ᠵᠡᠭᠦᠨᠭᠠᠷ ᠪᠤᠶᠠᠨᠪᠠᠲᠤ | | ᠡᠪᠡᠰᠤ ᠮᠤᠳᠣ ᠪᠤᠯᠭᠠᠠ ᠮᠤᠩᠭᠤᠯ ᠢᠶᠠᠷ ᠱᠣᠣᠬᠢᠵᠤ ᠪᠠᠶᠢᠬᠤ ᠳᠤ | ᠦᠳᠣ ᠬᠤᠷᠣᠬᠠᠢ ᠪᠤᠯᠭᠠᠠ ᠮᠤᠩᠭᠤᠯ ᠢᠶᠠᠷ ᠪᠤᠴᠠᠯᠵᠣ ᠪᠠᠶᠢᠬᠤ ᠳᠤ | ᠡᠪᠣᠭᠡᠡ ᠲᠡᠯᠡᠬᠡᠢ ᠶᠢᠨ ᠵᠢᠷᠤᠬᠡ ᠮᠤᠩᠭᠤᠯ ᠢᠶᠠᠷ ᠲᠦᠭᠰᠢᠵᠤ ᠪᠠᠶᠢᠬᠤ ᠳᠤ | ᠦᠷᠯᠤᠭᠡ ᠪᠦᠷᠢ ᠶᠢᠨ ᠨᠠᠷᠠ ᠮᠤᠩᠭᠤᠯ ᠢᠶᠠᠷ ᠤᠭᠰᠢᠵᠤ ᠪᠠᠶᠢᠬᠤ ᠳᠤ | ᠠᠯᠤᠨᠭᠤᠸᠠ ᠡᠭᠡ ᠶᠢᠨ ᠰᠤᠷᠭᠠᠯ ᠢ ᠠᠯᠠᠭ ᠱᠠᠭᠠᠵᠠᠭᠠᠢ ᠱᠠᠭᠰᠢᠵᠣ ᠪᠠᠶᠢᠭᠰᠠᠠ ᠶᠣᠮ | ᠠᠯᠳᠠᠷᠳᠣ ︽ᠶᠡᠭᠡ ᠵᠠᠰᠠᠭ︾ ᠤᠨ ᠰᠢᠩᠬᠤᠠ ᠦᠰᠦᠭ ᠬᠠᠳᠠᠵᠤ ᠠᠮᠵᠢᠭᠠ ᠨᠢ ᠦᠬᠡᠢ ᠪᠠᠶᠢᠭᠰᠠᠠ ᠶᠣᠮ | ᠰᠣᠣᠳᠣ ᠮᠤᠩᠭᠤᠯ ᠴᠡᠷᠢᠭ ᠤᠤᠭᠠᠠ ᠦᠷᠠ ᠪᠠᠨ ᠦᠨᠦᠰᠬᠦ ᠴᠢᠯᠤᠭᠡ ᠦᠬᠡᠢ ᠪᠠᠶᠢᠭᠰᠠᠠ ᠶᠣᠮ | ᠰᠣᠷᠬᠠᠭᠳᠠᠨᠢ * ᠶᠢᠨ ᠨᠢᠯᠪᠤᠰᠤ ᠲᠠᠭᠠᠨᠠ ᠶᠢᠨ ᠴᠡᠴᠡᠭ ᠠᠴᠠ ᠡᠭᠰᠢᠭᠡ ᠨᠢ ᠦᠬᠡᠢ ᠪᠠᠶᠢᠭᠰᠠᠠ ᠶᠣᠮ | ᠨᠢᠬᠡ ᠡᠬᠡ ᠶᠢᠨ ᠬᠡᠪᠡᠯᠢ ᠳᠤ ᠪᠠᠭᠳᠠᠵᠤ᠂ ᠵᠤᠯᠠᠢ ᠵᠤᠯᠠᠢ ᠪᠠᠨ ᠬᠢᠰᠬᠢᠵᠤ ᠲᠦᠷᠦᠭᠰᠠᠠ | ᠨᠢᠭᠡ ᠠᠭᠠᠷᠤᠤᠯ ᠬᠤᠪᠢᠶᠠᠠ ᠬᠦᠯᠬᠦᠵᠤ᠂ ᠨᠡᠬᠡᠢ ᠬᠦᠨᠵᠢᠯᠠ ᠳᠤ ᠡᠪᠤᠷᠯᠡᠯᠳᠤᠵᠤ ᠦᠰᠦᠭᠰᠠᠠ | ᠠᠷᠢᠭᠪᠤᠬᠠ ᠬᠤᠪᠢᠯᠠᠢ ᠬᠤᠶᠠᠷ ᠨᠤᠮᠤ ᠰᠤᠮᠤᠠ ᠳᠤ ᠦᠪᠡᠷ ᠢ ᠪᠠᠨ ᠴᠡᠨᠡᠭᠯᠡᠵᠣ᠂ ᠬᠠᠰᠪᠤ ᠲᠠᠮᠠᠭᠠ | ᠪᠤᠯᠢᠶᠠᠯᠳᠤᠵᠤ | ᠠᠤᠭᠠ ᠨᠢᠭᠡᠡ ᠤᠷᠴᠢᠯᠠᠩ ᠳᠤ ᠪᠠᠭᠳᠠᠵᠤ ᠶᠠᠳᠠᠠ ᠬᠤᠶᠠᠷ ᠭᠠᠷᠯᠠᠠ ᠵᠢᠭᠰᠠᠪᠠ | ᠨᠠᠷᠠᠠ ᠤ ᠭᠡᠭᠡ ᠰᠢᠷᠭᠤᠴᠢᠬᠤ ᠵᠠᠢ ᠦᠬᠡᠢ ᠵᠢᠳᠠ ᠰᠠᠯᠠᠮᠠ ᠰᠢᠭᠤᠶᠢᠷᠠᠵᠤ | ᠨᠠᠮᠤᠷ ᠤᠨ ᠰᠠᠯᠬᠢ ᠠᠷᠭᠠᠳᠠᠬᠤ ᠴᠢᠯᠤᠭᠡ ᠦᠬᠡᠢ ᠵᠠᠨᠤᠯ ᠬᠤᠷᠤᠰᠤᠯ ᠪᠠᠭᠳᠠᠷᠠᠵᠤ | ᠨᠠᠢᠮᠠᠠ ᠵᠤᠪᠬᠢᠰ ᠢ ᠴᠣᠴᠢᠷᠳᠠᠭᠤᠯᠤᠠ ᠬᠦᠯᠦᠭ ᠮᠤᠷᠢᠳ ᠭᠠᠵᠠᠷ ᠴᠠᠪᠴᠢᠯᠠᠠ ᠢᠨᠴᠠᠭᠠᠳᠠᠪᠠ | ᠨᠠᠴᠢᠠ ᠱᠤᠩᠬᠤᠷ ᠰᠢᠭ᠋ ᠲᠠᠯᠠᠢ ᠲᠠᠶᠠᠩ ᠪᠠᠭᠠᠳᠤᠷ ᠤᠳ ᠴᠢᠰᠣ ᠪᠠᠨ ᠠᠰᠬᠠᠠ ᠠᠯᠠᠯᠳᠤᠪᠠ᠂᠂᠂ | ᠰᠤᠯᠢᠷ ᠮᠡᠳᠤ ᠤᠯᠢᠬᠤ ᠰᠤᠮᠤ ᠨᠤᠭᠤᠳ ᠦᠬᠦᠯ ᠠᠮᠢᠳᠤᠷᠠᠯ ᠰᠢᠭ᠋ ᠵᠦᠷᠢᠵᠤ ᠪᠠᠶᠢᠬᠤ ᠳᠤ | ᠰᠤᠬᠤᠷ ᠮᠡᠳᠣ ᠬᠠᠷᠠ ᠤᠳᠤᠭᠠ ᠤᠰᠤ ᠴᠢᠰᠣ ᠰᠢᠭ᠋ ᠪᠤᠷᠭᠢᠯᠵᠤ ᠪᠠᠶᠢᠬᠤ ᠳᠤ | ᠰᠤᠯᠢᠶᠠ ᠮᠡᠳᠣ ᠤᠯᠠᠩᠭᠠᠰᠤᠭᠰᠠᠠ ᠴᠡᠷᠢᠭ ᠤᠳ ᠬᠤᠯᠢᠶᠠᠠ ᠪᠠᠨᠳᠠᠩ ᠰᠢᠭ᠋ ᠬᠤᠳᠬᠤᠯᠳᠤᠵᠤ ᠪᠠᠶᠢᠬᠤ ᠳᠤ | ᠰᠣᠯᠣᠩᠭᠠ ᠮᠡᠳᠣ ᠠᠷᠢᠭᠪᠤᠬᠠ ᠭᠡᠷᠡᠯ ᠰᠡᠭᠦᠳᠡᠷ ᠰᠢᠭ ᠴᠠᠪᠴᠢᠯᠳᠤᠵᠤ ᠪᠠᠶᠢᠬᠤ ᠳᠤ | ᠬᠡᠨᠳᠡᠢ ᠶᠢᠨ ᠵᠢᠪᠠᠷ ᠢᠶᠠᠷ ᠲᠡᠯ ᠢᠶᠠᠨ ᠰᠠᠮᠨᠠᠭᠤᠯᠵᠤ᠂ ᠬᠢᠯᠭᠠᠨᠠ ᠶᠢᠨ ᠰᠢᠬᠦᠳᠡᠷᠢ ᠪᠠᠷ ᠤᠮᠳᠠᠯᠠᠵᠤ ᠦᠰᠦᠭᠰᠠᠠ | ᠬᠡᠬᠡᠷᠡ ᠶᠢᠨ ᠴᠠᠬᠢᠭᠤᠷ ᠢᠶᠠᠷ ᠲᠤᠭᠤᠷᠠᠢ ᠪᠠᠨ ᠬᠤᠷᠴᠠᠯᠠᠵᠤ᠂ ᠬᠤᠷᠮᠤᠰᠳᠠ ᠶᠢᠨ ᠮᠡᠯᠮᠡᠢ ᠳᠤ ᠪᠠᠭᠳᠠᠵᠤ | ᠡᠷᠬᠡᠯᠡᠭᠰᠠᠠ | ᠠᠭᠤᠯᠠ ᠶᠢᠨ ᠦᠶᠡᠷ ᠰᠢᠭ ᠶᠦᠷᠬᠡᠬᠦ ᠬᠠᠭᠠᠠ ᠰᠦᠷᠦᠭ ᠤᠨ ᠢᠶᠠᠨ ᠮᠠᠩᠨᠠᠢ ᠳᠤ ᠬᠠᠳᠠᠷᠢᠭᠰᠠᠠ | ᠦᠬᠦᠯ ᠤᠨ ᠲᠡᠭᠡᠭᠦᠷ ᠴᠤ ᠴᠢᠨ᠋ᠸᠠ ᠰᠢᠭ᠋ ᠬᠠᠷᠠᠶᠢᠵᠤ ᠦᠪᠡᠷ ᠤᠨ ᠡᠵᠡᠡ ᠢᠶᠠᠨ ᠦᠰᠳᠡᠡ ᠠᠴᠠ ᠠᠪᠣᠷᠠᠭᠰᠠᠠ | ᠲᠡᠭᠷᠢ ᠳᠤ ᠱᠠᠭᠢᠭᠰᠠᠠ ᠲᠤᠯᠤᠢ ᠶᠢᠨ ᠠᠳᠣᠭᠤᠠ ᠳᠤ ᠲᠤᠩᠬᠠᠭ ᠵᠠᠷ ᠰᠢᠭ᠋ ᠲᠣᠶᠢᠯᠠᠵᠤ ᠶᠠᠪᠤᠭᠰᠠᠠ | ᠲᠤᠭ ᠦᠵᠡᠭᠳᠡᠬᠦ ᠦᠬᠡᠢ ᠲᠣᠯᠣᠭᠠᠠ ᠲᠤᠮᠳᠠᠭᠤᠷ ᠠᠷᠠᠩᠭᠠ ᠴᠠᠬᠢᠯᠭᠠᠠ * ᠰᠢᠭ᠋ ᠴᠠᠬᠢᠯᠵᠤ ᠲᠠᠪᠬᠢᠭᠰᠠᠠ | ᠲᠤᠯᠭᠤᠷ ᠲᠦᠷᠦ ᠶᠢᠨ ᠭᠤᠯᠤᠮᠳᠠ ᠮᠠᠨᠠᠭᠰᠠᠠ ᠠᠷᠢᠭᠪᠤᠬᠠ ᠵᠠᠩᠵᠤᠠ ᠤ ᠠᠭᠰᠣᠮ ᠠᠵᠢᠨᠠᠢ | ᠲᠡᠷᠭᠡᠯ ᠨᠠᠷᠠ ᠶᠢ ᠰᠦᠯᠪᠡᠵᠤ ᠤᠯᠢᠭᠰᠠᠠ ᠲᠡᠨᠤᠬᠦᠯ ᠰᠤᠮᠤᠠ ᠳᠤ ᠵᠢᠷᠤᠬᠡ ᠨᠢ ᠦᠷᠳᠤᠪᠠ | ᠠᠶᠤᠯᠳᠣ ᠲᠠᠶᠢᠠ ᠤ ᠤᠳᠤᠭᠠᠠ ᠳᠤ ᠬᠠᠭ᠋ᠠᠭᠰᠠᠠ ᠠᠭᠠᠷ ᠢ ᠴᠦᠮᠦ ᠲᠠᠳᠠᠳᠠᠯᠠ ᠨᠢ ᠴᠤᠷᠤᠶᠢᠳᠠᠵᠤ | ᠠᠷᠦ ᠬᠠᠩᠭᠠᠢ ᠶᠢᠨ ᠤᠨᠢᠶᠠᠷ ᠲᠤ ᠴᠠᠩᠳᠤᠭᠰᠠᠠ ᠴᠢᠯᠠᠭᠤᠳ ᠢ ᠴᠠᠪ ᠰᠠᠭᠤᠳᠠᠯᠠ ᠨᠢ ᠢᠨᠴᠠᠭᠠᠵᠣ | ᠠᠭᠠᠭ ᠲᠠᠢ ᠲᠠᠶᠢᠰᠣᠠ ᠤ ᠴᠢᠰᠣᠠ ᠳᠤ ᠴᠣᠬᠤᠷᠳᠠᠭᠰᠠᠠ ᠡᠮᠡᠭᠡᠯ ᠢ ᠬᠤᠪᠬᠤ ᠦᠰᠣᠷᠳᠠᠯᠠ ᠨᠢ ᠪᠤᠯᠬᠢᠵᠤ | ᠠᠳᠠᠭᠠ ᠲᠡᠭᠷᠢ ᠠᠴᠠ ᠠᠨᠳᠠᠭᠠᠢ ᠲᠠᠢ ᠡᠵᠡᠡ ᠬᠦᠯᠦᠭ ᠬᠤᠶᠠᠷ ᠲᠡᠯᠡᠬᠡᠢ ᠬᠡᠭᠵᠡᠯᠡᠡ ᠥᠢᠴᠢᠪᠠ | ᠠᠷᠢᠭᠪᠤᠬᠠ ᠮᠤᠷᠢᠠ ᠤ ᠪᠠᠨ ᠲᠤᠯᠤᠭᠠᠢ ᠶᠢ ᠬᠡᠣᠬᠡᠳ ᠰᠢᠭ ᠲᠡᠪᠡᠷᠢᠵᠤ ᠶᠠᠩᠬᠢᠨᠠᠳᠠᠯᠠ ᠤᠬᠢᠯᠠᠯᠠ | ᠠᠷᠠᠨᠵᠠᠯ ᠤᠯᠠᠭᠠᠠ ᠬᠦᠯᠦᠭ ᠨᠢ ᠭᠤᠨᠢᠭᠳᠣ ᠬᠤᠷᠸᠠ ᠪᠠᠨ ᠰᠡᠭᠦᠯᠴᠢ ᠶᠢᠨ ᠣᠳᠠᠭᠠ ᠬᠠᠷᠠᠯᠠ — — | ᠮᠤᠩᠭᠤᠯᠴᠣᠳ ᠬᠡᠬᠦᠷ ᠬᠡᠬᠦᠷ ᠢᠶᠠᠨ ᠬᠢᠰᠬᠢᠯᠠᠠ᠂ ᠠᠳᠠ ᠱᠦᠭᠯᠡᠭᠰᠠᠠ ᠶᠤᠮ ᠰᠢᠭ ᠠᠯᠠᠯᠳᠣᠭᠰᠠᠭᠠᠷ ᠪᠠᠶᠢᠯᠠ | ᠮᠤᠷᠢ ᠨᠢᠬᠡ ᠨᠢᠬᠡ ᠪᠠᠨ ᠲᠡᠷᠡᠯᠡᠡ᠂ ᠬᠠᠳᠤᠭᠰᠠᠠ ᠲᠠᠷᠢᠶᠠ ᠶᠣᠮ ᠰᠢᠭ᠋ ᠶᠠᠶᠢᠷᠠᠭᠰᠠᠭᠠᠷ ᠪᠠᠶᠢᠯᠠ᠂᠂᠂ | ᠨᠢᠬᠡᠡ ᠡᠬᠡ ᠶᠢᠨ ᠤᠨᠠᠭᠠ ᠪᠠᠶᠢᠭᠰᠠᠠ ᠬᠤᠪᠢᠯᠠᠢ ᠶᠢᠨ ᠬᠦᠯᠦᠭ ᠲᠡᠷᠳᠡᠭᠡ ᠳᠤ ᠦᠤᠷᠰᠡᠡ ᠲᠡᠪᠬᠡᠴᠡᠬᠦ ᠰᠢᠭ | ᠨᠢᠬᠡᠡ ᠲᠡᠨᠵᠢᠠ ᠳᠤ ᠲᠤᠭᠯᠠᠵᠤ ᠦᠰᠦᠭᠰᠠᠠ ᠢᠵᠢᠯᠢ ᠨᠢ ᠤᠨᠤᠡ ᠤ ᠬᠦᠪᠡᠬᠡᠡ ᠳᠤ ᠬᠤᠤᠬᠢᠷᠠᠠ ᠬᠤᠶᠢᠯᠠᠷᠠᠬᠤ | ᠰᠢᠭ᠋ | ᠬᠦᠷᠪᠡᠬᠦ ᠳᠤ ᠨᠢ ᠴᠡᠴᠡᠭᠡᠰ ᠢᠶᠠᠨ ᠲᠡᠪᠢᠰᠴᠣ ᠵᠦᠬᠡᠯᠡᠯᠡᠭᠰᠠᠠ ᠬᠦᠬᠡ ᠡᠪᠡᠰᠣ ᠲᠠᠢ ᠨᠤᠳᠤᠭ ᠨᠢ ᠦᠨᠤᠷᠳᠡᠬᠦ ᠰᠢᠭ | ᠬᠦᠯᠤᠷᠢᠬᠦ ᠳᠤ ᠨᠢ ᠡᠭᠦᠯᠡᠰ ᠢᠶᠠᠨ ᠵᠤᠯᠠᠵᠤ ᠪᠤᠷᠣᠭᠠᠯᠠᠭᠰᠠᠠ ᠤᠳᠣᠠ ᠲᠡᠭᠡᠪᠤᠷ ᠲᠠᠢ ᠲᠡᠭᠷᠢ ᠨᠢ ᠦᠵᠡᠭᠳᠡᠬᠦ ᠰᠢᠭ᠂ | ᠂᠂᠂ | ᠦᠨᠳᠤᠷ ᠲᠡᠭᠡᠳᠤᠰ ᠤᠨ ᠵᠠᠷᠯᠢᠭ ᠰᠢᠭ᠋ ᠲᠤᠯᠤᠭᠠᠠ ᠪᠤᠷᠬᠠᠠ ᠤ ᠠᠨᠢᠰᠬᠠᠠ ᠳᠤ ᠲᠠᠶᠢᠠ ᠤ ᠲᠤᠭᠤᠰᠣ ᠪᠤᠵᠢᠬᠢᠨᠠᠬᠤ | ᠰᠢᠭ᠋ | ᠦᠬᠡᠯᠦᠠ ᠡᠵᠢ ᠶᠢᠨ ᠴᠢᠷᠠᠢ ᠰᠢᠭ᠋ ᠲᠡᠯᠢᠬᠦᠠ ᠪᠤᠯᠳᠤᠭ ᠤᠨ ᠰᠠᠷᠠᠠ ᠳᠤ ᠮᠤᠩᠭᠤᠯ ᠤᠨ ᠴᠢᠰᠣ ᠦᠰᠤᠷᠬᠦ ᠰᠢᠭ | ᠦᠷᠯᠦᠭ ᠴᠢᠩᠬᠢᠰ ᠤᠨ ᠤᠬᠠᠭᠠᠠ ᠢᠶᠠᠨ ᠠᠰᠬᠠᠵᠣ ᠴᠢᠩᠭᠠᠯᠠᠭᠰᠠᠠ ᠲᠦᠷᠦ ᠶᠢᠨ ᠪᠦᠰᠡᠯᠡᠬᠦᠷ ᠰᠤᠯᠠᠷᠠᠬᠤ ᠰᠢᠭ᠋ | ᠦᠨᠢ ᠮᠦᠩᠬᠡ ᠶᠢᠨ ᠲᠡᠭᠷᠢ ᠢᠵᠠᠭᠤᠷᠳᠤ ᠠᠯᠳᠠᠠ ᠤᠷᠤᠭ ᠤᠳ ᠤᠨ ᠲᠠᠩᠭᠠᠷᠢᠭ ᠴᠣᠴᠠᠷᠠᠬᠤ ᠰᠢᠭ᠋᠂᠂᠂᠂᠂᠂ | ᠠᠮᠢᠠ ᠳᠤ ᠬᠤᠷᠤᠬᠠᠶᠢᠰᠤᠭᠰᠠᠠ ᠦᠯᠦᠨ ᠰᠤᠮᠤᠠ ᠳᠤ ᠦᠪᠡᠷ ᠢ ᠪᠠᠨ ᠵᠢᠭᠢᠷᠢᠭᠯᠡᠭᠰᠠᠠ ᠠᠵᠢᠨᠠᠢ | ᠠᠶᠤᠮᠰᠢᠭᠳᠤ ᠲᠠᠶᠢᠠ ᠢ ᠠᠪᠤᠭᠠᠳ ᠶᠠᠪᠤᠴᠢᠬᠠᠬᠤ ᠶᠤᠮ ᠰᠢᠭ᠋ ᠪᠤᠷᠬᠠᠨᠯᠢᠭ ᠠᠮᠢᠰᠬᠤᠭᠠ ᠪᠠᠨ ᠲᠠᠳᠠᠬᠤ ᠳᠤ | ᠠᠢ ᠲᠦᠮᠠᠠ ᠠᠳᠤᠭᠤᠳ ᠠᠷᠢᠭᠪᠤᠬᠠ ᠶᠢᠨ ᠨᠢᠯᠪᠤᠰᠤ ᠶᠢ ᠠᠷᠴᠢᠵᠣ ᠠᠪᠤᠠ ᠨᠢᠵᠢᠭᠢᠨᠡᠪᠠ | ᠠᠯᠳᠠᠠ ᠬᠤᠭᠤᠷ ᠤᠨ ᠴᠢᠪᠬᠠᠳᠠᠰᠣᠠ ᠳᠤ᠂ ᠠᠷᠠᠳ ᠤᠨ ᠲᠠᠭᠤᠠ ᠤ ᠰᠢᠷᠤᠩᠬᠠᠢ ᠳᠤ ᠡᠶᠢᠨᠬᠦ ᠠᠶᠠᠯᠭᠤ | ᠬᠤᠪᠢᠯᠤᠠ ᠰᠢᠩᠭᠡᠵᠡᠢ ᠠ᠋᠂᠂᠂ | | | * ᠰᠣᠷᠬᠠᠭᠳᠠᠨᠢ — — ᠲᠤᠯᠤᠢ ᠶᠢᠨ ᠬᠠᠳᠣᠠ᠃ ᠮᠦᠩᠬᠡ᠂ ᠬᠤᠪᠢᠯᠠᠢ᠂ ᠦᠯᠡᠬᠦ᠂ ᠠᠷᠢᠭᠪᠣᠬᠠ | ᠶᠢᠨ ᠲᠦᠷᠦᠭᠰᠠᠠ ᠡᠵᠢ᠃ | * ᠠᠷᠠᠩᠭᠠ ᠴᠠᠬᠢᠯᠭᠠᠠ — — ᠤᠯᠠᠠ ᠰᠠᠯᠠᠭᠠ ᠰᠠᠯᠪᠤᠷᠢ ᠭᠠᠷᠭᠠᠵᠤ ᠵᠦᠭ ᠵᠦᠭ ᠲᠤ | ᠰᠠᠴᠤᠷᠠᠬᠤ ᠠᠭᠠᠷ ᠤᠨ ᠴᠠᠬᠢᠯᠭᠠᠠ᠃ | | ᠪᠡᠯᠡᠳᠬᠡᠭᠰᠡᠨ ᠨᠢ᠄ ᠡᠷᠳᠡᠨᠢᠬᠦᠦ | ᠨᠠᠶᠢᠷᠠᠭᠤᠯᠤᠭᠰᠠᠨ ᠨᠢ᠄ ᠨᠠᠮᠤᠷ | ᠬᠢᠨᠠᠭᠰᠠᠨ ᠨᠢ᠄ ᠤᠷᠢᠬᠠᠨ |