ᠵᠡᠭᠦᠨᠭᠠᠷ ᠪᠤᠶᠠᠨᠪᠠᠲᠤ | | | ᠠᠷᠢᠭᠢ ᠠᠯᠵᠠᠭᠤᠷᠠᠯ ᠤᠷᠤᠭᠤ | ᠠᠳᠤᠭᠤ ᠮᠡᠳᠤ ᠫᠢᠵᠢᠭᠢᠨᠡᠭᠰᠡᠨ ᠰᠠᠨᠠᠭ᠎ᠠ ᠪᠠᠨ ᠬᠤᠷᠢᠶᠠᠵᠤ | ᠲᠠᠨᠠᠷ ᠰᠤᠨᠤᠰ︕ | ᠬᠠᠷᠢ ᠭᠠᠳᠠᠰ ᠤᠷᠤᠭᠤ | ᠬᠠᠮᠬᠤᠤᠯ ᠮᠡᠳᠤ ᠬᠠᠷᠠᠶᠢᠭᠰᠠᠨ ᠤᠬᠠᠭᠠᠨ ᠢᠶᠠᠨ ᠲᠠᠳᠠᠵᠤ | ᠲᠠᠨᠠᠷ ᠰᠤᠨᠤᠰ︕ | ᠠᠭᠠᠷ ᠲᠤ ᠨᠢᠭᠡᠨ ᠲᠠᠭᠤᠤ ᠬᠠᠳᠠᠪᠠ᠃ | ᠠᠯᠤᠰ ᠠᠴᠠ ᠵᠥᠩ ᠰᠤᠪᠢᠩ ᠡᠷᠴᠢᠮᠯᠡᠨ ᠨᠢᠭᠡᠨ ᠰᠢᠪᠠᠭᠤ ᠠᠶᠢᠰᠥᠢ᠃ | ᠠᠶ᠎ᠠ︕ ᠠᠩᠬᠠᠷᠴᠤ ᠲᠠᠨᠠᠷ ᠰᠤᠨᠤᠰ︕ | ᠠᠨᠢᠷ ᠰᠠᠭᠠᠳᠠᠭᠤᠯᠵᠤ ᠨᠠᠮ ᠭᠥᠮ ᠪᠠᠶᠢᠭᠠᠴᠢ︕ | ᠠᠮᠢᠰᠬᠤᠭ᠎ᠠ ᠴᠤᠤᠵᠢᠯᠠᠵᠤ ᠠᠵᠢᠨ ᠲᠥᠵᠢᠨ ᠪᠤᠯᠤᠭᠠᠴᠢ︕ | ᠠᠭᠸᠠᠩᠳᠠᠨᠳᠠᠷ ᠤᠨ ᠰᠢᠪᠠᠭᠤ︖ ᠲᠡᠶᠢᠮᠥ ᠡ | ᠠᠭᠸᠠᠩᠳᠠᠨᠳᠠᠷ ᠤᠨ ᠰᠢᠪᠠᠭᠤ ᠢᠷᠡᠵᠥ ᠪᠠᠶᠢᠨ᠎ᠠ | ᠠᠵᠢᠷᠭ᠎ᠠ ᠮᠡᠳᠤ ᠬᠠᠷ᠎ᠠ ᠰᠢᠭᠤᠷᠭ᠎ᠠ ᠶᠢ ᠰᠥᠷᠴᠥ | ᠠᠶᠤᠯᠭᠠᠯ ᠮᠡᠳᠤ ᠠᠭᠠᠳᠠᠷ ᠪᠤᠷᠤᠭᠠᠨ ᠢ ᠵᠥᠰᠥᠵᠥ | ᠬᠠᠤᠯᠢ ᠮᠡᠳᠤ ᠴᠡᠪᠳᠡᠭ ᠡᠭᠦᠯᠡ ᠶᠢ ᠨᠡᠪᠳᠡᠯᠵᠥ | ᠬᠤᠯᠠᠭᠠᠢ ᠮᠡᠳᠤ ᠭᠠᠵᠢᠭ ᠥᠢᠯᠡ ᠶᠢ ᠪᠢᠯᠴᠠᠯᠠᠵᠤ | ᠠᠭᠸᠠᠩᠳᠠᠨᠳᠠᠷ ᠤᠨ ᠰᠢᠪᠠᠭᠤ ᠢᠷᠡᠵᠥ ᠶᠠᠪᠤᠨ᠎ᠠ | ᠠᠷᠤ ᠭᠢᠵᠠᠭᠠᠷ ᠤᠨ ︽ᠰᠡᠷᠭᠦᠨ ᠮᠠᠨᠳᠤᠯᠳᠠ︾ ᠢᠷᠡᠵᠥ ᠶᠠᠪᠤᠨ᠎ᠠ | ᠵᠤᠩᠭᠠᠷᠠᠯᠳᠤᠭᠰᠠᠨ ᠴᠠᠭ ᠤᠨ | ᠪᠤᠳᠢ ᠮᠤᠳᠤᠨ ᠤ ᠰᠠᠯᠠᠭᠠᠨ ᠠᠴᠠ | ᠵᠢᠭᠦᠷ ᠢᠶᠠᠨ ᠪᠢᠯᠡᠭᠦᠳᠡᠨ ᠰᠤᠮᠤᠳᠠᠭᠰᠠᠨ | ᠡᠷᠳᠡᠨ ᠤ ᠡᠨᠡ ᠰᠢᠪᠠᠭᠤ | ᠵᠡᠭᠦᠷᠮᠡᠭᠯᠡᠭᠴᠢ ᠤᠨ ᠵᠢᠯ ᠤᠳ ᠤᠨ ᠠᠨᠢᠰᠬ᠎ᠠ ᠶᠢ | ᠨᠤᠮ ᠤᠨ ᠲᠠᠭᠤ ᠪᠠᠷ ᠨᠡᠭᠡᠭᠡᠭᠦ ᠭᠡᠮᠡᠨ | ᠵᠠᠭᠤᠨ ᠵᠠᠭᠤᠨ ᠤ ᠵᠤᠯᠠᠢ ᠶᠢ | ᠪᠢᠯᠢᠭ ᠤᠨ ᠷᠠᠰᠢᠶᠠᠨ ᠢᠶᠠᠷ ᠠᠷᠮᠠᠨᠠᠶᠢᠯᠠᠵᠤ ᠶᠠᠪᠤᠭᠰᠠᠨ ᠪᠥᠯᠥᠭᠡ᠃ | ᠨᠢᠭᠤᠴᠠ ᠲᠠᠷᠨᠢ ᠶᠢᠨ ᠤᠳᠬ᠎ᠠ ᠮᠡᠳᠤ | ᠰᠠᠨᠰᠠᠷ ᠤᠨ ᠭᠥᠷᠳᠥ ᠶᠢ ᠡᠷᠭᠢᠭᠦᠯᠵᠤ | ᠨᠢᠭᠦᠯ ᠥᠷᠭᠦᠭᠡᠭᠦ ᠨᠤᠮ ᠤᠨ ᠡᠷᠭᠡᠳᠥ ᠰᠢᠪᠠᠭᠤ | ᠮᠥᠷᠥᠭᠡᠳᠥᠯ ᠤᠨ ᠠᠭᠠᠷ ᠲᠤ ᠲᠡᠭᠦᠯᠢᠨᠡᠮ | ᠨᠢᠯᠪᠤᠰᠥ ᠮᠡᠳᠤ ᠭᠠᠰᠢᠭᠤᠨ | ᠬᠤᠪᠢ ᠵᠠᠶᠠᠭᠠᠨ ᠤ ᠤᠯᠪᠠᠭᠠᠨ ᠲᠡᠭᠡᠷ᠎ᠡ | ᠨᠢᠳᠤᠷᠭ᠎ᠠ ᠮᠡᠳᠤ ᠬᠤᠭᠤᠰᠣᠨ ᠢ ᠤᠭᠤᠷᠴᠤ | ᠭᠡᠰᠢᠭ ᠵᠥᠭ ᠢ ᠵᠤᠷᠢᠨᠠᠮ᠃ | ᠬᠠᠭᠠᠯᠭᠠᠨ ᠳᠠᠭᠠᠨ ᠴᠢᠳᠭᠦᠷ ᠲᠠᠢ ᠬᠠᠶᠠᠭᠠᠨ ᠳᠠᠭᠠᠨ ᠬᠠᠯᠳᠠᠪᠤᠷᠢ ᠲᠠᠢ ᠲᠡᠷᠡ ᠴᠠᠭ ᠤᠨ | ᠬᠠᠮᠤᠭ ᠮᠤᠩᠭᠤᠯ ᠤᠨ ᠥᠷᠥᠭᠡᠰᠥᠨ ᠱᠤᠩ ᠲᠡᠭᠡᠷ᠎ᠡ ᠲᠤᠩᠭᠤᠳᠴᠤ ᠨᠢᠭᠡᠨ ᠥᠵᠡᠭᠰᠡᠨ ᠪᠠᠶᠢᠪᠠ | ᠬᠠᠷ᠎ᠠ ᠲᠠᠷᠤᠭᠰᠠᠨ ᠵᠡᠭᠦᠳᠥᠨ ᠳᠡᠭᠡᠨ ᠶᠠᠭ ᠲᠠᠰᠤᠭᠰᠠᠨ ᠴᠥᠪ ᠤᠨ ᠥᠶ᠎ᠡ ᠳᠤ | ᠬᠠᠷᠠᠩᠭᠤᠢ ᠳᠤ ᠴᠥᠳᠡᠨᠵᠡ ᠵᠢᠷᠤᠬᠤ ᠰᠢᠭ᠋ ᠯᠠ ᠵᠢᠷᠤᠰᠭᠢᠭᠡᠳ ᠥᠩᠭᠡᠷᠡᠭᠰᠡᠨ ᠪᠠᠶᠢᠪᠠ᠃ | ᠴᠠᠭᠠᠨᠭᠡᠷᠡᠮ ᠲᠡᠷᠡᠯᠡᠭᠰᠡᠨ ᠵᠡᠭᠦᠳᠥᠨ ᠠᠴᠠ ᠪᠠᠨ ᠰᠡᠷᠢᠭᠡᠴᠢ︕ | ᠴᠠᠭᠢᠯᠭᠠᠨ ᠭᠥᠭᠵᠢᠮ ᠳᠤ ᠲᠥᠵᠢᠷᠡᠭᠰᠡᠨ ᠰᠤᠨᠤᠷ ᠢᠶᠠᠨ ᠤᠭᠢᠶᠠᠭᠠᠭᠠᠴᠢ︕ | ᠴᠠᠭᠠᠨ᠎ᠠ ᠴᠢᠨᠢ ᠴᠠᠮ ᠬᠠᠷᠠᠶᠢᠵᠤ᠂ ᠢᠷᠥᠭᠡᠯ ᠬᠤᠷᠠᠵᠤ᠂ ᠭᠡᠶᠢᠮᠥᠷᠢ ᠲᠡᠪᠭᠡᠴᠡᠵᠥ ᠪᠠᠶᠢᠨ᠎ᠠ | ᠴᠠᠶᠢᠨ ᠤ ᠲᠡᠭᠡᠵᠢ᠂ ᠰᠥᠨ ᠤ ᠰᠠᠴᠤᠯᠢ᠂ ᠤᠪᠤᠭᠠᠨ ᠲᠠᠭᠢᠯᠭ᠎ᠠ ᠁ ᠲᠡᠭᠷᠢ ᠠᠷᠢᠭᠤᠰᠬᠠᠵᠤ ᠪᠠᠶᠢᠨ᠎ᠠ᠃ | ᠠᠭᠸᠠᠩᠳᠠᠨᠳᠠᠷ ᠤᠨ ᠰᠢᠪᠠᠭᠤ | ᠠᠷᠪᠠᠨ ᠬᠠᠷ᠎ᠠ ᠨᠢᠭᠦᠯ ᠤᠨ ᠲᠠᠷᠤᠯᠭ᠎ᠠ ᠪᠤᠯᠵᠤ ᠪᠠᠭᠤᠨᠠᠮ | ᠪᠤᠳᠠᠭᠠᠨ ᠠᠶᠠᠭᠠᠨ ᠳᠠᠭᠠᠨ ᠨᠤᠯᠮᠤᠵᠤ | ᠪᠤᠶᠠᠨ ᠭᠡᠰᠢᠭ ᠤᠨ ᠢᠶᠠᠨ ᠥᠭᠡᠳᠡ ᠠᠴᠠ ᠰᠢᠷᠤᠢ ᠰᠠᠴᠣᠭᠰᠠᠨ | ᠪᠤᠷᠬᠠᠨ ᠰᠢᠳᠥᠭᠡᠨ ᠤ ᠪᠠᠨ ᠡᠰᠡᠷᠭᠦ ᠭᠥᠢᠳᠡᠨ ᠵᠤᠯᠪᠢᠩ ᠬᠠᠨᠳᠤᠵᠤ | ᠪᠤᠭᠤᠷᠤᠯ ᠲᠡᠭᠡᠳᠥᠰ ᠤᠨ ᠢᠶᠠᠨ ᠭᠡᠷᠢᠶᠡᠰ ᠢ ᠤᠯᠠᠨ ᠳᠠᠭᠠᠨ ᠭᠢᠰᠭᠢᠭᠰᠡᠨ | ᠭᠭᠢᠷ ᠪᠤᠷᠳᠠᠭᠳᠤ ᠭᠢᠯᠢᠨᠴᠡᠳᠥ ᠡᠶᠢᠮᠥ ᠭᠥᠮᠥᠰ ᠢ | ᠭᠡᠰᠭᠡᠨ ᠴᠡᠭᠡᠷᠯᠡᠭᠦᠯᠭᠦ ᠭᠡᠵᠤ ᠱᠠᠮᠪᠠᠯ ᠠᠴᠠ ᠪᠠᠭᠤᠵᠤ ᠢᠷᠡᠨ᠎ᠡ᠃ | ᠠᠭᠸᠠᠩᠳᠠᠨᠳᠠᠷ ᠤᠨ ᠰᠢᠪᠠᠭᠤ | ᠠᠯᠤᠰ ᠤᠨ ᠵᠠᠭᠤᠨ ᠤᠷᠤᠭᠤ ᠨᠢᠰᠴᠤ ᠤᠳᠤᠨ᠎ᠠ ᠁ | ᠠ᠂ ᠡ ᠨᠢᠳᠥᠯᠡᠭᠰᠡᠨ ᠭᠡᠥᠭᠡᠳ ᠤᠨ ᠶᠢᠷᠳᠢᠨᠴᠤ ᠠᠴᠠ ᠨᠢᠰᠥᠨᠡ | ᠠᠳᠠᠨ ᠲᠡᠮᠡᠭᠡᠨ ᠤ ᠪᠥᠭᠦᠨ ᠵᠠᠯᠠᠭᠠᠨ ᠠᠴᠠ ᠨᠢᠰᠥᠨᠡ | ᠠᠯᠠᠭ ᠴᠢᠯᠠᠭᠤᠳᠤ ᠶᠢᠨ ᠴᠢᠨ᠋ᠸ᠎ᠠ ᠶᠢᠨ ᠭᠡᠪᠳᠡᠷᠢ ᠠᠴᠠ ᠨᠢᠰᠥᠨᠡ | ᠠᠯᠳᠠᠭᠰᠠᠨ ᠥᠭᠡ ᠮᠡᠳᠤ ᠰᠠᠷ᠎ᠠ ᠵᠢᠯ ᠤᠳ ᠤᠨ ᠬᠤᠶᠢᠨ᠎ᠠ ᠠᠴᠠ ᠨᠢᠰᠥᠨᠡ | ᠤᠬᠠᠭᠠᠨᠳᠤ ᠭᠥᠮᠥᠨ ᠤ ᠲᠠᠷᠢᠭᠢᠨ ᠳᠤ ᠢᠰᠭᠢᠷᠥᠭᠰᠡᠨ | ᠠᠭᠸᠠᠩᠳᠠᠨᠳᠠᠷ ᠠᠶᠠᠯᠭᠤ | ᠠᠭᠤᠯᠠ ᠠᠭᠤᠯᠠ ᠶᠢᠨ ᠡᠩᠭᠡᠷ ᠲᠤ | ᠽᠠᠨᠳᠠᠨ ᠨᠠᠪᠴᠢ ᠬᠤᠪᠢᠯᠵᠤ ᠤᠷᠭᠤᠳᠠᠭ ᠭᠡᠨᠡᠮ | ᠤᠤᠭᠠᠯ ᠴᠢᠰᠤᠨ ᠤ ᠵᠡᠯᠡᠨ ᠳᠤ ᠴᠢᠭᠳᠠᠯᠠᠭᠰᠠᠨ | ᠠᠯᠳᠠᠨ ᠭᠡᠯᠭᠢᠶᠡᠰᠥ | ᠤᠰᠤ ᠤᠰᠤᠨ ᠤ ᠡᠭᠢᠨ ᠳᠤ | ᠤᠨᠳᠤᠷᠠᠭ᠎ᠠ ᠪᠤᠯᠠᠭ ᠪᠤᠯᠵᠤ ᠪᠤᠷᠭᠢᠯᠳᠠᠭ ᠭᠡᠨᠡᠮ᠃ | ᠰᠥᠨ ᠲᠠᠯᠠᠢ ᠳᠤ ᠵᠢᠭᠦᠷ ᠢᠶᠠᠨ ᠠᠷᠢᠭᠤᠯᠠᠭᠰᠠᠨ | ᠰᠥᠮᠪᠤᠷ ᠡᠷᠳᠡᠮ ᠤᠨ ᠪᠢᠯᠢᠭᠦᠨ ᠰᠢᠪᠠᠭᠤ | ᠰᠥᠵᠢᠭ ᠤᠨ ᠴᠠᠭᠠᠨ ᠯᠢᠩᠬᠸ᠎ᠠ ᠵᠠᠭᠤᠭᠰᠠᠨ | ᠰᠤᠳᠤᠷ ᠪᠢᠴᠢᠭ ᠤᠨ ᠪᠤᠷᠬᠠᠨ ᠰᠢᠪᠠᠭᠤ | ᠠᠭᠸᠠᠩᠳᠠᠨᠳᠠᠷ ᠤᠨ ᠰᠢᠪᠠᠭᠤ | ᠠᠽᠢ ᠶᠢᠨ ᠪᠠᠭ᠋ᠠᠷᠬᠠᠯ ᠰᠢᠪᠠᠭᠤ | ᠠᠷᠢᠯᠤᠭᠰᠠᠨ ᠤᠬᠠᠭᠠᠨ ᠤ ᠰᠢᠪᠠᠭᠤ | ᠠᠳᠢᠰᠯᠠᠭᠰᠠᠨ ᠲᠡᠯᠡᠭᠡᠢ ᠶᠢᠨ ᠰᠢᠪᠠᠭᠤ ᠁ | ᠡᠭᠡ ᠤᠷᠤᠨ ᠨᠢ ᠪᠥᠳᠥᠨ ᠪᠠᠶᠢᠭᠰᠠᠨ ᠴᠠᠭ ᠲᠤ | ᠡᠨᠡ ᠰᠢᠪᠠᠭᠤ ᠪᠤᠴᠠᠬᠤ ᠦᠭᠡᠢ ᠨᠢ ᠡ | ᠡᠵᠡᠨ ᠮᠤᠩᠭᠤᠯ ᠨᠢ ᠴᠡᠴᠡᠨ ᠪᠠᠶᠢᠭᠰᠠᠨ ᠴᠠᠭ ᠲᠤ | ᠡᠨᠡ ᠰᠢᠪᠠᠭᠤ ᠴᠤᠴᠠᠬᠤ ᠦᠭᠡᠢ ᠨᠢ ᠡ︕ | 2005 ᠤᠨ ᠤ08 ᠰᠠᠷ᠎ᠠ ᠶᠢᠨ25 ᠤ ᠡᠳᠥᠷ ᠪᠢᠴᠢᠭᠯᠡᠵᠥ2008 ᠤᠨ ᠤ2 ᠰᠠᠷ᠎ᠠ ᠶᠢᠨ26 ᠤ | ᠡᠳᠥᠷ ᠵᠠᠰᠠᠪᠠᠢ | | ᠪᠡᠯᠡᠳᠬᠡᠭᠰᠡᠨ ᠨᠢ᠄ ᠡᠷᠳᠡᠨᠢᠬᠦᠦ | ᠨᠠᠶᠢᠷᠠᠭᠤᠯᠤᠭᠰᠠᠨ ᠨᠢ᠄ ᠨᠠᠮᠤᠷ | ᠬᠢᠨᠠᠭᠰᠠᠨ ᠨᠢ᠄ ᠤᠷᠢᠬᠠᠨ |