ᠬᠤᠶᠠᠳᠣᠭᠠᠷ ᠪᠦᠯᠦᠭ | ᠪᠢ ᠮᠠᠰᠢ ᠢᠳᠡᠭᠡᠮᠵᠢᠳᠡᠢ ᠮᠣᠩᠭᠤᠯ ᠣᠯᠠᠮᠵᠢᠯᠠᠯ ᠶᠠᠷᠢᠶ᠎ᠠ ︵ᠮᠦᠨᠴᠦ ᠮᠢᠨᠦ ᠡᠴᠢᠭᠡ ᠪᠠ ᠠᠪᠠᠭ᠎ᠠ ᠡᠴᠢᠭᠡ ᠶᠢᠨ | ᠦᠷᠬᠦᠯᠵᠢ ᠬᠡᠯᠡᠳᠡᠭ ᠣᠯᠠᠮᠵᠢᠯᠠᠯ ᠶᠠᠷᠢᠶ᠎ᠠ︶ ᠠᠴᠠ ᠣᠯᠵᠣ ᠰᠣᠨᠣᠰᠣᠭᠰᠠᠨ ᠢᠶᠠᠷ ᠲᠣᠬᠤᠯᠭ᠎ᠠ ᠲᠡᠮᠦᠷ ᠬᠠᠭᠠᠨ ᠳᠤ | ᠨᠢᠭᠡ ᠰᠠᠳᠢᠮᠢᠱ ᠭᠡᠳᠡᠭ ᠨᠡᠷ᠎ᠡ ᠲᠠᠢ ᠮᠠᠰᠢ ᠢᠨᠠᠭ ᠬᠠᠳᠣᠨ ᠪᠠᠶᠢᠵᠠᠢ᠃ ᠪᠠᠰᠠ ᠨᠢᠭᠡ ᠬᠠᠳᠣᠨ ᠤ ᠨᠡᠷ᠎ᠡ ᠨᠢ ᠮᠧᠩᠯᠢᠭ | ︵ᠡᠨᠡᠬᠦ ᠬᠦᠮᠦᠨ ᠤ ᠨᠡᠷ᠎ᠡ ᠶᠢᠨ ᠲᠣᠬᠠᠢ ᠠᠪᠢᠴᠢᠯᠠᠯᠭᠠ ᠨᠢ ᠮᠠᠰᠢ ᠠᠳᠠᠯᠢ ᠦᠭᠡᠢ ᠪᠠᠶᠢᠨ᠎ᠠ᠂ ᠵᠠᠷᠢᠮ ᠳᠠᠭᠠᠨ ᠮᠧᠩᠯᠢᠭ | ᠭᠡᠵᠦ ᠵᠠᠷᠢᠮ ᠲᠠᠭᠠᠨ ᠮᠠᠩᠯᠢᠭ ᠭᠡᠵᠦ ᠪᠠᠰᠠ ᠵᠠᠷᠢᠮ ᠳᠠᠭᠠᠨ ᠮᠦᠩᠯᠢᠭ᠂ ᠮᠧᠯᠢᠭ᠂ ᠮᠢᠯᠢᠩ᠂ ᠮᠢᠯᠢ ᠵᠡᠷᠭᠡ ᠪᠠᠷ ᠪᠦᠷ | ᠠᠪᠢᠶᠠᠯᠠᠵᠣ ᠪᠠᠶᠢᠨ᠎ᠠ᠂ ᠡᠭᠦᠨ ᠢ ᠨᠢᠭᠡᠳᠭᠡᠬᠦ ᠰᠠᠨᠠᠭᠠᠨ ᠠᠴᠠ ᠪᠦᠷ ᠮᠧᠩᠯᠢᠭ ᠭᠡᠳᠡᠭ ᠨᠡᠷ᠎ᠡ ᠪᠣᠯᠭᠠᠵᠠᠢ — | ᠮᠣᠩᠭᠤᠯᠴᠢᠯᠠᠭᠴᠢ ᠠᠴᠠ︶ ᠭᠡᠳᠡᠭ᠂ ᠲᠡᠷᠡ ᠦᠶ᠎ᠡ ᠳᠤ ᠡᠰᠡᠨ ᠪᠣᠬ᠎ᠠ ᠬᠠᠭᠠᠨ ᠳᠤ ᠬᠡᠣᠬᠡᠳ ᠵᠠᠶᠠᠭ᠎ᠠ ᠡᠳᠦᠢ | ᠪᠠᠶᠢᠵᠣ᠂ ᠰᠠᠳᠢᠮᠢᠱ ᠬᠠᠳᠣᠨ ᠠᠴᠠ ᠬᠡᠣᠬᠡᠳ ᠭᠠᠷᠬᠤ ᠦᠭᠡᠢ ᠠᠵᠠᠢ᠃ ᠨᠢᠭᠡᠨ ᠣᠳᠠᠭ᠎ᠠ ᠡᠨᠡᠬᠦ ᠬᠠᠭᠠᠨ ᠠᠯᠣᠰ ᠤᠨ | ᠲᠠᠶᠢᠨ ᠳᠤ ᠮᠣᠷᠳᠠᠪᠠ᠃ ᠲᠣᠬᠠᠢ ᠶᠢᠨ ᠦᠶ᠎ᠡ ᠶᠢᠨ ᠮᠣᠩᠭᠤᠯ ᠤᠨ ᠬᠠᠭᠤᠴᠢᠨ ᠶᠣᠰᠣ ᠪᠠᠷ ᠪᠣᠯ ᠬᠠᠭᠠᠨ ᠤ ᠢᠨᠠᠭ | ᠬᠠᠳᠣᠳ ᠨᠢ ᠬᠠᠭᠠᠨ ᠤ ᠪᠣᠰᠣᠳ ᠬᠠᠳᠣᠳ ᠢ ᠬᠠᠭᠠᠨ ᠣᠷᠳᠣᠨ ᠳᠤ ᠦᠯᠡᠳᠡᠭᠡᠬᠦ ᠪᠣᠶᠣ ᠦᠪᠡᠷ ᠤᠨ ᠲᠣᠷ᠎ᠠ ᠲᠠᠢ | ᠠᠯᠢ ᠨᠢᠬᠡ ᠬᠦᠮᠦᠨ ᠳᠤ ᠬᠦᠷᠭᠡᠵᠦ ᠦᠭᠬᠦ ᠡᠷᠬᠡ ᠲᠠᠢ ᠪᠠᠶᠢᠵᠠᠢ᠃ ᠰᠠᠳᠢᠮᠢᠱ ᠬᠠᠳᠣᠨ ᠮᠧᠩᠯᠢᠭ ᠬᠠᠳᠣᠨ ᠤ | ᠵᠢᠷᠮᠦᠰᠦᠯᠡᠭᠡᠳ ᠪᠠᠶᠢᠭᠰᠠᠨ ᠢ ᠮᠡᠳᠡᠮᠡᠭᠴᠡ ᠪᠠᠨ ᠰᠡᠳᠬᠢᠯ ᠵᠢᠷᠦᠬᠡᠨ ᠲᠤᠨᠢ ᠠᠳᠠᠭᠠᠷᠬᠠᠯ ᠤᠨ ᠭᠠᠯ ᠲᠦᠷᠡᠯᠵᠡᠨ᠂ | ᠲᠡᠭᠦᠨ ᠢ ᠶᠡᠭᠡ ᠡᠮᠢᠷ ᠲᠣᠬᠠᠳᠠᠢ · ᠰᠢᠷᠸᠠᠯ ᠳᠤ ᠬᠦᠷᠭᠡᠵᠦ ᠦᠭᠭᠦᠪᠡ᠃ ᠬᠠᠭᠠᠨ ᠲᠠᠶᠢᠨ ᠠᠴᠠ ᠪᠣᠴᠠᠵᠣ ᠢᠷᠡᠭᠡᠳ | ᠮᠡᠩᠯᠢᠭ ᠬᠠᠳᠣᠨ ᠢ ᠠᠰᠠᠭᠤᠭᠰᠠᠨ ᠳᠤ᠂ ᠰᠠᠳᠢᠮᠢᠱ ᠬᠠᠳᠣᠨ ᠲᠡᠭᠦᠨ ᠳᠤ ︽ᠪᠢ ᠲᠡᠭᠦᠨ ᠢ ᠨᠢᠭᠡᠨᠳᠡ ᠪᠣᠰᠣᠳ ᠲᠤ | ᠦᠭᠭᠦᠴᠢᠬᠡᠭᠰᠡ︾ ᠭᠡᠵᠡᠢ᠃ ᠬᠠᠭᠠᠨ ᠲᠡᠬᠦᠨ ᠳᠤ᠄ ︽ᠭᠡᠳᠡᠯ᠎ᠡ ᠲᠡᠷᠡ ᠨᠢᠭᠡᠨᠳᠡ ᠨᠠᠳᠠ ᠬᠡᠣᠬᠡᠳ ᠵᠢᠷᠮᠦᠰᠦᠯᠡᠬᠡᠳ | ᠪᠠᠶᠢᠭ᠎ᠠ ᠶᠣᠮ︾ ᠭᠡᠪᠡ᠃ ᠢᠩᠬᠢᠭᠡᠳ ᠬᠠᠭᠠᠨ ᠮᠠᠰᠢ ᠣᠨᠳᠣᠭᠤᠴᠠᠭᠰᠠᠨ ᠪᠣᠯᠪᠠᠴᠣ᠂ ᠮᠣᠩᠭᠤᠯ ᠤᠨ ᠬᠠᠭᠤᠴᠢᠨ | ᠲᠠᠳᠬᠠᠯ ᠶᠣᠮ ᠴᠢᠨᠢ ᠲᠡᠷᠡ ᠴᠦ ᠲᠡᠮᠡᠢ ᠶᠠᠭᠤᠮ᠎ᠠ ᠶᠠᠷᠢᠭᠰᠠᠨ ᠦᠭᠡᠢ ᠦᠩᠭᠡᠷᠡᠵᠡᠢ᠃ | ᠬᠤᠵᠢᠮ ᠣᠳᠠᠯ ᠦᠭᠡᠢ ᠡᠰᠡᠨ ᠪᠣᠬ᠎ᠠ ᠬᠠᠭᠠᠨ ᠦᠬᠦᠵᠦ᠂ ᠮᠣᠩᠭᠤᠯ ᠠᠶᠢᠮᠠᠭ ᠲᠤ ᠬᠠᠭᠠᠨ ᠣᠷᠣ ᠬᠤᠭᠤᠰᠣᠨ | ᠪᠣᠯᠪᠠ᠃ ᠲᠡᠭᠡᠭᠡᠳ ᠬᠦᠮᠦᠰ ᠦᠢᠮᠡᠭᠡᠨ ᠲᠦᠷᠪᠡᠭᠡᠨ ᠲᠡᠭᠳᠡᠭᠡᠵᠦ ᠡᠬᠢᠯᠡᠪᠡ᠃ ᠦᠵᠡᠳᠡᠯ᠎ᠡ ᠰᠠᠮᠠᠭᠤᠷᠠᠬᠤ ᠭᠡᠵᠦ | ᠪᠠᠶᠢᠭ᠎ᠠ ᠪᠣᠯᠬᠤᠷ ᠲᠣᠬᠠᠢ ᠶᠢᠨ ᠦᠶ᠎ᠡ ᠶᠢᠨ ᠡᠮᠢᠷ · ᠪᠣᠷᠣᠯᠵᠢ · ᠲᠣᠬᠤᠷᠠᠭᠤᠳ — ᠵᠣᠬᠢᠶᠠᠭᠴᠢ ᠮᠢᠨᠦ ᠲᠡᠭᠡᠳᠦᠰ | — ᠰᠡᠳᠬᠢᠯ ᠰᠢᠭᠤᠳᠣᠨ ᠲᠡᠷᠡᠬᠦ ᠬᠠᠭᠠᠨ ᠬᠦᠪᠡᠭᠦᠨ ᠢ ᠡᠷᠢᠵᠦ ᠠᠪᠴᠢᠷᠠᠨ᠂ ᠣᠯᠣᠰ ᠭᠡᠷ ᠢ ᠠᠮᠣᠭᠤᠯᠬᠤ ᠪᠠᠷ | ᠪᠣᠯᠪᠠ᠃ ᠡᠶᠢᠮᠦ ᠠᠴᠠ ᠲᠡᠷᠡ ᠲᠠᠱᠲᠡᠮᠦᠷ ᠢ ᠲᠣᠮᠢᠯᠠᠨ ᠲᠣᠬᠠᠳᠠᠢ · ᠰᠢᠷᠸᠠᠯ ᠢ ᠡᠷᠢᠭᠦᠯᠵᠦ᠂ ᠮᠧᠩᠯᠢᠭ ᠬᠠᠳᠣᠨ ᠤ | ᠴᠢᠮᠡᠭᠡ ᠶᠢ ᠰᠣᠷᠠᠭᠯᠠᠨ᠂ ᠣᠨᠴᠠᠭᠠᠶᠢᠯᠠᠨ ᠲᠡᠭᠦᠨ ᠤ ᠲᠦᠷᠦᠭᠰᠡᠨ ᠬᠡᠣᠬᠡᠳ ᠤᠨ ᠰᠣᠷᠠᠭ ᠢ ᠬᠠᠶᠢᠯᠭᠠᠪᠠ᠃ ᠲᠡᠷᠡ | ᠲᠠᠱᠲᠡᠮᠦᠷ ᠲᠤ ᠳᠣᠰᠢᠶᠠᠭᠰᠠᠨ ᠨᠢ᠂ ᠬᠡᠷᠪᠡ ᠮᠧᠩᠯᠢᠭ ᠬᠠᠳᠣᠨ ᠠᠴᠠ ᠬᠦᠪᠡᠭᠦᠨ ᠲᠦᠷᠦᠭᠰᠡᠨ ᠪᠣᠯ ᠴᠢ ᠡᠨᠡᠬᠦ | ᠬᠦᠪᠡᠭᠦᠨ ᠢ ᠬᠤᠯᠠᠭᠠᠶᠢᠯᠠᠨ ᠠᠪᠴᠣ ᠲᠠᠭᠠᠭᠤᠯᠣᠨ ᠢᠷᠡᠳᠦᠭᠡᠢ ᠭᠡᠪᠡ᠃ ᠲᠠᠱᠲᠡᠮᠦᠷ ᠬᠡᠯᠡᠭᠰᠡᠨ ᠨᠢ ᠡᠨᠡ ᠪᠣᠯ ᠨᠢᠬᠡᠨ | ᠮᠠᠰᠢ ᠣᠳᠠᠭᠠᠨ ᠡᠳᠦᠷ ᠬᠡᠷᠡᠭᠳᠡᠢ ᠡᠭᠦᠷᠭᠡ ᠪᠣᠯᠣᠨ᠎ᠠ᠃ ᠵᠠᠮ ᠭᠤᠳᠣᠰ ᠤᠨ ᠪᠡᠯᠡᠳᠭᠡᠯ ᠡᠷᠭᠡᠪᠰᠢ ᠭᠦᠢᠴᠡᠳ ᠪᠠᠶᠢᠬᠤ | ᠬᠡᠷᠡᠭᠳᠡᠢ ᠪᠣᠯᠬᠤᠷ᠂ ᠲᠠ ᠨᠠᠳᠠ ᠵᠢᠷᠭᠤᠭᠠᠨ ᠵᠠᠭᠤᠨ ᠢᠮᠠᠭ᠎ᠠ ᠦᠭᠳᠦᠭᠡᠢ᠃ ᠪᠢᠳᠡ ᠣᠷᠢᠳᠠᠪᠡᠷ ᠲᠡᠭᠦᠨ ᠤ ᠰᠦ ᠶᠢ | ᠢᠳᠡᠵᠦ ᠵᠠᠮᠨᠠᠨ᠂ ᠬᠤᠵᠢᠮ ᠨᠢᠬᠡ ᠪᠠᠷ ᠠᠯᠠᠵᠣ ᠮᠢᠬ᠎ᠠ ᠶᠢ ᠨᠢ ᠢᠳᠡᠵᠦ ᠪᠠᠶᠢᠮᠠᠨᠵᠢᠨ ᠡᠭᠦᠷᠭᠡ ᠪᠠᠨ ᠪᠡᠶᠡᠯᠡᠬᠦᠯᠬᠦ | ᠪᠣᠯᠣᠨ᠎ᠠ︾ ᠭᠡᠵᠡᠢ᠃ ᠡᠮᠢᠷ · ᠪᠣᠷᠣᠯᠵᠢ ᠲᠡᠭᠦᠨ ᠤ ᠱᠠᠭᠠᠷᠳᠠᠯᠭ᠎ᠠ ᠶᠢ ᠵᠦᠪᠰᠢᠶᠡᠷᠡᠨ ᠵᠠᠮ ᠭᠤᠳᠣᠰ ᠲᠤ ᠬᠡᠷᠡᠭᠳᠡᠢ | ᠪᠦᠬᠦ ᠶᠠᠭᠤᠮ᠎ᠠ ᠶᠢ ᠪᠡᠯᠡᠳᠭᠡᠨ ᠦᠭᠴᠦ ᠲᠡᠭᠦᠨ ᠢ ᠮᠣᠷᠳᠠᠭᠤᠯᠪᠠ᠃ ᠲᠡᠷᠡ ᠮᠣᠩᠭᠤᠯᠰᠲ᠋ᠠᠨ ᠢᠶᠠᠷ ᠬᠦᠷᠴᠦ᠂ ᠮᠠᠰᠢ | ᠣᠳᠠᠭᠠᠨ ᠡᠳᠦᠷ ᠢᠶᠠᠷ ᠡᠷᠢᠵᠦ᠂ ᠲᠣᠬᠠᠳᠠᠢ · ᠰᠢᠷᠸᠠᠯ ᠤᠨ ᠲᠡᠷᠡ ᠪᠦᠯᠦᠭ ᠬᠦᠮᠦᠰ ᠢ ᠡᠷᠢᠵᠣ ᠣᠯᠬᠤ ᠦᠶ᠎ᠡ ᠳᠤ | ᠲᠡᠭᠦᠨ ᠳᠤ ᠵᠦᠪᠬᠡᠨ ᠨᠢᠭᠡᠯᠡ ᠪᠣᠷᠣ ᠢᠮᠠᠭ᠎ᠠ ᠦᠯᠡᠳᠡᠵᠦ ᠪᠠᠶᠢᠭᠰᠠᠨ ᠭᠡᠳᠡᠭ ᠶᠣᠮ᠃ ᠲᠡᠷᠡ ᠮᠧᠩᠯᠢᠭ ᠪᠣᠯᠣᠨ | ᠲᠡᠭᠦᠨ ᠤ ᠲᠦᠷᠦᠭᠰᠡᠨ ᠬᠡᠣᠬᠡᠳ ᠢ ᠰᠣᠷᠠᠭᠯᠠᠭᠰᠠᠨ ᠳᠤ ᠬᠦᠮᠦᠰ ᠲᠡᠭᠦᠨ ᠳᠤ ᠮᠧᠩᠯᠢᠭ ᠨᠢᠭᠡ ᠬᠦᠪᠡᠭᠦᠨ ᠲᠦᠷᠦᠵᠦ | ᠂ ᠬᠤᠵᠢᠮ ᠲᠣᠬᠠᠳᠠᠢ · ᠪᠣᠬ᠎ᠠ ᠳᠤ ᠪᠠᠰᠠ ᠨᠢᠭᠡ ᠬᠦᠪᠡᠭᠦᠨ ᠲᠦᠷᠦᠵᠦ ᠦᠭᠴᠡᠢ᠃ ᠬᠠᠭᠠᠨ ᠤ ᠬᠦᠪᠡᠭᠦᠨ ᠤ ᠨᠡᠷ᠎ᠡ | ᠲᠣᠬᠤᠯᠭ᠎ᠠ ᠲᠡᠮᠦᠷ ᠭᠡᠵᠦ᠂ ᠲᠣᠬᠠᠳᠠᠢ ᠪᠣᠬ᠎ᠠ ᠶᠢᠨ ᠬᠦᠡᠪᠡᠭᠦᠨ ᠤ ᠨᠡᠷ᠎ᠡ ᠨᠢ ᠶᠢᠩᠵᠦ ᠮᠠᠯᠢᠭ① ᠭᠡᠳᠡᠭ ᠭᠡᠵᠦ | ᠬᠡᠯᠡᠵᠦ ᠦᠭᠭᠦᠪᠡ᠃ ᠲᠠᠱᠲᠡᠮᠦᠷ ᠡᠴᠦᠰ ᠲᠡᠭᠡᠨ ᠲᠣᠬᠤᠯᠭ᠎ᠠ ᠲᠡᠮᠦᠷ ᠢ ᠭᠠᠷ ᠲᠠᠭᠠᠨ ᠣᠷᠣᠭᠤᠯᠵᠣ᠂ ᠶᠡᠬᠡᠯ᠎ᠡ | ᠠᠮᠠᠷᠬᠠᠨ ᠢᠶᠠᠷ ᠲᠠᠭᠠᠭᠤᠯᠣᠨ ᠡᠮᠢᠷ · ᠪᠣᠷᠣᠯᠵᠢ ᠳᠤ ᠠᠪᠴᠢᠷᠠᠨ ᠲᠣᠰᠢᠶᠠᠪᠠ᠃ ᠪᠣᠷᠣᠯᠵᠢ ᠪᠣᠯ ᠠᠺᠰᠣ | ︵Aksu︶ ᠶᠢᠨ ᠬᠦᠮᠦᠨ ᠶᠣᠮ᠃ ᠴᠠᠭᠠᠳᠠᠢ ᠬᠠᠭᠠᠨ ᠦᠪᠡᠷ ᠤᠨ ᠨᠣᠳᠤᠭ ᠢᠶᠠᠨ ᠲᠣᠷᠣᠭᠰᠢ ᠬᠤᠪᠢᠳᠠᠬᠤ ᠦᠶ᠎ᠡ | ᠳᠤ ᠮᠠᠩᠭᠠᠯᠠᠢ ᠰᠣᠶᠣᠬᠤ ︵Mangalai Soyah︶ ᠶᠢ ᠡᠮᠢᠷ ᠪᠣᠷᠣᠯᠵᠢ ᠶᠢᠨ ᠡᠪᠦᠭᠡ ᠣᠷᠳᠣᠪ ᠳᠤ ᠬᠤᠪᠢᠶᠠᠨ | ᠦᠭᠭᠦᠭᠰᠡᠨ ᠠᠵᠠᠢ᠃ ᠮᠠᠩᠭᠠᠯᠠᠢ ᠰᠣᠶᠣᠬᠤ ᠭᠡᠳᠡᠭ ᠨᠢ Aftab Ru ᠲᠠᠢ ᠠᠳᠠᠯᠢ ᠣᠳᠬ᠎ᠠ ᠲᠠᠢ ᠦᠭᠡ ᠪᠣᠯᠣᠨ᠎ᠠ | ᠃ ᠲᠠᠷᠣᠢ ᠨᠠᠷᠠᠨ ᠡᠭᠡᠪᠦᠷ ᠭᠠᠵᠠᠷ ᠭᠡᠳᠡᠭ ᠣᠳᠬ᠎ᠠ ᠲᠠᠢ ᠦᠭᠡ ᠠᠵᠠᠢ᠃ ᠲᠡᠭᠦᠨ ᠤ ᠵᠡᠬᠦᠨ ᠵᠠᠬ᠎ᠠ ᠨᠢ ᠺᠦ᠋ ᠰᠢᠶᠠᠨ | ︵Kusan︶ ᠲᠠᠷᠪᠦᠭᠠᠷ ︵Tarbugar ᠲᠠᠷᠣᠢ ᠣᠳᠣᠬᠢ ᠯᠦᠨ ᠲᠠᠢ︶ ᠬᠦᠷᠴᠦ᠂ ᠪᠠᠷᠠᠭᠤᠨ ᠵᠠᠬ᠎ᠠ ᠨᠢ ᠰᠠᠮ | ︵Sam︶᠂ ᠭᠠᠽ ︵Gaz︶ ᠪᠣᠯᠣᠨ ᠵᠠᠺᠢᠱᠮᠠᠨ ︵Jakishman︶ ᠬᠦᠷᠴᠦ᠂ ᠡᠳᠡᠭᠡᠷ ᠭᠠᠵᠠᠷ ᠹᠢᠷᠭᠠᠨᠠ | ᠶᠢᠨ ᠬᠢᠯᠢ ᠲᠡᠭᠡᠷ᠎ᠡ ᠪᠠᠶᠢᠳᠠᠭ ᠶᠣᠮ᠃ ᠣᠮᠠᠷᠠᠰᠢ ᠢᠰᠠᠶᠢᠺ ᠨᠠᠭᠤᠷ ᠬᠦᠷᠴᠦ᠂ ᠡᠮᠦᠨᠡᠰᠢ ᠵᠣᠷᠵᠠᠨ ︵Jorjan︶ | ᠪᠣᠯᠣᠨ ᠰᠠᠷᠢᠭ ᠣᠶᠢᠭᠤᠷ ︵Sarigh-Uigur︶ ᠬᠦᠷᠴᠦ ᠪᠠᠶᠢᠨ᠎ᠠ᠃ ᠡᠨᠡᠬᠦ ᠨᠣᠳᠤᠭ ᠢ ᠪᠣᠯ ᠮᠠᠩᠭᠠᠯᠠᠢ | ᠰᠣᠶᠣᠬᠤ ᠭᠡᠵᠦ ᠡᠮᠢᠷ · ᠪᠣᠷᠣᠯᠵᠢ ᠳᠤ ᠬᠠᠷᠢᠶᠠᠯᠠᠭᠳᠠᠨ᠎ᠠ᠃ ᠡᠨᠡ ᠡᠮᠢᠷ ᠢ ᠵᠠᠰᠠᠭ ᠪᠠᠷᠢᠵᠣ ᠪᠠᠶᠢᠭ᠎ᠠ ᠦᠶ᠎ᠡ ᠳᠤ ᠡᠨᠡ | ᠨᠣᠳᠤᠭ ᠢᠶᠠᠷ ᠮᠠᠰᠢ ᠣᠯᠠᠨ ᠶᠡᠭᠡ ᠶᠡᠭᠡ ᠬᠤᠳᠠ ᠪᠠᠯᠭᠠᠰᠣ ᠲᠠᠢ ᠪᠠᠶᠢᠵᠠᠢ᠃ ᠲᠡᠭᠦᠨ ᠤ ᠲᠣᠲᠣᠷ᠎ᠠ ᠬᠠᠮᠤᠭ ᠶᠡᠭᠡ ᠨᠢ | ᠺᠠᠱᠭᠠᠷ᠂ ᠢᠥᠢ ᠲᠢᠶᠠᠨ᠂ ᠶᠠᠷᠺᠠᠨᠳ᠋ ︵ᠡᠷᠴᠢᠶᠠᠩ︶᠂ ᠺᠠᠰᠠᠢ︵Kasan︶᠂ ᠰᠢᠺᠧᠨ ︵Akhsikent︶᠂ | ᠠᠨᠳᠢᠵᠠᠨ᠂ ᠠᠺᠰᠣ᠂ ᠠᠲᠪᠠᠱ ᠪᠣᠯᠣᠨ ᠺᠦ᠋ ᠰᠢᠶᠠᠨ ᠵᠡᠷᠭᠡ ᠪᠠᠶᠢᠵᠠᠢ᠃ ᠡᠳᠡᠭᠡᠷ ᠬᠤᠳᠠ ᠶᠢᠨ ᠲᠣᠲᠣᠷ᠎ᠠ ᠠᠴᠠ ᠡᠮᠢᠷ | ᠪᠣᠷᠣᠯᠵᠢ ᠠᠺᠰᠣ ᠶᠢ ᠰᠣᠩᠭᠤᠨ ᠦᠪᠡᠷ ᠤᠨ ᠣᠷᠳᠣᠳᠠ ᠰᠠᠭᠤᠭ᠎ᠠ ᠭᠠᠵᠠᠷ ᠪᠣᠯᠭᠠᠵᠠᠢ᠃ ᠲᠠᠱᠲᠡᠮᠦᠷ ᠶᠠᠭ ᠰᠠᠶᠢᠬᠠᠨ | ᠠᠺᠰᠣ ᠬᠤᠳᠠ ᠳᠤ ᠲᠣᠬᠤᠯᠭ᠎ᠠ ᠲᠡᠮᠦᠷ ᠢ ᠲᠠᠭᠠᠭᠤᠯᠣᠨ ᠠᠪᠴᠢᠷᠠᠵᠣ ᠡᠮᠢᠷ · ᠪᠣᠷᠣᠯᠵᠢ ᠳᠤ ᠳᠣᠰᠢᠶᠠᠨ ᠦᠭᠭᠦᠭᠰᠡᠨ | ᠶᠣᠮ᠃ ᠲᠠᠱᠲᠡᠮᠦᠷ ᠢᠷᠡᠬᠦ ᠦᠶ᠎ᠡ ᠳᠤ ᠮᠦᠨ ᠲᠡᠷᠡ ᠪᠣᠷᠣ ᠢᠮᠠᠭ᠎ᠠ ᠪᠠᠨ ᠲᠠᠭᠠᠭᠤᠯᠵᠣ ᠢᠷᠡᠵᠡᠢ᠃ ᠡᠶᠢᠮᠦ ᠠᠴᠠ | ᠬᠦᠮᠦᠰ ᠲᠡᠭᠦᠨ ᠳᠤ ︽ᠪᠣᠷᠣ ᠢᠮᠠᠭᠠᠳᠣ︾ ︵Kuk uchgu︶ ᠭᠡᠳᠡᠭ ᠬᠤᠴᠢ ᠦᠭᠴᠡᠢ᠃ ᠣᠳᠣ ᠪᠣᠯᠳᠠᠯ᠎ᠠ | ᠲᠡᠭᠦᠨ ᠤ ᠪᠦᠬᠦ ᠬᠤᠶᠢᠴᠢᠰ ᠮᠦᠨ ᠡᠨᠡᠬᠦ ᠬᠤᠴᠢ ᠨᠡᠷ᠎ᠡ ᠪᠠᠷ ᠲᠠᠭᠤᠳᠠᠭᠰᠠᠭᠠᠷ ᠶᠣᠮ᠃ | ᠲᠡᠳᠡ ᠠᠺᠰᠣ ᠣᠶᠢᠷᠠᠳᠣᠭᠠᠳ ᠪᠠᠶᠢᠳᠠᠯ᠎ᠠ ᠨᠢᠭᠡ ᠰᠠᠯᠠᠭ᠎ᠠ ᠠᠷᠠᠯᠵᠢᠶᠠᠨ ᠤ ᠠᠩᠬᠢ ᠣᠴᠠᠷᠠᠵᠣ ᠬᠠᠮᠳᠣ ᠶᠠᠪᠣᠵᠠᠢ᠃ | ᠲᠡᠳᠡ ᠨᠢᠭᠡᠨ ᠠᠭᠤᠯᠠᠨ ᠠᠮᠠ ᠶᠢ ᠦᠩᠭᠡᠷᠡᠬᠦ ᠦᠶ᠎ᠡ ᠳᠤ ᠲᠣᠬᠤᠯᠭ᠎ᠠ ᠲᠡᠮᠦᠷ ᠬᠠᠭᠠᠨ ᠮᠦᠰᠦᠨ ᠬᠦᠨᠳᠡᠢ ᠣᠷᠣᠭᠤ | ᠣᠨᠠᠴᠢᠬᠠᠪᠠ᠃ ᠲᠡᠭᠡᠭᠡᠳ ᠲᠠᠱᠲᠡᠮᠦᠷ ᠦᠨᠳᠦᠷ ᠲᠠᠭᠤ ᠪᠠᠷ ᠬᠠᠰᠬᠢᠷᠣᠨ ᠲᠣᠰᠠᠯᠠᠮᠵᠢ ᠬᠦᠰᠡᠭᠰᠡᠨ ᠪᠣᠯᠪᠠᠴᠣ | ᠠᠷᠠᠯᠵᠢᠶᠠᠨ ᠤ ᠠᠩᠬᠢ ᠴᠢᠨᠠᠭᠰᠢ ᠨᠡᠯᠢᠶᠡᠳ ᠬᠤᠯᠠᠳᠣᠭᠠᠳ ᠠᠭᠤᠯᠠᠨ ᠠᠮᠠ ᠶᠢ ᠦᠩᠭᠡᠷᠡᠨ ᠠᠮᠠᠷᠠᠬᠤ ᠭᠠᠵᠠᠷ ᠲᠠᠭᠠᠨ | ᠬᠦᠷᠴᠦ ᠪᠠᠭᠤᠳᠠᠯᠯᠠᠵᠣ ᠪᠠᠶᠢᠵᠠᠢ᠃ ᠡᠶᠢᠮᠦ ᠠᠴᠠ ᠬᠡᠨ ᠴᠦ ᠣᠯᠵᠣ ᠰᠣᠨᠣᠰᠣᠭᠰᠠᠨ ᠦᠭᠡᠢ᠃ ᠲᠠᠱᠲᠡᠮᠦᠷ ᠠᠷᠭ᠎ᠠ | ᠦᠭᠡᠢ ᠠᠮᠠᠷᠠᠬᠤ ᠭᠠᠵᠠᠷ ᠬᠦᠷᠴᠦ ᠨᠢᠭᠡ ᠪᠧᠵᠢᠺ ᠭᠡᠳᠡᠭ ᠠᠷᠠᠯᠵᠢᠶᠠᠴᠢᠨ ᠤ ᠲᠡᠨᠳᠡ ᠣᠴᠢᠵᠣ᠂ ᠬᠡᠷᠡᠭ ᠣᠴᠢᠷ ᠢᠶᠠᠨ | ᠬᠡᠯᠡᠵᠦ ᠲᠣᠰᠠᠯᠠᠮᠵᠢ ᠬᠦᠰᠡᠭᠰᠡᠨ ᠳᠤ ᠲᠡᠷᠡᠬᠦ ᠠᠷᠠᠯᠵᠢᠶᠠᠴᠢᠨ ᠲᠠᠱᠲᠡᠮᠦᠷ ᠢ ᠲᠠᠭᠠᠵᠣ ᠬᠠᠭᠠᠨ ᠤ ᠮᠦᠰᠦᠨ ᠬᠦᠨᠳᠡᠢ | ᠳᠤ ᠣᠨᠠᠭᠰᠠᠨ ᠭᠠᠵᠠᠷ ᠢᠷᠡᠪᠡ᠃ ᠲᠡᠭᠡᠭᠡᠳ ᠪᠧᠵᠢᠺ ᠮᠦᠰᠦᠨ ᠬᠦᠨᠳᠡᠢ ᠳᠤ ᠲᠡᠭᠡᠰᠦ ᠪᠠᠷ ᠲᠠᠲᠠᠨ ᠪᠠᠭᠤᠵᠣ | ᠦᠵᠡᠭᠰᠡᠨ ᠳᠤ ᠬᠠᠭᠠᠨ ᠬᠠᠷᠢᠨ ᠰᠢᠷᠬ᠎ᠠ ᠭᠡᠮᠳᠦᠯ ᠦᠭᠡᠢ ᠡᠷᠡᠭᠦᠯ ᠰᠠᠶᠢᠬᠠᠨ ᠪᠠᠶᠢᠵᠠᠢ᠃ ᠲᠡᠭᠡᠭᠡᠳ ᠲᠡᠷᠡ ᠬᠠᠭᠠᠨ | ᠲᠠᠢ ᠨᠦᠬᠦᠷᠰᠡᠭ ᠢᠶᠠᠷ ᠵᠦᠪᠳᠡᠯᠴᠡᠵᠦ᠂ ᠬᠠᠭᠠᠨ ᠳᠤ ᠣᠰᠣᠯ ᠬᠦᠯᠢᠶᠡᠨ ᠬᠡᠯᠡᠭᠰᠡᠨ ᠨᠢ᠄ ︽ᠬᠡᠷᠪᠡ ᠲᠠ ᠣᠷᠢᠳᠠᠪᠡᠷ | ᠭᠠᠷᠪᠠᠯ ᠲᠡᠳᠡᠨᠡᠷ ᠨᠡᠳᠡ ᠶᠢ ᠬᠠᠶᠠᠭᠠᠳ ᠮᠢᠨᠦ ᠡᠳ᠋ ᠪᠠᠷᠠᠭ᠎ᠠ ᠶᠢ ᠠᠪᠣᠭᠠᠳ ᠶᠠᠪᠣᠴᠢᠬᠠᠨ᠎ᠠ ᠰᠢᠥ᠃ ᠡᠶᠢᠮᠦ ᠠᠴᠠ | ᠬᠠᠰᠢᠯᠠ ᠪᠢ ᠣᠷᠢᠳᠠᠪᠡᠷ ᠭᠠᠷᠣᠶ᠎ᠠ᠂ ᠲᠡᠭᠡᠭᠡᠳ ᠲᠠᠨ ᠢ ᠲᠠᠲᠠᠵᠣ ᠭᠠᠷᠭᠠᠶ᠎ᠠ︾ ᠭᠡᠳ ᠪᠠᠰᠠ ᠮᠠᠰᠢ ᠣᠯᠠᠨ ᠣᠰᠣᠯ | ᠬᠦᠯᠢᠶᠡᠭᠰᠡᠨ ᠦᠭᠡ ᠬᠡᠯᠡᠭᠰᠡᠨ ᠳᠤ ᠬᠠᠭᠠᠨ ᠵᠦᠪᠰᠢᠶᠡᠷᠡᠪᠡ᠃ ᠲᠡᠭᠡᠭᠳ ᠳᠡᠳᠡ ᠰᠠᠶ᠋ᠢ ᠲᠡᠭᠡᠷᠡᠬᠢ ᠬᠦᠮᠦᠨ ᠢᠶᠠᠨ | ᠲᠠᠭᠤᠳᠠᠨ ᠲᠡᠷᠡ ᠣᠷᠢᠳᠠᠪᠡᠷ ᠭᠠᠷᠴᠠᠢ᠂ ᠲᠠᠷᠠᠭ᠎ᠠ ᠨᠢ ᠲᠡᠭᠡᠰᠦ ᠪᠠᠨ ᠪᠠᠭᠤᠯᠭᠠᠨ ᠬᠠᠭᠠᠨ ᠢ ᠲᠠᠲᠠᠵᠣ ᠭᠠᠷᠭᠠᠪᠠ᠃ | ᠢᠩᠬᠢᠭᠡᠳ ᠲᠡᠳᠡ ᠬᠠᠮᠳᠣ ᠪᠠᠷ ᠠᠺᠰᠣ ᠳᠤ ᠬᠦᠷᠴᠡᠢ᠃ ᠡᠮᠢᠷ · ᠪᠣᠷᠣᠯᠵᠢ ᠢᠩᠬᠢᠵᠦ ᠲᠣᠭᠤᠯᠬᠠ ᠲᠡᠮᠦᠷ ᠢ ᠬᠠᠭᠠᠨ | ᠰᠠᠭᠤᠷᠢᠨ ᠳᠤ ᠰᠠᠭᠤᠯᠭᠠᠭᠰᠠᠨ ᠶᠣᠮ᠃ ᠬᠤᠵᠢᠮ ᠲᠣᠬᠤᠯᠭ᠎ᠠ ᠲᠡᠮᠦᠷ ᠬᠠᠭᠠᠨ ᠵᠦᠪᠬᠡᠨ ᠮᠣᠩᠭᠤᠯᠰᠲ᠋ᠠᠨ ᠤ ᠪᠦᠬᠦ | ᠨᠣᠳᠤᠭ ᠢ ᠨᠣᠶᠠᠷᠬᠠᠭᠰᠠᠨ ᠪᠢᠰᠢ ᠪᠠᠰᠠ ᠴᠠᠭᠠᠳᠠᠢ ᠬᠠᠭᠠᠨᠳᠣ ᠣᠯᠣᠰ ᠤᠨ ᠶᠡᠬᠡᠩᠬᠢ ᠨᠣᠳᠤᠭ ᠢ ᠨᠣᠶᠠᠷᠬᠠᠬᠤ ᠪᠣᠯᠵᠠᠢ | ᠃ ᠡᠳᠡᠭᠡᠷ ᠬᠡᠷᠡᠭ ᠣᠴᠢᠷ ᠢ ᠲᠠᠷᠠᠭ᠎ᠠ ᠪᠠᠷ ᠪᠠᠰᠠ ᠦᠬᠦᠯᠡᠬᠦ ᠪᠣᠯᠣᠨ᠎ᠠ᠃ | ᠲᠣᠰ ᠪᠦᠯᠦᠭ ᠤᠨ ᠲᠠᠶᠢᠯᠪᠣᠷᠢ ① ᠡᠨᠡᠬᠦ ᠨᠡᠷ᠎ᠡ ᠶᠢ ᠵᠠᠷᠢᠮ ᠨᠣᠮ ᠳᠤ᠂ ᠵᠢᠱᠢᠶᠡᠯᠡᠪᠡᠯ ᠠᠪᠣᠯ · ᠭᠠᠽᠢ ᠶᠢᠨ | ᠨᠣᠮ ᠳᠤ ᠲᠡᠮᠦᠷ ᠮᠠᠯᠢᠺ ᠭᠡᠵᠦ ᠪᠢᠴᠢᠵᠣ ᠪᠠᠶᠢᠨ᠎ᠠ᠃ | | | ᠪᠡᠯᠡᠳᠬᠡᠭᠰᠡᠨ ᠨᠢ᠄ ᠡᠷᠳᠡᠨᠢᠬᠦᠦ | ᠨᠠᠶᠢᠷᠠᠭᠤᠯᠤᠭᠰᠠᠨ ᠨᠢ᠄ ᠨᠠᠮᠤᠷ | ᠬᠢᠨᠠᠭᠰᠠᠨ ᠨᠢ᠄ ᠤᠷᠢᠬᠠᠨ | | |