ᠴᠢᠨᠠᠳᠤ ᠶᠢᠨ ᠶᠢᠷᠳᠢᠨᠴᠦ
ᠨᠡᠶᠢᠲᠡᠯᠡᠭᠰᠡᠨ ᠴᠠᠭ᠄
2020/12/4
ᠵᠡᠭᠦᠨᠭᠠᠷ ᠪᠤᠶᠠᠨᠪᠠᠲᠤ      ᠪᠤᠳᠤᠭᠤ ᠡᠭᠡ ᠶᠢ ᠪᠠᠨ ᠪᠤᠰᠤ ᠭᠤᠪᠢ ᠪᠠᠨ ᠭᠥᠭᠦᠵᠥ ᠪᠠᠶᠢᠨ᠎ᠠᠪᠤᠷᠳᠤᠭᠤ ᠲᠠᠢ ᠠᠶᠢᠷᠠᠭ ᠢᠶᠠᠨ ᠪᠤᠰᠤ ᠲᠡᠮᠡᠭᠡ ᠪᠠᠨ ᠤᠤᠭᠤᠵᠤ ᠪᠠᠶᠢᠨ᠎ᠠᠪᠤᠷᠭᠠᠰᠤᠨ ᠤ ᠨᠠᠮᠠᠭ᠎ᠠ ᠪᠤᠰᠤ ᠪᠤᠭᠤᠷᠤᠯ ᠤᠨ ᠢᠶᠠᠨ ᠰᠠᠬᠠᠯ ᠢ ᠥᠭᠳᠡᠭᠡᠵᠥ ᠪᠠᠶᠢᠨ᠎ᠠᠪᠤᠳᠠᠩᠳᠤ ᠲᠡᠯᠡᠭᠡᠢ ᠶᠢ ᠪᠤᠰᠤ ᠪᠥᠭᠳᠥᠷ ᠡᠵᠢ ᠶᠢ ᠪᠠᠨ ᠭᠡᠮᠢᠯᠡᠵᠥ ᠪᠠᠶᠢᠨ᠎ᠠᠢᠷᠠᠭᠤ ᠨᠠᠶᠢᠷᠠᠭ ᠢ ᠪᠤᠰᠤ ᠵᠢᠷᠥᠭᠡᠨ ᠤ ᠴᠢᠰᠤ ᠠᠮᠳᠠᠯᠠᠵᠤ ᠪᠠᠶᠢᠨ᠎ᠠᠢᠮᠠᠭ᠎ᠠ ᠲᠠᠢ ᠠᠶᠢᠯ ᠢ ᠪᠤᠰᠤ ᠶᠠᠳᠠᠭᠰᠠᠨ ᠲᠠᠪᠢᠯᠠᠩ ᠨᠡᠭᠦᠯᠭᠡᠵᠥ ᠪᠠᠶᠢᠨ᠎ᠠᠢᠯᠳᠤ ᠰᠡᠯᠡᠮ᠎ᠡ ᠶᠢ ᠪᠤᠰᠤ ᠲᠡᠥᠭᠡ ᠶᠢᠨ ᠵᠢᠪᠠᠷ ᠲᠤᠯᠢᠶᠠᠵᠤ ᠪᠠᠶᠢᠨ᠎ᠠᠢᠯᠠᠭᠰᠠᠨ ᠨᠠᠮᠳᠠᠷ ᠢ ᠪᠤᠰᠤ ᠶᠠᠶᠢᠷᠠᠭᠰᠠᠨ ᠴᠠᠭᠠᠨ ᠶᠠᠰᠤ ᠤᠪᠤᠭᠠᠯᠠᠵᠤ ᠪᠠᠶᠢᠨ᠎ᠠᠬᠤᠨᠳᠠᠭ᠎ᠠ ᠲᠠᠢ ᠰᠠᠷᠬᠤᠳ ᠪᠤᠰᠤ ᠨᠢᠯᠪᠤᠰᠤ ᠪᠠᠨ ᠵᠠᠯᠭᠢᠯᠠᠵᠤ ᠪᠠᠶᠢᠨ᠎ᠠᠬᠤᠶᠠᠷ ᠬᠠᠯᠳᠠᠷ ᠴᠠᠭᠠᠰᠤ ᠪᠤᠰᠤ ᠬᠤᠪᠢ ᠵᠠᠶᠠᠭ᠎ᠠ ᠪᠠᠨ ᠵᠠᠷᠤᠵᠤ ᠪᠠᠶᠢᠨ᠎ᠠᠭᠡᠥᠭᠡᠳ ᠮᠠᠨᠴᠤᠢ ᠳᠤ ᠪᠤᠰᠤ ᠠᠪᠰᠠᠨ ᠳᠤ ᠤᠨᠳᠠᠵᠤ ᠪᠠᠶᠢᠨ᠎ᠠᠭᠥᠮᠥᠰ ᠵᠢᠷᠭᠠᠯᠠᠩ ᠳᠤ ᠪᠤᠰᠤ ᠵᠤᠪᠠᠯᠠᠩ ᠳᠤ ᠢᠨᠢᠶᠡᠵᠥ ᠪᠠᠶᠢᠨ᠎ᠠᠰᠠᠭᠢᠭᠤᠰᠤ ᠪᠤᠷᠬᠠᠨ ᠳᠠᠭᠠᠨ ᠪᠤᠰᠤ ᠴᠥᠭᠦᠷᠡᠭᠰᠡᠨ ᠰᠡᠳᠭᠢᠯ ᠳᠡᠭᠡᠨ ᠰᠥᠭᠦᠷᠡᠵᠥ ᠪᠠᠶᠢᠳᠠᠭᠰᠠᠯᠠᠭ᠎ᠠ ᠵᠠᠮ ᠳᠠᠭᠠᠨ ᠪᠤᠰᠤ ᠰᠠᠨᠠᠭᠰᠠᠨ ᠭᠥᠰᠡᠯ ᠠᠴᠠ ᠪᠠᠨ ᠲᠥᠭᠡᠷᠢᠵᠥ ᠪᠤᠳᠤᠯᠢᠳᠠᠭᠰᠠᠭᠯᠠᠭᠠᠷ ᠮᠤᠳᠤᠨ ᠤ ᠨᠠᠪᠴᠢᠰ ᠤᠨᠠᠬᠤ ᠳᠤ ᠭᠥᠮᠥᠨ ᠤ ᠨᠠᠰᠤ ᠭᠡᠶᠢᠰᠴᠤ ᠤᠳᠳᠠᠭᠰᠠᠶᠢᠬᠠᠨ ᠭᠡᠥᠭᠡᠨ ᠤ ᠨᠢᠯᠪᠤᠰᠤ ᠠᠰᠬᠠᠷᠠᠬᠤ ᠳᠤ ᠰᠠᠷᠠᠨ ᠤ ᠰᠡᠪᠭᠡ ᠵᠤᠵᠠᠭᠠᠷᠠᠵᠤ ᠬᠠᠷᠠᠭᠳᠠᠳᠠᠭᠥᠨᠡᠨ ᠳᠡᠭᠡᠨ ᠪᠤᠰᠤᠳ ᠢ ᠪᠤᠰᠤ ᠥᠪᠡᠷ ᠢ ᠪᠠᠨ ᠮᠡᠭᠡᠯᠡᠭᠰᠡᠨ ᠪᠠᠶᠢᠳᠠᠭᠥᠷᠥᠭᠡᠯ ᠤᠨ ᠭᠡᠪᠡᠯᠢ ᠳᠤ ᠭᠢᠳᠤᠭ᠎ᠠ ᠲᠥᠷᠥᠭᠦ ᠳᠤ ᠥᠪᠡᠷ ᠢᠶᠠᠨ ᠭᠡᠳᠥᠶᠢᠨᠡᠢ ᠥᠭᠦᠴᠢᠭᠡᠭᠰᠡᠨ ᠪᠠᠶᠢᠳᠠᠭᠥᠯᠢᠭᠡᠷ ᠤᠨ ᠲᠡᠭᠦᠰᠭᠡᠯ ᠪᠥᠭᠦᠨ ᠪᠥᠷ ᠡᠭᠢᠯᠡᠯ ᠪᠠᠶᠢᠳᠠᠭᠥᠷᠯᠥᠭᠡ ᠪᠤᠯᠭᠠᠨ ᠤ ᠨᠠᠷᠠ ᠥᠴᠥᠭᠡᠳᠥᠷ ᠤᠨ ᠰᠢᠩᠭᠡᠭᠰᠡᠨ ᠨᠠᠷᠠ ᠪᠠᠶᠢᠳᠠᠭ ᠡ᠃ᠪᠡᠯᠡᠳᠬᠡᠭᠰᠡᠨ ᠨᠢ᠄ ᠡᠷᠳᠡᠨᠢᠬᠦᠦᠨᠠᠶᠢᠷᠠᠭᠤᠯᠤᠭᠰᠠᠨ ᠨᠢ᠄ ᠨᠠᠮᠤᠷᠬᠢᠨᠠᠭᠰᠠᠨ ᠨᠢ᠄ ᠤᠷᠢᠬᠠᠨ  
 
ᠢᠷᠡᠯᠲᠡ᠄ ᠲᠤᠰ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号