ᠬᠠᠯᠳᠠᠪᠦᠷᠢᠳᠦ ᠬᠢᠵᠢᠭ ᠢ ᠰᠠᠷᠭᠡᠶᠢᠯᠡᠶ᠎ᠡ              — ᠪᠤᠷᠵᠢᠭᠢᠨ ᠰᠠᠶᠢᠠᠪ᠊
ᠨᠡᠶᠢᠲᠡᠯᠡᠭᠰᠡᠨ ᠴᠠᠭ᠄
2020-02-24
   ᠰᠠᠷ᠎ᠠ ᠰᠢᠨ᠎ᠠ ᠶᠢᠨ ᠵᠤᠯᠭᠠᠯᠳᠠ ᠶᠢ    ᠰᠠᠭᠠᠳᠠᠭᠤᠯᠵᠤ ᠪᠠᠭ᠋ᠠᠨ ᠠᠯᠭᠤᠷᠯᠠᠶ᠎ᠠ    ᠰᠠᠮᠠᠭᠤᠷᠠᠵᠤ ᠲᠡᠯᠭᠡᠷᠡᠭᠰᠡᠨ ᠬᠢᠵᠢᠭ ᠢ    ᠰᠡᠷᠬᠡᠶᠢᠯᠡᠵᠦ ᠤᠷᠢᠳᠡᠪᠠᠷ ᠬᠤᠷᠢᠭᠯᠠᠶ᠎ᠠ    ᠬᠤᠷᠢᠮ ᠨᠠᠢᠷ ᠴᠤᠭᠯᠠᠭᠠᠨ ᠢ    ᠬᠢᠬᠦ ᠪᠠᠨ ᠲᠦᠷ ᠬᠤᠶᠢᠰᠢᠯᠠᠶ᠎ᠠ    ᠬᠦᠨᠦᠭᠡᠯ ᠶᠡᠬᠡᠳᠡᠢ ᠸᠢᠷᠦ᠋ᠰ ᠢ    ᠬᠤᠷᠳᠤᠨ ᠲᠠᠷᠤᠩᠭᠤᠢᠯᠠᠵᠤ ᠠᠷᠢᠯᠭᠠᠶ᠎ᠠ    ᠭᠠᠳᠠᠭᠰᠢ ᠲᠤᠳᠤᠭᠰᠢ ᠵᠤᠷᠴᠢᠬᠤ ᠦᠭᠡᠢ    ᠺᠤᠷᠤᠨᠠ ᠬᠢᠵᠢᠭ ᠢ ᠪᠢᠳᠡᠭᠦᠮᠵᠢᠯᠡᠶ᠎ᠡ    ᠭᠠᠪᠰᠢᠭᠠᠢ ᠲᠦᠷᠭᠡᠨ ᠬᠦᠳᠡᠯᠦᠯᠴᠡᠭᠡᠳ    ᠭᠠᠮᠰᠢᠭᠳᠤ ᠸᠢᠷᠦ᠋ᠰ ᠢ ᠤᠰᠠᠳᠬᠠᠶ᠎ᠠ    ᠡᠷᠡᠭᠦᠯ ᠬᠠᠮᠠᠭᠠᠯᠠᠯ ᠢ ᠡᠷᠬᠢᠮᠯᠡᠵᠦ    ᠦᠷᠭᠦᠯᠵᠢ ᠠᠷᠢᠭᠤᠳᠬᠠᠬᠤ ᠶᠢ ᠪᠠᠷᠢᠮᠳᠠᠯᠠᠶ᠎ᠠ    ᠠᠮᠠᠨ ᠵᠡᠭᠦᠪᠴᠢ ᠶᠢ ᠵᠡᠬᠦᠵᠦ    ᠡᠷᠬᠡᠪᠰᠢ ᠰᠠᠶᠢᠳᠤᠷ ᠰᠡᠷᠬᠡᠶᠢᠯᠡᠶ᠎ᠠ    ᠬᠠᠯᠳᠠᠪᠤᠷᠢ ᠪᠦᠬᠦᠨ ᠤ ᠭᠤᠯᠤᠮᠳᠠ ᠶᠢ    ᠬᠠᠭᠠᠭᠠᠵᠤ ᠪᠢᠳᠡᠭᠦᠮᠵᠢᠯᠡᠵᠦ ᠡᠵᠡᠮᠳᠡᠶ᠎ᠠ    ᠬᠤᠪᠧᠢ ᠮᠤᠵᠢ ᠶᠢᠨ ᠬᠢᠵᠢᠭ ᠢ    ᠬᠤᠭ ᠦᠭᠡᠢ ᠴᠡᠪᠡᠷᠯᠡᠨ ᠲᠠᠷᠤᠩᠭᠤᠢᠯᠠᠶ᠎ᠠ    ᠡᠮ ᠡᠮᠨᠡᠯᠭᠡ ᠶᠢᠨ ᠮᠡᠷᠭᠡᠵᠢᠯ    ᠡᠮᠬᠡᠭ ᠬᠢᠵᠢᠭ ᠢ ᠠᠷᠢᠯᠭᠠᠬᠤ ᠶᠤᠮ    ᠦᠬᠠᠨ ᠬᠤᠳᠠ ᠶᠢᠨ ᠬᠢᠵᠢᠭ     ᠦᠳᠳᠡᠷ ᠲᠦᠷᠭᠡᠨ ᠤᠰᠠᠳᠬᠤ ᠶᠤᠮ    ᠵᠠᠰᠠᠭ ᠲᠦᠷᠦ ᠶᠢᠨ ᠪᠤᠳᠤᠯᠭ᠎ᠠ    ᠵᠠᠩᠭᠢᠯᠭ᠎ᠠ ᠶᠢᠨ ᠴᠠᠭ ᠵᠡᠪᠰᠡᠭ ᠶᠤᠮ    ᠵᠦᠪ ᠤᠨᠤᠪᠴᠢᠳᠠᠢ ᠵᠢᠯᠤᠭᠤᠳᠤᠯᠭ᠎ᠠ ᠪᠠᠷ    ᠵᠡᠷᠯᠢᠭ ᠬᠢᠵᠢᠭ ᠢ ᠲᠠᠷᠤᠩᠭᠤᠢᠢᠯᠠᠬᠤ ᠶᠤᠮ    ᠬᠦᠨᠦᠬᠡᠯᠳᠦ ᠬᠢᠵᠢᠭ ᠢ ᠰᠡᠷᠭᠡᠶᠢᠯᠡᠬᠦ ᠨᠢ    ᠬᠦᠮᠦᠨ ᠪᠦᠬᠦᠨ ᠤ ᠬᠠᠷᠢᠭᠤᠴᠠᠯᠭ᠎ᠠ ᠶᠤᠮ    ᠬᠦᠴᠦ ᠪᠠᠨ ᠬᠠᠮᠳᠤᠳᠬᠠᠨ ᠲᠡᠮᠡᠴᠡᠬᠦ ᠨᠢ    ᠬᠦᠴᠢᠷ ᠢ ᠲᠤᠭᠤᠯᠬᠤ ᠵᠠᠩᠭᠢᠯᠭ᠎ᠠ ᠶᠤᠮ    ᠡᠮᠦᠨ᠎ᠠ ᠹᠷᠦᠨᠲ ᠳᠤ ᠭᠠᠪᠰᠢᠭᠠᠢᠯᠠᠬᠤ    ᠡᠮᠴᠢ ᠰᠤᠪᠢᠯᠠᠭᠴᠢ ᠮᠢᠨᠢ ᠬᠠᠶᠢᠷᠠᠯᠠᠯᠳᠠᠢ ᠶᠤᠮ    ᠡᠪᠡᠳᠴᠢᠨ ᠵᠤᠪᠠᠯᠠᠩ ᠠᠴᠠ ᠠᠪᠤᠷᠠᠬᠤ    ᠦᠢᠯᠡᠰ ᠵᠢᠳᠭᠦᠯ ᠨᠢ ᠬᠦᠨᠳᠦᠳᠭᠡᠯ ᠲᠠᠢ ᠶᠤᠮ    ᠬᠠᠮᠤᠭ ᠵᠤᠪᠠᠯᠠᠩ ᠲᠠᠢ ᠦᠶ᠎ᠠ ᠳᠤ    ᠬᠠᠯᠠᠮᠵᠢ ᠲᠤᠰᠠ ᠶᠢ ᠬᠦᠷᠳᠡᠭᠡᠳᠡᠭ ᠶᠤᠮ    ᠬᠠᠯᠠᠭᠤᠨ ᠭᠠᠷ ᠢᠶᠠᠨ ᠰᠤᠩᠭᠠᠭᠠᠳ    ᠬᠦᠮᠦᠡᠯᠢᠭ ᠬᠠᠶᠢᠷ᠎ᠠ ᠶᠢ ᠢᠯᠡᠷᠡᠭᠦᠯᠳᠡᠭ ᠶᠤᠮ    ᠤᠷᠰᠢᠭ ᠶᠡᠭᠡ ᠲᠠᠢ ᠭᠢᠵᠢᠭ ᠨᠢ    ᠤᠳᠠᠯ ᠦᠭᠡᠢ ᠯᠠᠪ ᠠᠷᠢᠯᠬᠤ ᠶᠤᠮ    ᠤᠯᠤᠰ ᠲᠦᠮᠡᠨ ᠮᠢᠨᠢ ᠠᠮᠤᠭᠤᠯᠠᠩ    ᠤᠷᠤᠭᠰᠢᠯᠠᠬᠤ ᠢᠷᠡᠭᠡᠳᠦᠢ ᠰᠠᠷᠠᠭᠤᠯᠵᠢᠬᠤ ᠶᠤᠮᠪᠡᠯᠡᠳᠬᠡᠭᠰᠡᠨ ᠨᠢ᠄ ᠡᠷᠳᠡᠨᠢᠬᠦᠦᠨᠠᠶᠢᠷᠠᠭᠤᠯᠤᠭᠰᠠᠨ ᠨᠢ᠄ ᠨᠠᠮᠤᠷᠬᠢᠨᠠᠭᠰᠠᠨ ᠨᠢ᠄ ᠤᠷᠢᠬᠠᠨ
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号