ᠬᠢᠵᠢᠭ ᠲᠠᠢ ᠲᠠᠶᠢᠨ ᠵᠠᠷᠯᠠᠶ᠎ᠠ               
ᠨᠡᠶᠢᠲᠡᠯᠡᠭᠰᠡᠨ ᠴᠠᠭ᠄
2020-02-24
   ᠠᠮᠠ ᠴᠠᠭᠠᠨ ᠬᠤᠯᠤᠭᠠᠨ᠎ᠠ ᠵᠢᠯ     ᠠᠭᠤᠰᠭᠢᠨ ᠬᠠᠯᠳᠠᠪᠤᠷᠢᠳᠤ ᠡᠪᠡᠳᠴᠢᠨ ᠭᠠᠷᠤᠯ᠎ᠠ    ᠠᠶᠤᠯᠳᠣ ᠬᠠᠷ᠎ᠠ ᠬᠢᠵᠢᠭ ᠡᠪᠡᠳᠴᠢᠨ    ᠠᠯᠤᠰ ᠦᠬᠠᠨ ᠠᠴᠠ ᠡᠭᠦᠰᠦᠯ᠎ᠡ ᠭᠡᠨ᠎ᠡ    ᠰᠢᠨᠡᠯᠡᠵᠦ ᠴᠠᠭᠠᠯᠠᠵᠦ ᠲᠡᠪᠵᠢᠶᠡᠷᠡᠬᠦ ᠦᠭᠡᠢ    ᠰᠢᠷᠡᠭᠡ ᠵᠠᠰᠠᠵᠤ ᠨᠠᠢᠷᠯᠠᠬᠤ ᠦᠭᠡᠢ    ᠬᠤᠳᠠ ᠤᠰᠤ ᠪᠠᠷ ᠲᠤᠭᠤᠷᠢᠬᠤ ᠦᠭᠡᠢ    ᠬᠤᠯᠠ ᠤᠢᠷ᠎ᠠ ᠪᠠᠨ ᠡᠷᠭᠢᠬᠦ ᠦᠭᠡᠢ    ᠭᠡᠷ ᠲᠡᠭᠡᠨ ᠤᠷᠤᠪᠠᠯ ᠭᠠᠷ ᠢᠶᠠᠨ ᠤᠭᠢᠶᠠᠵᠤ    ᠭᠠᠢ ᠲᠠᠢ ᠡᠪᠡᠳᠴᠢᠨ ᠠᠴᠠ ᠰᠡᠷᠭᠡᠢᠯᠡᠶ᠎ᠡ    ᠭᠠᠳᠠᠨ᠎ᠠ ᠭᠠᠷᠪᠠᠯ ᠠᠮᠠᠪᠴᠢ ᠵᠡᠭᠦᠵᠦ    ᠬᠢᠵᠢᠭ ᠬᠠᠯᠳᠠᠪᠤᠷᠢᠯᠠᠬᠤ ᠠᠴᠠ ᠪᠤᠯᠭᠤᠮᠵᠢᠯᠠᠶ᠎ᠠ    ᠡᠪᠡᠳᠴᠢᠨ ᠲᠠᠬᠤᠯ ᠦᠭᠡᠢ ᠡᠷᠡᠭᠦᠯ ᠪᠤᠯ    ᠡᠳᠦᠷ ᠡᠳᠦᠷ ᠰᠢᠨ᠎ᠡ ᠶᠢᠨ ᠨᠢᠭᠡᠨ    ᠦᠢᠯᠡ ᠲᠠᠮᠤ ᠶᠢᠨ ᠡᠪᠡᠳᠴᠢᠨ ᠤᠷᠢᠶᠠᠪᠠᠯ    ᠡᠳᠦᠷ ᠢᠶᠠᠷ ᠬᠠᠷᠠᠩᠭᠤᠢ ᠵᠤᠪᠠᠯᠠᠩ ᠲᠡᠷᠡ ᠰᠢᠤ    ᠦᠪᠡᠷ ᠦᠪᠡᠷ ᠤᠨ ᠪᠡᠶ᠎ᠡ ᠠᠴᠠ ᠪᠠᠨ ᠡᠬᠢᠯᠡᠵᠦ    ᠸᠢᠷᠦ᠋ᠰ ᠬᠢᠵᠢᠭ ᠲᠠᠢ ᠲᠠᠢᠨ ᠵᠠᠷᠯᠠᠶ᠎ᠠ    ᠡᠮᠦᠨ᠎ᠡ ᠹᠷᠤᠨ᠋ᠲ ᠳᠤ ᠲᠡᠮᠡᠴᠡᠵᠦ ᠪᠠᠢᠭ᠎ᠠ    ᠡᠮᠴᠢ ᠰᠤᠪᠢᠯᠠᠭᠴᠢᠳ ᠲᠠᠭᠠᠨ ᠵᠤᠷᠢᠭ ᠨᠡᠮᠡᠶ᠎ᠡ    ᠨᠠᠮ ᠵᠠᠰᠠᠭ ᠤᠨ ᠢᠶᠠᠨ ᠵᠠᠬᠢᠶ᠎ᠠ ᠶᠤᠰᠤ ᠶᠢ    ᠨᠠᠢᠳᠡ ᠤᠯᠠᠨ ᠢᠶᠠᠷ ᠢᠶᠠᠨ ᠪᠠᠷᠢᠮᠳᠠᠯᠠᠨ ᠲᠡᠮᠡᠴᠡᠶ᠎ᠡ    ᠨᠢᠭᠦᠯᠳᠦ ᠬᠢᠵᠢᠭ ᠢ ᠱᠦᠭᠦᠷᠳᠡᠨ ᠠᠷᠢᠯᠭᠠᠬᠤ ᠪᠠᠷ    ᠨᠡᠢᠭᠡᠮ ᠲᠠᠶᠠᠭᠠᠷ ᠢᠶᠠᠨ ᠴᠢᠷᠮᠠᠢᠨ ᠪᠡᠶᠡᠯᠡᠭᠦᠯᠦᠶ᠎ᠡ    ᠡᠷᠡᠭᠦᠯ ᠮᠡᠨᠳᠦ ᠶᠢᠨ ᠲᠦᠯᠦᠭᠡ ᠡᠷᠡᠯᠬᠡᠭᠯᠡᠵᠦ ᠪᠠᠢᠭ᠎ᠠ    ᠡᠩᠬᠡ ᠲᠠᠢᠪᠤᠩ ᠤᠨ ︽ᠲᠠᠭᠳᠠᠭ᠎ᠠ︾ ᠡᠷᠡᠯᠬᠡᠭ    ᠬᠠᠯᠳᠠᠪᠤᠷᠢᠳᠤ ᠬᠢᠵᠢᠭ ᠲᠠᠢ ᠪᠠᠢᠯᠳᠤᠵᠤ ᠪᠠᠢᠭ᠎ᠠ    ᠬᠠᠮᠤᠭ ᠪᠠᠢᠯᠳᠤᠭᠴᠢᠳ ︽ᠠᠮᠠᠪᠴᠢ︾ ᠪᠠᠬᠢᠯᠡᠯᠳᠡ    ᠠᠶᠤᠯ ᠤᠨ ᠬᠢᠵᠢᠭ ᠢ ᠠᠷᠢᠯᠭᠠᠭᠠᠳ    ᠠᠯᠳᠠᠷ ᠢᠶᠠᠨ ᠡᠷᠭᠦᠵᠦ ᠠᠮᠤᠭᠤᠯᠠᠩ ᠢᠷᠡᠭᠡᠰᠡᠢ ᠁ᠪᠡᠯᠡᠳᠬᠡᠭᠰᠡᠨ ᠨᠢ᠄ ᠡᠷᠳᠡᠨᠢᠬᠦᠦᠨᠠᠶᠢᠷᠠᠭᠤᠯᠤᠭᠰᠠᠨ ᠨᠢ᠄ ᠨᠠᠮᠤᠷᠬᠢᠨᠠᠭᠰᠠᠨ ᠨᠢ᠄ ᠤᠷᠢᠬᠠᠨ
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号