ᠥᠵᠡᠮᠥᠷᠢ ᠶᠢᠨ ᠴᠢᠯᠠᠭᠤᠨ ᠤ ᠵᠠᠬ᠎ᠠ
ᠨᠡᠶᠢᠲᠡᠯᠡᠭᠰᠡᠨ ᠴᠠᠭ᠄
2020/12/4
ᠵᠡᠭᠦᠨᠭᠠᠷ ᠪᠤᠶᠠᠨᠪᠠᠲᠤ         ᠠᠳᠡ ᠶᠠᠭᠤ ᠴᠦ ᠠᠯᠠᠭ᠎ᠠᠠᠳᠡ ᠵᠤᠭᠤᠰ ᠠᠴᠠ ᠥᠭᠡᠷ᠎ᠡ ᠶᠠᠭᠤ ᠴᠦ ᠠᠯᠠᠭ᠎ᠠᠠᠳᠡᠬᠤᠪᠴᠠᠰᠤᠨ ᠤ ᠬᠠᠷᠮᠠᠨ᠂ ᠮᠥᠩᠭᠦᠨ ᠤ ᠲᠥᠷᠡᠶᠢᠪᠴᠢ ᠬᠤᠶᠠᠷ ᠢ ᠨᠠᠪᠳᠡ ᠰᠤᠶᠢᠯᠠᠭᠰᠠᠨᠭᠢᠳᠣᠭᠠᠨ ᠤ ᠢᠷ ᠰᠢᠭ ᠥᠯᠥᠨ ᠨᠢᠳᠤᠨ ᠠᠴᠠ ᠥᠭᠡᠷ᠎ᠡ ᠶᠠᠭᠤ ᠴᠤ ᠠᠯᠠᠭ᠎ᠠᠠᠳᠡᠭᠤᠪᠢ ᠶᠢᠨ ᠵᠠᠶᠠᠭ᠎ᠠ᠂ ᠪᠠᠶᠢᠭᠠᠯᠢ ᠶᠢᠨ ᠰᠠᠶᠢᠬᠠᠨ ᠬᠤᠶᠠᠷ ᠢ ︽ᠪᠠᠷᠢᠵᠤ ᠢᠳᠡᠭᠰᠡᠨ︾ᠭᠤᠤᠯ ᠳᠠᠭᠠᠨ ᠮᠥᠰᠥ ᠪᠠᠷᠢᠯᠳᠤᠭᠰᠠ ᠰᠢᠳᠤ ᠲᠠᠢ ᠰᠡᠳᠭᠢᠯ ᠠᠴᠠ ᠥᠭᠡᠷ᠎ᠡ ᠶᠠᠭᠤ ᠴᠦ ᠠᠯᠠᠭ᠎ᠠᠠᠳᠡᠭᠥᠮᠥᠰ ᠬᠠᠯᠳᠠᠷ ᠴᠠᠭᠠᠰᠤ ᠪᠤᠯᠵᠤ ᠬᠠᠷᠠᠭᠳᠠᠨ᠎ᠠᠬᠠᠭᠠᠨ ᠮᠥᠷᠥᠭᠡᠳᠥᠯ ᠪᠤᠯᠵᠤ ᠤᠶᠢᠷᠠᠳᠤᠵᠤ ᠬᠤᠯᠠᠳᠠᠨ᠎ᠠᠠᠳᠡ ᠥᠵᠡᠮᠥᠷᠢ ᠶᠢᠨ ᠴᠢᠯᠠᠭᠤᠰᠡᠭᠦᠯᠴᠢ ᠶᠢᠨ ᠤᠳᠠᠭ᠎ᠠ ᠨᠤᠳᠤᠭ ᠪᠤᠳᠤᠭᠤ ᠬᠤᠶᠠᠷ ᠢᠶᠠᠨ ᠡᠷᠭᠢᠵᠤ ᠬᠠᠷᠠᠭᠰᠠᠨᠰᠥᠳᠥ ᠴᠠᠭᠠᠨ ᠢᠩᠭᠡᠨ ᠤ ᠨᠢᠯᠪᠤᠰᠤ ᠲᠠᠢ ᠨᠢᠳᠤ ᠪᠤᠯᠵᠤ ᠥᠵᠡᠭᠳᠡᠨ᠎ᠡᠴᠢᠯᠠᠭᠤ ᠪᠥᠭᠦᠨ ᠤ ᠬᠤᠪᠬᠤᠯᠠᠭᠰᠠᠨ ᠤᠷᠤᠮ ᠠᠴᠠᠴᠢᠰᠣ ᠲᠠᠭᠠᠪᠤᠷᠢᠯᠠᠨ᠎ᠠ᠂ ᠴᠢᠳᠭᠦᠷ ᠰᠤᠨᠢᠶᠠᠨ᠎ᠠᠭᠠᠵᠠᠷ ᠤᠨ ᠲᠡᠷᠡ ᠮᠥᠩᠭᠡ ᠰᠢᠷᠬ᠎ᠠᠵᠤᠭᠤᠰ ᠢᠶᠠᠷ ᠡᠳᠡᠭᠡᠭᠦ ᠦᠭᠡᠢᠵᠤᠯᠢᠶᠠᠰᠤᠯᠠᠵᠤ ᠴᠢᠮᠠᠢᠢ ᠤᠷᠤᠨ ᠳᠤ ᠨᠢ ᠪᠤᠯᠠᠭᠰᠠᠨ ᠴᠦ ᠡᠳᠡᠭᠡᠭᠦ ᠦᠭᠡᠢ ᠡᠨᠢᠭᠦᠯ ᠤᠨ ᠨᠥᠭᠡ ᠪᠠᠷ ᠨᠢᠭᠦᠯ ᠯᠡ ᠤᠷᠤᠰᠳᠠᠭᠨᠡᠭᠡᠯ ᠬᠠᠳᠠᠭᠤ ᠤᠷᠴᠢᠯᠠᠩ ᠳᠤᠨᠢᠳᠤᠷᠭ᠎ᠠ ᠮᠡᠳᠤ ᠱᠠᠯᠳᠠᠩ ᠪᠤᠯᠵᠤ ᠶᠠᠪᠤᠭ᠎ᠠ ᠨᠤᠳᠤᠭ ᠠᠴᠠ ᠪᠠᠨᠨᠡᠭᠦᠵᠥ ᠯᠡ ᠶᠠᠪᠤᠨ᠎ᠠ ᠳ᠋ᠠ᠂ ᠴᠢᠯᠠᠭᠤ ᠡᠵᠡᠨ ᠬᠤᠶᠠᠷ ᠨᠢ ᠁ᠠᠳᠡ ᠶᠠᠭᠤ ᠴᠦ ᠠᠯᠠᠭ᠎ᠠᠠᠳᠡ ᠵᠤᠭᠤᠰ ᠠᠴᠠ ᠭᠠᠳᠠᠨ᠎ᠠ ᠮᠥᠨ ᠵᠤᠭᠤᠰ ᠯᠠ ᠤᠷᠤᠰᠢᠨᠠᠮᠥᠭᠡᠷ᠎ᠡ ᠶᠠᠭᠤ ᠴᠦ ᠠᠯᠠᠭ᠎ᠠ᠂ ᠶᠠᠭᠤ ᠴᠦ ᠠᠯᠠᠭ᠎ᠠ᠃ᠪᠡᠯᠡᠳᠬᠡᠭᠰᠡᠨ ᠨᠢ᠄ ᠡᠷᠳᠡᠨᠢᠬᠦᠦᠨᠠᠶᠢᠷᠠᠭᠤᠯᠤᠭᠰᠠᠨ ᠨᠢ᠄ ᠨᠠᠮᠤᠷᠬᠢᠨᠠᠭᠰᠠᠨ ᠨᠢ᠄ ᠤᠷᠢᠬᠠᠨ  
 
ᠢᠷᠡᠯᠲᠡ᠄ ᠲᠤᠰ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号