ᠪᠠᠭᠠᠳᠤᠷᠴᠣᠳ ᠮᠠᠨᠳᠤᠳᠤᠭᠠᠢ
ᠨᠡᠶᠢᠲᠡᠯᠡᠭᠰᠡᠨ ᠴᠠᠭ᠄
2020/12/4
ᠵᠡᠭᠦᠨᠭᠠᠷ ᠪᠤᠶᠠᠨᠪᠠᠲᠤ                    ᠪᠠᠭᠠᠳᠤᠷ ᠥᠭᠡᠢ ᠴᠠᠭ ᠡᠷᠢᠨ ᠳᠤ                  ᠪᠠᠭᠠᠳᠤᠷ ᠤᠳ ᠢᠶᠠᠨ ᠥᠭᠡᠶᠢᠯᠡᠵᠥ ᠪᠢᠴᠢᠯ᠎ᠡ                  ᠪᠠᠭᠠᠳᠤᠷ ᠤᠳ ᠭᠡᠷᠡᠭ ᠥᠭᠡᠢ ᠪᠢᠰᠢ ᠡ                  ᠪᠠᠭᠠᠳᠤᠷ ᠤᠳ ᠪᠠᠶᠢᠬᠤ ᠥᠭᠡᠢ ᠪᠠᠶᠢᠨ᠎ᠠ                                    — ᠵᠤᠭᠢᠶᠠᠭᠴᠢ ᠮᠢᠨᠤ ᠪᠠᠶᠢᠩᠭᠤ ᠶᠢᠨ ᠪᠤᠳᠤᠯ                  ᠲᠡᠷᠡ ᠴᠢᠨᠢ ᠲᠠᠨᠠᠷ ᠪᠢᠰᠢ ᠪᠠᠭᠠᠳᠤᠷ ᠤᠳ ᠪᠠᠶᠢᠭᠰᠠᠨ ᠶᠤᠮ                                    — ᠯᠧᠷᠮᠤᠨ᠋ᠲ᠋ᠤᠸ᠋ ᠶᠢᠨ ︽ᠪᠤᠷᠤᠳᠢᠨᠤ᠋︾ ᠰᠢᠯᠥᠭ ᠠᠴᠠ      ᠪᠠᠶᠠᠨ ᠰᠥᠮᠪᠤᠷ ᠤᠨ ᠮᠢᠨᠢ ᠨᠤᠶᠠᠨ ᠰᠠᠷᠢᠳᠠᠭ      ᠤᠳᠤᠭᠠᠨ ᠳᠤ ᠬᠠᠭ᠋ᠠᠬᠤ ᠶᠢ ᠥᠵᠡᠭᠦ ᠲᠤᠷ᠎ᠠ ᠥᠭᠡᠢ ᠰᠢᠭ      ᠪᠠᠭᠠᠳᠤᠷᠴᠤᠳ ᠤᠨ ᠢᠶᠠᠨ ᠨᠡᠷ᠎ᠡ ᠶᠢ ᠪᠢ      ᠬᠤᠭᠤᠯᠵᠤ ᠭᠭᠢᠷᠳᠥᠭᠡᠭᠦ ᠲᠤᠷ᠎ᠠ ᠥᠭᠡᠢ ᠡ      ᠪᠠᠷᠠᠭᠠᠨ ᠤᠷᠴᠢᠯᠠᠩ ᠢ ᠵᠢᠷᠥᠭᠡ ᠪᠠᠷ ᠢᠶᠠᠨ ᠵᠥᠰᠥᠭᠰᠡᠨ      ᠪᠠᠭᠠᠳᠤᠷ ᠲᠠᠶᠢᠴᠢᠨ ᠭᠥᠮᠥᠰ      ᠪᠠᠷᠰ ᠠᠷᠰᠯᠠᠨ ᠮᠡᠳᠤ᠂ ᠬᠠᠷᠴᠠᠭᠠᠢ ᠱᠤᠩᠬᠤᠷ ᠮᠡᠳᠤ      ᠠᠯᠮᠠᠰ ᠡᠷᠳᠡᠨᠢ ᠮᠡᠳᠤ ᠬᠤᠪᠤᠷᠬᠠᠨ ᠪᠠᠶᠢᠳᠠᠭ      ᠪᠠᠭᠠᠳᠤᠷᠴᠤᠳ ᠢ ᠭᠡᠰᠡᠷ ᠵᠢᠩᠭᠠᠷ ᠮᠡᠳᠤ      ᠥᠯᠥ ᠢᠯᠠᠭᠳᠠᠬᠤ ᠶᠢ ᠭᠥᠰᠡᠨᠡᠮ      ᠪᠠᠯ ᠮᠡᠳᠤ ᠥᠭᠡᠨ ᠳᠤ      ᠥᠯᠥ ᠰᠢᠪᠠᠷᠳᠠᠬᠤ ᠶᠢ ᠢᠷᠥᠭᠡᠨᠡᠮ      ᠪᠠᠭᠠᠳᠤᠷᠴᠤᠳ ᠢ ᠲᠥᠷᠥᠭᠦᠯᠵᠥ ᠴᠢᠳᠠᠳᠠᠭ ᠥᠭᠡᠢ ᠥᠨᠳᠥᠰᠥᠳᠡᠨ ᠪᠤᠯ      ᠰᠠᠷᠮᠠᠭᠴᠢᠨ ᠤ ᠰᠥᠷᠥᠭ ᠮᠡᠳᠤ᠂ ᠴᠢᠭᠢᠭ ᠤᠨ ᠬᠤᠷᠤᠬᠠᠶᠢᠰ ᠮᠡᠳᠤ      ᠪᠠᠭᠠᠳᠤᠷ ᠥᠭᠡᠢ ᠡᠷᠢᠨ ᠪᠤᠯ      ᠬᠤᠭᠤᠷᠤᠭᠰᠠᠨ ᠰᠥᠯᠳᠡ ᠮᠡᠳᠤ᠂ ᠬᠤᠯᠴᠢᠢᠭᠰᠠᠨ ᠭᠡᠶᠢᠮᠥᠷᠢ ᠮᠡᠳᠤ      ᠪᠠᠷᠰ ᠪᠠᠳᠠᠭᠠᠨ᠎ᠠ ᠬᠤᠶᠠᠷ ᠨᠤᠴᠤᠯᠳᠤᠵᠤ      ᠪᠠᠷᠰ ᠨᠢ ᠢᠯᠠᠭᠳᠠᠬᠤ ᠶᠢ ᠥᠵᠡᠭᠦ ᠲᠤᠷ᠎ᠠ ᠥᠭᠡᠢ      ᠪᠠᠷᠰ ᠪᠠᠷᠰ ᠭᠡᠭᠦ ᠳᠤ ᠲᠤᠯᠤᠭᠠᠢ ᠥᠭᠡᠢ ᠪᠠᠶᠢᠬᠤ ᠳᠤ      ᠨᠡᠩ ᠴᠦ ᠥᠵᠡᠭᠦ ᠲᠤᠷ᠎ᠠ ᠥᠭᠡᠢ      ᠥᠪᠡᠷ ᠢ ᠪᠠᠨ ᠡᠵᠡᠯᠡᠵᠥ ᠥᠷᠥᠭᠡᠯ ᠢ ᠡᠵᠡᠯᠡᠵᠥ᠂      ᠤᠷᠤᠰᠢᠨ ᠪᠥᠭᠦᠢ ᠴᠠᠭ ᠥᠶ᠎ᠡ ᠪᠠᠨ ᠡᠵᠡᠯᠡᠵᠥ      ᠥᠩᠭᠡᠯᠵᠡᠭᠴᠢ ᠲᠠᠶᠢᠰᠤᠨ ᠤ ᠰᠥᠷ ᠢ ᠥᠰᠥ ᠮᠡᠳᠤ ᠭᠢᠷᠭᠠᠭᠰᠠᠨ      ᠤᠩᠭᠤᠨ ᠵᠡᠷᠯᠢᠭ ᠪᠠᠭᠠᠳᠤᠷᠴᠤᠳ ᠲᠤ ᠪᠢ ᠬᠠᠶᠢᠷᠠᠳᠠᠢ      ᠰᠢᠳᠤᠷᠭᠤ ᠪᠤᠰᠤ ᠲᠠᠢ ᠡᠪᠯᠡᠷᠡᠵᠥ᠂ ᠪᠠᠭᠠᠳᠤᠷ ᠤᠳ ᠢᠶᠠᠨ ᠡᠷᠡᠮᠳᠡᠭᠯᠡᠭᠰᠡᠨ ᠨᠠᠮᠳᠠᠷ ᠢ      ᠪᠢᠳᠠ‌ᠢᠨᠢᠶᠡᠯᠳᠥᠨ ᠤᠩᠰᠢᠵᠠᠭᠠᠵᠤ ᠪᠠᠶᠢᠨ᠎ᠠ      ᠵᠠᠯᠢᠬᠠᠢ ᠲᠠᠢ ᠨᠢᠯᠠᠭᠤᠷᠠᠵᠤ ᠪᠠᠭᠠᠳᠤᠷ ᠤᠳ ᠵᠶ᠋ᠠᠨ‌ᠠᠳᠠᠭᠠᠷᠬᠠᠨ ᠭᠡᠮᠭᠡᠭᠰᠡᠨ ᠨᠤᠪᠰᠢ ᠨᠤᠭᠤᠳ ᠲᠠᠢ      ᠪᠢᠳᠠ ᠬᠤᠨᠳᠠᠭ᠎ᠠ ᠲᠤᠯᠭᠠᠨ ᠨᠠᠶᠢᠷᠠᠯᠳᠤᠵᠤ ᠪᠠᠶᠢᠨ᠎ᠠ      ᠰᠢᠮᠠᠭᠤᠯ ᠮᠡᠳᠤ ᠭᠥᠮᠥᠰ      ᠪᠠᠭᠠᠳᠤᠷ ᠤᠳ ᠤᠨ ᠨᠠᠷ᠎ᠠ ᠶᠢ ᠵᠠᠯᠭᠢᠯᠠᠵᠤ ᠱᠠᠷᠢᠯ ᠲᠡᠭᠡᠷ᠎ᠡ ᠨᠢ ᠪᠥᠵᠢᠭᠯᠡᠨ ᠲᠡᠪᠭᠡᠴᠡᠵᠥ ᠪᠠᠶᠢᠨ᠎ᠠ      ᠵᠠᠶᠢᠮᠤᠷᠠᠭᠰᠠᠨ ᠶᠡᠭᠡ ᠤᠷᠴᠢᠯᠠᠩ ᠳᠤ ᠪᠠᠭᠠᠳᠤᠷ ᠤᠳ ᠢᠶᠠᠷ ᠪᠢᠳᠠ ᠲᠤᠳᠠᠵᠤ      ᠠᠷᠢᠶᠠᠳᠠᠨ ᠳᠤ ᠭᠥᠭᠡᠭᠡᠯᠭᠡᠭᠰᠡᠨ ᠭᠥᠷᠥᠭᠡᠰᠥ ᠮᠡᠳᠤ ᠠᠮᠢᠳᠤᠷᠠᠵᠤ ᠪᠠᠶᠢᠨ᠎ᠠ      ᠭᠥᠴᠥᠳᠤ ᠠᠮᠢᠳᠠᠨ ᠨᠤᠮᠤ ᠮᠡᠳᠤ ᠲᠥᠷᠢᠮᠡᠭᠡᠢ ᠪᠠᠶᠢᠳᠠᠭ ᠪᠤᠯᠬᠤᠷ      ᠲᠠᠶᠢᠰᠤᠨ ᠤᠯᠠᠨ ᠲᠠᠢ ᠪᠠᠶᠢᠳᠠᠭ ᠶᠤᠮ      ᠭᠥᠴᠥᠷᠭᠡᠭ ᠪᠠᠭᠠᠳᠤᠷ ᠤᠳ ᠪᠥᠷᠭᠦᠳ ᠮᠡᠳᠤ ᠭᠠᠭᠴᠠᠭᠠᠷᠳᠠᠮᠠᠯ ᠪᠠᠶᠢᠳᠠᠭ ᠪᠤᠯᠬᠤᠷ      ᠥᠵᠡᠨ ᠶᠠᠳᠠᠯᠳᠠ ᠳᠤ ᠪᠥᠰᠡᠯᠡᠭᠳᠡᠵᠥ ᠪᠠᠶᠢᠳᠠᠭ ᠶᠤᠮ      ᠭᠥᠢ ᠪᠠᠨ ᠴᠥᠭᠯᠡᠭᠰᠡᠨ ᠨᠤᠳᠤᠭ ᠤᠰᠤ ᠪᠠᠨ      ᠠᠮᠢ ᠪᠠᠨ ᠠᠰᠬᠠᠨ ᠥᠮᠥᠭᠡᠷᠡᠵᠥ ᠪᠤᠰᠳᠠᠭ ᠶᠤᠮ      ᠭᠥᠮᠥᠨ ᠠᠷᠠᠳ ᠡᠰᠡᠭᠦᠯ᠎ᠡ ᠲᠥᠪ ᠶᠤᠰᠤᠨ ᠤ ᠲᠥᠯᠥᠭᠡ      ᠥᠪᠡᠷ ᠢ ᠪᠠᠨ ᠵᠤᠯᠢᠶᠠᠰᠤᠯᠠᠨ ᠡᠷᠡᠰᠳᠡᠵᠥ ᠤᠨᠠᠳᠠᠭ ᠶᠤᠮ      ᠥᠷᠯᠥᠭ ᠪᠠᠭᠠᠳᠤᠷ ᠤᠳ ᠤᠨ ᠮᠢᠨᠢ ᠥᠰᠥᠷᠥᠭᠰᠡᠨ ᠴᠢᠰᠤᠨ ᠲᠡᠭᠡᠷ᠎ᠡ      ᠭᠠᠯ ᠰᠠᠷᠠᠨ᠎ᠠ ᠲᠠᠭᠤᠯᠠᠵᠤ ᠤᠷᠭᠤᠳᠠᠭ ᠶᠤᠮ      ᠥᠯᠮᠡᠢ ᠳᠤᠨᠢ ᠰᠥᠭᠦᠷᠡᠭᠰᠡᠨ ᠴᠢᠯᠠᠭᠤᠨ ᠲᠡᠭᠡᠷ᠎ᠡ      ᠲᠡᠭᠷᠢ ᠶᠢᠨ ᠵᠡᠭᠦᠳᠥ ᠴᠠᠮᠨᠠᠵᠤ ᠠᠮᠤᠷᠯᠢᠳᠠᠭ ᠶᠤᠮ      ᠥᠳᠡᠯᠡᠭᠡᠳ ᠭᠠᠷᠤᠭᠰᠠᠨ ᠭᠠᠵᠠᠷ ᠲᠡᠭᠡᠷ᠎ᠡ ᠨᠢ ᠴᠦ      ᠲᠤᠮᠤᠭ ᠤᠨ ᠰᠢᠪᠠᠭᠤ ᠲᠤᠩᠭᠤᠳᠴᠤ ᠲᠥᠷᠥᠳᠡᠭ ᠶᠤᠮ      ᠥᠯᠢᠭᠡᠷ ᠤᠨ ᠪᠤᠷᠤᠭᠠᠨ‌ᠮᠡᠳᠤ ᠬᠠᠶᠠ ᠤᠨᠠᠭᠰᠠᠨ ᠥᠭᠡ ᠶᠢ ᠨᠢ      ᠲᠤᠯᠤᠭᠠᠨ ᠪᠤᠷᠬᠠᠨ ᠲᠡᠭᠦᠵᠥ ᠬᠠᠳᠠᠭᠠᠯᠠᠭᠰᠠᠨ ᠪᠠᠶᠢᠳᠠᠭ ᠶᠤᠮ      ᠪᠠᠭᠠᠳᠤᠷᠴᠤᠳ ᠮᠠᠨᠳᠤᠳᠤᠭᠠᠢ︕ ᠲᠡᠳᠡᠨᠡᠷ ᠥᠪᠡᠷ ᠢᠶᠠᠨ      ᠠᠭᠤᠯᠠ ᠬᠠᠶᠢᠷᠬᠠᠨ᠂ ᠭᠥᠰᠢᠶ᠎ᠡ ᠲᠤᠷᠠᠰᠬᠠᠯ᠂ ᠠᠷᠠᠳ ᠤᠨ ᠲᠠᠭᠤᠤ ᠶᠤᠮ      ᠪᠠᠭᠠᠳᠤᠷᠴᠤᠳ ᠮᠡᠨᠳᠥᠯᠡᠳᠥᠭᠡᠢ︕ ᠲᠡᠳᠡᠨᠡᠷ ᠴᠥᠭᠡᠭᠡᠨ ᠪᠤᠯᠪᠠᠴᠤ      ᠴᠥᠮ᠎ᠡ ᠶᠢᠨ ᠪᠥᠮᠪᠦᠭᠡ᠂ ᠲᠡᠭᠷᠢ ᠶᠢᠨ ᠲᠠᠷᠨᠢ ᠶᠤᠮ      ᠪᠠᠭᠠᠳᠤᠷᠴᠤᠳ ᠮᠥᠩᠭᠡᠷᠡᠳᠥᠭᠡᠢ︕ ᠲᠡᠳᠡ ᠨᠠᠷ ᠴᠠᠭᠠᠨ ᠴᠢᠰᠴᠤ ᠰᠢᠭ᠋      ᠠᠮᠠᠷᠬᠠᠨ ᠭᠭᠢᠷᠳᠥᠳᠡᠭ ᠶᠤᠮ      ᠨᠠᠷᠠ ᠨᠢᠯᠪᠤᠰᠤ ᠪᠠᠷ ᠢᠶᠠᠨ ᠤᠭᠢᠶᠠᠵᠤ ᠥᠭᠳᠡᠭ ᠶᠤᠮ      ᠪᠠᠭᠠᠳᠤᠷᠴᠤᠳ ᠪᠤᠰᠤᠯᠴᠠᠳᠤᠭᠠᠢ︕ ᠲᠡᠳᠡᠨᠡᠷ ᠲᠠᠯᠳᠠ ᠰᠤᠮᠤᠨ ᠳᠤ ᠡᠭᠢᠯᠡᠵᠥ ᠥᠷᠳᠥᠳᠡᠭ ᠴᠦ      ᠲᠡᠥᠭᠡ ᠶᠢᠨ ᠠᠩᠬᠠᠨ ᠤ ᠬᠠᠭᠤᠳᠠᠰᠤᠨ ᠳᠤ ᠪᠤᠰᠤᠭ᠎ᠠ ᠥᠯᠡᠳᠡᠳᠡᠭ ᠲᠤᠭ ᠶᠤᠮ᠃                                        2009᠂ 02᠂ 11   ᠪᠠᠶᠠᠨᠬᠤᠳᠠ ᠳᠤ      ᠪᠡᠯᠡᠳᠬᠡᠭᠰᠡᠨ ᠨᠢ᠄ ᠡᠷᠳᠡᠨᠢᠬᠦᠦᠨᠠᠶᠢᠷᠠᠭᠤᠯᠤᠭᠰᠠᠨ ᠨᠢ᠄ ᠨᠠᠮᠤᠷᠬᠢᠨᠠᠭᠰᠠᠨ ᠨᠢ᠄ ᠤᠷᠢᠬᠠᠨ
 
ᠢᠷᠡᠯᠲᠡ᠄ ᠲᠤᠰ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号