨ ᠬᠠᠶᠢᠷ᠎ᠠ ᠶᠢᠨ ᠵᠠᠭᠢᠶ᠎ᠠ ᠪᠠᠶᠢᠬᠤ ᠪᠤᠢ ᠭᠡᠮᠡᠨ ᠴᠡᠭᠴᠡᠥᠭᠡᠢ ᠰᠢᠪᠠᠭᠤᠨ ᠤ ᠵᠢᠷᠭᠢᠭᠡ ᠶᠢ ᠰᠤᠨᠤᠰᠴᠤ | ᠲᠠᠶᠢᠳᠬᠤᠷᠠᠯᠠ᠂ ᠪᠢ | ᠪᠤᠭᠤᠨᠢᠬᠠᠨ ᠲᠡᠷᠡ ᠥᠳᠡᠰᠢ ᠶᠢ ᠰᠠᠨᠠᠵᠤ ᠪᠠᠶᠢᠨ᠎ᠠ ᠤᠤ︖ | ᠪᠤᠳᠤᠭᠤᠨ ᠤ ᠨᠢᠳᠤ ᠰᠢᠭ ᠭᠥᠭᠡᠷᠥᠭᠦᠨ ᠪᠠᠶᠢᠭᠰᠠᠨ ᠰᠢᠤ | ᠤᠳᠠᠰᠤ ᠢᠷᠡᠭᠦ ᠪᠤᠯᠪᠠ ᠤᠤ︖ ᠭᠡᠵᠥ ᠬᠠᠷᠠᠯ᠎ᠠ᠂ ᠴᠢᠮᠡᠭᠡ ᠢᠷᠡᠭᠰᠡᠨ ᠥᠭᠡᠢ | ᠠᠭᠤᠯᠵᠠᠬᠤ ᠪᠤᠯᠪᠠ ᠤᠤ︖ ᠭᠡᠵᠥ ᠮᠥᠷᠥᠭᠡᠳᠥᠯᠡ᠂ ᠪᠠᠷ᠎ᠠ ᠨᠢ ᠬᠠᠷᠠᠭᠳᠠᠭᠰᠠᠨ ᠥᠭᠡᠢ | ᠤᠳᠠᠬᠤ ᠥᠭᠡᠢ ᠢᠷᠡᠨ᠎ᠡ ᠳ᠋ᠠ︕ ᠭᠡᠵᠥ ᠥᠪᠡᠷ ᠢ ᠪᠠᠨ ᠬᠠᠭᠤᠷᠴᠤ ᠲᠠᠶᠢᠪᠤᠰᠢᠷᠠᠯᠠ | ᠤᠤᠯ ᠨᠢ ᠨᠠᠮᠠᠢᠢ ᠮᠠᠷᠳᠠᠭᠰᠠᠨ ᠶᠤᠮ ᠪᠠᠶᠢᠬ ᠡ ᠭᠡᠵᠥ᠂ ᠡᠭᠦᠯᠡ ᠡᠭᠡᠳᠡᠷᠡᠭᠦᠯᠵᠥ ᠭᠤᠮᠤᠳᠠᠯᠠ | ᠤᠶᠢᠯᠠᠭᠠᠵᠤ ᠪᠠᠶᠢᠨ᠎ᠠ ᠤᠤ︖ᠨᠠᠮᠠᠢᠢ | ᠤᠶᠢᠳᠬᠠᠷ ᠤᠨ ᠮᠠᠨᠠᠨ ᠳᠤ ᠲᠥᠭᠡᠷᠢᠵᠥ ᠯᠡ ᠶᠠᠪᠤᠭ᠎ᠠ ᠰᠢᠤ ᠢᠷᠠᠭᠤ ᠨᠠᠶᠢᠷᠠᠭᠴᠢ ᠶᠢᠨ ᠭᠤᠨᠢᠭ ᠰᠢᠯᠥᠭ ᠪᠤᠯᠤᠨ | ᠤᠷᠤᠰᠳᠠᠭ ᠶᠤᠮ ᠰᠢᠤ | ᠡᠷ᠎ᠠ ᠭᠥᠮᠥᠨ ᠤ ᠨᠢᠯᠪᠤᠰᠤ ᠴᠢᠯᠠᠭᠤ ᠴᠠᠪᠠᠯᠠᠨ ᠠᠰᠬᠠᠷᠠᠳᠠᠭ ᠶᠤᠮ | ᠢᠳᠡᠷᠡᠭᠡᠨ ᠨᠠᠰᠤᠨ ᠳᠤ ᠤᠴᠠᠷᠠᠭᠰᠠᠨ ᠬᠠᠶᠢᠷ᠎ᠠ ᠶᠢᠨ ᠲᠠᠪᠢᠯᠠᠩ ᠴᠢᠳᠤᠷ ᠲᠠᠢ ᠶᠤᠮᠰᠢᠤ | ᠡᠨᠡᠭᠡᠨ ᠤᠯᠳᠠᠭᠰᠠᠨ ᠨᠠᠰᠤᠨ ᠳᠤ ᠲᠤᠷᠠᠯᠠᠯ ᠤᠨ ᠬᠤᠭᠤᠴᠠᠭ᠎ᠠ ᠪᠠᠶᠢᠳᠠᠭ ᠥᠭᠡᠢ ᠶᠤᠮ ᠰᠢᠤ | ᠰᠢᠯᠥᠭᠴᠢ ᠭᠥᠮᠥᠨ ᠢ ᠤᠶᠢᠯᠠᠭᠠᠵᠤ ᠶᠠᠪᠤᠭᠠᠷᠠᠢ | ᠰᠢᠭᠢᠷ ᠢᠶᠠᠷ ᠴᠤ ᠭᠡᠰᠡᠨ ᠠᠷᠭᠠᠳᠠᠵᠤ ᠶᠠᠪᠤᠭᠠᠷᠠᠢ | ᠴᠠᠯᠢᠩ ᠮᠥᠩᠭᠦᠨ ᠠᠶᠠᠭᠠᠨ ᠠᠴᠠ ᠴᠠᠢ ᠤᠭᠤᠴᠢᠯᠠᠨ | ᠴᠠᠰ ᠴᠠᠰ ᠭᠥᠭᠦᠷᠡᠵᠥ ᠪᠠᠶᠢᠬᠤ ᠪᠠᠷ ᠵᠡᠭᠦᠳᠥᠯᠡᠯᠡ | ᠴᠠᠰᠤᠨ ᠲᠤᠮᠳᠠᠭᠤᠷ ᠴᠡᠩᠭᠡᠷ ᠠᠯᠴᠢᠭᠤᠷ ᠨᠠᠮᠢᠷᠠᠭᠤᠯᠤᠨ | ᠴᠠᠩᠭᠢᠨᠠᠳᠠᠯᠠ ᠲᠠᠭᠤᠯᠠᠭᠠᠳ ᠨᠠᠳᠠ ᠤᠷᠤᠭᠤ ᠭᠥᠶᠥᠵᠥ ᠪᠠᠶᠢᠬᠤ ᠪᠠᠷ ᠴᠢᠨᠢ ᠲᠥᠰᠥᠭᠡᠯᠡᠯᠡ | ᠭᠥᠮᠥᠨ ᠤ ᠬᠢ ᠶᠤᠮ ᠪᠤᠯᠬᠤᠷ ᠶᠠᠭᠠᠭᠢᠶ᠎ᠠ ᠭᠡᠭᠦᠪ | ᠭᠥᠰᠡᠵᠥ ᠯᠡ ᠶᠠᠪᠤᠬᠤ ᠠᠴᠠ ᠴᠠᠭᠠᠰᠢ ᠪᠠᠨ ᠶᠠᠭᠠᠭᠢᠬᠤᠪ | ᠭᠥᠭᠡᠭᠡᠭᠡᠳ ᠭᠥᠭᠡᠭᠡᠭᠡᠳ ᠪᠠᠷᠢᠭᠳᠠᠳᠠᠭ ᠥᠭᠡᠢ ᠰᠤᠯᠤᠩᠭ᠎ᠠ ᠪᠠᠶᠢᠭᠰᠠᠨ ᠶᠤᠮ ᠤᠤ | ᠭᠥᠯᠢᠶᠡᠭᠡᠳ ᠭᠥᠯᠢᠶᠡᠭᠡᠳ ᠢᠷᠡᠳᠡᠭ ᠥᠭᠡᠢ ᠲᠤᠮᠤᠭ ᠪᠠᠶᠢᠭᠰᠠᠨ ᠶᠤᠮ ᠤᠤ | ᠭᠡᠵᠢᠶ᠎ᠠ ᠴᠤ ᠭᠡᠰᠡᠨ ᠴᠢᠮᠠᠢᠢ | ᠭᠢᠰᠠᠭᠠᠨ ᠲᠠᠢ ᠬᠤᠷᠸ᠎ᠠ ᠳᠤ ᠭᠥᠰᠡᠵᠤ ᠯᠡ ᠶᠠᠪᠤᠨ᠎ᠠ ᠰᠢᠤ | ᠴᠢᠮ᠎ᠠ ᠲᠠᠢ ᠪᠠᠨ ᠪᠢ ᠭᠡᠵᠢᠶᠠᠳᠠ ᠬᠠᠮᠳᠤ ᠯᠠ ᠪᠠᠶᠢᠮᠠᠷ ᠪᠠᠶᠢᠨ᠎ᠠ | ᠴᠢᠮᠠᠢᠢ ᠪᠠᠨ ᠪᠢ ᠲᠡᠪᠡᠷᠢᠵᠤ ᠥᠨᠥᠰᠥᠭᠡᠳ ᠯᠠ ᠪᠠᠶᠢᠮᠠᠷ ᠪᠠᠶᠢᠨ᠎ᠠ | ᠴᠢᠷᠮᠠᠨ ᠨᠢᠴᠥᠭᠦᠯᠡᠭᠡᠳ ᠲᠠᠭᠠᠯᠠᠵᠤ ᠭᠡᠪᠳᠡᠭᠡᠳ ᠯᠠ ᠪᠠᠶᠢᠮᠠᠷ ᠪᠠᠶᠢᠨ᠎ᠠ | ᠴᠢᠩ ᠵᠢᠷᠤᠭᠡᠨ ᠤ ᠥᠭᠡ ᠪᠠᠨ ᠰᠢᠪᠡᠨᠡᠭᠡᠳ ᠵᠢᠷᠭᠠᠭᠠᠳ ᠪᠠᠶᠢᠮᠠᠷ ᠪᠠᠶᠢᠨ᠎ᠠ | ᠲᠡᠯᠡᠭᠡᠢ ᠶᠢᠨ ᠴᠠᠭᠠᠲᠠᠢ ᠪᠠᠶᠢᠯ᠎ᠠ ᠴᠤ ᠲᠡᠷᠭᠡᠳᠡ ᠮᠢᠨᠢ ᠪᠠᠶᠢᠬᠤ ᠪᠠᠷ ᠰᠨᠠᠵᠤ ᠶᠠᠪᠤᠶ᠎ᠠ | ᠲᠡᠮᠡᠢ ᠪᠠᠯᠠᠢ ᠭᠡᠢ ᠰᠠᠨᠠᠵᠤ ᠲᠡᠪᠡᠯ ᠳᠡᠭᠡᠨ ᠪᠠᠭᠳᠠᠬᠤ ᠥᠭᠡᠢ ᠭᠤᠨᠢᠵᠤ ᠶᠠᠪᠤᠶ᠎ᠠ | ᠲᠡᠨᠵᠢ ᠭᠠᠵᠠᠷ ᠤᠨ ᠴᠡᠴᠡᠭ ᠰᠢᠭ ᠴᠡᠴᠡᠭᠯᠡᠵᠥ ᠨᠢᠭᠡ᠂ ᠵᠤᠯᠭᠠᠷᠠᠵᠤ ᠨᠢᠭᠡ ᠮᠥᠷᠥᠭᠡᠳᠥᠶᠡ | ᠳ᠋ᠧᠩ ᠤᠨ ᠴᠠᠭᠠᠨ ᠡᠷᠪᠡᠭᠡᠢ ᠰᠢᠭ ᠬᠠᠶᠢᠷ᠎ᠠ ᠶᠢᠨ ᠭᠠᠯ ᠳᠤ ᠴᠢᠨᠢ ᠰᠢᠳᠠᠵᠤ ᠪᠠᠶᠢᠶ᠎ᠠ | ᠰᠠᠨᠠᠵᠤ ᠯᠠ ᠶᠠᠪᠤᠨ᠎ᠠ ᠰᠢᠤ᠂ ᠪᠢ ᠴᠢᠮᠠᠢᠢ ᠪᠠᠨ | ᠰᠠᠨᠠᠬᠤ ᠶᠢᠨ ᠲᠤᠭᠠᠯᠠᠨ ᠢᠶᠠᠷ ᠰᠡᠮᠡᠷᠡᠵᠥ ᠯᠠ ᠶᠠᠪᠤᠨ᠎ᠠ ᠰᠢᠤ︕ | | | ᠪᠡᠯᠡᠳᠬᠡᠭᠰᠡᠨ ᠨᠢ᠄ ᠡᠷᠳᠡᠨᠢᠬᠦᠦ | ᠨᠠᠶᠢᠷᠠᠭᠤᠯᠤᠭᠰᠠᠨ ᠨᠢ᠄ ᠨᠠᠮᠤᠷ | ᠬᠢᠨᠠᠭᠰᠠᠨ ᠨᠢ᠄ ᠤᠷᠢᠬᠠᠨ |