| | 2020 ᠣᠨ ᠤ ᠴᠠᠭᠠᠨ ᠬᠤᠯᠤᠭᠠᠨ᠎ᠠ ᠵᠢᠯ ᠭᠡᠵᠦ ᠦᠨᠡᠬᠡᠷ ᠣᠨᠴᠠᠭᠠᠢ ᠵᠢᠯ ᠪᠣᠯᠵᠤ ᠡᠬᠢᠯᠡᠵᠦ ᠪᠠᠶᠢᠨ᠎ᠠ᠃ | ᠸᠢᠴᠠᠲ ᠤᠨ ᠨᠠᠶᠢᠵᠠ ᠶᠢᠨ ᠴᠣᠮᠣᠷᠯᠢᠭ ᠲᠤ ᠬᠥᠮᠥᠰ ︽ᠥᠨᠥ ᠵᠢᠯ ᠦᠨᠡᠬᠡᠷ ᠬᠤᠯᠤᠭᠠᠨ᠎ᠠ ᠵᠢᠯ ᠪᠣᠯᠵᠠᠢ᠂ | ᠨᠦᠬᠡᠨ ᠳᠤ ᠪᠠᠨ ᠰᠢᠷᠭᠤᠨ᠂ ᠠᠮᠠ ᠬᠠᠮᠠᠷ ᠢᠶᠠᠨ ᠲᠠᠭᠯᠠᠭᠠᠳ᠂ ᠬᠤᠶᠠᠷ ᠨᠢᠳᠦ ᠪᠠᠨ ᠭᠠᠷᠭᠠᠨ᠂ ᠶᠠᠭᠤ ᠪᠣᠯᠬᠤ ᠶᠢ | ᠠᠵᠢᠭᠯᠠᠵᠤ ᠰᠠᠭᠤᠨ᠎ᠠ︾ ᠭᠡᠵᠦ ᠡᠨᠡ ᠴᠠᠭ ᠦᠶ᠎ᠡ ᠶᠢ ᠵᠦᠢᠷᠯᠡᠨ ᠳᠦᠷᠰᠦᠯᠡᠭᠰᠡᠨ ᠪᠠᠶᠢᠳᠠᠭ᠃ ᠡᠷᠲᠡᠨ ᠤ ᠦᠭᠡᠨ ᠳᠤ | ᠤᠴᠢᠷ ᠶᠠᠪᠤᠳᠠᠯ ᠭᠡᠵᠦ ᠶᠠᠪᠤᠵᠤ ᠪᠠᠶᠢᠭᠠᠳ ᠲᠣᠩᠭᠤᠷᠠᠵᠤ ᠢᠷᠡᠳᠡᠭ ᠭᠡᠰᠡᠨ ᠤᠳᠬ᠎ᠠ ᠲᠠᠢ ᠦᠭᠡ ᠪᠠᠶᠢᠳᠠᠭ ᠶᠤᠮ᠂ | ᠦᠨᠡᠬᠡᠷ ᠲᠡᠶᠢᠮᠦ ᠪᠣᠯᠵᠠᠢ᠂ ᠥᠩᠭᠡᠷᠡᠭᠰᠡᠨ ᠳᠤ ᠬᠥᠮᠥᠨ ᠲᠥᠷᠥᠯᠬᠢᠲᠡᠨ ᠠᠳᠤᠭᠤᠰᠤ ᠠᠮᠢᠲᠠᠨ ᠢ ᠬᠤᠷᠢᠵᠤ ᠪᠠᠶᠢᠭᠰᠠᠨ | ᠪᠣᠯ ᠥᠨᠥᠳᠥᠷ ᠬᠥᠮᠥᠨ ᠲᠥᠷᠥᠯᠬᠢᠲᠡᠨ ᠠᠳᠤᠭᠤᠰᠤ ᠠᠮᠢᠲᠠᠨ ᠳᠤ ᠬᠤᠷᠢᠭᠳᠠᠭᠰᠠᠨ ᠤᠴᠢᠷ ᠪᠣᠯᠪᠠ᠃ ᠣᠶᠢᠷ᠎ᠠ ᠳᠤ | ᠶᠡᠭᠡ ᠬᠡᠮᠵᠢᠶᠡᠨ ᠤ ᠬᠥᠮᠥᠨ ︽ᠰᠢᠨ᠎ᠡ ᠲᠥᠷᠥᠯ ᠤᠨ ᠲᠢᠲᠢᠮ ᠸᠢᠷᠦ᠋ᠰ ᠤᠨ ᠠᠭᠤᠰᠬᠢᠨ ᠦᠷᠪᠢᠰᠦᠯ︾ ᠳᠤ | ᠬᠠᠯᠳᠠᠪᠤᠷᠢᠯᠠᠭᠳᠠᠭᠠᠤᠨ ᠡᠮᠨᠡᠯᠭᠡ ᠳᠤ ᠬᠡᠪᠲᠡᠨ᠂ ᠴᠥᠭᠡᠨ ᠪᠤᠰᠤ ᠬᠥᠮᠥᠨ ᠠᠮᠢ ᠪᠠᠨ ᠠᠯᠳᠠᠨ᠂ ᠤᠯᠤᠰ ᠠᠴᠠ ᠠᠷᠭ᠎ᠠ | ᠪᠤᠰᠤ ᠵᠠᠮ ᠬᠠᠷᠢᠯᠴᠠᠭ᠎ᠠ ᠶᠢ ᠪᠢᠲᠡᠭᠦᠮᠵᠢᠯᠡᠵᠦ᠂ ᠪᠢᠲᠡᠭᠦᠯᠡᠵᠦ ᠴᠠᠭᠠᠯᠠᠬᠤ᠂ ᠭᠠᠳᠠᠭᠰᠢ ᠳᠣᠲᠣᠭᠰᠢ ᠶᠠᠪᠤᠬᠤ ᠬᠥᠯ ᠳᠤ | ᠬᠤᠷᠢᠭ᠎ᠠ ᠲᠠᠯᠪᠢᠵᠤ᠂ ᠭᠠᠷ ᠤᠲᠠᠰᠤ ᠲᠧᠯᠸᠢᠰ ᠮᠠᠰᠢᠨ ᠢᠶᠠᠷ ᠯᠠ ᠭᠠᠳᠠᠨᠠᠬᠢ ᠶᠢᠨ ᠶᠢᠷᠲᠢᠨᠴᠦ ᠶᠢ ᠣᠯᠵᠤ ᠣᠶᠢᠯᠠᠭᠠᠨ | ᠂ ᠡᠪᠡᠳᠴᠢᠨ ᠤ ᠦᠷᠭᠦᠯᠵᠢᠯᠡᠨ ᠬᠠᠯᠳᠠᠪᠤᠷᠢᠯᠠᠬᠤ ᠠᠴᠠ ᠰᠡᠷᠭᠡᠶᠢᠯᠡᠵᠦ᠂ ᠴᠢᠨᠠᠭᠰᠢᠳᠠ ᠡᠨᠡ ᠡᠪᠡᠳᠴᠢᠨ ᠳᠠᠯᠠᠢ ᠠᠯᠤᠰ | ᠭᠠᠳᠠᠭᠠᠳᠤ ᠤᠯᠤᠰ ᠲᠤ ᠬᠠᠯᠳᠠᠪᠤᠷᠢᠯᠠᠨ ᠳᠡᠯᠭᠡᠷᠡᠭᠡᠳ᠂ ᠳᠡᠯᠡᠬᠡᠢ ᠶᠢᠨ ᠨᠡᠶᠢᠭᠡᠮ ᠤᠨ ᠠᠮᠤᠷ ᠲᠣᠭᠲᠠᠭᠤᠨ ᠢ | ᠬᠦᠷᠲᠡᠯ᠎ᠡ ᠬᠠᠷᠰᠢᠯᠠᠨ᠂ ᠬᠥᠮᠥᠨ ᠲᠥᠷᠥᠯᠬᠢᠲᠡᠨ ᠤ ᠠᠮᠢ ᠨᠠᠰᠤ ᠡᠷᠡᠭᠦᠯ ᠡᠩᠬᠡ ᠶᠢ ᠰᠦᠷᠳᠡᠭᠦᠯᠦᠭᠰᠡᠨ ᠬᠦᠨᠳᠦ | ᠨᠣᠴᠢᠲᠠᠢ ᠬᠠᠯᠳᠠᠪᠤᠷᠢᠲᠤ ᠡᠪᠡᠳᠴᠢᠨ ᠪᠣᠯᠪᠠ᠃ | ᠣᠳᠣᠬᠠᠨ ᠳᠤ ᠪᠠᠨ ᠡᠨᠡ ᠡᠪᠡᠳᠴᠢᠨ ᠢ ᠲᠤᠤᠱᠲᠠᠢ ᠡᠮᠨᠡᠨ ᠵᠠᠰᠠᠬᠤ ᠡᠮ ᠲᠠᠩ ᠠᠷᠭ᠎ᠠ ᠬᠡᠮᠵᠢᠶ᠎ᠡ ᠬᠠᠷᠠᠬᠠᠨ | ᠭᠠᠷᠴᠤ ᠢᠷᠡᠭᠡᠳᠦᠢ ᠪᠠᠶᠢᠭᠰᠠᠭᠠᠷ ᠪᠠᠶᠢᠨ᠎ᠠ᠃ ᠲᠡᠭᠡᠪᠡᠯ ᠡᠨᠡ ᠡᠪᠡᠳᠴᠢᠨ ᠬᠠᠮᠢᠭ᠎ᠠ ᠠᠴᠠ ᠢᠷᠡᠴᠢᠬᠡᠪᠡ︖ ᠭᠡᠵᠦ | ᠮᠠᠨ ᠤ ᠤᠯᠤᠰ ᠤᠨ ᠡᠮᠨᠡᠯᠭᠡ ᠶᠢᠨ ᠤᠬᠠᠭᠠᠨ ᠤ ᠡᠷᠳᠡᠮᠲᠡᠨ ᠮᠡᠷᠭᠡᠵᠢᠯᠲᠡᠳ ᠰᠤᠳᠤᠯᠵᠤ ᠰᠢᠨᠵᠢᠯᠡᠭᠡᠳ ᠪᠦᠷ ︽ | ᠬᠡᠭᠡᠷ᠎ᠡ ᠶᠢᠨ ᠠᠮᠢᠲᠠᠨ︾ ᠠᠴᠠ ᠬᠠᠯᠳᠠᠪᠤᠷᠢᠯᠠᠵᠠᠢ ᠭᠡᠵᠦ ᠨᠤᠲᠠᠯᠠᠭᠰᠠᠨ ᠪᠣᠯᠪᠠᠴᠤ ᠴᠣᠬᠤᠮ ᠠᠯᠢ ᠨᠢᠭᠡ ︽ᠠᠮᠢᠲᠠᠨ︾ | ᠠᠴᠠ ᠨᠢ ᠬᠠᠯᠳᠠᠪᠤᠷᠢᠯᠠᠭᠰᠠᠨ ᠢ ᠪᠠᠰᠠ ᠪᠠᠲᠤᠲᠠᠢ ᠨᠣᠲᠠᠲᠠᠢ ᠲᠣᠳᠣᠯᠠᠵᠤ ᠴᠢᠳᠠᠭᠠᠳᠤᠢ᠂ ᠤᠴᠢᠷ ᠨᠢ ᠮᠠᠨ ᠤ | ᠤᠯᠤᠰ ᠤᠨ ᠬᠥᠮᠥᠨ᠂ ᠢᠯᠠᠩᠭᠤᠶ᠎ᠠ ᠳᠣᠲᠣᠷ ᠭᠠᠵᠠᠷ ᠤᠨ ᠬᠥᠮᠥᠰ ᠤᠨ ᠠᠮᠢ ᠶᠢ ᠨᠢ ᠬᠤᠷᠣᠭᠠᠵᠤ ︽ᠢᠳᠡᠭᠰᠡᠨ︾ | ᠠᠷᠢᠶᠠᠲᠠᠨ ᠭᠥᠷᠥᠭᠡᠰᠦ᠂ ᠵᠢᠭᠦᠷᠲᠡᠨ ᠰᠢᠪᠠᠭᠤ᠂ ᠬᠤᠷᠣᠬᠠᠢ ᠰᠢᠪᠠᠵᠢ … ᠵᠡᠷᠭᠡ ᠵᠡᠷᠯᠢᠭ ᠠᠮᠢᠲᠠᠨ ᠭᠤᠣᠯᠲᠠᠨ | ᠲᠤᠭ᠎ᠠ ᠲᠣᠮᠰᠢ ᠦᠭᠡᠢ ᠣᠯᠠᠨ ᠪᠣᠯᠵᠠᠢ᠃ | ᠡᠷᠲᠡᠨ ᠠᠴᠠ ᠠᠪᠤᠭᠠᠳ᠂ ᠮᠠᠨ ᠤ ᠬᠢᠨ ︵︽ᠮᠠᠨ ᠤ ᠬᠢᠨ︾ ᠭᠡᠳ ᠬᠡᠯᠡᠴᠢᠬᠡᠶ᠎ᠡ ᠳ᠋ᠠ︶ ᠤ ᠪᠦᠲᠦᠭᠡᠭᠰᠡᠨ | ᠪᠣᠯᠬᠢ ᠪᠦᠳᠦᠭᠦᠯᠢᠭ ᠰᠣᠶᠣᠯ ᠪᠣᠯ ᠰᠣᠨᠣᠰᠬᠤ ᠶᠢᠨ ᠠᠷᠭ᠎ᠠ ᠦᠭᠡᠢ ᠪᠤᠵᠠᠷ ᠮᠠᠭᠤᠬᠠᠢ ᠬᠠᠷᠢᠶᠠᠯ ᠪᠠᠶᠢᠵᠤ᠂ ᠵᠡᠷᠯᠢᠭ | ᠬᠡᠷᠴᠡᠭᠡᠢ ᠰᠣᠶᠣᠯ ᠪᠣᠯ ᠶᠠᠮᠠᠷᠪᠠ ᠬᠡᠭᠡᠷ᠎ᠡ ᠶᠢᠨ ᠠᠮᠢᠲᠠᠨ ᠢ ᠴᠤ ᠪᠠᠷᠢᠵᠤ ᠢᠳᠡᠬᠦ ᠶᠠᠪᠤᠳᠠᠯ ᠪᠣᠯᠣᠨ᠎ᠠ ᠭᠡᠳᠡᠭ᠃ ᠠᠳᠡ | ︽ᠬᠠᠷᠢᠶᠠᠯ︾ ᠤᠨ ᠰᠣᠶᠣᠯ ᠢ ᠵᠠᠳᠠᠯᠬᠤ ᠦᠭᠡᠢ᠂ ︽ᠢᠳᠡᠭᠡᠨ︾ ᠤ ᠰᠣᠶᠣᠯ ᠠᠴᠠ ᠬᠡᠳᠦ ᠵᠢᠱᠢᠶᠡᠯᠡᠶ᠎ᠡ᠄ | ᠨᠠᠶᠠᠭᠠᠳ ᠣᠨ ᠤ ᠦᠶ᠎ᠡ ᠳᠤ᠂ ᠮᠠᠨ ᠤ ᠰᠤᠷᠭᠠᠭᠤᠯᠢ ᠶᠢᠨ ᠨᠢᠭᠡ ᠪᠠᠭᠰᠢ ︽ᠭᠤᠸᠠᠩᠳᠦ᠋ᠩ ᠮᠤᠵᠢ ᠶᠢᠨ | ᠣᠳᠣᠨ ᠳᠡᠰ ᠤᠨ ᠪᠠᠭᠤᠳᠠᠯ ᠤᠨ ᠳᠡᠭᠡᠳᠦ ᠳᠡᠰ ᠤᠨ ᠢᠳᠡᠭᠡᠨ ᠤ ᠨᠢᠭᠡ ᠨᠢ ᠲᠠᠭᠲᠠᠭᠠᠨ ᠤ ᠬᠡᠯᠡ ᠶᠢᠨ ᠬᠠᠭᠤᠷᠤᠭᠤᠯ᠂ | ᠨᠥᠭᠦᠭᠡ ᠨᠢ ᠠᠮᠢᠳᠤ ᠰᠠᠮᠵᠠᠨ ᠤ ᠲᠠᠷᠢᠬᠢ ᠶᠢ ᠢᠳᠡᠬᠦ ᠶᠠᠪᠤᠳᠠᠯ ᠪᠣᠯᠣᠨ᠎ᠠ︾ ᠭᠡᠵᠦ ᠬᠡᠯᠡᠵᠦ ᠪᠠᠶᠢᠪᠠ᠃ ᠲᠡᠷᠡ | ᠦᠶ᠎ᠡ ᠳᠤ᠂ ᠨᠠᠳᠠ ᠬᠡᠴᠢᠨᠡᠨ ᠠᠷᠪᠢᠨ ᠲᠠᠭᠲᠠᠭᠠᠨ ᠤ ᠬᠡᠯᠡ ᠰᠠᠶ᠋ᠢ ᠨᠢᠭᠡ ᠫᠠᠨᠰᠠ ᠬᠠᠭᠤᠷᠤᠭᠤᠯ ᠭᠠᠷᠳᠠᠭ ᠪᠢᠯᠡ︕ | ᠡᠨᠡ ︽ᠨᠣᠭᠤᠭ᠎ᠠ︾ ᠶᠢᠨ ᠨᠢᠭᠡ ᠬᠡᠯᠡ ᠶᠢ ᠰᠠᠪᠬᠠᠯᠠᠬᠤ ᠳᠤ ᠨᠢᠭᠡ ᠲᠠᠭᠲᠠᠭ᠎ᠠ ᠶᠢᠨ ᠠᠮᠢ ᠬᠤᠷᠣᠭᠳᠠᠵᠤ ᠪᠠᠶᠢᠨ᠎ᠠ | ᠭᠡᠰᠡᠨ ᠦᠭᠡ ᠰᠢᠦ᠂ ᠠᠭᠤᠯᠠᠨ ᠠᠴᠠ ᠰᠠᠮᠵᠠ ᠶᠢ ᠪᠠᠷᠢᠵᠤ ᠢᠷᠡᠭᠡᠳ᠂ ᠬᠤᠭᠤᠯᠠᠨ ᠰᠢᠷᠡᠭᠡᠨ ᠤ ᠳᠤᠮᠳᠠᠬᠢ ᠵᠢᠵᠢᠭ | ᠨᠦᠬᠡ ᠪᠠᠷ ᠲᠣᠯᠣᠭᠠᠢ ᠶᠢ ᠨᠢ ᠪᠤᠯᠲᠠᠶᠢᠯᠭᠠᠨ᠂ ᠬᠦᠵᠦᠭᠦᠦ ᠪᠠᠷ ᠨᠢ ᠲᠣᠷᠭᠠᠵᠤ ᠪᠠᠶᠢᠭᠠᠳ ᠠᠮᠢᠳᠤ ᠪᠠᠷ ᠨᠢ ᠦᠰᠦ ᠶᠢ | ᠨᠢ ᠲᠠᠩᠨᠠᠨ ᠵᠣᠯᠭᠠᠵᠤ᠂ ᠰᠦᠬᠡ ᠪᠠᠷ ᠭᠠᠪᠠᠯᠠ ᠶᠢ ᠨᠢ ᠪᠠᠯᠪᠠᠴᠢᠵᠤ᠂ ᠲᠠᠷᠢᠬᠢ ᠶᠢ ᠨᠢ ᠰᠣᠷᠣᠵᠤ ᠢᠳᠡᠨ᠎ᠡ ᠭᠡᠭᠴᠢ | ᠶᠠᠮᠠᠷ ᠬᠤᠶᠢᠬᠠᠨ ᠦᠰᠦ ᠪᠣᠰᠣᠮᠠᠷ᠂ ᠳᠣᠲᠣᠷ ᠠᠷᠵᠠᠭᠠᠨᠠᠮᠠᠷ ᠪᠠᠯᠠᠮᠠᠳ ᠬᠡᠷᠴᠡᠭᠡᠢ ︽ᠢᠳᠡᠯᠭᠡ︾ ᠪᠣᠢ︕ ᠭᠡᠵᠦ | ᠪᠣᠳᠣᠭᠳᠠᠵᠤ ᠪᠠᠶᠢᠯ᠎ᠠ᠃ | ᠣᠶᠢᠷ᠎ᠠ ᠶᠢᠨ ᠬᠡᠳᠦᠨ ᠠᠷᠪᠠᠨ ᠵᠢᠯ ᠳᠤ᠂ ᠮᠠᠨ ᠤ ᠬᠢᠨ ᠤ ᠠᠮᠢᠳᠤᠷᠠᠯ ᠰᠠᠶᠢᠵᠢᠷᠠᠬᠤ ᠶᠢ ᠳᠠᠭᠠᠯᠳᠤᠨ᠂ ︽ | ᠢᠳᠡᠬᠦ︾ ᠨᠢ ᠨᠡᠩ ᠬᠡᠴᠡᠭᠦᠳᠡᠵᠦ᠂ ᠪᠠᠷᠤᠭ ᠢᠳᠡᠬᠦ ᠦᠭᠡᠢ ᠶᠠᠭᠤᠮ᠎ᠠ ᠦᠭᠡᠢ ᠪᠣᠯᠴᠢᠬᠠᠵᠠᠢ᠃ ᠶᠠᠭᠤᠨ ᠤ ᠠᠮᠢᠳᠤ | ᠠᠭᠠᠯᠵᠢ᠂ ᠠᠮᠢᠳᠤ ᠰᠢᠷᠭᠤᠯᠵᠢ᠂ ᠠᠮᠢᠳᠤ ᠴᠢᠴᠢᠭᠦᠷ ᠬᠤᠷᠣᠬᠤᠢ ᠶᠢᠨ ᠱᠣᠷᠣᠯᠠᠭ᠂ ᠪᠢᠯᠵᠤᠤᠬᠠᠢ ᠶᠢᠨ ᠮᠢᠬ᠎ᠠ᠂ | ᠬᠤᠯᠤᠭᠠᠨ᠎ᠠ ᠶᠢᠨ ᠮᠢᠬᠠᠨ ᠤ ᠰᠢᠷᠠᠮᠠᠯ᠂ ᠰᠢᠨ᠎ᠡ ᠲᠥᠷᠥᠭᠰᠡᠨ ᠬᠤᠯᠤᠭᠠᠨ᠎ᠠ ᠶᠢ ᠦᠰᠦ ᠣᠷᠭᠤᠬᠤ ᠠᠴᠠ ᠡᠮᠦᠨ᠎ᠡ | ᠠᠮᠢᠳᠤ ᠪᠠᠷ ᠨᠢ ᠰᠢᠷᠠᠵᠤ ᠢᠳᠡᠬᠦ᠂ ᠮᠢᠬ᠎ᠠ ᠶᠢ ᠥᠲᠥ ᠣᠷᠣᠭᠤᠯᠵᠤ ᠪᠠᠶᠢᠭᠠᠳ ᠥᠳᠦ ᠶᠢ ᠨᠢ ᠠᠮᠢᠳᠤ ᠪᠠᠷ ᠨᠢ | ᠬᠠᠭᠤᠷᠴᠤ ᠢᠳᠡᠬᠦ᠂ ᠨᠡᠩ ᠴᠢᠨᠠᠭᠰᠢᠳᠠ ᠲᠣᠮᠣ ᠰᠢᠭ᠋ ᠠᠮᠢᠲᠠᠨ ᠢ ᠴᠢᠨᠠᠵᠤ᠂ ᠤᠲᠤᠵᠤ᠂ ᠰᠢᠷᠠᠵᠤ … ᠡᠯᠳᠡᠪ | ᠠᠷᠭ᠎ᠠ ᠪᠠᠷ ᠢᠳᠡᠬᠦ ᠨᠢ ᠠᠶᠠᠨᠳᠠᠭᠠᠨ ᠤ ᠤᠴᠢᠷ ᠪᠣᠯᠵᠠᠢ᠃ | ᠡᠶᠢᠮᠦ ᠠᠴᠠ ᠮᠠᠨ ᠤ ᠬᠢᠨ ᠨᠢᠭᠡ ᠲᠠᠯ᠎ᠠ ᠪᠠᠷ ︽ᠢᠳᠡᠬᠦ︾ ᠶᠠᠭᠤᠮ᠎ᠠ ᠶᠢ ᠰᠠᠶᠢᠨ ᠬᠢᠬᠦ ᠪᠠᠷ ᠢᠶᠠᠨ ︽ᠢᠳᠡᠬᠦ | ᠰᠣᠶᠣᠯᠲᠠᠨ︾ ᠭᠡᠵᠦ ᠳᠡᠯᠡᠬᠡᠢ ᠳᠤ ᠠᠯᠳᠠᠷᠰᠢᠵᠤ᠂ ᠨᠥᠭᠦᠭᠡ ᠲᠠᠯ᠎ᠠ ᠪᠠᠷ ︽ᠳᠤᠮᠳᠠᠳᠤ ᠤᠯᠤᠰ ᠤᠨ ᠬᠥᠮᠥᠨ | ᠠᠭᠠᠷ ᠲᠤ ᠨᠢᠰᠴᠦ ᠪᠠᠶᠢᠭ᠎ᠠ ᠨᠢᠰᠬᠡᠯ᠂ ᠭᠠᠵᠠᠷ ᠭᠦᠶᠦᠵᠦ ᠪᠠᠶᠢᠭ᠎ᠠ ᠮᠠᠰᠢᠨ᠂ ᠤᠰᠤᠨ ᠳᠤ ᠱᠤᠮᠪᠠᠵᠤ ᠪᠠᠶᠢᠭ᠎ᠠ | ᠣᠩᠭᠤᠴᠠ ᠠᠴᠠ ᠪᠤᠰᠤᠳ ᠢ ᠨᠢ ᠪᠦᠷ ᠪᠠᠷᠢᠵᠤ ᠢᠳᠡᠳᠡᠭ᠂ ᠪᠤᠷᠬᠠᠨ︕︾ ᠭᠡᠵᠦ ᠵᠢᠭᠰᠢᠵᠦ ᠵᠠᠯᠪᠠᠷᠢᠨ | ᠥᠭᠦᠯᠡᠭᠰᠡᠨ ᠪᠠᠶᠢᠳᠠᠭ᠃ | | ᠪᠢᠳᠡ ᠶᠠᠭᠠᠬᠢᠭᠠᠳ ᠡᠶᠢᠮᠦ ᠪᠣᠯᠪᠠ︖ ᠭᠤᠣᠯᠳᠠᠭᠤ ᠨᠢ ᠬᠠᠰᠢ ᠯᠠ ᠮᠠᠨ ᠳᠤ ᠱᠠᠰᠢᠨ ᠰᠢᠲᠦᠯᠭᠡ᠂ ᠰᠦᠰᠦᠭ | ᠪᠢᠰᠢᠷᠡᠯ ᠦᠭᠡᠢ᠂ ᠠᠶᠤᠵᠤ ᠰᠦᠷᠳᠡᠬᠦ᠂ ᠪᠢᠰᠢᠷᠡᠵᠦ ᠬᠦᠨᠳᠦᠳᠬᠡᠬᠦ ᠵᠦᠢᠯ ᠦᠭᠡᠢ᠂ ᠨᠢᠭᠦᠯ ᠦᠢᠯᠡᠳᠬᠦ᠂ ᠪᠤᠶᠠᠨ | ᠬᠤᠷᠢᠶᠠᠬᠤ ᠶᠢᠨ ᠲᠠᠨᠢᠯᠲᠠ ᠭᠡᠵᠦ ᠦᠭᠡᠢ᠂ ᠡᠶᠢᠮᠦ ᠠᠴᠠ ᠮᠠᠨ ᠤ ᠣᠶᠣᠨ ᠰᠦᠨᠡᠰᠦ ᠶᠡᠷᠦ ᠠᠷᠢᠭᠤᠰᠴᠤ | ᠴᠡᠪᠡᠷᠰᠢᠭᠰᠡᠨ ᠦᠭᠡᠢ᠂ ᠶᠠᠮᠠᠷ ᠬᠡᠷᠴᠡᠭᠡᠢ ᠪᠠᠯᠠᠮᠠᠳ ᠦᠢᠯᠡ ᠦᠢᠯᠡᠳᠬᠦ᠂ ᠠᠶᠤᠯ ᠭᠡᠮ ᠦᠭᠡᠢ ᠠᠮᠢᠲᠠᠨ ᠭᠤᠣᠯᠲᠠᠨ ᠤ | ᠠᠮᠢ ᠶᠢ ᠬᠤᠷᠣᠭᠠᠬᠤ ᠠᠴᠠ ᠨᠢᠳᠦ ᠬᠠᠯᠲᠤᠷᠢᠬᠤ ᠦᠭᠡᠢ᠂ ᠴᠢᠨᠠᠭᠰᠢᠳᠠ ᠦᠬᠡᠷ ᠢ ᠰᠦᠭᠦᠳᠬᠡᠬᠡᠳ ᠮᠠᠰᠢᠨ | ᠲᠡᠷᠭᠡᠨ ᠠᠴᠠ ᠤᠶᠠᠵᠤ᠂ ᠵᠡᠭᠡᠯᠢ ᠳᠤ ᠴᠢᠷᠦᠭᠦᠯᠵᠦ ᠨᠠᠭᠠᠳᠬᠤ᠂ ᠮᠠᠯ ᠢ ᠠᠮᠢᠳᠤ ᠪᠠᠷ ᠨᠢ ᠵᠣᠭᠰᠣᠭᠠᠵᠤ ᠭᠠᠯ ᠢᠶᠠᠷ | ᠰᠢᠷᠠᠬᠤ ᠲᠣᠭᠯᠠᠭᠠᠮ ᠭᠠᠷᠭᠠᠬᠤ᠂ ᠪᠤᠴᠠᠯᠤᠭᠰᠠᠨ ᠤᠰᠤᠨ ᠳᠤ ᠠᠮᠢᠳᠤ ᠨᠣᠬᠠᠢ ᠶᠢ ᠬᠠᠶᠠᠵᠤ ᠣᠷᠣᠭᠤᠯᠤᠨ ︽ | ᠶᠠᠭᠠᠬᠢᠬᠤ︾ ᠶᠢ ᠨᠢ ᠦᠵᠡᠬᠦ … ᠵᠡᠷᠭᠡ ᠨᠢᠳᠦ ᠬᠠᠯᠲᠤᠷᠢᠮ᠎ᠠ ᠨᠢᠭᠦᠯ ᠬᠢᠯᠢᠨᠴᠡ ᠲᠠᠢ ᠦᠢᠯᠡ ᠦᠢᠯᠡᠳᠬᠦ ᠪᠣᠯᠵᠠᠢ᠃ | ᠮᠣᠩᠭᠤᠯᠴᠤᠳ ᠪᠣᠯ ᠡᠬᠡ ᠪᠠᠶᠢᠭᠠᠯᠢ᠂ ᠬᠡᠭᠡᠷ᠎ᠡ ᠶᠢᠨ ᠠᠮᠢᠲᠠᠨ ᠭᠤᠣᠯᠲᠠᠨ ᠤ ᠲᠤᠬᠠᠢ ᠥᠪᠡᠷ ᠤᠨ ᠦᠵᠡᠯᠲᠡ | ᠪᠠᠶᠢᠳᠠᠭ᠂ ᠲᠡᠳᠡᠨ ᠤ ᠦᠵᠡᠬᠦ ᠪᠠᠷ᠂ ᠬᠥᠮᠥᠨ ᠳᠤ ᠣᠶᠣᠨ ᠤᠬᠠᠭᠠᠨ ᠲᠠᠢ ᠮᠥᠷᠲᠡᠭᠡᠨ ᠠᠭᠤᠯᠠ ᠲᠠᠯ᠎ᠠ᠂ ᠭᠤᠣᠯ | ᠮᠥᠷᠡᠨ᠂ ᠨᠠᠭᠤᠷ ᠴᠥᠭᠦᠷᠥᠮ᠂ ᠠᠷᠢᠶᠠᠲᠠᠨ ᠭᠥᠷᠥᠭᠡᠰᠦ᠂ ᠵᠢᠭᠦᠷᠲᠡᠨ ᠰᠢᠪᠠᠭᠤ᠂ ᠬᠤᠷᠣᠬᠤᠢ ᠰᠢᠪᠠᠵᠢ᠂ ᠡᠪᠡᠰᠦ | ᠤᠷᠭᠤᠮᠠᠯ ᠳᠤ ᠬᠦᠷᠲᠡᠯ᠎ᠡ ᠪᠦᠷ ᠷᠢᠳᠢ ᠰᠢᠳᠢ ᠣᠷᠣᠰᠢᠨ᠂ ᠨᠠᠪᠳᠠᠭ ᠱᠠᠪᠳᠠᠭ᠂ ᠡᠵᠡᠳ ᠰᠠᠬᠢᠭᠤᠯᠰᠤ ᠲᠠᠢ ᠪᠠᠶᠢᠳᠠᠭ᠂ | ᠠᠮᠢᠲᠠᠨ ᠭᠤᠣᠯᠲᠠᠨ ᠪᠦᠬᠦᠨ ᠠᠮᠢ ᠨᠠᠰᠤ ᠲᠠᠢ᠂ ᠴᠢᠨᠠᠭᠰᠢᠳᠠ ᠡᠪᠡᠰᠦ ᠤᠷᠭᠤᠮᠠᠯ ᠬᠦᠷᠲᠡᠯ᠎ᠡ ᠠᠮᠢ ᠨᠠᠰᠤ ᠲᠠᠢ᠂ | ᠠᠷᠢᠭᠤᠨ ᠳᠠᠷᠬᠠᠨ ᠪᠠᠶᠢᠳᠠᠭ ᠤᠴᠢᠷ ᠠᠴᠠ ᠪᠢᠳᠡ ᠳᠤᠷ᠎ᠠ ᠲᠠᠪᠠ ᠪᠠᠷ ᠡᠵᠡᠷᠬᠡᠵᠦ ᠬᠠᠯᠳᠠᠵᠤ ᠪᠣᠯᠣᠰᠢ ᠦᠭᠡᠢ᠃ | ᠬᠥᠮᠥᠨ ᠲᠥᠷᠥᠯᠬᠢᠲᠡᠨ ᠪᠠᠶᠢᠬᠤ ᠦᠭᠡᠢ ᠳᠤ ᠡᠬᠡ ᠪᠠᠶᠢᠭᠠᠯᠢ ᠣᠷᠣᠰᠢᠵᠤ ᠴᠢᠳᠠᠨ᠎ᠠ᠂ ᠡᠬᠡ ᠪᠠᠶᠢᠭᠠᠯᠢ ᠪᠠᠶᠢᠬᠤ ᠦᠭᠡᠢ | ᠪᠣᠯ ᠬᠥᠮᠥᠨ ᠲᠥᠷᠥᠯᠬᠢᠲᠡᠨ ᠣᠷᠣᠰᠢᠵᠤ ᠴᠢᠳᠠᠬᠤ ᠦᠭᠡᠢ᠂ ᠥᠨᠥᠳᠥᠷ ︽ᠨᠡᠶᠢᠭᠡᠮ ᠤᠨ ᠬᠥᠭᠵᠢᠯᠲᠡ︾ ᠶᠢ | ᠳᠠᠭᠠᠯᠳᠤᠨ᠂ ᠬᠥᠮᠥᠨ ᠲᠥᠷᠥᠯᠬᠢᠲᠡᠨ ᠤ ᠬᠤᠪᠳᠤᠭ ᠰᠢᠨᠤᠯ ᠨᠢ ᠤᠯᠠᠮ ᠬᠡᠴᠡᠭᠦᠳᠡᠵᠦ ᠳᠠᠪᠠᠭᠤᠷᠠᠭᠠᠳ᠂ ᠡᠬᠡ | ᠪᠠᠶᠢᠭᠠᠯᠢ ᠶᠢᠨ ᠡᠬᠢ ᠪᠠᠶᠠᠯᠢᠭ ᠢ ᠦᠯᠡᠳᠡᠭᠡᠯ ᠦᠭᠡᠢ ᠴᠥᠯᠪᠡᠨ᠂ ᠳᠡᠭᠡᠷᠡᠮᠳᠡᠯᠭᠡ ᠶᠢᠨ ᠴᠢᠨᠠᠷᠲᠠᠢ ᠨᠡᠭᠡᠭᠡᠨ ᠠᠰᠢᠭᠯᠠᠵᠤ᠂ | ᠠᠷᠭ᠎ᠠ ᠪᠦᠬᠦᠨ ᠢ ᠬᠡᠷᠡᠭᠯᠡᠨ ᠠᠮᠢᠲᠠᠨ ᠭᠤᠣᠯᠲᠠᠨ ᠢ ᠬᠥᠨᠥᠭᠡᠨ ᠬᠤᠷᠣᠭᠠᠵᠤ ︽ᠢᠳᠡᠵᠦ︾ ᠪᠠᠶᠢᠨ᠎ᠠ᠃ | ᠭᠡᠬᠦ ᠳᠤ᠂ ︽ᠬᠤᠳᠳᠤᠭ ᠤᠨ ᠤᠰᠤᠨ ᠳᠤ ᠵᠢᠭᠠᠰᠤ ᠦᠭᠡᠢ᠂ ᠬᠠᠭᠤᠴᠢᠨ ᠤ ᠦᠭᠡᠨ ᠳᠤ ᠬᠤᠳᠠᠯ ᠦᠭᠡᠢ︾ | ᠭᠡᠳᠡᠭᠴᠢᠯᠡᠨ ᠭᠤᠷᠪᠠᠨ ᠮᠢᠩᠭᠠᠨ ᠵᠢᠯ ᠤᠨ ᠡᠮᠦᠨ᠎ᠡ ᠪᠤᠷᠬᠠᠨ ᠤ ᠨᠣᠮ ᠰᠤᠳᠤᠷ ᠲᠤ ︽ᠬᠥᠮᠥᠨ ᠲᠥᠷᠥᠯᠬᠢᠲᠡᠨ | ᠠᠮᠢᠲᠠᠨ ᠭᠤᠣᠯᠲᠠᠨ ᠤ ᠠᠮᠢ ᠶᠢ ᠨᠢ ᠬᠤᠷᠣᠭᠠᠵᠤ ᠬᠢᠯᠢᠨᠴᠡ ᠨᠢᠭᠦᠯ ᠦᠢᠯᠡᠳᠪᠡᠯ᠂ ᠲᠡᠭᠷᠢ ᠪᠤᠷᠬᠠᠨ ᠳᠤ ᠠᠳᠠᠯᠠᠭᠳᠠᠨ | ᠂ ᠠᠯᠢ ᠨᠢᠭᠡ ᠡᠳᠦᠷ ᠬᠢᠭᠰᠡᠨ ᠨᠢᠭᠦᠯ ᠤᠨ ᠢᠶᠠᠨ ᠦᠷ᠎ᠡ ᠪᠠᠨ ᠠᠮᠰᠠᠬᠤ ᠪᠣᠯᠣᠨ᠎ᠠ᠂ ᠡᠨᠡ ᠪᠣᠯ ᠶᠢᠷᠲᠢᠨᠴᠦ ᠶᠢᠨ | ᠮᠥᠩᠬᠡ ᠶᠢᠨ ᠵᠢᠮ᠎ᠡ ᠶᠣᠰᠣ ᠪᠣᠯᠬᠤ ᠰᠢᠯᠲᠠᠭᠠᠨ ᠳ᠋ᠦᠩ ᠤᠨ ᠬᠠᠷᠢᠴᠠᠭ᠎ᠠ ᠮᠥᠨ︾ ᠭᠡᠵᠦ ᠪᠢᠴᠢᠭᠡᠳ | ᠲᠠᠯᠪᠢᠴᠢᠬᠠᠭᠰᠠᠨ ᠪᠠᠶᠢᠳᠠᠭ᠃ | | | ᠲᠡᠭᠡᠭᠡᠳ ᠪᠢᠳᠡ ᠢᠩᠭᠢᠵᠦ ᠨᠢᠭᠦᠯ ᠬᠢᠵᠦ ︽ᠢᠳᠡᠭᠰᠡᠭᠡᠷ︾ ᠪᠠᠶᠢᠵᠤ ᠶᠠᠮᠠᠷ ᠦᠷ᠎ᠡ ᠨᠥᠯᠥᠭᠡ ᠭᠠᠷᠪᠠ︖ | ᠥᠨᠥᠳᠥᠷ ᠤᠨ ᠳᠤᠮᠳᠠᠳᠤ ᠤᠯᠤᠰ ᠤᠨ ᠬᠥᠮᠥᠰ ᠤᠨ ᠣᠯᠵᠤ ᠪᠠᠶᠢᠭ᠎ᠠ ᠡᠪᠡᠳᠴᠢᠨ ᠡᠮᠭᠡᠭ ᠤᠨ ᠬᠠᠭᠠᠰ ᠨᠢ ᠠᠮᠢ | ᠠᠬᠤᠢ ᠣᠷᠴᠢᠨ ᠲᠣᠭᠤᠷᠢᠨ ᠪᠤᠵᠠᠷᠲᠤᠭᠰᠠᠨ ᠠᠴᠠ ᠪᠣᠯᠵᠤ᠂ ᠬᠠᠭᠠᠰ ᠢ ᠨᠢ ᠡᠷᠦᠢ ᠬᠤᠷᠤᠢ ᠦᠭᠡᠢ ᠢᠳᠡᠵᠦ | ᠤᠤᠭᠤᠵᠤ ᠪᠠᠶᠢᠭᠠᠳ ᠣᠯᠣᠯ᠎ᠠ ᠭᠡᠵᠦ ᠬᠥᠮᠥᠰ ᠥᠭᠦᠯᠡᠵᠦ ᠪᠠᠶᠢᠨ᠎ᠠ᠃ | 2003 ᠣᠨ ᠳᠤ ᠭᠤᠸᠠᠩᠳᠦ᠋ᠩ ᠬᠥᠮᠥᠨ ᠦᠨᠡᠭᠡᠨᠴᠢᠷ ︵果子狸︶ ᠭᠡᠳᠡᠭ ᠠᠮᠢᠲᠠᠨ ᠢ ᠪᠠᠷᠢᠵᠤ | ᠢᠳᠡᠵᠦ ᠪᠠᠶᠢᠭᠠᠳ ︽ᠨᠡᠶᠢᠲᠡᠯᠢᠭ ᠪᠤᠰᠤ ᠴᠢᠨᠠᠷᠲᠠᠢ ᠠᠭᠤᠰᠬᠢᠨ ᠦᠷᠪᠢᠰᠦᠯ︾ ᠢ ᠡᠭᠦᠰᠬᠡᠨ᠂ ᠬᠡᠴᠢᠨᠡᠨ ᠬᠥᠮᠥᠨ ᠢ | ᠦᠬᠦᠭᠦᠯᠵᠦ᠂ ᠬᠡᠴᠢᠨᠡᠨ ᠶᠡᠭᠡ ᠨᠡᠶᠢᠭᠡᠮ ᠤᠨ ᠬᠤᠬᠢᠷᠠᠯ ᠳᠡᠪᠵᠢᠶᠡᠨ ᠢ ᠠᠪᠴᠢᠷᠠᠪᠠ︖ | 2013 ᠣᠨ ᠳᠤ ᠭᠡᠨᠡᠳᠲᠡ ︽H7N9 ᠵᠢᠭᠦᠷᠲᠡᠨ ᠤ ᠬᠢᠵᠢᠭ︾ ᠭᠡᠳᠡᠭ ᠡᠪᠡᠳᠴᠢᠨ ᠡᠭᠦᠰᠦᠨ | ᠬᠠᠯᠳᠠᠪᠤᠷᠢᠯᠠᠵᠤ᠂ ᠴᠥᠭᠡᠨ ᠪᠤᠰᠤ ᠬᠥᠮᠥᠨ ᠦᠬᠦᠵᠦ᠂ ᠪᠦᠬᠦ ᠳᠤᠮᠳᠠᠳᠤ ᠤᠯᠤᠰ ᠢ ᠦᠢᠮᠡᠭᠦᠯᠦᠭᠰᠡᠨ ᠤ ᠦᠨᠳᠦᠰᠦ | ᠨᠢ ᠱᠠᠩᠬᠠᠢ ᠬᠤᠲᠠ ᠶᠢᠨ ᠬᠥᠮᠥᠨ ᠲᠠᠭᠲᠠᠭᠠᠨ ᠮᠢᠬ᠎ᠠ ᠢᠳᠡᠭᠰᠡᠨ ᠠᠴᠠ ᠪᠣᠯᠣᠯ᠎ᠠ ᠭᠡᠵᠦ ᠮᠠᠭᠠᠳᠯᠠᠵᠠᠢ᠃ | 2019 ᠣᠨ ᠳᠤ᠂ ᠮᠠᠨ ᠤ ᠥᠪᠥᠷ ᠮᠣᠩᠭᠤᠯ ᠳᠤ ᠬᠡᠳᠦᠨ ᠬᠥᠮᠥᠨ ᠬᠡᠭᠡᠷ᠎ᠡ ᠶᠢᠨ ᠲᠠᠤᠯᠠᠢ ᠶᠢ ᠪᠠᠷᠢᠵᠤ | ᠢᠳᠡᠭᠡᠳ᠂ ︽ᠬᠤᠯᠤᠭᠠᠨ᠎ᠠ ᠬᠢᠵᠢᠭ︾ ᠭᠡᠬᠦ ᠡᠷᠲᠡᠨ ᠠᠴᠠ ᠠᠶᠤᠮᠠᠷ ᠬᠠᠯᠳᠠᠪᠤᠷᠢᠲᠤ ᠡᠪᠡᠳᠴᠢᠨ ᠤ ᠦᠢᠮᠡᠭᠡᠨ | ᠲᠠᠲᠠᠪᠠ᠃ | 2020 ᠰᠢᠨ᠎ᠡ ᠣᠨ ᠤ ᠬᠥᠰᠢᠭᠡ ᠶᠢ ᠲᠠᠲᠠᠭᠠᠳ ᠤᠳᠠᠭᠰᠠᠨ ᠦᠭᠡᠢ᠂ ᠦᠬᠠᠨ ᠬᠤᠲᠠ ᠶᠢᠨ ᠬᠥᠮᠥᠨ ᠪᠠᠰᠠ | ᠵᠡᠷᠯᠢᠭ ᠠᠮᠢᠲᠠᠨ ᠤ ᠮᠢᠬ᠎ᠠ ᠶᠢ ᠢᠳᠡᠭᠡᠳ᠂ ︽ᠰᠢᠨ᠎ᠡ ᠲᠥᠷᠥᠯ ᠤᠨ ᠲᠢᠲᠢᠮ ᠸᠢᠷᠦ᠋ᠰ ᠤᠨ ᠠᠭᠤᠰᠬᠢᠨ ᠦᠷᠪᠢᠰᠦᠯ︾ | ᠭᠡᠭᠴᠢ ᠬᠠᠯᠳᠠᠪᠤᠷᠢᠲᠤ ᠡᠪᠡᠳᠴᠢᠨ ᠢ ᠡᠭᠦᠰᠬᠡᠪᠡ᠃ ᠣᠳᠣ ᠡᠳᠦᠷ ᠪᠦᠷᠢ ᠣᠯᠠᠨ ᠬᠥᠮᠥᠨ ᠡᠨᠡ ᠡᠪᠡᠳᠴᠢᠨ ᠳᠤ | ᠬᠠᠯᠳᠠᠪᠤᠷᠢᠯᠠᠭᠳᠠᠭᠠᠳ ᠡᠮᠨᠡᠯᠭᠡ ᠳᠤ ᠣᠷᠣᠵᠤ ᠬᠡᠪᠲᠡᠨ᠂ ᠴᠥᠭᠡᠨ ᠪᠤᠰᠤ ᠬᠥᠮᠥᠨ ᠠᠮᠢ ᠨᠠᠰᠤ ᠪᠠᠨ ᠠᠯᠳᠠᠨ᠂ ᠨᠠᠮ | ᠵᠠᠰᠠᠭ᠂ ᠨᠡᠶᠢᠭᠡᠮ ᠨᠡᠶᠢᠲᠡ ᠠᠴᠠ ᠭᠠᠷᠭᠠᠵᠤ ᠪᠠᠶᠢᠭ᠎ᠠ ᠬᠥᠮᠥᠨ ᠤ ᠬᠦᠴᠦ᠂ ᠪᠣᠳᠠᠰ ᠤᠨ ᠬᠦᠴᠦ᠂ ᠮᠥᠩᠭᠦᠨ ᠤ | ᠬᠦᠴᠦ ᠵᠡᠷᠭᠡ ᠶᠢᠨ ᠦᠷᠡᠭᠳᠡᠯ ᠰᠦᠢᠳᠦᠯ ᠮᠠᠰᠢ ᠶᠡᠭᠡ ᠪᠢᠯᠡ᠃ ᠰᠣᠨᠣᠰᠬᠤ ᠳᠤ ᠦᠬᠠᠨ ᠬᠤᠲᠠ ᠶᠢᠨ ᠬᠤᠶᠠᠷ | ᠡᠮᠡᠭᠲᠡᠢ ︽ᠬᠤᠸᠠ ᠨᠠᠨ ᠳᠠᠯᠠᠢ ᠶᠢᠨ ᠢᠳᠡᠭᠡᠨ ᠤ ᠵᠠᠬ᠎ᠠ︾ ᠠᠴᠠ ᠬᠤᠯᠤᠭᠠᠨ᠎ᠠ ᠰᠢᠭ᠋ ᠮᠠᠭᠤᠬᠠᠢ ᠵᠢᠰᠦ ᠲᠠᠢ᠂ | ᠳᠠᠩᠳᠠ ᠰᠥᠨᠢ ᠬᠥᠳᠡᠯᠭᠡᠭᠡᠨ ᠬᠢᠳᠡᠭ ᠵᠠᠩ ᠲᠠᠢ ︽ᠰᠠᠷᠢᠰᠤᠨ ᠪᠠᠭᠪᠠᠭᠠᠢ ︵蝙蝠︶︾ ᠭᠡᠭᠴᠢ ᠠᠮᠢᠲᠠᠨ ᠤ | ᠮᠢᠬ᠎ᠠ ᠶᠢ ᠢᠳᠡᠭᠰᠡᠨ ᠠᠴᠠ ᠬᠠᠯᠳᠠᠪᠤᠷᠢᠯᠠᠵᠠᠢ ᠭᠡᠵᠦ ᠮᠠᠭᠠᠳᠯᠠᠵᠤ ᠪᠠᠶᠢᠨ᠎ᠠ᠃ ᠬᠤᠯᠤᠭᠠᠨ᠎ᠠ ᠭᠡᠭᠴᠢ ᠠᠮᠢᠲᠠᠨ ᠢ | ᠦᠵᠡᠪᠡᠯ ᠪᠢᠳᠡ ᠵᠢᠭᠰᠢᠨ ᠵᠢᠭᠵᠢᠭᠦᠦ ᠬᠦᠷᠬᠦ ᠶᠤᠮ᠂ ᠶᠠᠭᠠᠬᠢᠭᠠᠳ ᠲᠡᠳᠡ ᠪᠠᠷᠢᠵᠤ ᠠᠪᠤᠭᠠᠳ ᠢᠳᠡᠴᠢᠬᠡᠳᠡᠭ ᠢ ᠪᠦᠦ | ᠮᠡᠳᠡ︕ ᠡᠨᠡ ᠪᠣᠯ ᠬᠡᠨ ᠨᠢ ᠥᠯᠥᠨ ᠪᠠᠶᠢᠭᠰᠠᠨ ᠤ ᠬᠢ ᠪᠢᠰᠢ᠂ ᠬᠠᠷᠢᠨ ᠰᠣᠶᠣᠯ ᠤᠨ ᠵᠥᠷᠢᠶ᠎ᠡ ᠮᠥᠨ᠃ | ᠮᠣᠩᠭᠤᠯᠴᠤᠳ ᠤᠨ ᠲᠠᠪᠤᠨ ᠬᠤᠰᠢᠭᠤ ᠮᠠᠯ ᠢᠶᠠᠨ ᠲᠥᠬᠦᠭᠡᠷᠴᠦ ᠢᠳᠡᠬᠦ ᠪᠣᠯᠣᠨ ᠳᠣᠲᠣᠷ ᠭᠠᠵᠠᠷ ᠤᠨ | ᠬᠥᠮᠥᠰ ᠤᠨ ᠵᠡᠷᠯᠢᠭ ᠠᠮᠢᠲᠠᠨ ᠢ ᠪᠠᠷᠢᠵᠤ ᠢᠳᠡᠬᠦ ᠪᠣᠯ ᠮᠥᠨ ᠴᠢᠨᠠᠷ ᠤᠨ ᠢᠯᠭᠠᠭ᠎ᠠ ᠲᠠᠢ ᠪᠠᠶᠢᠳᠠᠭ᠃ ᠤᠴᠢᠷ ᠨᠢ᠂ | ᠮᠣᠩᠭᠤᠯᠴᠤᠳ ᠬᠡᠳᠦᠨ ᠮᠢᠩᠭᠠᠨ ᠵᠢᠯ ᠠᠴᠠ ᠨᠠᠭᠠᠰᠢ᠂ ᠨᠡᠭᠦᠳᠡᠯ ᠮᠠᠯᠵᠢᠯ ᠤᠨ ᠠᠵᠤ ᠠᠬᠤᠢ ᠡᠷᠬᠢᠯᠡᠨ᠂ | ᠭᠡᠷᠰᠢᠭᠦᠯᠦᠨ ᠲᠡᠵᠢᠭᠡᠭᠰᠡᠨ ᠲᠠᠪᠤᠨ ᠬᠤᠰᠢᠭᠤ ᠮᠠᠯ ᠢᠶᠠᠨ ᠲᠥᠯᠯᠡᠭᠦᠯᠵᠦ ᠦᠷᠡᠵᠢᠭᠦᠯᠬᠦ ᠠᠴᠠ ᠡᠬᠢᠯᠡᠭᠡᠳ᠂ | ᠳᠣᠳᠣᠮᠳᠠᠵᠤ ᠲᠡᠵᠢᠭᠡᠬᠦ᠂ ᠤᠰᠤᠯᠠᠵᠤ ᠠᠷᠠᠴᠢᠯᠠᠬᠤ᠂ ᠵᠤᠳ ᠭᠠᠮᠰᠢᠭ ᠠᠴᠠ ᠠᠪᠤᠷᠠᠬᠤ᠂ ᠵᠡᠷᠯᠢᠭ ᠠᠮᠢᠲᠠᠨ ᠠᠴᠠ | ᠬᠠᠮᠠᠭᠠᠯᠠᠬᠤ᠂ ᠡᠪᠡᠳᠴᠢᠨ ᠭᠡᠮ ᠠᠴᠠ ᠰᠡᠷᠭᠡᠶᠢᠯᠡᠨ ᠵᠠᠰᠠᠬᠤ … ᠶᠠᠭᠤ ᠪᠦᠬᠦᠨ ᠳᠤ ᠮᠠᠯᠴᠢᠨ ᠬᠥᠮᠥᠨ | ᠠᠰᠬᠠᠷᠠᠭᠰᠠᠨ ᠬᠥᠯᠥᠰᠦ ᠪᠠᠨ ᠤᠷᠤᠰᠬᠠᠵᠤ᠂ ᠠᠷᠢᠭᠤᠨ ᠬᠥᠳᠡᠯᠮᠦᠷᠢ ᠪᠠᠨ᠂ ᠵᠠᠷᠢᠮ ᠳᠤ ᠪᠠᠨ ᠮᠠᠯ ᠤᠨ ᠢᠶᠠᠨ | ᠲᠥᠯᠥᠭᠡ ᠠᠮᠢ ᠪᠠᠨ ᠠᠯᠳᠠᠭᠰᠠᠨ ᠤᠴᠢᠷ ᠴᠤ ᠣᠯᠠᠨ ᠭᠠᠷᠴᠤ ᠪᠠᠶᠢᠳᠠᠭ᠃ ᠡᠶᠢᠮᠦ ᠠᠴᠠ ᠮᠣᠩᠭᠤᠯᠴᠤᠳ ᠤᠨ | ᠲᠠᠪᠤᠨ ᠬᠤᠰᠢᠭᠤ ᠮᠠᠯ ᠢᠶᠠᠨ ᠲᠥᠬᠦᠭᠡᠷᠴᠦ ᠢᠳᠡᠬᠦ ᠨᠢ ᠦᠷ᠎ᠡ ᠲᠠᠷᠢᠶᠠᠯᠠᠩ ᠡᠷᠬᠢᠯᠡᠳᠡᠭ ᠳᠣᠲᠣᠷ ᠭᠠᠵᠠᠷ ᠤᠨ | ᠬᠥᠮᠥᠰ ᠤᠨ ᠦᠲᠦᠷᠮ᠎ᠡ ᠠᠪᠴᠤ᠂ ᠠᠮᠤ ᠪᠤᠳᠠᠭ᠎ᠠ ᠪᠠᠨ ᠴᠠᠶᠢᠯᠭᠠᠵᠤ ᠢᠳᠡᠬᠦ ᠲᠠᠢ ᠡᠭᠡᠭᠡ ᠠᠳᠠᠯᠢ ᠤᠴᠢᠷ ᠶᠤᠮ᠃ | ᠭᠡᠬᠦ ᠮᠥᠷᠲᠡᠭᠡᠨ ᠮᠣᠩᠭᠤᠯᠴᠤᠳ ᠮᠠᠯ ᠨᠢᠳᠤᠯᠬᠤ ᠳᠤ ᠠᠯᠢ ᠪᠣᠯᠬᠤ ᠪᠠᠷ ᠠᠮᠢᠲᠠᠨ ᠢ ᠲᠠᠮᠤᠯᠠᠵᠤ ᠵᠣᠪᠠᠭᠠᠬᠤ ᠦᠭᠡᠢ᠂ | ᠠᠯᠢ ᠲᠦᠷᠭᠡᠨ ᠢᠶᠠᠷ ᠠᠮᠢ ᠶᠢ ᠨᠢ ᠲᠠᠰᠤᠯᠬᠤ ᠶᠢ ᠬᠢᠴᠢᠶᠡᠳᠡᠭ ᠢ ᠠᠳᠡ ᠳᠡᠯᠭᠡᠷᠡᠭᠦᠯᠵᠦ ᠥᠯᠥ ᠥᠭᠦᠯᠡᠨ᠎ᠡ᠃ | ᠨᠡᠶᠢᠭᠡᠮ ᠢ ᠵᠠᠰᠠᠬᠤ ᠳᠤ ᠬᠠᠤᠯᠢ ᠴᠠᠭᠠᠵᠠ ᠳᠦᠷᠢᠮ ᠲᠣᠭᠲᠠᠭᠠᠯ ᠢ ᠲᠦᠰᠢᠭᠯᠡᠬᠦ ᠠᠴᠠ ᠭᠠᠳᠠᠨ᠎ᠠ᠂ ᠨᠡᠩ | ᠴᠢᠬᠤᠯᠠ ᠨᠢ ᠬᠥᠮᠥᠨ ᠤ ᠦᠵᠡᠯ ᠤᠬᠠᠮᠰᠠᠷ ᠢ ᠲᠦᠰᠢᠭᠯᠡᠳᠡᠭ᠂ ᠥᠨᠥᠳᠥᠷ ᠤᠨ ᠬᠢᠵᠢᠭ ᠡᠪᠡᠳᠴᠢᠨ ᠤ ᠣᠨᠴᠠᠭᠠᠢ | ᠴᠠᠭ ᠬᠤᠭᠤᠴᠠᠭᠠᠨ ᠳᠤ᠂ ᠨᠢᠭᠡ ᠲᠠᠯ᠎ᠠ ᠪᠠᠷ ᠪᠢᠳᠡ ᠨᠠᠮ ᠵᠠᠰᠠᠭ ᠤᠨ ᠵᠠᠬᠢᠶ᠎ᠠ ᠵᠢᠭᠠᠪᠤᠷᠢ ᠶᠢ ᠲᠠᠭᠠᠨ ︽ᠠᠮᠠᠪᠴᠢ | ᠵᠡᠭᠦᠨ᠂ ᠭᠠᠷ ᠢᠶᠠᠨ ᠢᠯᠡᠭᠦᠦ ᠤᠬᠢᠶᠠᠵᠤ᠂ ᠭᠡᠷ ᠲᠤ ᠪᠠᠨ ᠨᠢᠭᠤᠨ ᠰᠠᠭᠤᠵᠤ︾ ᠲᠤᠰᠠᠭᠠᠷᠯᠠᠬᠤ ᠵᠡᠷᠭᠡ ᠲᠣᠭᠲᠠᠭᠰᠠᠨ | ᠬᠤᠷᠢᠭ᠎ᠠ ᠴᠡᠭᠡᠷ ᠢ ᠨᠠᠶᠢᠳᠠᠪᠤᠷᠢᠵᠢᠭᠤᠯᠬᠤ ᠠᠴᠠ ᠭᠠᠳᠠᠨ᠎ᠠ᠂ ᠨᠥᠭᠦᠭᠡ ᠲᠠᠯ᠎ᠠ ᠪᠠᠷ᠂ ᠬᠡᠭᠡᠷ᠎ᠡ ᠶᠢᠨ ᠵᠡᠷᠯᠢᠭ ᠠᠮᠢᠲᠠᠨ ᠢ | ᠬᠠᠨᠢ ᠨᠥᠬᠦᠷ ᠢᠶᠠᠨ ᠰᠢᠭ ᠬᠠᠶᠢᠷᠠᠯᠠᠨ ᠬᠠᠮᠠᠭᠠᠯᠠᠵᠤ᠂ ᠠᠮᠢᠲᠠᠨ ᠭᠤᠣᠯᠲᠠᠨ ᠲᠠᠢ ᠬᠠᠮᠲᠤ ᠪᠠᠷ ᠨᠠᠪᠴᠢᠲᠤ ᠨᠣᠭᠤᠭᠠᠨ | ᠳᠡᠯᠡᠬᠡᠢ ᠳᠤ ᠪᠠᠨ ᠡᠶ᠎ᠡ ᠵᠣᠬᠢᠴᠠᠯ ᠲᠠᠢ ᠨᠠᠭᠠᠯᠳᠤᠨ ᠠᠮᠢᠳᠤᠷᠠᠵᠤ᠂ ᠣᠷᠣᠰᠢᠨ ᠲᠣᠭᠲᠠᠨᠢᠬᠤ ᠦᠵᠡᠯ ᠤᠬᠠᠮᠰᠠᠷ ᠢ ᠪᠣᠢ | ᠪᠣᠯᠭᠠᠬᠤ ᠬᠡᠷᠡᠭᠲᠡᠢ᠃ ᠡᠨᠡ ᠪᠣᠯ ᠰᠠᠶ᠋ᠢ ᠶᠢᠷᠲᠢᠨᠴᠦ ᠶᠢᠨ ᠬᠠᠮᠤᠭ ᠤᠨ ᠰᠡᠴᠡᠨ ᠮᠡᠷᠭᠡᠨ ᠳᠡᠭᠡᠳᠦ ᠳᠡᠰ ᠤᠨ ᠠᠮᠢᠲᠠᠨ | ᠨᠢ ᠬᠡᠮᠡᠭᠳᠡᠭᠰᠡᠨ ᠬᠥᠮᠥᠨ ᠲᠥᠷᠥᠯᠬᠢᠲᠡᠨ ᠤ ᠠᠭᠤᠤ ᠶᠡᠭᠡ᠂ ᠡᠶ᠎ᠡ ᠪᠣᠯᠪᠠᠰᠤᠨ ᠦᠢᠯᠡ ᠠᠵᠢᠯᠯᠠᠭ᠎ᠠ ᠪᠣᠯᠣᠨ᠎ᠠ᠃ ᠡᠰᠡ | ᠪᠣᠯ ᠰᠢᠨᠵᠢᠯᠡᠬᠦ ᠤᠬᠠᠭᠠᠨ ᠬᠡᠳᠦᠢ ᠬᠥᠭᠵᠢᠭᠰᠡᠨ ᠴᠤ᠂ ᠢᠷᠡᠭᠡᠳᠦᠢ ᠶᠢᠨ ᠠᠯᠢ ᠨᠢᠭᠡ ᠡᠳᠦᠷ᠂ ᠪᠢᠳᠡ ᠮᠥᠨ | ᠥᠨᠥᠳᠥᠷ ᠤᠨ ᠮᠡᠲᠦ ᠡᠬᠡ ᠪᠠᠶᠢᠭᠠᠯᠢ ᠠᠳᠤᠭᠤᠰᠤ ᠠᠮᠢᠲᠠᠨ ᠤ ︽ᠥᠰ ᠠᠪᠤᠯᠲᠠ︾ ᠳᠤ ᠠᠷᠭ᠎ᠠ ᠪᠠᠷᠠᠭᠳᠠᠨ ᠭᠠᠷ | ᠨᠤᠬᠤᠯᠠᠨ ᠭᠠᠴᠢᠭᠳᠠᠭᠰᠠᠨ ᠵᠦᠴᠦᠭᠡ ᠪᠠᠨ ᠳᠠᠬᠢᠨ ᠲᠣᠭᠯᠠᠵᠤ᠂ ︽ᠢᠳᠡᠭᠰᠡᠨ︾ ᠠᠴᠠ ᠡᠭᠦᠰᠦᠭᠰᠡᠨ ᠡᠪᠡᠳᠴᠢᠨ | ᠲᠠᠬᠤᠯ ᠤᠨ ᠡᠮᠦᠨ᠎ᠡ ᠳᠣᠷᠣᠢ ᠨᠣᠮᠣᠢ ᠥᠴᠥᠬᠡᠨ ᠳᠦᠷᠢ ᠪᠠᠨ ᠳᠠᠪᠲᠠᠨ ᠢᠯᠡᠷᠡᠭᠦᠯᠬᠦ ᠪᠣᠯᠣᠨ᠎ᠠ᠃ | | ᠶᠡᠷᠦᠩᠬᠡᠶᠢᠯᠡᠵᠦ ᠬᠡᠯᠡᠪᠡᠯ᠂ ᠡᠶᠢᠮᠦ ᠶᠡᠭᠡ ᠬᠠᠯᠳᠠᠪᠤᠷᠢᠲᠤ ᠡᠪᠡᠳᠴᠢᠨ ᠳᠡᠯᠭᠡᠷᠡᠨ᠂ ᠦᠬᠦᠯ ᠮᠥᠬᠦᠯ ᠤᠨ ᠠᠶᠤᠯ | ᠡᠭᠦᠰᠬᠡᠵᠦ᠂ ᠳᠡᠯᠡᠬᠡᠢ ᠨᠡᠶᠢᠲᠡ ᠶᠢᠨ ᠭᠡᠯᠮᠡᠭᠳᠡᠯ ᠰᠣᠴᠢᠯ ᠢ ᠪᠣᠢ ᠪᠣᠯᠭᠠᠭᠰᠠᠨ ᠤ ᠦᠨᠳᠦᠰᠦ ᠰᠢᠯᠲᠠᠭᠠᠨ ᠨᠢ ᠪᠦᠷ | ᠬᠡᠭᠡᠷ᠎ᠡ ᠶᠢᠨ ᠠᠮᠢᠲᠠᠨ ᠪᠢᠳᠡᠨ ᠢ ᠬᠤᠣᠷᠯᠠᠭᠰᠠᠨ ᠪᠢᠰᠢ᠂ ᠬᠠᠷᠢᠨ ᠪᠢᠳᠡ ᠡᠬᠡ ᠪᠠᠶᠢᠭᠠᠯᠢ ᠶᠢᠨ ᠵᠡᠷᠯᠢᠭ ᠠᠮᠢᠲᠠᠨ ᠤ | ᠮᠢᠬ᠎ᠠ ᠶᠢ ︽ᠢᠳᠡᠭᠰᠡᠨ︾ ᠠᠴᠠ ᠰᠢᠳᠬᠡᠭᠳᠡᠵᠦ ᠪᠠᠶᠢᠨ᠎ᠠ᠃ ᠡᠨᠡ ᠪᠣᠯ ᠡᠬᠡ ᠪᠠᠶᠢᠭᠠᠯᠢ ᠠᠮᠢᠲᠠᠨ ᠭᠤᠣᠯᠲᠠᠨ ᠠᠴᠠ | ᠮᠠᠨ ᠳᠤ ᠥᠭᠭᠦᠭᠰᠡᠨ ᠰᠡᠷᠡᠮᠵᠢ ᠶᠢᠨ ᠬᠤᠩᠬᠤ ᠮᠥᠨ ᠰᠢᠦ᠂ ᠭᠡᠬᠦ ᠮᠥᠷᠲᠡᠭᠡᠨ᠂ ᠡᠬᠡ ᠪᠠᠶᠢᠭᠠᠯᠢ ᠶᠢᠨ ᠬᠠᠷᠢᠭᠤ ᠥᠰ | ᠠᠪᠤᠭᠰᠠᠨ ᠮᠡᠲᠦ ᠬᠠᠶᠢᠷ᠎ᠠ ᠨᠠᠶᠢᠷ ᠦᠭᠡᠢ ᠭᠡᠳᠡᠷᠭᠦ ᠰᠢᠳᠬᠡᠯ ᠳᠤ ᠤᠴᠠᠷᠠᠭᠰᠠᠨ ᠨᠢ ᠵᠥᠪᠬᠡᠨ ︽ᠠᠭᠤᠰᠬᠢᠨ | ᠦᠷᠪᠢᠰᠦᠯ︾ ᠢᠶᠠᠷ ᠯᠠ ᠵᠣᠭᠰᠣᠭᠰᠠᠨ ᠪᠢᠰᠢ ᠠᠵᠢ︕ ᠬᠥᠮᠥᠰ ᠡ᠂ ᠬᠡᠭᠡᠷ᠎ᠡ ᠭᠠᠳᠠᠨ᠎ᠠ ᠡᠷᠬᠡ ᠴᠢᠯᠦᠭᠡ ᠲᠠᠢ | ᠠᠮᠢᠳᠤᠷᠠᠵᠤ᠂ ᠬᠡᠨ ᠠᠯᠢᠨ ᠳᠤ ᠴᠤ ᠬᠤᠣᠷ ᠭᠡᠮ ᠦᠭᠡᠢ ᠠᠮᠢᠲᠠᠨ ᠭᠤᠣᠯᠲᠠᠨ ᠢ ᠪᠦᠦ ᠠᠯᠠᠵᠤ ᠤᠰᠠᠳᠬᠠᠭᠠᠳ᠂ | ᠤᠯᠠᠭᠠᠨ ᠬᠤᠭᠤᠯᠠᠢ ᠤᠷᠤᠭᠤ ᠪᠠᠨ ᠭᠤᠳᠤᠷᠠᠭᠤᠯᠤᠨ ᠣᠷᠣᠭᠤᠯᠤᠭᠠᠳ ᠪᠠᠶᠢᠶ᠎ᠠ᠂ ᠡᠰᠡᠪᠡᠯ ᠬᠢᠯᠢᠨᠴᠡ ᠨᠢᠭᠦᠯ ᠪᠣᠯᠣᠨ᠎ᠠ | ᠂ ᠬᠢᠯᠢᠨᠴᠡ ᠨᠢᠭᠦᠯ ᠭᠡᠵᠦ ᠠᠯᠢ ᠨᠢᠭᠡ ᠡᠳᠦᠷ ᠪᠤᠴᠠᠭᠠᠳ ᠮᠠᠨ ᠢ ᠡᠷᠢᠵᠦ ᠢᠷᠡᠨ ︽ᠠᠪᠴᠠᠭ᠎ᠠ︾ ᠪᠠᠨ ᠠᠪᠤᠨ᠎ᠠ ᠰᠢᠦ | ᠃ ︽ᠡᠨᠡ ᠤᠳᠠᠭᠠᠨ ᠤ ᠬᠢᠵᠢᠭ ᠡᠪᠡᠳᠴᠢᠨ ᠬᠥᠮᠥᠨ ᠲᠥᠷᠥᠯᠬᠢᠲᠡᠨ ᠳᠤ ᠨᠠᠶᠢᠷ ᠲᠠᠯᠪᠢᠪᠠᠯ᠂ ᠬᠥᠮᠥᠨ | ᠲᠥᠷᠥᠯᠬᠢᠲᠡᠨ ᠪᠠᠰᠠ ᠳᠠᠷᠠᠭᠠᠴᠢ ᠪᠠᠷ ᠵᠡᠷᠯᠢᠭ ᠠᠮᠢᠲᠠᠨ ᠳᠤ ᠨᠠᠶᠢᠷ ᠲᠠᠯᠪᠢᠭᠠᠴᠢ︾ ᠬᠡᠮᠡᠨ ᠪᠤᠰᠤᠳ ᠤᠨ | ᠤᠷᠢᠶᠠᠯᠠᠭᠰᠠᠨ ᠢ ᠠᠳᠡ ᠳᠠᠪᠲᠠᠨ ᠤᠷᠢᠶᠠᠯᠠᠶ᠎ᠠ︕ | | | ᠪᠡᠯᠡᠳᠬᠡᠭᠰᠡᠨ ᠨᠢ᠄ ᠡᠷᠳᠡᠨᠢᠬᠦᠦ | ᠨᠠᠶᠢᠷᠠᠭᠤᠯᠤᠭᠰᠠᠨ ᠨᠢ᠄ ᠨᠠᠮᠤᠷ | ᠬᠢᠨᠠᠭᠰᠠᠨ ᠨᠢ᠄ ᠤᠷᠢᠬᠠᠨ |