ᠵᠡᠭᠦᠨᠭᠠᠷ ᠪᠤᠶᠠᠨᠪᠠᠲᠤ | | ︵ᠨᠠᠶᠢᠷᠠᠭᠯᠠᠯ︶ | ᠵᠥᠷᠴᠢᠨ ᠭᠥᠮᠥᠨ ᠤ ︽ᠢᠪᠡᠭᠡᠯ︾ ᠳᠤ ᠪᠠᠭᠳᠠᠵᠤ | ᠵᠢᠩ ᠤᠨ ᠲᠡᠮᠡᠭᠡᠨ ᠤ ᠬᠤᠩᠬᠤᠨ ᠳᠤ ᠰᠤᠶᠢᠭᠳᠠᠵᠤ | ᠵᠠᠭ ᠤᠨ ᠭᠠᠯ ᠳᠤ ᠵᠢᠷᠥᠭᠡ ᠪᠠᠨ ᠭᠥᠯᠴᠥᠭᠡᠵᠥ | ᠽᠠᠨᠳᠠᠨ ᠠᠷᠢᠭᠢᠨ ᠳᠤ ᠵᠠᠶᠠᠭ᠎ᠠ ᠪᠠᠨ ᠰᠢᠪᠰᠢᠵᠤ | ᠥᠩ ᠥᠷᠭᠡᠨ ᠠᠯᠠᠱᠠ ᠢᠩᠭᠢᠵᠥ ᠡᠭᠢᠯᠡᠭᠰᠡᠨ ᠶᠤᠮ | ᠥᠯᠡᠮᠵᠢ ᠪᠤᠶᠠᠨᠳᠤ ᠲᠡᠮᠡᠭᠡᠳ ᠤᠨ ᠨᠢᠷᠤᠭᠤᠨ ᠠᠴᠠ ᠡᠭᠢᠯᠡᠭᠰᠡᠨ ᠶᠤᠮ | ᠵᠢᠩᠭᠠᠷ ᠤᠨ ᠲᠤᠤᠯᠢ ᠠᠴᠠ ᠠᠯᠳᠠᠷᠠᠭᠰᠠᠨ ᠠᠶᠠᠯᠭᠤ | ᠵᠡᠭᠦᠨᠭᠠᠷ ᠤᠨ ᠨᠤᠳᠤᠭ ᠠᠴᠠ ᠨᠢᠰᠥᠭᠰᠡᠨ ᠪᠥᠷᠭᠦᠳ | ᠬᠤᠷᠤᠯᠠᠢ ᠵᠢᠨᠣᠩ ᠤᠨ ᠪᠤᠴᠠᠯᠤᠭᠰᠠᠨ ᠴᠢᠰᠤ | ᠬᠤᠱᠤᠳ ᠮᠤᠩᠭᠤᠯ ᠤᠨ ᠥᠷᠭᠦᠯᠵᠢᠯᠡᠭᠰᠡᠨ ᠴᠠᠳᠢᠭ | ᠭᠠᠯᠳᠠᠨ ᠪᠤᠱᠤᠭᠳᠤ ᠶᠢᠨ ᠤᠷᠭᠠᠳᠠᠵᠤ ᠭᠥᠢᠴᠡᠭᠡ ᠥᠭᠡᠢ ᠠᠯᠳᠠᠭᠤᠯ | ᠭᠠᠳᠤᠰ ᠬᠤᠯᠠ ᠬᠠᠷᠢᠯᠠᠭᠠᠳ ᠪᠤᠴᠠᠵᠤ ᠤᠴᠢᠭ᠎ᠠ ᠥᠭᠡᠢ ᠭᠥᠷᠭᠡᠨ | ᠤᠶᠢᠷᠠᠳ ᠤᠨ ᠰᠠᠷᠠᠨ ᠤ ᠭᠡᠯᠳᠡᠷᠭᠡᠢ | ᠥᠷᠭᠡᠨ ᠴᠢᠯᠥᠭᠡᠨ ᠤ ᠰᠢᠭᠤᠷᠭ᠎ᠠ | ᠤᠶᠢᠴᠢᠭᠠᠳ ᠲᠠᠭᠢᠨ ᠮᠠᠭᠰᠢᠭᠰᠠᠨ ᠱᠠᠯᠠᠪᠤᠷ ᠪᠥᠭᠡ | ᠤᠳᠤᠷᠯᠠᠭᠠᠳ ᠡᠪᠥᠯᠵᠢᠶᠡᠨ ᠳᠡᠭᠡᠨ ᠬᠠᠷᠢᠭ᠎ᠠ ᠥᠭᠡᠢ ᠨᠡᠭᠦᠳᠡᠯᠴᠢᠨ | ᠲᠠᠯ᠎ᠠ ᠶᠢᠨ ᠮᠤᠩᠭᠤᠯ ᠤᠨ ᠲᠠᠪᠤᠨ ᠬᠤᠷᠤᠭᠤᠨ ᠤ ᠨᠢᠭᠡ | ᠲᠠᠩᠰᠤᠭ ᠪᠤᠶᠠᠨ ᠤ ᠠᠷᠪᠠᠨ ᠬᠤᠷᠤᠭᠤᠨ ᠤ ᠲᠡᠭᠡᠵᠢ | ᠲᠠᠷᠭᠤᠨ ᠲᠡᠮᠡᠭᠡ ᠰᠢᠭ ᠲᠠᠶᠢᠪᠤᠰᠢᠷᠠᠵᠤ ᠨᠢᠭᠡ ᠥᠵᠡᠵᠥ | ᠲᠠᠴᠢᠷ ᠭᠤᠪᠢ ᠤᠨ ᠴᠢᠨ᠋ᠸ᠎ᠠ ᠰᠢᠭ᠋ ᠲᠤᠭᠰᠢᠷᠠᠵᠤ ᠨᠢᠭᠡ ᠥᠵᠡᠭᠰᠡᠨ | ᠠᠯᠠᠱᠠ ᠮᠤᠩᠭᠤᠯ ᠮᠢᠨᠢ | ᠠᠷᠤ ᠭᠢᠵᠠᠭᠠᠷ ᠤᠨ ᠲᠡᠮᠡᠭᠡᠴᠢᠨ ᠲᠤᠮᠤᠭ ᠮᠢᠨᠢ | ᠲᠥᠷᠪᠡᠨ ᠤᠶᠢᠷᠠᠳ ᠤᠨ ᠲᠠᠪᠢᠯᠠᠩ ᠢ | ᠲᠥᠷᠪᠡᠨ ᠱᠠᠭᠠᠢ ᠳᠠᠭᠠᠨ ᠰᠢᠪᠰᠢᠵᠤ | ᠲᠡᠯᠡᠭᠡᠢ ᠶᠢᠨ ᠬᠤᠶᠢᠮᠤᠷ ᠲᠤ ᠤᠷᠭᠢᠵᠤ ᠵᠢᠷᠭᠠᠪᠠ | ᠲᠡᠭᠡᠳᠥᠰ ᠤᠨ ᠢᠶᠠᠨ ᠲᠡᠷᠭᠡᠯ ᠲᠠᠶᠢᠴᠢᠨ ᠠᠯᠳᠠᠷ ᠢ | ᠲᠡᠪᠡᠯ ᠤᠨ ᠢᠶᠠᠨ ᠲᠤᠪᠴᠢᠨ ᠳᠤ ᠵᠠᠩᠭᠢᠳᠴᠤ | ᠲᠡᠩᠳᠡᠭᠦᠥ ᠨᠥᠰᠡᠷ ᠲᠡᠥᠭᠡ ᠶᠢᠨ ᠠᠴᠢᠶ᠎ᠠ ᠶᠢ | ᠲᠡᠮᠡᠭᠡᠨ ᠵᠢᠩ ᠳᠡᠭᠡᠨ ᠲᠡᠩᠨᠡᠵᠥ ᠢᠷᠡᠪᠡ | ᠮᠠᠨᠵᠤ ᠲᠠᠶᠢᠴᠢᠩ ᠤᠨ ᠭᠡᠵᠢᠭᠡ ᠪᠠᠷ ᠭᠤᠶᠠᠳᠠᠭᠤᠯᠵᠤ | ᠮᠠᠶᠢᠬᠠᠨ ᠤ ᠸᠠᠳᠠᠩ ᠰᠢᠭ᠋ ᠲᠡᠷᠪᠡᠵᠥ ᠶᠠᠪᠤᠭᠰᠠᠨ ᠤᠳᠠᠭ᠎ᠠ ᠪᠤᠢ | ᠮᠠᠯᠠᠭᠠᠢ ᠶᠢᠨ ᠪᠥᠴᠡ ᠪᠠᠨ ᠤᠶᠠᠬᠤ ᠶᠢᠨ ᠴᠦ ᠴᠢᠯᠥᠭᠡ ᠥᠭᠡᠢ | ᠮᠠᠨᠢ ᠶᠢᠨ ᠴᠢᠭᠤᠯᠭᠠᠨ ᠳᠤ ᠨᠢᠰᠭᠡᠭᠡ ᠪᠤᠰᠬᠠᠭ᠎ᠠ ᠶᠠᠪᠤᠭᠰᠠᠨ ᠲᠡᠥᠭᠡ ᠪᠤᠢ | ᠰᠡᠳᠡᠷᠡᠵᠤ ᠰᠠᠷᠨᠢᠬᠤ ᠤᠨ ᠴᠠᠭ ᠤᠨ ᠰᠢᠭᠤᠷᠭᠠᠨ ᠳᠤ | ᠰᠠᠶᠢᠷ ᠴᠢᠯᠠᠭᠤ ᠰᠢᠭ᠋ ᠨᠡᠭᠦᠳᠡᠯᠯᠡᠵᠥ ᠲᠥᠷᠪᠡᠭᠰᠠᠨ ᠭᠤᠨᠢᠭ ᠪᠤᠢ | ᠰᠠᠭᠠᠷᠠᠯ ᠥᠨᠡᠭᠡ ᠰᠢᠭ ᠬᠠᠷᠢ ᠶᠢᠨ ᠴᠡᠪᠳᠡᠭ ᠮᠡᠭᠡᠨ ᠳᠤ | ᠰᠠᠳᠤᠨ ᠲᠥᠷᠥᠯ ᠤᠨ ᠢᠶᠠᠨ ᠲᠠᠷᠢᠭᠢ ᠶᠢ ᠰᠠᠴᠤᠭᠰᠠᠨ ᠢᠴᠢᠭᠦᠷᠢ ᠪᠤᠢ | ᠱᠠᠭᠢᠬᠤ ᠪᠤᠷᠤᠭᠠᠨ ᠤ ᠤᠯᠠᠷᠢᠯ ᠤᠷᠤᠶᠢᠳᠠᠵᠤ ᠢᠷᠡᠯ᠎ᠡ ᠴᠦ | ᠱᠠᠰᠢᠨ ᠨᠤᠮ ᠤᠨ ᠬᠠᠮᠤᠭ ᠤᠶᠢᠷᠠᠬᠠᠨ ᠥᠷᠳᠡᠭᠡ ᠪᠠᠶᠢᠭᠰᠠᠨ ᠶᠤᠮ | ᠱᠠᠷᠭᠢᠬᠤ ᠴᠢᠯᠠᠭᠤᠳ ᠨᠢ ᠲᠤᠤᠯᠢ ᠬᠠᠶᠢᠯᠳᠠᠭ ᠤᠷᠤᠨ ᠠᠴᠠ | ᠰᠢᠷ᠎ᠠ ᠭᠥᠷᠮᠡ ᠲᠠᠢ ᠭᠥᠪᠡᠭᠦᠳ ᠲᠠᠭᠠᠨ᠎ᠠ ᠰᠢᠭ᠋ ᠥᠰᠥᠭᠰᠡᠨ ᠶᠤᠮ | ᠮᠢᠩᠭ᠎ᠠ ᠮᠢᠩᠭᠠᠨ ᠰᠢᠵᠢᠷ ᠶᠤᠸᠠᠮᠪᠤᠤ ᠰᠢᠭ᠋ ᠶᠠᠪᠠᠭᠠᠨ ᠮᠠᠩᠬᠠᠨ ᠳᠠᠭᠠᠨ | ᠮᠠᠨᠢ ᠶᠢᠨ ᠡᠷᠭᠡ ᠰᠢᠭ ᠤᠪᠤᠨ ᠴᠤᠪᠤᠨ ᠨᠡᠭᠦᠳᠡᠯᠯᠡᠵᠵᠥ ᠶᠠᠪᠤᠭᠰᠠᠨ ᠶᠤᠮ | ᠮᠠᠨᠳᠤᠵᠤ ᠪᠠᠭᠤᠷᠠᠬᠤ ᠲᠥᠷᠥ ᠶᠢᠨ ᠴᠤᠬᠤᠷ ᠲᠠᠪᠢᠯᠠᠩ ᠢ | ᠮᠠᠯ ᠤᠨ ᠢᠶᠠᠨ ᠵᠠᠬ᠎ᠠ ᠠᠴᠠ ᠭᠠᠳᠠᠷᠯᠠᠳᠠᠭ ᠪᠠᠶᠢᠭᠰᠠᠨ ᠶᠤᠮ | ᠭᠡᠯᠡ ᠴᠦ ᠶᠠᠭᠠᠭᠢᠬᠤᠪ᠂ ᠮᠢᠨᠤ ᠠᠯᠠᠱᠠ ᠮᠤᠩᠭᠤᠯ | ᠭᠡᠭᠡᠨ ᠨᠠᠷᠠᠨ ᠠᠴᠠ ᠤᠶᠢᠷᠠᠬᠠᠨ ᠲᠠᠪᠭᠢᠵᠤ ᠲᠥᠪᠭᠢᠨᠡᠭᠰᠡᠨ ᠶᠤᠮ | ᠬᠠᠳᠠᠭᠤᠬᠠᠨ ᠬᠤᠷᠸ᠎ᠠ ᠳᠤ ᠪᠤᠳᠤᠯ ᠤᠨ ᠲᠡᠩᠭᠡᠭᠡ ᠲᠤᠯᠵᠤ | ᠬᠠᠨ᠎ᠠ ᠶᠢᠨ ᠢᠶᠠᠨ ᠨᠢᠳᠤ ᠪᠠᠷ ᠲᠡᠭᠷᠢ ᠶᠢᠨ ᠵᠠᠬ᠎ᠠ ᠶᠢ ᠬᠠᠷᠠᠵᠤ | ᠥᠷᠡᠰ ᠨᠠᠭᠠᠳᠤᠮ ᠢᠶᠠᠨ ᠲᠢᠭᠯᠡᠵᠥ᠂ ᠤᠪᠤᠭ᠎ᠠ ᠰᠢᠪᠡᠭᠡ ᠪᠠᠨ ᠲᠠᠭᠢᠵᠤ | ᠥᠨᠢ ᠭᠥᠭᠡ ᠲᠡᠭᠷᠢ ᠳᠡᠭᠡᠨ ᠮᠥᠷᠭᠦᠵᠥ ᠵᠠᠯᠪᠠᠷᠢᠵᠤ | ᠥᠷᠡᠵᠢᠭᠦ ᠮᠠᠯ ᠤᠨ ᠢᠶᠠᠨ ᠪᠤᠶᠠᠨ ᠢ ᠬᠤᠷᠤᠶᠢᠯᠠᠵᠤ ᠲᠠᠭᠠᠳᠬᠠᠵᠤ | ᠥᠨᠳᠥᠷ ᠶᠡᠭᠡ ᠠᠯᠠᠱᠠᠨ ᠤ ᠪᠠᠨ ᠭᠡᠶᠢᠮᠥᠷᠢ ᠶᠢ ᠡᠷᠭᠦᠵᠥ ᠲᠡᠭᠡᠳᠥᠯᠡᠵᠥ ᠠᠪᠴᠢᠷᠠᠭᠰᠠᠨ ᠶᠤᠮ | ︽ᠥᠩ ᠥᠷᠭᠡᠨ ᠠᠯᠠᠱᠠ︾᠂ ︽ᠥᠯᠡᠮᠵᠢ ᠪᠤᠶᠠᠨ︾ ᠢᠶᠠᠨ | ᠡᠪᠡᠰᠥ ᠮᠤᠳᠤᠨ ᠤ ᠥᠨᠳᠥᠰᠥ ᠪᠤᠯᠭᠠᠨ ᠳᠤ ᠰᠢᠩᠭᠡᠳᠡᠯ᠎ᠡ ᠰᠢᠷᠤᠩᠬᠠᠶᠢᠯᠠᠵᠤ | ᠥᠷᠳᠡᠭᠦ ᠭᠠᠯ ᠤᠨ ᠢᠶᠠᠨ ᠲᠤᠭᠤᠷᠢᠨ ᠳᠤ ᠲᠡᠷᠭᠡᠯ ᠶᠤᠰᠤᠭᠠᠷ ᠨᠢ ᠠᠪᠴᠢᠷᠠᠭᠰᠠᠨ ᠶᠤᠮ | ᠨᠤᠳᠤᠭ ᠤᠨ ᠮᠢᠨᠢ ᠭᠢᠵᠠᠭᠠᠷ ᠢᠶᠠᠷ ᠥᠩᠭᠡᠶᠢᠭᠰᠡᠨ ᠲᠠᠶᠢᠰᠤᠨ ᠢ | ᠨᠢᠳᠤ ᠶᠢ ᠨᠢ ᠰᠤᠬᠤ ᠬᠠᠷᠪᠤᠵᠤ ᠭᠥᠭᠡᠭᠡᠭᠰᠡᠨ ᠶᠤᠮ | ᠨᠢᠰᠤ ᠪᠠᠨ ᠴᠢᠷᠥᠭᠰᠡᠨ ᠬᠠᠷᠢ ᠶᠢᠨ ᠴᠠᠭᠠᠴᠢᠨ ᠢ | ᠨᠢᠭᠦᠯᠡᠰᠥᠩᠭᠦᠢ ᠬᠠᠶᠢᠷ᠎ᠠ ᠳᠠᠭᠠᠨ ᠴᠤᠭᠯᠠᠵᠤ ᠠᠪᠤᠭᠰᠠᠨ ᠶᠤᠮ | ᠠᠳᠠᠨ ᠲᠡᠮᠡᠭᠡᠨ ᠤ ᠨᠢᠯᠪᠤᠰᠤ ᠪᠠᠷ ᠭᠤᠨᠢᠭ ᠢᠶᠠᠨ ᠤᠭᠢᠶᠠᠵᠤ | ᠠᠷᠭᠠᠯ ᠤᠨ ᠭᠠᠯ ᠤᠨ ᠲᠥᠯᠥ ᠪᠠᠷ ᠰᠡᠳᠭᠢᠯ ᠢᠶᠠᠨ ᠪᠥᠯᠢᠶᠡᠴᠡᠭᠦᠯᠵᠥ | ᠠᠶᠠᠨ ᠵᠢᠩ ᠤᠨ ᠭᠥᠮᠥᠰ ᠠᠴᠠ ᠬᠤᠯᠠ ᠶᠢᠨ ᠵᠠᠩᠭᠢ ᠲᠤᠭᠤᠯᠵᠤ | ᠠᠯᠤᠰ ᠲᠤ ᠮᠤᠷᠳᠠᠬᠤ ᠰᠢᠪᠠᠭᠤᠳ ᠲᠤ ᠭᠥᠰᠡᠯ ᠢᠶᠠᠨ ᠢᠯᠡᠭᠡᠵᠥ ᠠᠭᠤᠵᠢᠷᠠᠳᠠᠭ ᠪᠠᠶᠢᠭᠰᠠᠨ ᠶᠤᠮ | ᠪᠤᠴᠢᠭᠢᠨᠠᠭᠤᠷ ᠵᠢᠮᠪᠥᠭᠦᠷᠳᠡᠭᠰᠡᠨ ᠨᠤᠳᠤᠭ ᠲᠠᠭᠠᠨ | ᠪᠤᠭᠤᠷᠤᠯ ᠤᠨ ᠢᠶᠠᠨ ᠪᠤᠶᠠᠨ ᠢ ᠠᠳᠤᠭᠤ ᠰᠢᠭ᠋ ᠬᠤᠷᠢᠶᠠᠵᠤ | ᠪᠤᠰᠬᠠᠵᠤ ᠪᠤᠳᠤᠯᠢᠭᠰᠠᠨ ᠴᠠᠭ ᠤᠨ ᠰᠠᠯᠭᠢ ᠶᠢ | ᠪᠤᠳᠤᠭᠤᠨ ᠤ ᠨᠢᠳᠤ ᠪᠠᠷ ᠠᠷᠭᠠᠳᠠᠵᠤ ᠢᠷᠡᠭᠰᠡᠨ ᠶᠤᠮ | ᠮᠥᠩᠭᠦᠨ ᠲᠥᠷᠥᠭᠡᠨ ᠲᠡᠭᠡᠷ᠎ᠡ ᠪᠠᠨ ᠮᠥᠩᠭᠡ ᠥᠨᠳᠡᠶᠢᠵᠥ | ᠮᠤᠩᠭᠤᠯ ᠭᠡᠯᠡ ᠪᠠᠨ ᠲᠠᠭᠤᠲᠠᠢ ᠮᠥᠨᠳᠥᠷ ᠰᠢᠭ ᠱᠠᠭᠢᠭᠤᠯᠵᠤ ᠲᠠᠪᠭᠢᠭᠰᠠᠨ ᠶᠤᠮ | ᠮᠥᠷᠥᠭᠡᠳᠥᠯ ᠠᠮᠢᠳᠤᠷᠠᠯ ᠤᠨ ᠡᠷᠢᠶᠡᠨ ᠴᠤᠬᠤᠷ ᠪᠤᠷᠠᠨᠳᠠᠭ ᠢ | ᠮᠤᠩᠭᠤᠯ ᠭᠡᠳᠡᠭ ᠪᠠᠶᠠᠨ ᠵᠡᠯᠡᠨ ᠳᠤ ᠴᠢᠭᠳᠠᠯᠠᠵᠤ ᠲᠠᠯᠪᠢᠭᠰᠠᠨ ᠶᠤᠮ | ᠤᠯᠤᠰ ᠲᠥᠷᠥ ᠤᠨ ᠭᠢᠮᠤᠷᠠᠭᠰᠠᠨ ᠱᠤᠤᠭᠢᠶᠠᠨ ᠠᠴᠠ | ᠥᠥᠷ ᠤᠨ ᠤᠳᠤ ᠰᠢᠭ᠋ ᠬᠤᠯᠠᠬᠠᠨ ᠶᠠᠪᠤᠯ᠎ᠠ ᠴᠦ | ᠤᠷᠳᠤ ᠶᠢᠨ ᠲᠠᠭᠤᠨ ᠤ ᠢᠳᠡᠷ ᠵᠢᠪᠬᠤᠯᠠᠩ ᠠᠴᠠ | ᠠᠭᠤᠯᠠ ᠶᠢᠨ ᠬᠠᠷᠴᠠᠭᠠᠢ ᠰᠢᠭ᠋ ᠤᠶᠢᠷᠠᠬᠠᠨ ᠨᠢᠰᠥᠭᠰᠡᠨ ᠶᠤᠮ | ᠲᠠᠭᠤᠤ ᠢᠰᠭᠢᠷᠭᠦ ᠳᠤ ᠭᠤᠪᠢ ᠶᠢᠨ ᠲᠤᠭᠤᠷᠭ᠎ᠠ ᠲᠡᠯᠡᠵᠥ | ᠲᠤᠷᠠᠯᠠᠯ ᠰᠢᠳᠠᠬᠤ ᠳᠤ ᠰᠤᠬᠠᠢ ᠲᠤᠤᠷᠠᠢ ᠨᠢ ᠮᠥᠴᠢᠷᠯᠡᠳᠡᠭ | ᠲᠤᠤᠯᠢᠮ᠎ᠠ ᠬᠤᠷᠸ᠎ᠠ ᠳᠤ ᠨᠠᠷᠠᠨ ᠤ ᠱᠠᠩᠬᠤ ᠰᠠᠮᠨᠠᠵᠤ | ᠲᠤᠷ᠎ᠠ ᠪᠠᠷ ᠵᠠᠳᠠᠭᠠᠢ ᠲᠠᠰ ᠰᠢᠭ᠋ ᠲᠡᠭᠦᠯᠢᠵᠥ ᠶᠠᠪᠤᠭᠰᠠᠨ ᠶᠤᠮ | ᠰᠠᠯᠭᠢ ᠭᠠᠩ ᠬᠤᠶᠠᠷ ᠲᠠᠢ ᠢᠭᠡᠷᠡᠭᠡᠨ ᠲᠥᠷᠥᠭᠰᠡᠨ | ᠰᠠᠨᠠᠭ᠎ᠠ ᠴᠠᠶᠢᠯᠭᠠᠨ ᠭᠥᠮᠥᠰ ᠲᠠᠢ ᠪᠠᠨ ᠢᠵᠢᠯᠭᠡᠨ ᠠᠭᠤᠵᠢᠷᠠᠭᠰᠠᠨ | ᠰᠠᠷᠠᠭᠤᠯᠬᠠᠨ ᠤᠬᠠᠭᠠᠨ ᠳᠤ ᠪᠠᠭᠳᠠᠮ᠎ᠠ ᠥᠭᠡᠢ ᠨᠠᠯᠠᠭᠠᠷᠬᠠᠨ ᠨᠤᠳᠤᠭ ᠲᠠᠭᠠᠨ | ᠰᠠᠶᠢᠬᠠᠨ ᠵᠢᠷᠭᠠᠯ ᠢᠶᠠᠨ ᠥᠶ᠎ᠡ ᠶᠢᠨ ᠥᠶ᠎ᠡ ᠳᠤ ᠥᠯᠡᠳᠡᠭᠡᠭᠰᠡᠨ ᠶᠤᠮ | ᠠᠯᠠᠱᠠ ᠮᠢᠨᠢ︕ ᠠᠷᠥ ᠭᠢᠵᠠᠭᠠᠷ ᠮᠢᠨᠢ | ᠠᠳᠠᠨ ᠲᠡᠮᠡᠭᠡᠨ ᠤ ᠪᠥᠭᠦᠨ ᠲᠡᠭᠡᠷ᠎ᠡ ᠰᠠᠵᠢᠯᠠᠵᠤ ᠢᠷᠡᠯ᠎ᠡ | ᠠᠭᠸᠠᠩᠳᠠᠨᠳᠠᠷ ᠭᠥᠥ ᠪᠠᠷ ᠢᠶᠠᠨ ᠤᠯᠵᠠᠭᠤᠷᠬᠠᠵᠤ ᠶᠠᠪᠤᠯ᠎ᠠ | ᠠᠯᠳᠠᠨ ᠭᠠᠨᠵᠢᠷ᠎ᠠ ᠲᠠᠢ ᠰᠥᠮ᠎ᠡ ᠪᠠᠷ ᠢᠶᠠᠨ ᠪᠠᠶᠠᠷᠬᠠᠵᠤ ᠶᠠᠪᠤᠯ᠎ᠠ | ᠠᠪᠤᠷᠭᠤ ᠬᠠᠭᠤᠷᠠᠢ ᠲᠠᠯᠠᠢ ᠪᠠᠷ ᠢᠶᠠᠨ ᠠᠯᠳᠠᠷᠰᠢᠵᠤ ᠶᠠᠪᠤᠯ᠎ᠠ | ᠰᠠᠭᠠᠵᠤ ᠪᠠᠷᠠᠭᠳᠠᠳᠠᠭ ᠥᠭᠡᠢ ᠰᠥ │ ᠲᠠᠪᠤᠰᠤ ᠨᠢ ᠶᠤᠮ | ᠰᠠᠯᠭᠢ ᠪᠠᠷ ᠢᠪᠢᠯᠳᠡᠭ ᠭᠥᠭᠦ │ ᠭᠤᠶᠣᠣ ᠨᠢ ᠶᠤᠮ | ᠰᠠᠷ᠎ᠠ ᠪᠠᠷ ᠲᠤᠪᠳᠤᠯᠤᠭᠠᠳ ᠴᠤᠴᠠᠳᠠᠭ │ ᠠᠭᠤᠳᠠᠮ ᠨᠢ ᠶᠤᠮ | ᠰᠠᠶ᠎ᠠ ᠪᠠᠷ ᠲᠤᠭᠠᠯᠠᠭᠠᠳ ᠴᠥᠭᠦᠳᠡᠭ │ ᠭᠥᠷᠥᠩᠭᠡ ᠨᠢ ᠶᠤᠮ | ᠢᠩᠭᠡᠨ ᠴᠠᠭᠠᠨ ᠪᠤᠶᠢᠯᠠᠭᠠᠨ ᠳᠤ ᠤᠶᠠᠰᠴᠤ | ᠢᠷᠮᠡᠭᠦᠨ ᠲᠡᠭᠷᠢ ᠶᠢᠨ ᠠᠭᠠᠰᠢᠨ ᠳᠤ ᠬᠠᠳᠠᠭᠤᠵᠢᠵᠤ | ᠢᠨᠠᠭ ᠲᠡᠷᠭᠡᠯ ᠰᠠᠷᠠᠨ ᠳᠤ ᠬᠠᠨᠢᠰᠴᠤ | ᠢᠳᠡᠷ ᠲᠤᠭᠰᠢᠨ ᠪᠥᠷᠭᠦᠳ ᠰᠢᠭ ᠴᠤᠶᠢᠯᠠᠵᠤ | ᠭᠤᠷᠪᠠᠨ ᠵᠠᠭᠤᠨ ᠤ ᠵᠤᠯᠠᠢ ᠲᠡᠭᠡᠷ᠎ᠡ ᠤᠨᠠᠭ᠎ᠠ ᠰᠢᠭ᠋ ᠬᠠᠳᠠᠷᠢᠵᠤ | ᠭᠤᠷᠪᠠᠨ ᠵᠠᠭᠤᠨ ᠤ ᠤᠷᠳᠤ ᠶᠢ ᠠᠷᠭᠠᠮᠵᠢᠶ᠎ᠠ ᠰᠢᠭ᠋ ᠡᠪᠭᠡᠵᠥ | ᠭᠤᠪᠢ ᠶᠢᠨ ᠽᠠᠨᠳᠠᠨ ᠲᠠᠰᠢᠶᠠᠨ ᠲᠡᠭᠡᠷ᠎ᠡ ᠲᠠᠮᠠᠭ᠎ᠠ ᠰᠢᠭ᠋ ᠪᠠᠭᠤᠵᠤ | ᠭᠤᠷᠢ ᠲᠠᠴᠢᠶᠠᠯ ᠤᠨ ᠡᠰᠡᠷᠭᠦ ᠲᠠᠰᠢᠭᠤᠷ ᠰᠢᠭ᠋ ᠬᠠᠨᠳᠤᠵᠤ | ᠠᠯᠠᠱᠠ ᠠᠭᠤᠯᠠ ᠲᠠᠢ ᠪᠠᠨ ᠨᠠᠰᠤ ᠰᠠᠴᠠᠭᠤ | ᠠᠷᠥ ᠭᠤᠪᠢ ᠲᠠᠢ ᠪᠠᠨ ᠲᠠᠪᠢᠯᠠᠩ ᠰᠠᠴᠠᠭᠤ | ᠠᠳᠠᠨ ᠲᠡᠮᠡᠭᠡᠨ ᠤ ᠵᠤᠭᠳᠤᠷ ᠨᠥᠮᠥᠷᠢᠯᠡᠵᠥ | ᠠᠪᠢᠶ᠎ᠠ ᠴᠠᠷᠴᠠᠭᠰᠠᠨ ᠭᠥᠢᠳᠡᠨ ᠳᠤ ᠭᠠᠯ ᠰᠢᠳᠠᠵᠤ ᠶᠠᠪᠤᠨᠠᠮ | ᠠᠯᠠᠱᠠ ᠮᠢᠨᠢ︕ ᠤᠶᠢᠷᠠᠳ ᠤᠨ ᠥᠭᠡᠳᠡᠰᠥ ᠮᠢᠨᠢ | ᠠᠯᠳᠠᠨ ᠵᠢᠩᠭᠠᠷ ᠠᠴᠠ ᠠᠯᠳᠠᠷᠠᠭᠰᠠᠨ ᠲᠤᠤᠯᠢ ᠮᠢᠨᠢ | ᠠᠽᠢ ᠶᠢᠨ ᠬᠠᠯᠠᠭᠤᠨ ᠠᠯᠠᠭᠠᠨ ᠠᠴᠠ | ᠠᠭᠤᠤ ᠮᠤᠩᠭᠤᠯ ᠢᠶᠠᠨ ᠠᠯᠳᠠᠬᠤ ᠥᠭᠡᠢ ᠡ᠂ ᠠᠯᠳᠠᠬᠤ ᠥᠭᠡᠢ᠃ | | ᠪᠡᠯᠡᠳᠬᠡᠭᠰᠡᠨ ᠨᠢ᠄ ᠡᠷᠳᠡᠨᠢᠬᠦᠦ | ᠨᠠᠶᠢᠷᠠᠭᠤᠯᠤᠭᠰᠠᠨ ᠨᠢ᠄ ᠨᠠᠮᠤᠷ | ᠬᠢᠨᠠᠭᠰᠠᠨ ᠨᠢ᠄ ᠤᠷᠢᠬᠠᠨ |