ᠨᠢᠭᠡᠳᠦᠭᠡᠷ ᠪᠦᠯᠦᠭ | ᠨᠢᠭᠡᠨ ᠡᠳᠦᠷ ᠲᠣᠬᠤᠯᠭ᠎ᠠ ᠲᠡᠮᠦᠷ ᠬᠠᠭᠠᠨ ᠶᠠᠭ ᠰᠠᠶᠢᠬᠠᠨ ᠭᠠᠭ᠋ᠠᠢ ᠶᠢᠨ ᠮᠢᠬ᠎ᠠ ᠪᠠᠷ ᠠᠩ ᠤᠨ ᠨᠣᠬᠠᠢ ᠪᠠᠨ | ᠲᠡᠵᠢᠭᠡᠵᠦ ᠪᠠᠶᠢᠳᠠᠯ᠎ᠠ᠂ ᠰᠢᠳᠠᠷ ᠬᠦᠮᠦᠰ ᠨᠢ ᠲᠡᠭᠦᠨ ᠤ ᠵᠢᠭᠠᠪᠣᠷᠢ ᠶᠣᠰᠣᠭᠠᠷ ᠱᠠᠾ · ᠵᠠᠮᠠᠷ — ᠠᠳ᠋ᠳᠢᠨ ᠢ ᠲᠡᠭᠦᠨ | ᠳᠤ ᠠᠭᠤᠯᠵᠠᠭᠤᠯᠬᠤ ᠪᠠᠷ ᠲᠠᠭᠠᠭᠤᠯᠣᠨ ᠢᠷᠡᠪᠡ᠃ ᠬᠠᠭᠠᠨ ᠱᠠᠾ ᠠᠴᠠ ᠠᠰᠠᠭᠤᠭᠰᠠᠨ ᠨᠢ᠄ ︽ᠴᠢ ᠡᠨᠡ ᠨᠣᠬᠠᠢ | ᠠᠴᠠ ᠲᠡᠭᠡᠷ᠎ᠡ ᠶᠣᠮ ᠦᠦ︖ ᠡᠨᠡ ᠨᠣᠬᠠᠢ ᠴᠢᠮ᠎ᠠ ᠠᠴᠠ ᠲᠡᠭᠡᠷ᠎ᠡ ᠶᠣᠮ ᠦᠦ︖︾ ᠭᠡᠵᠡᠢ᠃ ᠱᠠᠾ | ᠬᠠᠷᠢᠭᠤᠯᠣᠭᠰᠠᠨ ᠨᠢ᠄ ︽ᠬᠡᠷᠪᠡ ᠪᠢ ᠠᠯᠯᠠᠾ ᠰᠢᠳᠦᠳᠡᠭ ᠶᠣᠮ ᠪᠣᠯ ᠬᠡᠯᠡᠯᠬᠡᠨ ᠦᠭᠡᠢ ᠪᠢ ᠲᠡᠭᠡᠷ᠎ᠡ ᠪᠠᠶᠢᠬᠤ | ᠶᠣᠰᠣᠳᠠᠢ᠃ ᠬᠡᠷᠪᠡ ᠪᠢ ᠠᠯᠯᠠᠾ ᠰᠢᠳᠦᠬᠦ ᠦᠭᠡᠢ ᠪᠣᠯ ᠡᠨᠡ ᠨᠣᠬᠠᠢ ᠨᠡᠳᠡ ᠠᠴᠠ ᠲᠡᠭᠡᠷ᠎ᠡ ᠪᠠᠶᠢᠬᠤ ᠪᠣᠯᠣᠨ᠎ᠠ︾ | ᠭᠡᠵᠡᠢ᠃ ᠬᠠᠭᠠᠨ ᠡᠨᠡᠬᠦ ᠦᠭᠡᠨ ᠳᠤ ᠲᠣᠩ ᠶᠡᠬᠡᠪᠡᠷ ᠰᠡᠳᠬᠢᠯ ᠬᠦᠳᠡᠯᠵᠡᠢ᠃ ᠲᠡᠭᠡᠭᠡᠳ ᠰᠡᠳᠬᠢᠯ ᠤᠨ ᠬᠦᠨ ᠳᠡᠭᠡᠨ | ᠢᠰᠯᠠᠮ ᠱᠠᠰᠢᠨ ᠳᠤ ᠰᠦᠰᠦᠭᠯᠡᠬᠦ ᠪᠣᠯᠣᠭᠰᠠᠨ ᠠᠵᠠᠢ᠃ ᠲᠣᠬᠤᠯᠭ᠎ᠠ ᠲᠡᠮᠦᠷ ᠬᠠᠭᠠᠨ ᠪᠣᠯ ᠡᠰᠡᠨ ᠪᠣᠬ᠎ᠠ ᠬᠠᠭᠠᠨ ᠤ | ᠬᠦᠪᠡᠭᠦᠨ ᠶᠣᠮ᠃ ᠡᠰᠡᠨ ᠪᠣᠬ᠎ᠠ ᠬᠠᠭᠠᠨ ᠪᠣᠯ ᠳ᠋ᠦᠸ᠎ᠠ ᠬᠠᠭᠠᠨ ᠤ ᠬᠦᠪᠡᠭᠦᠨ ᠮᠦᠨ᠃ ᠳ᠋ᠦᠸ᠎ᠠ ᠬᠠᠭᠠᠨ ᠪᠣᠯ ᠪᠠᠷᠠᠭ | ᠬᠠᠭᠠᠨ ᠤ ᠬᠦᠪᠡᠭᠦᠨ ᠪᠣᠯᠣᠨ᠎ᠠ᠃ ᠪᠠᠷᠠᠭ ᠬᠠᠭᠠᠨ ᠪᠣᠯ ᠬᠠᠷ᠎ᠠ ᠶᠢᠰᠦᠨ① ᠤ ᠬᠦᠪᠡᠭᠦᠨ ᠪᠣᠯᠣᠨ᠎ᠠ᠃ ᠬᠠᠠ ᠶᠢᠰᠦᠨ | ᠪᠣᠯ ᠮᠣᠬᠠᠳᠣᠭᠠᠨ ᠤ ᠬᠦᠪᠡᠭᠦᠨ ᠪᠣᠯᠣᠨ᠎ᠠ᠃ ᠮᠣᠬᠠᠳᠣᠭᠠᠨ ᠪᠣᠯ ᠴᠠᠭᠠᠳᠠᠢ ᠬᠠᠭᠠᠨ ᠤ ᠬᠦᠪᠡᠭᠦᠨ ᠮᠦᠨ᠃ ᠴᠠᠭᠠᠳᠠᠢ | ᠬᠠᠭᠠᠨ ᠪᠣᠯ ᠴᠢᠩᠬᠢᠰ ᠬᠠᠭᠠᠨ ᠤ ᠬᠦᠪᠡᠭᠦᠨ ᠪᠣᠯᠣᠨ᠎ᠠ᠃ ᠴᠢᠩᠬᠢᠰ ᠬᠠᠭᠠᠨ ᠪᠣᠯ ᠶᠢᠰᠦᠬᠡᠢ ᠪᠠᠭᠠᠳᠣᠷ ᠤᠨ ᠬᠦᠪᠡᠭᠦᠨ | ᠪᠣᠯᠣᠨ᠎ᠠ᠃ ᠶᠢᠰᠦᠭᠡᠢ ᠪᠠᠭᠠᠳᠣᠷ ᠪᠣᠯ ᠪᠠᠷᠳᠠᠨ ᠪᠠᠭᠠᠳᠣᠷ ᠤᠨ ᠬᠦᠪᠡᠭᠦᠨ ᠮᠦᠨ᠃ ᠪᠠᠷᠳᠠᠨ ᠪᠠᠭᠠᠳᠣᠷ ᠪᠣᠯ ᠬᠠᠪᠣᠯ | ᠬᠠᠭᠠᠨ ᠤ ᠬᠦᠪᠡᠭᠦᠨ ᠮᠦᠨ᠃ ᠬᠠᠪᠣᠯ ᠬᠠᠭᠠᠨ ᠪᠣᠯ ᠲᠣᠮᠪᠢᠨᠠᠢ ᠶᠢᠨ ᠬᠦᠪᠡᠭᠦᠨ ᠪᠣᠯᠣᠨ᠎ᠠ᠃ ᠲᠣᠮᠪᠢᠨᠠᠢ ᠪᠣᠯ | ᠪᠠᠶᠢᠰᠢᠩᠬᠤᠷ ᠤᠨ ᠬᠦᠪᠡᠭᠦᠨ ᠮᠦᠨ᠃ ᠪᠠᠶᠢᠰᠢᠩᠬᠤᠷ ᠪᠣᠯ ᠬᠠᠶᠢᠳᠣ ᠶᠢᠨ ᠬᠦᠪᠡᠭᠦᠨ ᠪᠣᠯᠣᠨ᠎ᠠ᠃ ᠬᠠᠶᠢᠳᠣ ᠪᠣᠯ | ᠮᠠᠨᠠᠨ ᠲᠣᠲᠣᠨ ᠤ ᠬᠦᠪᠡᠭᠦᠨ ᠪᠣᠯᠣᠨ᠎ᠠ᠃ ᠮᠠᠨᠠᠨ ᠲᠣᠲᠣᠨ ᠪᠣᠯ ᠪᠣᠬ᠎ᠠ ᠶᠢᠨ ᠬᠦᠪᠡᠭᠦᠨ ᠪᠣᠯᠣᠨ᠎ᠠ᠃ ᠪᠣᠬ᠎ᠠ ᠪᠣᠯ | ᠪᠣᠳᠣᠨᠴᠠᠷ ᠤᠨ ᠬᠦᠪᠡᠭᠦᠨ ᠶᠣᠮ᠃ ᠪᠣᠳᠣᠨᠴᠠᠷ ᠪᠣᠯ ᠠᠯᠠᠨ ᠬᠤᠸᠠ ᠬᠤᠷᠯᠦᠺ ︵ᠬᠤᠷᠯᠦᠺ ᠭᠡᠳᠡᠭ ᠨᠢ ᠠᠷᠢᠭᠤᠨ | ᠲᠠᠷᠬᠠᠨ ᠡᠬᠡ ᠭᠡᠰᠡᠨ ᠣᠳᠬ᠎ᠠ ᠲᠠᠢ ᠦᠭᠡ ᠪᠣᠯᠣᠨ᠎ᠠ︶ ᠤᠨ ᠬᠦᠪᠡᠭᠦᠨ ᠪᠣᠯᠣᠨ᠎ᠠ᠃ ︽ᠲᠡᠮᠦᠷ ᠤᠨ ᠲᠠᠶᠢᠨ ᠤ | ᠭᠠᠪᠢᠶ᠎ᠠ ᠶᠢᠨ ᠲᠡᠮᠳᠡᠭᠯᠡᠯ︾ ᠲᠣᠲᠣᠷ᠎ᠠ ᠲᠡᠭᠦᠨ ᠤ ᠲᠣᠬᠠᠢ ᠨᠢᠭᠡᠨ ᠦᠯᠢᠭᠡᠷ ᠢ ᠶᠠᠷᠢᠵᠠᠢ᠄ ᠨᠢᠭᠡᠨ ᠡᠳᠦᠷ ᠨᠢᠭᠡᠨ | ᠵᠣᠷᠪᠣᠰ ᠴᠠᠭᠠᠨ ᠭᠡᠷᠡᠯ ᠲᠡᠭᠦᠨ ᠤ ᠠᠮᠠᠨ ᠳᠤ ᠬᠢᠯᠠᠰᠬᠢᠨ ᠣᠷᠣᠵᠣ᠂ ᠲᠡᠷᠡᠪᠡᠷ ᠵᠢᠷᠮᠦᠰᠦᠯᠡᠪᠡ②᠃ ᠡᠨᠡ ᠨᠢ ᠶᠠᠭ | ᠰᠠᠶᠢᠬᠠᠨ ᠣᠮᠷᠠᠨ ︵Omran︶ ᠤ ᠬᠡᠣᠬᠡᠨ ᠮᠢᠷᠢᠶᠠᠮ ︵Miriam᠂ ᠲᠠᠷᠣᠢ ᠮᠠᠨ ᠤ ᠦᠷᠬᠦᠯᠵᠢ ᠬᠡᠯᠡᠳᠡᠭ | ᠮᠠᠷᠢᠶ᠎ᠠ ᠪᠣᠯᠣᠨ᠎ᠠ︶ ᠲᠡᠭᠷᠢ ᠶᠢᠨ ᠡᠯᠴᠢ ᠭᠢᠪᠷᠢᠶᠠᠯ ︵Gabriel︶ ᠤᠨ ᠨᠢᠭᠡᠨᠳᠡ ᠦᠯᠢᠶᠡᠭᠰᠡᠨ ᠠᠴᠠ ᠪᠣᠯᠵᠣ | ᠵᠢᠷᠮᠣᠰᠣᠯᠡᠭᠰᠡᠨ③ ᠯᠤᠭ᠎ᠠ ᠨᠢᠭᠡᠨ ᠠᠳᠠᠯᠢ ᠬᠡᠷᠡᠭ ᠶᠣᠮ᠃ ᠡᠳᠡᠭᠡᠷ ᠬᠡᠷᠡᠭ ᠢ ᠠᠯᠯᠠᠾ ᠠᠴᠠ ᠠᠯᠢ ᠨᠢᠭᠡ ᠶᠢ ᠴᠦ | ᠪᠦᠷ ᠠᠮᠠᠷᠬᠠᠨ ᠬᠢᠵᠦ ᠴᠢᠳᠠᠳᠠᠭ ᠶᠣᠮ᠃ | ᠲᠣᠰ ᠨᠣᠮ ᠤᠨ ᠵᠣᠷᠢᠯᠭ᠎ᠠ ᠪᠣᠯ ᠡᠶᠢᠮᠦᠷᠬᠦ ᠬᠡᠷᠡᠭ ᠢ ᠪᠢᠴᠢᠶ᠎ᠡ ᠬᠡᠰᠡᠨ ᠪᠢᠰᠢ᠃ ᠠᠳᠡ ᠪᠢᠳᠡ ᠵᠦᠪᠬᠡᠨ | ᠪᠣᠳᠣᠨᠴᠠᠷ ᠬᠠᠭᠠᠨ ᠪᠣᠯ ᠡᠴᠢᠬᠡ ᠦᠭᠡᠢ ᠪᠠᠷ ᠲᠦᠷᠦᠭᠰᠡᠨ ᠬᠡᠷᠡᠭ ᠢ ᠲᠦᠭᠦᠮᠬᠡᠨ ᠶᠠᠷᠢᠶ᠎ᠠ ᠭᠡᠵᠡᠢ᠃ ᠪᠣᠢ ᠪᠦᠬᠦ | ᠲᠡᠣᠬᠡᠨ ᠨᠣᠮ ᠳᠤ ᠲᠡᠭᠦᠨ ᠤ ᠡᠬᠡ ᠠᠯᠠᠨ ᠬᠤᠸᠠ · ᠬᠤᠷᠯᠦᠺ ᠤᠨ ᠦᠶ᠎ᠡ ᠵᠢᠬᠰᠠᠭᠠᠮᠵᠢ ᠶᠢ ᠨᠡᠬᠡᠮᠵᠢᠡᠯᠡᠨ ᠡᠷᠢᠪᠡᠯ | ᠪᠦᠷ ᠲᠡᠭᠡᠭᠰᠢ ᠨᠣᠶᠠ ︵ᠠᠯᠯᠠᠾ ᠲᠡᠭᠦᠨ ᠳᠤ ᠠᠮᠣᠷ ᠲᠠᠶᠢᠪᠣᠩ ᠬᠠᠶᠢᠷᠠᠯᠠᠬᠤ ᠪᠣᠯᠳᠣᠭᠠᠢ︶ ᠶᠢᠨ ᠬᠦᠪᠡᠭᠦᠨ | ᠶᠠᠬᠤᠰ④ ᠲᠤ ᠬᠦᠷᠳᠡᠭ ᠶᠣᠮ᠃ ᠡᠳᠡᠭᠡᠷ ᠲᠡᠣᠬᠡᠨ ᠳᠤ ᠲᠡᠭᠦᠨ ᠤ ᠪᠦᠬᠦ ᠲᠡᠭᠡᠳᠦᠰ ᠤᠨ ᠲᠣᠬᠠᠢ ᠪᠦᠷ ᠮᠠᠰᠢ | ᠲᠣᠲᠣᠷᠬᠠᠢ ᠲᠡᠮᠳᠡᠭᠯᠡᠵᠦ ᠪᠠᠶᠢᠨ᠎ᠠ᠃ ᠭᠡᠪᠡᠴᠦ ᠲᠡᠳᠡᠭᠡᠷ ᠬᠡᠷᠡᠭ ᠣᠴᠢᠷ ᠤᠨ ᠲᠡᠮᠳᠡᠭᠯᠡᠯ ᠬᠡᠳᠦᠷᠬᠡᠢ ᠣᠷᠳᠣ ᠪᠣᠯᠬᠤᠷ | ᠲᠣᠰ ᠨᠣᠮ ᠳᠤ ᠬᠠᠭᠤᠯᠪᠣᠷᠢᠨ ᠣᠷᠣᠭᠤᠯᠣᠭᠰᠠᠨ ᠦᠭᠡᠢ᠃ ᠡᠭᠦᠨ ᠤ ᠬᠠᠮᠳᠣ ᠮᠢᠨᠦ ᠡᠨᠡ ᠨᠣᠮ ᠤᠨ ᠰᠡᠳᠦᠪ ᠪᠣᠯ | ᠵᠦᠪᠬᠡᠨ ᠮᠣᠩᠭᠤᠯᠰᠲ᠋ᠠᠨ ᠤ ᠣᠯᠠᠨ ᠬᠠᠭᠠᠳ ᠤᠨ ᠢᠰᠯᠠᠮ ᠱᠠᠰᠢᠨ ᠳᠤ ᠣᠷᠣᠭᠰᠠᠨ ᠤ ᠰᠡᠭᠦᠯᠡᠷ ᠡᠭᠦᠰᠦᠭᠰᠡᠨ ᠬᠡᠷᠡᠭ | ᠣᠴᠢᠷ ᠢ ᠪᠢᠴᠢᠬᠦ ᠪᠣᠯᠬᠤᠷ᠂ ᠡᠨᠡᠬᠦ ᠴᠠᠭ ᠦᠶ᠎ᠡ ᠠᠴᠠ ᠡᠮᠦᠨᠡᠬᠢ ᠲᠡᠣᠬᠡᠨ ᠬᠡᠷᠡᠭ ᠢ ᠦᠨᠳᠦᠰᠦᠨ ᠳᠤᠨᠢ ᠪᠢᠴᠢᠭᠰᠡᠨ | ᠦᠭᠡᠢ ᠦᠩᠭᠡᠷᠡᠵᠡᠢ᠃ | ᠲᠣᠰ ᠪᠦᠯᠦᠭ ᠤᠨ ᠲᠠᠶᠢᠯᠪᠣᠷᠢ ① ᠣᠷᠣᠰᠢᠯ ᠤᠨ ᠬᠡᠰᠡᠭ ᠲᠤ ᠶᠢᠰᠦᠨ ᠲᠤᠬ᠎ᠠ ᠭᠡᠵᠡᠢ᠃ ② ᠡᠨᠡ ᠬᠡᠯᠡᠯᠬᠡᠨ | ᠦᠭᠡᠢ ︽ᠮᠣᠩᠭᠤᠯ ᠤᠨ ᠨᠢᠭᠤᠴᠠ ᠲᠣᠪᠴᠢᠶᠠᠨ︾ ᠤ ᠲᠣᠲᠣᠷᠠᠬᠢ ᠠᠯᠠᠨ ᠭᠤᠸ᠎ᠠ ᠶᠢᠨ ᠲᠠᠪᠣᠨ ᠬᠦᠪᠡᠭᠦᠳ ᠲᠡᠭᠡᠨ | ᠬᠡᠯᠡᠭᠰᠡᠨ᠄ ︽ᠰᠦᠨᠢ ᠪᠦᠷᠢ ᠲᠣᠭᠤᠨᠣ ᠪᠠᠷ ᠴᠡᠭᠡᠨ ᠰᠢᠷ᠎ᠠ ᠬᠦᠮᠦᠨ ᠬᠡᠶᠢᠬᠦᠯᠦᠨ ᠣᠷᠣᠵᠣ ᠢᠷᠡᠭᠡᠳ ᠬᠡᠪᠡᠯᠢ ᠶᠢ | ᠮᠢᠨᠢ ᠢᠯᠢᠭᠰᠡᠭᠡᠷ ᠲᠡᠭᠦᠨ ᠤ ᠭᠡᠷᠡᠯ ᠬᠡᠪᠡᠯᠢ ᠳᠤ ᠮᠢᠨᠢ ᠰᠢᠩᠭᠡᠬᠦ ᠪᠦᠯᠦᠭᠡ᠂ ᠲᠡᠷᠡ ᠬᠦᠮᠦᠨ ᠨᠠᠷᠠᠨ ᠰᠠᠷᠠᠨ ᠤ ᠬᠢᠯᠢ | ᠪᠠᠷ ᠰᠢᠷ᠎ᠠ ᠨᠣᠬᠠᠢ ᠮᠡᠳᠦ ᠰᠢᠷᠪᠠᠯᠵᠠᠭᠰᠠᠭᠠᠷ ᠭᠠᠷᠴᠣ ᠣᠳᠣᠮᠣᠢ︾ ᠭᠡᠳᠡᠭ ᠲᠣᠮᠤᠭ ᠤᠨ ᠦᠭᠡᠷ᠎ᠡ ᠨᠢᠭᠡᠨ | ᠬᠤᠪᠢᠯᠪᠣᠷᠢ ᠪᠣᠯᠣᠨ᠎ᠠ ᠪᠢᠵᠡ᠃ ᠬᠠᠷᠢᠨ ︽ᠶᠣᠸᠠᠨ ᠤ ᠰᠣᠳᠣᠷ︾ ᠲᠤ ᠬᠡᠯᠡᠭᠰᠡᠨ ᠨᠢ ᠠᠯᠣᠨ ᠭᠤᠸ᠎ᠠ ᠪᠡᠯᠪᠡᠰᠦᠷᠡᠨ | ᠪᠦᠭᠡᠳᠡᠯ᠎ᠡ ᠨᠢᠭᠡᠨ ᠰᠦᠨᠢ ᠴᠠᠭᠠᠨ ᠭᠡᠷᠡᠯ ᠲᠣᠭᠤᠨᠣ ᠪᠠᠷ ᠣᠷᠣᠵᠣ ᠢᠷᠡᠭᠡᠳ᠂ ᠠᠯᠳᠠᠨ ᠦᠩᠭᠡᠳᠦ ᠰᠠᠬᠢᠭᠤᠯᠰᠣᠨ | ᠬᠦᠮᠦᠨ ᠪᠣᠯᠵᠣ ᠬᠤᠪᠢᠯᠣᠨ᠂ ᠣᠷᠣ ᠶᠢᠨ ᠲᠡᠷᠭᠡᠳᠡ ᠢᠷᠡᠪᠡ ᠭᠡᠵᠦ ᠵᠡᠭᠦᠳᠦᠯᠦᠨ ᠰᠣᠴᠢᠨ ᠰᠡᠷᠢᠭᠡᠳ | ᠵᠢᠷᠮᠣᠰᠣᠯᠡᠭᠰᠡᠨ ᠠᠵᠣᠭᠤ᠂ ᠲᠡᠭᠡᠭᠡᠳ ᠲᠦᠷᠦᠭᠰᠡᠨ ᠬᠦᠪᠡᠭᠦᠨ ᠪᠣᠯ ᠪᠣᠳᠣᠨᠴᠠᠷ ᠪᠣᠯᠠᠢ︾ ᠭᠡᠵᠡᠢ᠃ ᠡᠶᠢᠮᠦᠷᠬᠦ | ᠲᠣᠮᠤᠭ ᠲᠡᠯᠡᠬᠡᠢ ᠲᠠᠬᠢᠨ ᠤ ᠣᠯᠠᠩᠬᠢ ᠦᠨᠳᠦᠰᠦᠳᠡᠨ ᠶᠠᠰᠣᠳᠠᠨ ᠳᠤ ᠪᠦᠷ ᠲᠦᠭᠡᠮᠡᠯ ᠪᠠᠶᠢᠳᠠᠭ ᠶᠣᠮ — | ᠮᠣᠩᠭᠤᠯᠴᠢᠯᠠᠭᠴᠢ ᠠᠴᠠ᠃ ③ ᠡᠨᠡ ᠦᠯᠢᠭᠡᠷ ᠪᠣᠯ ᠢᠰᠦᠰ ᠤᠨ ᠡᠴᠢᠬᠡ ᠦᠭᠡᠢ ᠪᠠᠷ ᠲᠦᠷᠦᠭᠰᠡᠨ ᠦᠯᠢᠭᠡᠷ ᠢ | ᠵᠢᠭᠠᠵᠣ ᠪᠠᠶᠢᠨ᠎ᠠ ᠺᠦᠷᠠᠨ ᠰᠣᠳᠣᠷ ᠤᠨ ᠠᠷᠪᠠ ᠶᠢᠰᠦᠳᠦᠭᠡᠷ ᠪᠦᠯᠦᠭ ᠤᠨ ᠠᠷᠪᠠᠨ ᠵᠢᠷᠭᠤᠳᠣᠭᠠᠷ ᠬᠡᠰᠡᠭ ᠲᠤ ᠦᠵᠡ | ᠃ ④ ᠠᠳᠡ ᠨᠣᠶᠠ ᠶᠢᠨ ᠭᠤᠷᠪᠠᠳᠣᠭᠠᠷ ᠬᠦᠪᠡᠭᠦᠨ ᠶᠠᠬᠤᠰ ᠪᠣᠯ ᠠᠽᠢ ᠳᠤ ᠦᠷᠡᠵᠢᠨ ᠰᠠᠯᠳᠠᠷᠯᠠᠵᠠᠢ ᠭᠡᠳᠡᠭ | ᠮᠦᠰᠯᠢᠮ ᠲᠣᠮᠤᠭ ᠢ ᠶᠠᠷᠢᠵᠣ ᠪᠠᠶᠢᠨ᠎ᠠ᠃ | | | ᠪᠡᠯᠡᠳᠬᠡᠭᠰᠡᠨ ᠨᠢ᠄ ᠡᠷᠳᠡᠨᠢᠬᠦᠦ | ᠨᠠᠶᠢᠷᠠᠭᠤᠯᠤᠭᠰᠠᠨ ᠨᠢ᠄ ᠨᠠᠮᠤᠷ | ᠬᠢᠨᠠᠭᠰᠠᠨ ᠨᠢ᠄ ᠤᠷᠢᠬᠠᠨ |