ᠲᠣᠬᠤᠯᠭ᠎ᠠ ᠲᠡᠮᠦᠷ ᠬᠠᠭᠠᠨ ᠢᠰᠯᠠᠮ ᠱᠠᠰᠢᠨ ᠢ ᠰᠢᠳᠦᠭᠰᠡᠨ ᠨᠢ
ᠨᠡᠶᠢᠲᠡᠯᠡᠭᠰᠡᠨ ᠴᠠᠭ᠄
2020/3/13
ᠭᠤᠷᠪᠠᠳᠣᠭᠠᠷ ᠪᠦᠯᠦᠭ  ᠶᠡᠭᠡ ᠮᠠᠣᠯᠠ · ᠬᠤᠵᠠ ᠠᠬᠠᠮᠠᠳ᠋ ︵ᠠᠯᠯᠠᠾ ᠲᠡᠭᠦᠨ ᠤ ᠰᠦᠨᠡᠰᠦ ᠶᠢ ᠢᠪᠡᠭᠡᠬᠦ ᠪᠣᠯᠳᠣᠭᠠᠢ︶ ᠪᠣᠯ ᠶᠡᠭᠡ ᠮᠠᠣᠯᠠ ᠠᠷᠱᠠᠲ — ᠳ᠋ᠢᠨ ᠤ ᠬᠤᠶᠢᠴᠢᠰ ᠶᠣᠮ᠃ ᠲᠡᠷᠡ ᠪᠣᠯ ᠮᠠᠰᠢ ᠦᠨᠡᠨᠴᠢ ᠰᠦᠰᠦᠭ ᠲᠠᠢ ᠮᠦᠷᠳᠡᠭᠡᠨ ᠬᠦᠮᠦᠰ ᠲᠤ ᠲᠣᠩ ᠬᠦᠷᠢᠶᠡᠯᠡᠯ ᠪᠠ ᠬᠦᠨᠳᠦᠳᠡᠢ ᠬᠦᠮᠦᠨ ᠶᠣᠮ᠃ ᠲᠡᠷᠡ ᠪᠣᠯ ᠮᠦᠨᠴᠦ ᠬᠤᠵᠠ ᠶᠢᠨ ᠪᠦᠯᠦᠭᠳᠡᠨ ︵ᠠᠯᠯᠠᠾ ᠲᠡᠭᠷᠢ ᠲᠡᠳᠡᠨᠡᠷ ᠢ ᠢᠳᠡᠭᠡᠬᠦ ᠪᠣᠯᠳᠣᠭᠠᠢ︶ ᠶᠣᠮ᠃ ᠪᠢ ᠲᠡᠭᠦᠨ ᠢ ᠬᠤᠷᠢᠨ ᠵᠢᠯ ᠠᠴᠢᠯᠠᠵᠣ᠂ ᠲᠡᠭᠦᠨ ᠤ ᠮᠦᠷᠬᠦᠯ ᠎ ᠤᠨ ᠰᠦᠮ᠎ᠡ ᠳᠤ ᠬᠦᠷᠴᠦ ᠲᠠᠭᠠᠳᠬᠠᠯ ᠬᠢᠬᠦ ᠪᠠᠨ ᠪᠠᠷᠢᠮᠳᠠᠯᠠᠭᠰᠠᠭᠠᠷ ᠢᠷᠡᠭᠰᠡᠨ ᠶᠣᠮ᠃ ᠲᠡᠷᠡ ᠨᠢᠭᠤᠭᠰᠠᠳ ᠤᠨ ᠠᠮᠢᠳᠣᠷᠠᠯ ᠬᠢᠵᠦ᠂ ᠭᠠᠭᠴᠠ ᠰᠡᠳᠬᠢᠯ ᠢᠶᠠᠷ ᠪᠠᠱᠢᠯᠭᠠᠯ ᠬᠢᠬᠦ ᠶᠢᠨ ᠬᠠᠮᠳᠣ᠂ ᠦᠷᠬᠦᠯᠵᠢ ᠦᠪᠡᠷ ᠤᠨ ᠱᠠᠰᠢᠨ ᠤ ᠪᠦᠯᠦᠭ ᠤᠨ ᠣᠯᠠᠮᠵᠢᠯᠠᠯᠳᠣ ᠬᠡᠷᠡᠭ ᠣᠴᠢᠷ ᠢ ᠶᠠᠷᠢᠵᠣ ᠰᠣᠷᠭᠠᠵᠣ ᠪᠠᠶᠢᠳᠠᠭ ᠶᠣᠮ᠃ ᠲᠡᠭᠦᠨ ᠤ ᠡᠨᠡᠬᠦ ᠶᠠᠷᠢᠶ᠎ᠠ ᠨᠢ ᠮᠠᠰᠢ ᠰᠣᠨᠣᠰᠣᠪᠣᠷᠢᠳᠡᠢ ᠪᠣᠯᠬᠤᠷ ᠯᠠᠪᠳᠠᠢ ᠰᠣᠨᠣᠰᠣᠭᠰᠠᠨ ᠬᠦᠮᠦᠨ ᠪᠦᠬᠦᠨ ᠤ ᠰᠡᠳᠬᠢᠯ ᠢ ᠬᠦᠳᠡᠯᠭᠡᠵᠦ ᠪᠠᠶᠢᠳᠠᠭ᠃ᠪᠢ ᠲᠡᠭᠦᠨ ᠤ ᠬᠡᠯᠡᠬᠦ ᠶᠢ ᠰᠣᠨᠣᠰᠣᠭᠰᠠᠨ ᠢᠶᠠᠷ ᠲᠡᠭᠦᠨ ᠤ ᠲᠡᠭᠡᠳᠦᠰ ᠤᠨ ᠲᠡᠣᠬᠡᠨ ᠳᠤ ᠶᠡᠭᠡ ᠮᠠᠣᠯᠠ ᠱᠦᠵᠠ ᠦᠳ᠋ — ᠳ᠋ᠢᠨ · ᠮᠠᠬᠠᠮᠣᠳ᠋ ᠤᠨ ᠦᠯᠢᠭᠡᠷ ᠢ ᠪᠢᠴᠢᠵᠦ ᠪᠠᠶᠢᠳᠠᠭ ᠭᠡᠨ᠎ᠡ᠃ ᠱᠦᠵᠠ ᠦᠳ᠋ — ᠳ᠋ᠢᠨ · ᠮᠠᠬᠠᠮᠣᠳ᠋ ᠪᠣᠯ ᠪᠦᠬᠠᠷ᠎ᠠ ᠶᠢᠨ ᠠᠬᠠᠮᠠᠳ ᠯᠠᠮᠠ ᠬᠠᠹᠢᠰᠳᠢᠨ ︵ᠬᠠᠹᠢᠰᠳᠢᠨ ᠪᠣᠯ ᠬᠠᠮᠤᠭ ᠡᠴᠦᠰ ᠤᠨ ᠨᠢᠭᠡ ᠮᠣᠵᠲ᠋ᠠᠶᠢᠾᠢᠳ᠋① ᠪᠣᠯᠣᠨ᠎ᠠ᠃ ᠬᠠᠹᠢᠰᠳᠢᠨ ᠦᠬᠦᠭᠰᠡᠨ ᠤ ᠰᠡᠬᠦᠯᠡᠷ ᠦᠭᠡᠷ᠎ᠡ ᠶᠠᠮᠠᠷ ᠨᠢᠭᠡᠨ ᠬᠦᠮᠦᠨ ᠮᠣᠵᠲ᠋ᠠᠶᠢᠾᠢᠳ᠋ ᠪᠣᠯᠵᠣ ᠪᠠᠶᠢᠭᠰᠠᠨ ᠦᠭᠡᠢ ᠶᠣᠮ᠃︶᠎ ᠤ ᠠᠬ᠎ᠠ ᠲᠡᠭᠦᠥ ᠨᠢ ᠪᠣᠯᠣᠨ᠎ᠠ᠃ ᠲᠣᠬᠠᠢ ᠶᠢᠨ ᠦᠶ᠎ᠡ ᠳᠤ ᠴᠢᠩᠬᠢᠰ ᠬᠠᠭᠠᠨ ᠦᠪᠡᠷ ᠤᠨ ᠲᠠᠳᠬᠠᠯ ᠢᠶᠠᠷ ᠢᠶᠠᠨ ᠪᠦᠬᠠᠷ᠎ᠠ ᠶᠢᠨ ᠣᠯᠠᠨ ᠢᠮᠠᠮ ᠨᠡᠷ ᠢ ᠬᠤᠷᠠᠭᠤᠯᠣᠨ᠂ ᠬᠠᠹᠢᠰᠳᠢᠨ ᠢ ᠠᠯᠠᠨ ᠰᠢᠢᠳᠭᠡᠭᠰᠡᠨ ᠮᠦᠷᠳᠡᠭᠡᠨ ᠶᠡᠭᠡ ᠮᠠᠣᠯᠠ · ᠱᠦᠵᠠ ᠦᠳ᠋ᠳᠢᠨ · ᠮᠠᠬᠠᠮᠣᠳ᠋ ᠢ ᠬᠠᠷ᠎ᠠ ᠬᠤᠷᠢᠨ ᠳᠤ ᠴᠦᠯᠡᠭᠰᠡᠨ ᠠᠵᠠᠢ᠃ ᠶᠡᠭᠡ ᠮᠠᠣᠯᠠ · ᠬᠤᠵᠠ · ᠠᠬᠠᠮᠠᠳ᠋ ᠶᠢᠨ ᠲᠡᠭᠡᠳᠦᠰ ᠴᠦ ᠲᠡᠭᠡᠵᠦ ᠲᠡᠨᠳᠡ ᠴᠦᠯᠡᠭᠳᠡᠭᠰᠡᠨ ᠭᠡᠳᠡᠭ᠃ ᠬᠤᠵᠢᠮ ᠬᠠᠷ᠎ᠠ ᠬᠤᠷᠢᠨ ᠳᠤ ᠠᠶᠣᠯ ᠭᠠᠮᠰᠢᠭ ᠨᠦᠮᠦᠷᠢᠬᠦ② ᠦᠶ᠎ᠡ ᠳᠤ ᠲᠡᠳᠡᠨᠡᠷ ᠤᠨ ᠬᠡᠣᠬᠡᠳ ᠠᠴᠢ ᠨᠡᠷ ᠨᠢ ᠪᠦᠷ ᠯᠣᠪ ᠺᠠᠲ᠋ᠠᠺ ︵Lob Katak︶᠎ ᠳᠤ ᠬᠦᠷᠴᠡᠢ᠃ ᠲᠡᠳᠡᠨᠡᠷ ᠲᠡᠨᠳᠡ ᠮᠠᠰᠢ ᠬᠦᠨᠳᠦᠳᠭᠡᠯ ᠲᠠᠢ ᠠᠮᠢᠳᠣᠷᠠᠵᠣ ᠪᠠᠶᠢᠪᠠ᠃ ᠯᠣᠪ ᠺᠠᠲ᠋ᠠᠺ ᠪᠣᠯ ᠲᠦᠷᠹᠠᠨ ᠪᠣᠯᠣᠨ ᠢᠥᠢ ᠲᠢᠶᠠᠨ ᠤ ᠬᠤᠭᠤᠷᠣᠨᠳᠣ ᠪᠠᠶᠢᠭ᠎ᠠ ᠴᠢᠬᠤᠯᠠ ᠪᠣᠯᠬᠤ ᠪᠠᠯᠭᠠᠰᠣ ᠶᠣᠮ᠃ ᠡᠳᠡᠭᠡᠷ ᠬᠦᠮᠦᠨ ᠤ ᠲᠣᠬᠠᠢ ᠨᠠᠷᠢᠯᠢᠭ ᠪᠠᠶᠢᠳᠠᠯ ᠢ ᠪᠢ ᠮᠠᠰᠢ ᠣᠯᠠᠨ ᠰᠣᠨᠣᠰᠴᠣ ᠪᠠᠶᠢᠪᠠ᠃ ᠭᠡᠪᠡᠴᠦ ᠡᠳᠦᠬᠡ ᠨᠢᠭᠡᠨᠳᠡ ᠵᠠᠷᠢᠮ ᠠᠭᠤᠯᠭ᠎ᠠ ᠶᠢ ᠨᠢ ᠪᠦᠷ ᠮᠠᠷᠳᠠᠵᠣ ᠪᠠᠶᠢᠨ᠎ᠠ᠃ ᠡᠳᠡᠭᠡᠷ ᠬᠦᠮᠦᠨ ᠤ ᠦᠷ᠎ᠡ ᠬᠡᠣᠬᠡᠳ ᠬᠢᠨ ᠤ ᠬᠤᠶᠢᠴᠢᠰ ᠭᠡᠵᠦ ᠨᠢᠭᠡ ᠱᠠᠾ · ᠵᠠᠮᠠᠯ ᠦᠳ᠋ᠳᠢᠨ ᠭᠡᠳᠡᠭ ᠬᠦᠮᠦᠨ ᠪᠠᠶᠢᠵᠣ ᠮᠠᠰᠢ ᠨᠠᠷᠢᠨ ᠬᠢᠨᠠᠮᠭᠠᠢ ᠬᠦᠮᠦᠨ ᠪᠠᠶᠢᠭᠰᠠᠨ ᠪᠢᠯᠡ᠃ ᠲᠡᠷᠡ ᠺᠠᠲ᠋ᠠᠺ ᠲᠤ ᠰᠠᠭᠤᠵᠣ ᠪᠠᠶᠢᠵᠠᠢ᠃ᠨᠢᠭᠡ ᠣᠳᠠᠭ᠎ᠠ ᠭᠠᠷᠠᠭ ᠤᠨ ᠲᠠᠪᠣᠨ ᠤ ᠮᠦᠷᠭᠦᠯ ᠤᠨ ᠰᠡᠬᠦᠯᠡᠷ᠂ ᠵᠠᠮᠠᠯ ᠦᠳ᠋ᠳᠢᠨ ᠣᠯᠠᠨ ᠳᠤ ᠬᠠᠮᠤᠭ ᠡᠴᠦᠰ ᠤᠨ ᠨᠢᠭᠡ ᠣᠳᠠᠭᠠᠨ ᠤ ᠨᠣᠮ ᠤᠨ ᠶᠠᠷᠢᠶ᠎ᠠ ᠬᠢᠵᠦ ᠬᠡᠯᠡᠭᠰᠡᠨ ᠨᠢ᠄ ︽ᠪᠢ ᠦᠩᠭᠡᠷᠡᠭᠰᠡᠨ ᠳᠤ ᠲᠠ ᠨᠡᠷ ᠲᠤ ᠲᠠᠬᠢᠨ ᠲᠠᠪᠳᠠᠨ ᠰᠡᠷᠡᠮᠵᠢᠯᠡᠭᠦᠯᠦᠨ ᠰᠠᠨᠠᠭᠤᠯᠵᠣ ᠪᠠᠶᠢᠭᠰᠠᠨ ᠶᠣᠮ᠃ ᠭᠡᠳᠡᠯ᠎ᠡ ᠲᠠᠨᠣᠰ ᠬᠡᠨ ᠴᠦ ᠮᠢᠨᠦ ᠦᠭᠡ ᠶᠢ ᠰᠣᠨᠣᠰᠣᠭᠰᠠᠨ ᠬᠦᠮᠦᠨ ᠨᠢᠭᠡᠴᠦ ᠪᠠᠶᠢᠬᠤ ᠦᠭᠡᠢ᠃ ᠡᠳᠦᠬᠡ ᠪᠢ ᠲᠡᠭᠡᠳᠦ ᠲᠡᠭᠷᠢ ᠶᠢᠨ ᠰᠡᠷᠡᠮᠵᠢᠯᠡᠯ ᠢ ᠨᠢᠭᠡᠨᠳᠡ ᠣᠯᠵᠠᠢ᠂ ᠠᠯᠯᠠᠾ ᠡᠨᠡᠬᠦ ᠬᠤᠳᠠ ᠳᠤ ᠨᠢᠭᠡᠨ ᠣᠳᠠᠭᠠᠨ ᠤ ᠶᠡᠭᠡ ᠭᠠᠮᠰᠢᠭ ᠪᠠᠭᠤᠯᠭᠠᠬᠤ ᠪᠠᠷ ᠪᠣᠯᠪᠠ᠃ ᠠᠯᠯᠠᠾ ᠎ ᠶᠢᠨ ᠵᠠᠷᠯᠢᠭ ᠢᠶᠠᠷ ᠮᠢᠨᠦ ᠬᠤᠪᠢ ᠬᠦᠮᠦᠨ ᠡᠨᠡᠬᠦ ᠭᠠᠮᠰᠢᠭ ᠠᠴᠠ ᠲᠣᠳᠠᠭᠠᠨ ᠵᠠᠶᠢᠯᠠᠵᠣ ᠪᠣᠯᠣᠨ᠎ᠠ᠃ ᠡᠨᠡ ᠪᠣᠯ ᠮᠢᠨᠦ ᠬᠠᠮᠤᠭ ᠡᠴᠦᠰ ᠤᠨ ᠨᠢᠭᠡ ᠣᠳᠠᠭᠠᠨ ᠤ ᠨᠣᠮ ᠤᠨ ᠶᠠᠷᠢᠶ᠎ᠠ ᠶᠣᠮ᠃ ᠣᠳᠣ ᠪᠢ ᠲᠠ ᠨᠠᠷ ᠲᠠᠢ ᠰᠠᠯᠬᠤ ᠶᠣᠰᠣ ᠭᠦᠢᠴᠡᠳᠭᠡᠵᠦ ᠪᠠᠶᠢᠨ᠎ᠠ᠃ ᠪᠢ ᠲᠠ ᠨᠡᠷ ᠲᠤ ᠰᠠᠨᠠᠭᠤᠯᠬᠤ ᠨᠢ ᠵᠦᠪᠬᠡᠨ ᠲᠠᠬᠢᠨ ᠠᠮᠢᠯᠠᠬᠤ ᠡᠳᠦᠷ ᠪᠣᠯ ᠰᠠᠶ᠋ᠢ ᠲᠠ ᠪᠢᠳᠡᠨ ᠤ ᠠᠭᠤᠯᠵᠠᠬᠤ ᠴᠠᠭ ᠪᠣᠯᠣᠨ᠎ᠠ︾ ᠭᠡᠵᠡᠢ᠃ᠬᠡᠯᠡᠵᠦ ᠪᠠᠷᠠᠮᠠᠭᠴᠠ ᠪᠠᠨ ᠡᠨᠡᠬᠦ ᠱᠠᠾ ᠶᠠᠷᠢᠶᠠᠨ ᠤ ᠲᠠᠪᠴᠠᠩ ᠠᠴᠠ ᠪᠠᠭᠤᠵᠣ ᠢᠷᠡᠪᠡ᠃ ᠮᠦᠷᠭᠦᠯ ᠬᠦᠳᠦᠯᠦᠭᠴᠢ ᠲᠡᠭᠦᠨ ᠤ ᠠᠷᠣ ᠠᠴᠠ ᠰᠠᠯᠣᠯ ᠦᠭᠡᠢ ᠲᠠᠭᠠᠵᠣ᠂ ᠨᠠᠳᠠ ᠶᠢ ᠲᠠᠭᠠᠭᠤᠯᠣᠨ ᠠᠪᠠᠴᠢᠬᠤ ᠪᠣᠯᠪᠠᠥ ᠭᠡᠵᠦ ᠭᠤᠶᠣᠵᠣ ᠪᠠᠶᠢᠪᠠ᠃ ᠱᠠᠾ ᠲᠡᠭᠦᠨ ᠤ ᠭᠤᠶᠣᠴᠢᠯᠠᠯ ᠢ ᠵᠦᠪᠰᠢᠶᠡᠷᠡᠪᠡ᠃ ᠲᠡᠳᠡ ᠬᠤᠶᠠᠭᠤᠯᠠ ᠶᠠᠪᠣᠭᠠᠳ ᠭᠤᠷᠪᠠᠨ ᠦᠷᠳᠡᠭᠡ ᠭᠠᠷᠣᠭᠰᠠᠨ ᠤ ᠲᠠᠷᠠᠭ᠎ᠠ ᠵᠢᠭᠠᠬᠠᠨ ᠠᠮᠣᠰᠬᠢᠬᠤ ᠪᠠᠷ ᠪᠣᠯᠪᠠ᠃ ᠮᠦᠷᠭᠦᠯ ᠬᠦᠳᠦᠯᠦᠭᠴᠢ ᠱᠠᠾ ᠠᠴᠠ ᠭᠤᠶᠣᠴᠢᠯᠠᠨ ᠵᠦᠪᠰᠢᠶᠡᠷᠡᠭᠦᠯᠵᠦ ᠬᠤᠳᠠᠨ ᠳᠠᠭᠠᠨ ᠲᠠᠬᠢᠨ ᠬᠠᠷᠢᠵᠣ ᠨᠢᠭᠡᠨ ᠣᠴᠢᠷ ᠢ ᠰᠢᠢᠳᠪᠦᠷᠢᠯᠡᠬᠦ ᠪᠠᠷ ᠪᠣᠯᠵᠠᠢ᠃ ᠲᠡᠷᠡ ᠵᠢᠭᠠᠬᠠᠨ ᠴᠦ ᠬᠦᠯᠢᠶᠡᠯᠭᠡᠬᠦ ᠦᠭᠡᠢ ᠪᠠᠷ ᠲᠠᠷᠣᠢ ᠲᠦᠷᠭᠡᠨ ᠪᠣᠴᠠᠵᠣ ᠢᠷᠡᠨ᠎ᠡ ᠭᠡᠵᠦ ᠠᠮᠠᠯᠠᠪᠠ᠃ ᠡᠨᠡᠬᠦ ᠮᠦᠷᠭᠦᠯ ᠬᠦᠳᠦᠯᠦᠭᠴᠢ ᠬᠤᠳᠠ ᠶᠢᠨ ᠲᠣᠮᠳᠠᠬᠢ ᠮᠦᠷᠭᠦᠯ ᠤᠨ ᠲᠣᠭᠠᠩ ᠤᠨ ᠬᠠᠵᠠᠭᠤ ᠪᠠᠷ ᠦᠩᠭᠡᠷᠡᠬᠦ ᠲᠡᠭᠡᠨ ᠲᠡᠷᠡ ᠠᠮᠠᠨ ᠎ ᠳᠠᠭᠠᠨ ᠲᠦᠳᠦᠨᠡᠵᠦ᠄ ︽ᠪᠢ ᠲᠠᠬᠢᠨ ᠣᠴᠢᠵᠣ ᠨᠢᠭᠡ ᠣᠳᠠᠭ᠎ᠠ ᠣᠷᠣᠢ ᠶᠢᠨ ᠮᠦᠷᠭᠦᠯ ᠤᠨ ᠲᠠᠭᠠᠳᠬᠠᠯ ᠦᠭᠡ ᠶᠢ ᠣᠩᠰᠢᠶ᠎ᠠ᠃ ᠡᠨᠡ ᠣᠳᠠᠭ᠎ᠠ ᠪᠠᠷᠤᠭ ᠡᠴᠦᠰ ᠤᠨ ᠨᠢᠭᠡᠨ ᠣᠳᠠᠭ᠎ᠠ ᠪᠣᠯᠬᠤ ᠶᠠᠭᠤ ᠮᠠᠭᠠᠳ︾ ᠭᠡᠵᠦ ᠬᠡᠯᠡᠭᠡᠳ ᠲᠣᠭᠠᠩ ᠤᠨ ᠰᠣᠪᠣᠷᠭᠠᠨ ᠠᠰᠠᠷ ︵Midhanah ᠭᠡᠬᠦ ᠪᠣᠶᠣ ᠪᠠᠩᠺ ᠠᠰᠠᠷ ᠭᠡᠨ᠎ᠡ︶᠎ ᠳᠤ ᠠᠪᠠᠷᠢᠨ ᠭᠠᠷᠴᠣ ᠦᠨᠳᠦᠷ ᠲᠠᠭᠤ ᠪᠠᠷ ᠣᠷᠣᠢ ᠶᠢᠨ ᠮᠦᠷᠬᠦᠯ ᠤᠨ ᠲᠠᠭᠠᠳᠬᠠᠯ ᠦᠭᠡᠰ ᠢᠶᠠᠨ ᠣᠩᠰᠢᠵᠠᠢ᠃ ᠶᠠᠭ ᠡᠨᠡ ᠦᠶ᠎ᠡ ᠳᠤ ᠨᠢᠭᠡ ᠵᠦᠢᠯ ᠤᠨ ᠶᠠᠭᠤᠮ᠎ᠠ ᠲᠡᠭᠷᠢ ᠠᠴᠠ ᠴᠠᠰᠣᠨ ᠯᠠᠪᠰᠠ ᠮᠡᠳᠦ ᠪᠠᠷ ᠣᠨᠠᠵᠣ ᠪᠠᠶᠢᠭ᠎ᠠ ᠶᠢ ᠣᠯᠵᠣ ᠬᠠᠷᠠᠪᠠ᠃ ᠭᠡᠳᠡᠯ᠎ᠡ ᠡᠨᠡ ᠶᠠᠭᠤᠮ᠎ᠠ ᠴᠠᠰᠣ ᠪᠢᠰᠢ ᠪᠦᠷ ᠬᠠᠭᠤᠷᠠᠢ ᠶᠠᠭᠤᠮ᠎ᠠ ᠪᠠᠶᠢᠯ᠎ᠠ᠃ ᠲᠡᠷᠡ ᠮᠦᠷᠭᠦᠯ ᠤᠨ ᠲᠠᠭᠠᠳᠬᠠᠯ ᠤᠨ ᠦᠭᠡᠰ ᠢᠶᠠᠨ ᠣᠩᠰᠢᠵᠣ ᠲᠠᠭᠤᠰᠣᠭᠠᠳ᠂ ᠲᠠᠬᠢᠨ ᠨᠢᠭᠡ ᠵᠡᠷᠭᠡ ᠨᠠᠮᠠᠨᠴᠢᠯᠠᠯ ᠬᠢᠵᠠᠢ᠃ ᠲᠡᠭᠡᠭᠡᠳ ᠪᠠᠩᠺ ᠠᠰᠠᠷ ᠠᠴᠠ ᠪᠠᠭᠤᠵᠣ ᠢᠷᠡᠭᠡᠳ ᠦᠵᠡᠬᠦᠯ᠎ᠡ ᠠᠰᠠᠷ ᠤᠨ ᠡᠭᠦᠳᠡ ᠨᠢᠭᠡᠨᠳᠡ ᠪᠦᠭᠯᠡᠭᠳᠡᠵᠦ ᠨᠡᠭᠡᠭᠡᠭᠳᠡᠬᠦ ᠦᠭᠡᠢ ᠪᠣᠯᠪᠠ᠃ ᠲᠡᠷᠡ ᠲᠠᠬᠢᠨ ᠠᠰᠠᠷ ᠦᠭᠡᠳᠡ ᠭᠠᠷᠴᠣ ᠲᠦᠷᠪᠡᠨ ᠵᠦᠭ ᠢ ᠠᠵᠢᠭᠯᠠᠬᠤᠯ᠎ᠠ ᠲᠡᠭᠷᠢ ᠲᠡᠭᠡᠷ᠎ᠡ ᠠᠴᠠ ᠪᠠᠭᠤᠵᠣ ᠢᠷᠡᠭᠰᠡᠨ ᠨᠢ ᠬᠠᠷᠢᠨ ᠡᠯᠡᠰᠦ ᠪᠠᠶᠢᠵᠠᠢ᠃ ᠨᠢᠭᠡᠨᠳᠡ ᠪᠦᠬᠦ ᠬᠤᠳᠠ ᠶᠢ ᠨᠢᠭᠡᠮᠦᠰᠦᠨ ᠪᠣᠯᠠᠵᠣ ᠬᠠᠶᠠᠪᠠ᠃ ᠵᠢᠭᠠᠬᠠᠨ ᠣᠳᠠᠭᠠᠳ ᠦᠵᠡᠬᠦᠯ᠎ᠡ ᠭᠠᠵᠠᠷ ᠤᠨ ᠭᠠᠳᠠᠷᠭᠤ ᠲᠡᠭᠡᠭᠰᠢ ᠦᠰᠴᠦ ᠯᠡ ᠪᠠᠶᠢᠵᠣ᠂ ᠵᠦᠪᠬᠡᠨ ᠪᠠᠩᠺ ᠠᠰᠠᠷ ᠤᠨ ᠣᠷᠣᠢ ᠯᠠ ᠦᠯᠡᠳᠡᠵᠡᠢ᠃ ᠢᠩᠬᠢᠭᠡᠳ ᠲᠡᠷᠡ ᠠᠰᠠᠷ ᠠᠴᠠ ᠦᠰᠦᠷᠴᠦ ᠡᠯᠡᠰᠦᠨ ᠲᠡᠭᠡᠷ᠎ᠡ ᠪᠠᠭᠤᠭᠠᠳ᠂ ᠰᠦᠨᠢ ᠲᠦᠯᠢᠭᠦᠯᠦᠨ ᠱᠠᠾ ᠤᠨ ᠪᠠᠶᠢᠭ᠎ᠠ ᠭᠠᠵᠠᠷ ᠲᠤ ᠢᠷᠡᠨ᠂ ᠲᠡᠭᠦᠨ ᠳᠤ ᠡᠨᠡᠬᠦ ᠦᠩᠭᠡᠷᠡᠯᠳᠡ ᠪᠠᠨ ᠬᠡᠯᠡᠵᠦ ᠦᠭᠴᠡᠢ᠃ ᠱᠠᠾ ᠰᠣᠨᠣᠰᠣᠭᠠᠳ ᠲᠡᠷᠡ ᠲᠣᠣᠷ᠎ᠠ ᠪᠠᠨ ᠪᠣᠰᠴᠣ ᠴᠢᠨᠠᠭᠰᠢ ᠠᠶᠠᠯᠠᠵᠠᠢ᠃ ᠲᠡᠷᠡ ᠬᠡᠯᠡᠭᠰᠡᠨ ᠨᠢ᠄ ︽ᠡᠨᠡᠬᠦ ᠠᠯᠯᠠᠾ ᠳᠤ ᠵᠠᠯᠬᠠᠭᠳᠠᠵᠣ ᠪᠠᠶᠢᠭ᠎ᠠ ᠭᠠᠵᠠᠷ ᠠᠴᠠ ᠬᠤᠯᠠᠬᠠᠨ ᠪᠠᠶᠢᠶ᠎ᠠ︾ ᠭᠡᠵᠦ ᠲᠡᠳᠡᠨᠡᠷ ᠠᠳᠡ ᠠᠴᠠ ᠲᠦᠷᠭᠡᠨ ᠴᠢᠨᠠᠭᠰᠢ ᠲᠣᠳᠠᠭᠠᠨ ᠶᠠᠪᠣᠵᠠᠭᠠᠪᠠ᠃ ᠡᠨᠡ ᠬᠤᠳᠠ ᠣᠳᠣ ᠪᠣᠯᠳᠠᠯ᠎ᠠ ᠡᠯᠡᠰᠦ ᠮᠠᠩᠬᠠᠨ ᠳᠤ ᠪᠣᠯᠭᠳᠠᠭᠰᠠᠭᠠᠷ ᠪᠠᠶᠢᠭ᠎ᠠ ᠶᠣᠮ᠃ ᠵᠠᠷᠢᠮ ᠦᠶ᠎ᠡ ᠳᠤ ᠶᠡᠭᠡ ᠰᠠᠯᠬᠢᠨ ᠬᠦᠳᠡᠯᠪᠡᠯ᠂ ᠢᠰᠯᠠᠮ ᠤᠨ ᠰᠦᠮ᠎ᠡ ᠶᠢᠨ ᠪᠠᠩᠺ ᠠᠰᠠᠷ ᠤᠨ ᠣᠷᠣᠢ ᠴᠣᠬᠤᠶᠢᠵᠣ ᠦᠵᠡᠭᠳᠡᠳᠡᠭ᠃ ᠬᠠᠶᠠ ᠪᠠᠰᠠ ᠡᠶᠢᠮᠦ ᠪᠠᠶᠢᠳᠠᠯ ᠢᠯᠡᠷᠡᠳᠡᠭ᠃ ᠨᠢᠭᠡᠨ ᠵᠡᠷᠭᠡ ᠶᠡᠭᠡ ᠰᠠᠯᠬᠢᠨ ᠦᠩᠭᠡᠷᠡᠭᠰᠡᠨ ᠤ ᠲᠠᠷᠠᠭ᠎ᠠ ᠵᠠᠷᠢᠮ ᠨᠢᠭᠡ ᠭᠡᠷ ᠪᠠᠷᠢᠯᠭ᠎ᠠ ᠡᠯᠡᠰᠦᠨ ᠠᠴᠠ ᠢᠯᠡᠷᠡᠨ ᠭᠠᠷᠴᠣ ᠢᠷᠡᠳᠡᠭ᠂ ᠡᠨᠡᠬᠦ ᠭᠡᠷ ᠲᠣᠲᠣᠷ᠎ᠠ ᠣᠷᠣᠪᠠᠯ ᠭᠡᠷ ᠲᠣᠲᠣᠷᠠᠬᠢ ᠠᠯᠢᠪᠠ ᠬᠡᠷᠡᠭᠰᠡᠯ ᠪᠦᠷ ᠣᠷᠣ ᠣᠷᠣ ᠳᠠᠭᠠᠨ ᠪᠠᠶᠢᠵᠣ᠂ ᠵᠦᠪᠬᠡᠨ ᠡᠵᠡᠨ ᠤ ᠬᠢᠨᠢ ᠴᠠᠭᠠᠨ ᠶᠠᠰᠣ ᠯᠠ ᠲᠡᠨᠳᠡ ᠪᠠᠶᠢᠭᠠᠰᠣᠳᠠᠢ ᠭᠡᠳᠡᠭ ᠶᠣᠮ᠃ ᠠᠮᠢ ᠦᠭᠡᠢ ᠡᠳ᠋ ᠯᠠ ᠪᠦᠷ ᠶᠠᠮᠠᠷᠴᠣ ᠡᠪᠳᠡᠭᠳᠡᠯ ᠳᠤ ᠣᠴᠠᠷᠠᠭ᠎ᠠ ᠦᠭᠡᠢ ᠶᠣᠮ ᠰᠢᠭ ᠪᠠᠶᠢᠳᠠᠭ③ ᠭᠡᠨ᠎ᠡ᠃ᠲᠦᠭᠦᠮᠴᠢᠯᠡᠨ ᠦᠬᠦᠯᠡᠪᠡᠯ᠂ ᠡᠨᠡᠬᠦ ᠱᠠᠾ ᠡᠴᠦᠰ ᠲᠡᠭᠡᠨ ᠪᠠᠶᠢᠭᠤᠷ④᠎ ᠲᠤ ᠬᠦᠷᠴᠡᠢ᠃ ᠪᠠᠶᠢᠭᠤᠷ ᠪᠣᠯ ᠠᠺᠰᠣ ᠎ ᠠᠴᠠ ᠣᠶᠢᠷᠬᠠᠨ ᠪᠠᠶᠢᠭ᠎ᠠ ᠶᠣᠮ᠃ ᠲᠣᠬᠠᠢ ᠶᠢᠨ ᠦᠶ᠎ᠡ ᠳᠤ ᠲᠣᠬᠤᠯᠭ᠎ᠠ ᠲᠡᠮᠦᠷ ᠬᠠᠭᠠᠨ ᠶᠠᠭ ᠰᠠᠶᠢᠬᠠᠨ ᠠᠺᠰᠣ ᠳᠤ ᠪᠠᠶᠢᠵᠠᠢ᠃ ᠡᠨᠡᠬᠦ ᠬᠠᠭᠠᠨ ᠢ ᠬᠠᠮᠤᠭ ᠠᠩᠬ᠎ᠠ ᠠᠺᠰᠣ ᠳᠤ ᠲᠠᠭᠠᠭᠤᠯᠣᠨ ᠢᠷᠡᠬᠦ ᠳᠤ ᠲᠡᠷᠡ ᠰᠠᠶ᠋ᠢ ᠠᠷᠪᠠᠨ ᠵᠢᠷᠭᠤᠭᠠᠳᠠᠢ ᠪᠠᠶᠢᠪᠠ᠃ ᠬᠠᠷᠢᠨ ᠲᠡᠷᠡ ᠨᠢᠭᠡᠳᠦᠭᠡᠷ ᠣᠳᠠᠭ᠎ᠠ ᠱᠠᠾ ᠲᠠᠢ ᠠᠭᠤᠯᠵᠠᠬᠤ ᠦᠶ᠎ᠡ ᠳᠤ ᠰᠠᠶ᠋ᠢ ᠠᠷᠪᠠᠨ ᠨᠠᠢᠮᠠᠳᠠᠢ ᠪᠠᠶᠢᠪᠠ᠃ ᠲᠡᠳᠡ ᠬᠤᠶᠠᠭᠤᠯᠠ ᠶᠢᠨ ᠠᠭᠤᠯᠵᠠᠯᠳᠠ ᠶᠢᠨ ᠪᠠᠶᠢᠳᠠᠯ ᠢ ᠨᠠᠷᠢᠯᠢᠭ ᠶᠠᠷᠢᠪᠠᠯ ᠡᠶᠢᠮᠦ ᠪᠠᠶᠢᠵᠠᠢ᠄ ᠡᠨᠡᠬᠦ ᠬᠠᠭᠠᠨ ᠵᠠᠷᠯᠢᠭ ᠪᠠᠭᠤᠯᠭᠠᠨ ᠬᠡᠨ ᠬᠦᠮᠦᠨ ᠴᠦ ᠴᠢᠯᠦᠭᠡ ᠭᠤᠶᠣᠵᠣ ᠪᠣᠯᠬᠤ ᠦᠭᠡᠢ ᠬᠡᠮᠡᠨ ᠵᠠᠷᠯᠠᠭᠠᠳ᠂ ᠠᠪᠠ ᠎ ᠳᠤ ᠮᠣᠷᠳᠠᠬᠤ ᠪᠠᠷ ᠪᠣᠯᠣᠭᠠᠳ ᠪᠠᠶᠢᠪᠠ᠃ ᠭᠡᠳᠡᠯ᠎ᠡ ᠪᠠᠰᠠ ᠬᠡᠳᠦᠨ ᠬᠦᠮᠦᠨ ᠨᠢᠭᠡᠨ ᠨᠢᠭᠤᠴᠠᠪᠳᠣᠷ ᠭᠠᠵᠠᠷ ᠨᠢᠭᠤᠭᠳᠠᠨ ᠬᠤᠴᠣᠷᠴᠠᠢ᠃ ᠬᠠᠭᠠᠨ ᠮᠡᠳᠡᠭᠡᠳ ᠬᠦᠮᠦᠨ ᠲᠣᠮᠢᠯᠠᠨ ᠲᠡᠳᠡ ᠬᠡᠳᠦᠭᠦᠯᠡ ᠶᠢ ᠲᠠᠭᠠᠭᠤᠯᠣᠨ ᠠᠪᠴᠢᠷᠠᠳᠣᠭᠠᠢ ᠭᠡᠵᠡᠢ᠃ ᠬᠠᠭᠠᠨ ᠤ ᠲᠣᠣᠷᠠᠬᠢ ᠬᠦᠮᠦᠰ ᠲᠡᠷᠡ ᠬᠡᠳᠦᠭᠦᠯᠡ ᠶᠢ ᠬᠠᠭᠠᠨ ᠤ ᠠᠪᠠ ᠳᠤ ᠮᠣᠷᠳᠠᠬᠤ ᠵᠠᠷᠯᠢᠭ ᠠᠴᠠ ᠲᠡᠷᠰᠯᠡᠭᠰᠡᠨ ᠪᠣᠯᠬᠤᠷ᠂ ᠲᠡᠳᠡᠨᠡᠷ ᠢ ᠪᠠᠷᠢᠪᠴᠢᠯᠠᠨ ᠬᠦᠯᠢᠵᠦ ᠬᠠᠭᠠᠨ ᠤ ᠲᠡᠷᠭᠡᠳᠡ ᠲᠠᠷᠣᠵᠣ ᠠᠪᠴᠢᠷᠠᠪᠠ᠃ ᠬᠠᠭᠠᠨ ᠠᠰᠠᠭᠤᠷᠣᠨ᠄ ︽ᠲᠠᠨᠣᠰ ᠶᠠᠭᠤᠨ ᠳᠤ ᠮᠢᠨᠦ ᠵᠠᠷᠯᠢᠭ ᠠᠴᠠ ᠵᠦᠷᠢᠴᠡᠪᠡ︖︾ ᠭᠡᠰᠡᠨ ᠳᠤ ᠱᠠᠾ ᠬᠠᠷᠢᠭᠤᠯᠣᠨ᠄ ︽ᠪᠢᠳᠡ ᠪᠣᠯ ᠪᠠᠭᠤᠷᠢ ᠪᠣᠯᠣᠭᠰᠠᠨ ᠺᠠᠲ᠋ᠠᠺ ᠪᠠᠯᠭᠠᠰᠣᠨ ᠠᠴᠠ ᠵᠣᠪᠠᠯᠠᠩ ᠠᠴᠠ ᠵᠠᠶᠢᠯᠠᠬᠤ ᠶᠢᠨ ᠲᠣᠯᠠᠳᠠ ᠠᠳᠡ ᠲᠣᠳᠠᠭᠠᠨ ᠢᠷᠡᠭᠰᠡᠨ ᠬᠠᠷᠢ ᠨᠣᠳᠤᠭ ᠤᠨ ᠢᠷᠭᠡᠳ ᠪᠣᠯᠣᠨ᠎ᠠ᠃ ᠪᠢᠳᠡ ᠠᠪᠠ ᠬᠤᠮᠣᠷᠭ᠎ᠠ ᠬᠢᠵᠦ ᠴᠢᠳᠠᠬᠤ ᠦᠭᠡᠢ᠂ ᠬᠠᠭᠠᠨ ᠤ ᠵᠠᠷᠯᠢᠭ ᠢ ᠴᠦ ᠣᠯᠵᠣ ᠰᠣᠨᠣᠰᠣᠭᠰᠠᠨ ᠦᠭᠡᠢ ᠲᠣᠯᠠᠳᠠ ᠪᠢᠳᠡ ᠬᠠᠭᠠᠨ ᠵᠠᠷᠯᠢᠭ ᠎ ᠠᠴᠠ ᠵᠦᠷᠢᠴᠡᠭᠰᠡᠨ ᠳᠤ ᠲᠣᠭᠠᠴᠠᠭᠳᠠᠬᠤ ᠦᠭᠡᠢ ᠶᠣᠮ︾ ᠭᠡᠯ᠎ᠡ᠃ ᠲᠡᠭᠡᠭᠡᠳ ᠬᠠᠭᠠᠨ ᠲᠠᠭᠠᠭᠰᠠᠳ ᠲᠠᠭᠠᠨ ᠳᠣᠰᠢᠶᠠᠯ ᠦᠭᠴᠦ ᠡᠳᠡᠭᠡᠷ ᠬᠦᠮᠦᠰ ᠢ ᠲᠠᠯᠪᠢᠭᠳᠣᠨ ᠭᠡᠵᠦ ᠲᠠᠯᠪᠢᠭᠤᠯᠪᠠ᠃ ᠲᠣᠬᠠᠢ ᠶᠢᠨ ᠦᠶ᠎ᠡ ᠳᠤ ᠬᠠᠭᠠᠨ ᠶᠠᠭ ᠰᠠᠶᠢᠬᠠᠨ ᠭᠠᠭ᠋ᠠᠢ ᠶᠢᠨ ᠮᠢᠬ᠎ᠠ ᠪᠠᠷ ᠠᠪᠠ ᠶᠢᠨ ᠨᠣᠬᠠᠢ ᠪᠠᠨ ᠲᠡᠵᠢᠭᠡᠵᠦ ᠪᠠᠶᠢᠵᠠᠢ᠃ ᠲᠡᠭᠡᠭᠡᠳ ᠲᠡᠷᠡ ᠬᠢᠯᠢᠩ ᠳᠡᠭᠡᠨ ᠱᠠᠾ ᠠᠴᠠ ᠠᠰᠠᠭᠤᠭᠰᠠᠨ ᠨᠢ᠄ ︽ᠴᠢ ᠡᠨᠡ ᠨᠣᠬᠠᠢ ᠠᠴᠠ ᠲᠡᠭᠡᠷ᠎ᠡ ᠶᠣᠮ ᠦᠦ︖ ᠡᠨᠡ ᠨᠣᠬᠠᠢ ᠴᠢᠮ᠎ᠠ ᠠᠴᠠ ᠲᠡᠭᠡᠷ᠎ᠡ ᠶᠣᠮ ᠦᠦ︖︾ ᠭᠡᠵᠦ ᠠᠰᠠᠭᠤᠪᠠ᠃ ᠱᠠᠾ ᠬᠠᠷᠢᠭᠤᠯᠣᠭᠰᠠᠨ ᠨᠢ᠄ ︽ᠬᠡᠷᠪᠡ ᠪᠢ ᠠᠯᠯᠠᠾ ᠰᠢᠳᠦᠳᠡᠭ ᠪᠣᠯ ᠬᠡᠯᠡᠯᠭᠡᠨ ᠦᠭᠡᠢ ᠪᠢ ᠲᠡᠭᠡᠷ᠎ᠡ ᠪᠠᠶᠢᠬᠤ ᠪᠣᠯᠣᠨ᠎ᠠ᠂ ᠬᠡᠷᠪᠡ ᠪᠢ ᠠᠯᠯᠠᠾ ᠰᠢᠳᠦᠬᠦ ᠦᠭᠡᠢ ᠪᠣᠯ ᠡᠨᠡ ᠨᠣᠬᠠᠢ ᠨᠠᠳᠠ ᠠᠴᠠ ᠲᠡᠭᠡᠷ᠎ᠡ ᠪᠠᠶᠢᠬ᠎ᠠ︾ ᠭᠡᠵᠡᠢ᠃ ᠬᠠᠭᠠᠨ ᠡᠨᠡᠬᠦ ᠦᠭᠡ ᠶᠢ ᠰᠣᠨᠣᠰᠣᠭᠠᠳ ᠲᠡᠷᠡ ᠲᠠᠷᠣᠢ ᠴᠢᠨᠠᠭᠰᠢ ᠶᠠᠪᠣᠵᠠᠢ᠃ ᠲᠡᠭᠡᠭᠡᠳ ᠲᠡᠷᠡ ᠲᠣᠣᠷᠠᠬᠢ ᠵᠠᠷᠣᠴᠠ ᠳᠠᠭᠠᠨ ᠳᠣᠰᠢᠶᠠᠵᠣ᠄ ︽ᠴᠢ ᠣᠴᠢ᠂ ᠲᠡᠷᠡᠬᠦ ᠲᠠᠵᠢᠺ ᠡᠷ᠎ᠡ ᠶᠢ ᠮᠢᠨᠦ ᠮᠣᠷᠢᠨ ᠳᠤ ᠣᠨᠣᠭᠤᠯᠵᠣ᠂ ᠬᠦᠨᠳᠦᠳᠭᠡᠯ ᠲᠠᠢ ᠪᠠᠷ ᠲᠠᠭᠠᠭᠤᠯᠣᠨ ᠠᠪᠴᠢᠷᠠᠵᠣ ᠨᠠᠳᠠ ᠳᠤ ᠠᠭᠤᠯᠵᠠᠭᠤᠯ︕︾ ᠭᠡᠪᠡ᠃ᠡᠨᠡᠬᠦ ᠮᠣᠩᠭᠤᠯ ᠬᠦᠮᠦᠨ ᠱᠠᠾ ᠤᠨ ᠡᠮᠦᠨ᠎ᠡ ᠮᠣᠷᠢ ᠪᠠᠨ ᠬᠦᠳᠦᠯᠵᠦ ᠣᠴᠢᠭᠠᠳ ᠲᠡᠭᠦᠨ ᠢ ᠮᠣᠷᠢᠨ ᠳᠠᠭᠠᠨ ᠣᠨᠣᠭᠤᠯᠵᠣ ᠠᠪᠠᠴᠢᠬᠤ ᠭᠡᠰᠡᠨ ᠳᠤ ᠱᠠᠾ ᠦᠵᠡᠬᠦᠯ᠎ᠡ ᠮᠣᠷᠢᠨ ᠡᠮᠡᠭᠡᠯ ᠲᠡᠭᠡᠷ᠎ᠡ ᠨᠢ ᠭᠠᠭ᠋ᠠᠢ ᠶᠢᠨ ᠴᠢᠰᠣ ᠨᠠᠭᠠᠯᠳᠣᠵᠣ ᠪᠠᠶᠢᠭ᠎ᠠ ᠪᠣᠯᠬᠤᠷ᠂ ᠲᠡᠷᠡ᠄ ︽ᠪᠢ ᠮᠣᠷᠢ ᠣᠨᠣᠬᠤ ᠦᠭᠡᠢ ᠠᠯᠬᠤᠭᠠᠳ ᠣᠴᠢᠶ᠎ᠠ︾ ᠭᠡᠪᠡ᠃ ᠭᠡᠳᠡᠯ᠎ᠡ ᠡᠨᠡᠬᠦ ᠮᠣᠩᠭᠤᠯ ᠬᠦᠮᠦᠨ ᠲᠡᠭᠦᠨ ᠳᠤ ᠡᠨᠡ ᠪᠣᠯ ᠬᠠᠭᠠᠨ ᠵᠠᠷᠯᠢᠭ᠂ ᠵᠠᠪᠠᠯ ᠡᠨᠡᠬᠦ ᠮᠣᠷᠢ ᠶᠢ ᠣᠨᠣᠵᠣ ᠣᠴᠢᠬᠤ ᠬᠡᠷᠡᠭᠳᠡᠢ ᠭᠡᠵᠦ ᠴᠢᠩᠭᠬ᠎ᠠ ᠪᠠᠷᠢᠮᠳᠠᠯᠠᠬᠤ ᠪᠣᠯᠬᠤᠷ᠂ ᠱᠠᠾ ᠠᠷᠭ᠎ᠠ ᠦᠭᠡᠢ ᠨᠢᠭᠡᠨ ᠴᠡᠪᠡᠷ ᠠᠯᠴᠢᠭᠤᠷ ᠭᠠᠷᠭᠠᠨ ᠡᠮᠡᠭᠡᠯ ᠲᠡᠭᠡᠷ᠎ᠡ ᠲᠡᠪᠢᠰᠦᠭᠡᠳ ᠰᠠᠶ᠋ᠢ ᠮᠣᠷᠢᠨ ᠳᠤ ᠮᠣᠷᠳᠠᠨ ᠶᠠᠪᠣᠵᠠᠢ᠃ ᠲᠡᠭᠦᠨ ᠢ ᠬᠠᠭᠠᠨ ᠤ ᠲᠡᠨᠳᠡ ᠬᠦᠷᠬᠦ ᠦᠶ᠎ᠡ ᠎ ᠳᠤ᠂ ᠬᠠᠭᠠᠨ ᠶᠠᠭ ᠰᠠᠶᠢᠬᠠᠨ ᠨᠢᠭᠡ ᠨᠠᠮ ᠵᠢᠮᠬᠡᠨ ᠭᠠᠵᠠᠷ ᠵᠣᠭᠰᠣᠵᠣ᠂ ᠨᠢᠭᠤᠷ ᠴᠢᠷᠠᠢ ᠲᠡᠭᠡᠷ᠎ᠡ ᠨᠢ ᠮᠠᠰᠢ ᠵᠣᠪᠠᠷᠢᠯᠠᠭᠰᠠᠨ ᠮᠠᠶ᠋ᠢᠭᠳᠡᠢ ᠪᠠᠶᠢᠵᠠᠢ᠃ ᠬᠠᠭᠠᠨ ᠠᠰᠠᠭᠤᠷᠣᠨ᠄ ︽ᠨᠢᠭᠡ ᠬᠦᠮᠦᠨ ᠶᠠᠭᠠᠬᠢᠪᠠᠯ ᠰᠠᠶ᠋ᠢ ᠨᠣᠬᠠᠢ ᠠᠴᠠ ᠲᠡᠭᠡᠷ᠎ᠡ ᠪᠠᠶᠢᠵᠣ ᠴᠢᠳᠠᠬᠤ ᠪᠣᠢ︖︾ ᠭᠡᠰᠡᠨ ᠳᠤ ᠱᠠᠾ ᠬᠠᠭᠠᠨ ᠳᠤ ᠬᠠᠷᠢᠭᠤᠯᠣᠷᠣᠨ᠄ ︽ᠰᠢᠳᠦᠯᠭᠡ ᠲᠠᠢ ᠪᠠᠶᠢᠬᠤ ᠬᠡᠷᠡᠭᠳᠡᠢ︾ ᠭᠡᠵᠡᠢ᠃ ᠵᠠᠯᠭᠠᠭᠠᠳ ᠱᠠᠾ ᠠᠴᠠ ᠬᠠᠭᠠᠨ ᠳᠤ ᠶᠠᠭᠤ ᠶᠢ ᠰᠢᠳᠦᠯᠭᠡ ᠭᠡᠬᠦ᠂ ᠵᠢᠴᠢ ᠮᠦᠰᠯᠢᠮ ᠎ ᠤᠨ ᠡᠯ᠎ᠡ ᠵᠦᠢᠯ ᠤᠨ ᠵᠢᠷᠣᠮ ᠵᠡᠷᠭᠡ ᠶᠢ ᠲᠠᠶᠢᠯᠪᠣᠷᠢᠯᠠᠵᠣ ᠦᠭᠴᠡᠢ᠃ ᠢᠩᠬᠢᠭᠡᠳ ᠬᠠᠭᠠᠨ ᠲᠡᠨᠳᠡ ᠪᠠᠨ ᠵᠣᠭᠰᠣᠨ ᠣᠬᠢᠯᠠᠵᠣ ᠦᠭᠦᠯᠡᠷᠦᠨ᠄ ︽ᠬᠡᠷᠪᠡ ᠪᠢ ᠨᠢᠭᠡᠨᠳᠡ ᠬᠠᠭᠠᠨ ᠪᠣᠯᠵᠣ᠂ ᠬᠠᠮᠤᠭ ᠦᠨᠳᠦᠷ ᠰᠠᠭᠤᠷᠢᠨ ᠳᠤ ᠰᠠᠭᠤᠵᠣ ᠶᠡᠭᠡ ᠡᠷᠬᠡ ᠪᠠᠨ ᠠᠳᠬᠤᠭᠰᠠᠭᠠᠷ᠂ ᠴᠢ ᠡᠷᠬᠡᠪᠰᠢ ᠠᠳᠡ ᠢᠷ᠎ᠡ᠃ ᠪᠢ ᠴᠢᠮ᠎ᠡ ᠳᠤ ᠠᠮᠠᠯᠳᠣᠶ᠎ᠠ᠃ ᠪᠢ ᠢᠰᠯᠠᠮ ᠱᠠᠰᠢᠨ ᠰᠢᠳᠦᠨ᠎ᠡ︾ ᠭᠡᠪᠡ᠃ ᠲᠡᠭᠡᠭᠡᠳ ᠱᠠᠾ ᠢ ᠮᠠᠰᠢ ᠬᠦᠨᠳᠦᠳᠭᠡᠯ ᠲᠠᠢ ᠶᠣᠰᠣ ᠪᠠᠷ ᠦᠳᠡᠨ ᠪᠣᠴᠠᠭᠠᠵᠠᠢ᠃ ᠣᠳᠠᠯ ᠦᠭᠡᠢ ᠱᠠᠾ · ᠵᠠᠮᠠᠯ ᠠᠳ᠋ᠳᠢᠨ ᠦᠬᠦᠪᠡ᠃ ᠲᠡᠷᠡ ᠨᠢᠭᠡᠨ ᠬᠦᠪᠡᠭᠦᠨ ᠦᠯᠡᠳᠡᠭᠡᠵᠦ᠂ ᠨᠡᠷ᠎ᠡ ᠨᠢ ᠠᠷᠱᠠᠳ᠋ — ᠦᠳ᠋ — ᠳ᠋ᠢᠨ ︵Arshad-ud-din︶ ᠭᠡᠳᠡᠭ᠃ ᠲᠡᠷᠡ ᠮᠦᠨᠴᠦ ᠨᠢᠭᠡᠨ ᠮᠠᠰᠢ ᠦᠨᠡᠨᠴᠢ ᠰᠦᠰᠦᠭᠳᠡᠨ ᠬᠦᠮᠦᠨ ᠪᠢᠯᠡ᠃ ᠠᠩᠬ᠎ᠠ ᠱᠠᠾ · ᠵᠠᠮᠠᠯ ᠠᠳ᠋ᠳᠢᠨ ᠨᠢᠭᠡᠨ ᠵᠡᠭᠦᠳᠦ ᠵᠡᠭᠦᠳᠦᠯᠡᠭᠰᠡᠨ ᠠᠵᠠᠢ᠃ ᠵᠡᠭᠦᠳᠦᠨ ᠳᠤ ᠲᠡᠭᠦᠨ ᠎ ᠤ ᠬᠦᠪᠡᠭᠦᠨ ᠠᠷᠱᠠᠳ᠋ — ᠦᠳ᠋ — ᠳ᠋ᠢᠨ ᠨᠢᠭᠡᠨ ᠳ᠋ᠧᠩ ᠪᠠᠷᠢᠵᠣ ᠦᠨᠳᠦᠷ ᠠᠭᠤᠯᠠᠨ ᠶᠢᠨ ᠣᠷᠬᠢᠯ ᠲᠡᠭᠡᠷ᠎ᠡ ᠮᠠᠴᠣᠨ ᠭᠠᠷᠣᠭᠰᠠᠨ᠎ᠠ ᠳ᠋ᠧᠩ ᠤᠨ ᠭᠡᠷᠡᠯ ᠪᠦᠬᠦᠶᠢᠯᠡ ᠲᠣᠷᠣᠨ᠎ᠠ ᠵᠦᠭ ᠢ ᠨᠡᠪᠳᠡ ᠭᠡᠶᠢᠭᠦᠯᠦᠪᠡ᠃ ᠲᠡᠭᠦᠨ ᠠᠴᠠ ᠬᠤᠵᠢᠮ ᠲᠡᠷᠡ ᠠᠺᠰᠣ ᠳᠤ ᠲᠣᠬᠤᠯᠭ᠎ᠠ ᠲᠡᠮᠦᠷ ᠬᠠᠭᠠᠨ ᠲᠠᠢ ᠠᠭᠤᠯᠵᠠᠵᠣ᠂ ᠲᠡᠭᠡᠷᠡᠬᠢ ᠦᠭᠡᠰ ᠢ ᠬᠡᠯᠡᠭᠰᠡᠨ ᠠᠵᠠᠢ᠃ ᠱᠠᠾ ᠦᠬᠦᠬᠦ ᠠᠴᠠ ᠪᠠᠨ ᠡᠮᠦᠨ᠎ᠡ ᠡᠳᠡᠭᠡᠷ ᠬᠡᠷᠡᠭ ᠣᠴᠢᠷ ᠢ ᠬᠦᠪᠡᠭᠦᠨ ᠳᠡᠭᠡᠨ ᠪᠦᠷ ᠶᠠᠷᠢᠵᠣ ᠦᠭᠭᠦᠭᠰᠡᠨ ᠪᠦᠭᠡᠳ ᠲᠡᠭᠦᠨ ᠳᠤ ᠵᠠᠬᠢᠵᠣ ᠦᠭᠦᠯᠡᠷᠦᠨ᠄ ︽ᠪᠢ ᠨᠢᠭᠡᠨᠳᠡ ᠦᠷᠯᠦᠭᠡ ᠦᠳᠡᠰᠢ ᠶᠢᠨ ᠬᠤᠭᠤᠷᠣᠨᠳᠣ ᠬᠢ ᠬᠦᠮᠦᠨ ᠪᠣᠯᠵᠠᠢ᠃ ᠨᠢᠭᠡᠨ ᠣᠴᠢᠷ ᠢ ᠴᠢᠮᠠᠳᠣ ᠵᠠᠬᠢᠶ᠎ᠠ᠃ ᠬᠡᠷᠪᠡ ᠡᠨᠡᠬᠦ ᠵᠠᠯᠠᠭᠤ ᠬᠦᠮᠦᠨ ᠬᠠᠭᠠᠨ ᠰᠠᠭᠤᠳᠠᠭ ᠶᠣᠮ ᠪᠣᠯ ᠴᠢ ᠲᠡᠭᠦᠨ ᠳᠤ ᠲᠡᠭᠦᠨ ᠤ ᠠᠮᠠᠯᠳᠣᠯᠭ᠎ᠠ ᠶᠢ ᠰᠠᠨᠠᠭᠤᠯᠵᠣ᠂ ᠲᠡᠭᠦᠨ ᠢ ᠢᠰᠯᠠᠮ ᠱᠠᠰᠢᠨ ᠳᠤ ᠲᠠᠭᠠᠭᠤᠯᠵᠣ ᠣᠷᠣᠭᠤᠯᠣᠭᠳᠣᠨ᠃ ᠡᠨᠡᠬᠦ ᠦᠯᠵᠡᠢ ᠪᠡᠯᠭᠡ ᠲᠠᠢ ᠬᠡᠷᠡᠭ ᠣᠴᠢᠷ ᠯᠠᠪ ᠴᠢᠮ᠎ᠠ ᠶᠢ ᠲᠠᠮᠵᠢᠨ ᠪᠡᠶᠡᠯᠡᠭᠳᠡᠨ᠎ᠡ᠃ ᠢᠩᠭᠢᠪᠡᠯ ᠡᠨᠡᠬᠦ ᠲᠡᠯᠡᠬᠡᠢ ᠲᠠᠬᠢᠨ ᠭᠡᠷᠡᠯ ᠭᠢᠯᠪᠠᠭ᠎ᠠ ᠪᠠᠷ ᠭᠡᠷᠡᠯᠳᠦᠬᠦ ᠪᠣᠯᠣᠨ᠎ᠠ︾ ᠭᠡᠵᠡᠢ᠃ᠱᠠᠾ ᠦᠪᠡᠷ ᠤᠨ ᠭᠡᠷᠢᠶᠡᠰᠦ ᠪᠠᠨ ᠵᠠᠬᠢᠵᠣ ᠪᠠᠷᠠᠭᠠᠳ ᠣᠳᠠᠯ ᠦᠭᠡᠢ ᠦᠬᠦᠵᠡᠢ᠃ ᠲᠡᠭᠡᠭᠡᠳ ᠲᠡᠮᠡᠢ ᠣᠳᠠᠯ ᠦᠭᠡᠢ ᠲᠣᠬᠤᠯᠭ᠎ᠠ ᠲᠡᠮᠦᠷ ᠦᠨᠡᠬᠡᠷ ᠬᠠᠭᠠᠨ ᠰᠠᠭᠤᠪᠠ᠃ ᠶᠡᠭᠡ ᠮᠠᠣᠯᠠ ᠠᠷᠱᠠᠳ᠋ — ᠦᠳ᠋ — ᠳ᠋ᠢᠨ ᠡᠨᠡᠬᠦ ᠴᠢᠮᠡᠭᠡ ᠶᠢ ᠣᠯᠵᠣ ᠰᠣᠨᠣᠰᠣᠭᠠᠳ᠂ ᠠᠺᠰᠣ ᠠᠴᠠ ᠰᠠᠯᠵᠣ ᠮᠣᠩᠭᠤᠯᠰᠲ᠋ᠠᠨ ᠳᠤ ᠢᠷᠡᠪᠡ᠃ ᠲᠣᠬᠠᠢ ᠶᠢᠨ ᠦᠶ᠎ᠡ ᠳᠤ ᠲᠣᠬᠤᠯᠭ᠎ᠠ ᠲᠡᠮᠦᠷ ᠬᠠᠭᠠᠨ ᠲᠦᠮᠡᠨ ᠢᠷᠭᠡᠳ ᠤᠨ ᠲᠡᠷᠢᠭᠦᠯᠡᠭᠴᠢ ᠪᠣᠯᠵᠣ᠂ ᠡᠷᠬᠢᠮ ᠤᠨ ᠲᠦᠢᠯ ᠳᠤ ᠬᠦᠷᠦᠭᠡᠳ ᠪᠠᠶᠢᠯ᠎ᠠ᠃ ᠲᠡᠷᠡ ᠠᠷᠭ᠎ᠠ ᠪᠦᠬᠦᠨ ᠢ ᠰᠦᠪᠡᠭᠴᠢᠯᠡᠨ ᠬᠠᠭᠠᠨ ᠲᠠᠢ ᠵᠣᠯᠭᠠᠵᠣ᠂ ᠡᠴᠢᠭᠡ ᠶᠢᠨ ᠢᠶᠠᠨ ᠭᠡᠷᠢᠶᠡᠰ ᠢ ᠪᠡᠶᠡᠯᠡᠬᠦᠯᠬᠦ ᠪᠠᠷ ᠴᠢᠷᠮᠠᠶᠢᠭᠰᠠᠨ ᠪᠣᠯᠪᠠᠴᠣ ᠵᠣᠷᠢᠯᠭ᠎ᠠ ᠲᠠᠭᠠᠨ ᠬᠦᠷᠴᠦ ᠴᠢᠳᠠᠬᠤ ᠦᠭᠡᠢ ᠪᠠᠶᠢᠯ᠎ᠠ᠃ ᠲᠡᠭᠡᠭᠡᠳ ᠲᠡᠷᠡ ᠡᠳᠦᠷ ᠪᠦᠷᠢ ᠲᠡᠭᠷᠢ ᠭᠡᠭᠡᠷᠡᠬᠦ ᠶᠢᠨ ᠦᠶ᠎ᠡ ᠪᠠᠷ ᠬᠠᠭᠠᠨ ᠤ ᠣᠷᠳᠣᠨ ᠮᠠᠶᠢᠬᠠᠨ ᠤ ᠣᠶᠢᠷᠠᠯᠴᠠᠭ᠎ᠠ ᠪᠠᠷ ᠦᠨᠳᠦᠷ ᠲᠠᠭᠤ ᠪᠠᠷ ᠲᠠᠭᠠᠳᠬᠠᠯ ᠦᠭᠡᠰ ᠣᠩᠰᠢᠵᠣ ᠪᠠᠶᠢᠯ᠎ᠠ᠃ ᠨᠢᠭᠡᠨ ᠡᠳᠦᠷ ᠤᠨ ᠲᠡᠭᠷᠢ ᠭᠡᠭᠡᠷᠡᠬᠦ ᠦᠶᠡᠰ ᠬᠠᠭᠠᠨ ᠲᠣᠣᠷᠠᠬᠢ ᠲᠠᠭᠠᠭᠰᠠᠳ ᠲᠠᠭᠠᠨ ᠳᠣᠰᠢᠶᠠᠭᠰᠠᠨ ᠨᠢ᠄ ︽ᠡᠨᠡ ᠬᠦᠮᠦᠨ ᠨᠢᠭᠡᠨᠳᠡ ᠬᠡᠳᠦᠨ ᠡᠳᠦᠷ᠂ ᠵᠠᠪᠠᠯ ᠡᠨᠡ ᠦᠶ᠎ᠡ ᠪᠠᠷ ᠦᠨᠳᠦᠷ ᠲᠠᠭᠤ ᠪᠠᠷ ᠣᠷᠢᠯᠠᠨ᠎ᠠ᠃ ᠴᠢ ᠣᠴᠢᠵᠣ ᠲᠡᠭᠦᠨ ᠢ ᠮᠢᠨᠦ ᠠᠳᠡ ᠲᠠᠭᠠᠭᠤᠯᠣᠨ ᠠᠪᠴᠢᠷ᠎ᠠ︾ ᠭᠡᠪᠡ᠃ ᠡᠨᠡᠬᠦ ᠮᠣᠩᠭᠤᠯ ᠬᠦᠮᠦᠨ ᠶᠡᠭᠡ ᠮᠠᠣᠯᠠ ᠶᠢᠨ ᠲᠡᠷᠭᠡᠳᠡ ᠢᠷᠡᠬᠦ ᠦᠶ᠎ᠡ ᠳᠤ ᠲᠡᠷᠡ ᠪᠠᠰᠠ ᠦᠨᠳᠦᠷ ᠲᠠᠭᠤ ᠎ ᠪᠠᠷ ᠲᠠᠭᠠᠳᠬᠠᠯ ᠦᠭᠡᠰ ᠢᠶᠠᠨ ᠣᠩᠰᠢᠵᠣ ᠪᠠᠶᠢᠪᠠ᠃ ᠬᠠᠭᠠᠨ ᠤ ᠲᠠᠭᠠᠭᠰᠠᠳ ᠲᠡᠭᠦᠨ ᠢ ᠵᠠᠭᠠᠮᠳᠠᠨ ᠴᠢᠷᠴᠦ ᠬᠠᠭᠠᠨ ᠎ ᠤ ᠲᠡᠷᠭᠡᠳᠡ ᠠᠪᠴᠢᠷᠠᠪᠠ᠃ ᠬᠠᠭᠠᠨ ᠲᠡᠭᠦᠨ ᠠᠴᠠ᠄ ︽ᠴᠢ ᠶᠠᠮᠠᠷ ᠬᠦᠮᠦᠨ ᠪᠣᠢ︖ ᠶᠠᠭᠤᠨ ᠳᠤ ᠬᠠᠷ᠎ᠠ ᠦᠷᠯᠦᠭᠡ ᠪᠠᠷ ᠮᠢᠨᠦ ᠨᠣᠶᠢᠷᠰᠣᠬᠤ ᠶᠢ ᠬᠠᠷᠰᠢᠯᠠᠬᠤ ᠪᠣᠢ︖︾ ᠭᠡᠵᠦ ᠠᠰᠠᠭᠤᠭᠰᠠᠨ ᠳᠤ ᠲᠡᠷᠡ ᠦᠭᠦᠯᠡᠷᠦᠨ᠄ ︽ᠲᠠ ᠨᠢᠭᠡ ᠣᠳᠠᠭ᠎ᠠ ᠢᠰᠯᠠᠮ ᠱᠠᠰᠢᠨ ᠰᠢᠳᠦᠨ᠎ᠡ ᠭᠡᠵᠦ ᠨᠢᠭᠡ ᠬᠦᠮᠦᠨ ᠳᠤ ᠠᠮᠠᠯᠳᠣᠭᠰᠠᠨ ᠪᠢᠰᠢᠥ᠃ ᠪᠢ ᠪᠣᠯ ᠲᠡᠷᠡ ᠬᠦᠮᠦᠨ ᠤ ᠬᠦᠪᠡᠭᠦᠨ ᠨᠢ ᠪᠢᠯᠡ︾ ᠭᠡᠪᠡ᠃ ᠲᠡᠷᠡ ᠵᠠᠯᠭᠠᠭᠠᠳ ᠲᠡᠭᠡᠷᠡᠬᠢ ᠬᠡᠯᠡᠭᠰᠡᠨ ᠦᠯᠢᠭᠡᠷ ᠢ ᠬᠠᠭᠠᠨ ᠳᠤ ᠲᠠᠬᠢᠨ ᠨᠢᠭᠡ ᠣᠳᠠᠭ᠎ᠠ ᠶᠠᠷᠢᠵᠣ ᠰᠣᠨᠣᠰᠬᠠᠪᠠ᠃ ᠬᠠᠭᠠᠨ ᠦᠭᠦᠯᠡᠷᠦᠨ᠄ ︽ᠴᠢᠮ᠎ᠠ ᠶᠢ ᠪᠠᠶᠠᠷᠯᠠᠨ ᠣᠭᠳᠣᠶ᠎ᠠ᠂ ᠴᠢᠨᠣ ᠡᠴᠢᠭᠡ ᠴᠢᠨᠢ ᠣᠳᠣ ᠬᠠᠮᠢᠭ᠎ᠠ ᠪᠠᠶᠢᠬᠤ ᠪᠣᠢ︖︾ ᠭᠡᠵᠦ ᠠᠰᠠᠭᠤᠪᠠ᠃ ᠲᠡᠷᠡ ᠬᠠᠷᠢᠭᠤᠯᠣᠷᠣᠨ᠄ ︽ᠮᠢᠨᠦ ᠡᠴᠢᠭᠡ ᠨᠢᠭᠡᠨᠳᠡ ᠨᠠᠰᠣᠨ ᠡᠴᠦᠰᠯᠡᠪᠡ᠃ ᠭᠡᠪᠡᠴᠦ ᠲᠡᠷᠡ ᠡᠨᠡᠬᠦ ᠦᠩᠭᠡ ᠭᠡᠷᠡᠯᠳᠦ ᠡᠭᠦᠷᠭᠡ ᠶᠢ ᠨᠠᠳᠠ ᠳᠤ ᠳᠣᠰᠢᠶᠠᠨ ᠬᠡᠷᠢᠶᠡᠰᠦᠯᠡᠭᠰᠡᠨ ᠶᠣᠮ︾ ᠭᠡᠪᠡ᠃ ᠬᠠᠭᠠᠨ ᠦᠬᠦᠯᠡᠷᠦᠨ᠄ ︽ᠪᠢ ᠬᠠᠭᠠᠨ ᠰᠢᠷᠠᠭᠡᠨ ᠳᠤ ᠰᠠᠭᠤᠭᠰᠠᠨ ᠎ ᠠᠴᠠ ᠢᠨᠠᠭᠰᠢ ᠦᠪᠡᠷ ᠤᠨ ᠠᠮᠠᠯᠳᠣᠯᠭ᠎ᠠ ᠪᠠᠨ ᠬᠡᠵᠢᠶ᠎ᠡ ᠴᠦ ᠦᠯᠦ ᠮᠡᠷᠳᠠᠭᠰᠠᠨ ᠪᠦᠯᠦᠭᠡ᠃ ᠭᠡᠪᠡᠴᠦ ᠮᠢᠨᠦ ᠠᠮᠠᠯᠳᠣᠯᠭ᠎ᠠ ᠶᠢ ᠠᠪᠣᠭᠰᠠᠨ ᠬᠦᠮᠦᠨ ᠶᠡᠷᠦ ᠨᠢ ᠢᠷᠡᠬᠦ ᠦᠭᠡᠢ ᠪᠠᠶᠢᠪᠠ᠃ ᠡᠳᠦᠬᠡ ᠪᠢ ᠴᠢᠮ᠎ᠠ ᠶᠢ ᠬᠠᠯᠠᠭᠤᠨ ᠢᠶᠠᠷ ᠣᠭᠳᠣᠶ᠎ᠠ᠃ ᠴᠢ ᠬᠡᠯᠡ᠂ ᠪᠢ ᠣᠳᠣ ᠶᠠᠭᠠᠬᠢᠬᠤ ᠶᠣᠮ ᠪᠣᠢ︖︾ ᠭᠡᠪᠡ᠃ ᠲᠡᠷᠡᠬᠦ ᠡᠳᠦᠷ ᠤᠨ ᠡᠷᠳᠡ᠂ ᠠᠯᠯᠠᠾ ᠎ ᠶᠢᠨ ᠠᠪᠣᠷᠠᠯ ᠲᠠᠢ ᠠᠯᠳᠠᠨ ᠨᠠᠷᠠ ᠡᠬᠡ ᠲᠡᠯᠡᠬᠡᠢ ᠶᠢ ᠨᠡᠶᠢᠳᠡᠮ ᠭᠡᠷᠡᠯᠳᠦᠭᠦᠯᠦᠨ᠂ ︽ᠦᠯᠦ ᠰᠢᠳᠦᠬᠦ︾ ᠲᠦᠨᠡᠷ ᠬᠠᠷᠠᠩᠭᠤᠢ ᠶᠢ ᠦᠯᠳᠡᠨ ᠶᠠᠪᠣᠭᠤᠯᠬᠤ ᠦᠶ᠎ᠡ ᠳᠤ ᠶᠡᠭᠡ ᠮᠠᠣᠯᠠ ᠾᠢᠳᠢᠮᠠᠲ ᠬᠠᠭᠠᠨ ᠤ ᠢᠰᠯᠠᠮ ᠰᠢᠳᠦᠭᠡᠨ ᠰᠢᠳᠦᠬᠦ ᠠᠩᠬᠠᠨ ᠤ ᠶᠣᠰᠣᠯᠠᠯ ᠢ ᠡᠷᠬᠢᠯᠡᠨ᠂ ᠬᠠᠭᠠᠨ ᠠᠯᠯᠠᠾ ᠰᠢᠳᠦᠬᠦ ᠲᠠᠭᠠᠳᠬᠠᠯ ᠦᠭᠡᠰ ᠢ ᠣᠩᠰᠢᠨ ᠮᠦᠰᠯᠢᠮ ᠪᠣᠯᠪᠠ᠃ ᠵᠠᠯᠭᠠᠭᠠᠳ ᠲᠡᠳᠡ ᠵᠦᠪᠯᠡᠨ ᠲᠣᠭᠳᠠᠭᠰᠠᠨ ᠨᠢ᠄ ᠢᠰᠯᠠᠮ ᠱᠠᠰᠢᠨ ᠢ ᠲᠡᠯᠭᠡᠷᠡᠭᠦᠯᠬᠦ ᠶᠢᠨ ᠲᠦᠯᠦᠭᠡ ᠲᠡᠳᠡ ᠡᠷᠬᠡᠪᠰᠢ ᠸᠠᠩ ᠭᠦᠩ ᠪᠠ ᠡᠷᠬᠢᠮ ᠢᠵᠡᠭᠤᠷᠳᠠᠨ ᠢᠶᠠᠨ ᠨᠢᠭᠡ ᠨᠢᠭᠡ ᠪᠠᠷ ᠲᠠᠭᠤᠳᠠᠨ ᠠᠭᠤᠯᠵᠠᠵᠣ ᠨᠢᠭᠤᠷᠳᠠᠨ ᠶᠠᠷᠢᠯᠴᠠᠬᠤ ᠪᠠᠷ ᠪᠣᠯᠪᠠ᠃ ᠬᠡᠷᠪᠡ ᠲᠡᠳᠡᠨᠡᠷ ᠡᠨᠡᠬᠦ ᠵᠦᠪᠯᠡᠯᠭᠡ ᠶᠢ ᠠᠪᠬᠤ ᠦᠭᠡᠢ ᠪᠣᠯ ᠲᠡᠳᠡᠨᠡᠷ ᠢ ᠭᠠᠵᠢᠭᠤ ᠱᠠᠰᠢᠨᠳᠠᠨ ᠢᠶᠠᠷ ᠦᠵᠡᠵᠦ ᠠᠯᠠᠨ ᠰᠢᠢᠳᠭᠡᠨ᠎ᠡ ᠭᠡᠵᠦ ᠲᠣᠭᠳᠠᠪᠠ᠃ᠬᠠᠭᠠᠨ ᠬᠤᠶᠠᠳᠣᠭᠠᠷ ᠡᠳᠦᠷ ᠤᠨ ᠡᠷᠳᠡ ᠬᠠᠮᠤᠭ ᠲᠦᠷᠦᠭᠦᠨ ᠳᠤ ᠲᠠᠭᠤᠳᠠᠨ ᠠᠭᠤᠯᠵᠠᠭᠰᠠᠨ ᠬᠦᠮᠦᠨ ᠪᠣᠯ ᠵᠣᠬᠢᠶᠠᠭᠴᠢ ᠮᠢᠨᠦ ᠡᠯᠦᠨᠴᠡ ᠠᠪᠠᠭ᠎ᠠ ᠡᠪᠦᠭᠡ ᠡᠮᠢᠷ · ᠲᠣᠯᠭ᠎ᠠ ᠪᠣᠯᠣᠨ᠎ᠠ᠃ ᠲᠡᠭᠦᠨ ᠢ ᠬᠠᠭᠠᠨ ᠤ ᠲᠡᠷᠭᠡᠳᠡ ᠢᠷᠡᠬᠦ ᠦᠶ᠎ᠡ ᠳᠤ ᠬᠠᠭᠠᠨ ᠶᠠᠭ ᠰᠠᠶᠢᠬᠠᠨ ᠨᠢᠭᠡ ᠲᠠᠵᠢᠺ ᠬᠦᠮᠦᠨ ᠲᠠᠢ ᠬᠠᠮᠳᠣ ᠰᠠᠭᠤᠵᠣ ᠪᠠᠶᠢᠵᠠᠢ᠃ ᠲᠡᠷᠡ ᠢᠷᠡᠭᠡᠳ ᠠᠮᠣᠷ ᠮᠡᠨᠳᠣ ᠪᠠᠨ ᠮᠡᠳᠡᠯᠴᠡᠨ ᠲᠡᠳᠡᠨᠡᠷ ᠲᠠᠢ ᠬᠠᠮᠳᠣ ᠰᠠᠭᠤᠪᠠ᠃ ᠵᠠᠯᠭᠠᠭᠠᠳ ᠬᠠᠭᠠᠨ ᠣᠷᠢᠳᠠᠪᠠᠷ ᠲᠡᠭᠦᠨ ᠠᠴᠠ᠄ ︽ᠴᠢ ᠢᠰᠯᠠᠮ ᠱᠠᠰᠢᠨ ᠰᠢᠳᠦᠬᠦ ᠦᠭᠡᠢ ᠦᠦ︖︾ ᠭᠡᠵᠦ ᠠᠰᠭᠤᠪᠠ᠃ ᠡᠮᠢᠷ · ᠲᠣᠯᠭ᠎ᠠ ᠨᠢᠭᠡ ᠲᠠᠯ᠎ᠠ ᠪᠠᠷ ᠣᠬᠢᠯᠠᠵᠣ ᠨᠢᠳᠣᠨ ᠠᠴᠠ ᠨᠢᠯᠪᠣᠰᠣ ᠴᠣᠪᠣᠷᠢᠭᠤᠯᠣᠨ ᠨᠢᠭᠡ ᠲᠠᠯ᠎ᠠ ᠪᠠᠷ ᠬᠠᠭᠠᠨ ᠳᠤ ᠬᠠᠷᠢᠭᠤᠯᠣᠷᠣᠨ᠄ ︽ᠭᠤᠷᠪᠠᠨ ᠵᠢᠯ ᠤᠨ ᠡᠮᠦᠨ᠎ᠡ ᠺᠠᠱᠭᠠᠷ ᠲᠤ ᠪᠠᠶᠢᠭ᠎ᠠ ᠡᠷᠡᠨ ᠳᠤ ᠪᠢ ᠨᠢᠭᠡᠨᠳᠡ ᠢᠰᠯᠠᠮ ᠰᠢᠳᠦᠴᠢᠬᠡᠭᠰᠡᠨ ᠶᠣᠮ᠃ ᠵᠦᠪᠬᠡᠨ ᠲᠠᠨ ᠎ ᠠᠴᠠ ᠠᠶᠣᠬᠤ ᠶᠢᠨ ᠡᠷᠬᠡᠨ ᠳᠤ᠂ ᠪᠢ ᠰᠠᠶ᠋ᠢ ᠢᠯᠡ ᠪᠠᠷ ᠲᠠᠭᠠᠳᠬᠠᠯ ᠬᠢᠵᠦ ᠴᠢᠳᠠᠬᠤ ᠦᠭᠡᠢ ᠪᠠᠶᠢᠯᠤᠭ᠎ᠠ︾ ᠭᠡᠵᠡᠢ᠃ ᠲᠡᠭᠡᠭᠰᠡᠨ ᠳᠤ ᠬᠠᠭᠠᠨ ᠪᠣᠰᠴᠣ ᠵᠣᠭᠰᠣᠭᠠᠳ ᠲᠡᠭᠦᠨ ᠳᠤ ᠢᠰᠯᠠᠮ ᠱᠠᠰᠢᠨ ᠰᠢᠳᠦᠬᠦ ᠶᠣᠰᠣᠯᠠᠯ ᠬᠢᠵᠦ ᠦᠭᠴᠡᠢ᠃ ᠲᠡᠭᠡᠭᠡᠳ ᠲᠡᠳᠡ ᠭᠤᠷᠪᠠᠭᠤᠯᠠ ᠰᠠᠭᠤᠯᠴᠠᠪᠠ᠃ ᠢᠩᠬᠢᠵᠦ ᠲᠡᠳᠡ ᠣᠯᠠᠨ ᠸᠠᠩ ᠭᠦᠩ ᠨᠡᠷ ᠪᠠ ᠡᠷᠬᠢᠮᠴᠣᠳ ᠢ ᠨᠢᠭᠡ ᠨᠢᠭᠡ ᠬᠦᠮᠦᠨ ᠢᠶᠠᠷ ᠲᠠᠭᠤᠳᠠᠨ ᠬᠡᠯᠡᠯᠴᠡᠵᠦ᠂ ᠲᠡᠳᠡ ᠪᠦᠷ ᠢᠰᠯᠠᠮ ᠰᠢᠳᠦᠪᠡ᠃ ᠵᠠᠯᠠᠰ ᠤᠨ ᠪᠡᠶ᠎ᠡ ᠲᠡᠭᠡᠷ᠎ᠡ ᠬᠦᠷᠬᠦ ᠦᠶ᠎ᠡ ᠳᠤ ᠲᠡᠷᠡ ᠬᠦᠯᠢᠶᠡᠨ ᠠᠪᠬᠤ ᠦᠭᠡᠢ ᠪᠠᠶᠢᠵᠣ᠂ ᠬᠤᠶᠠᠷ ᠨᠦᠬᠦᠴᠡᠯ ᠲᠣᠷᠠᠳᠣᠨ ᠭᠠᠷᠭᠠᠪᠠ᠃ ᠲᠡᠭᠦᠨ ᠎ ᠤ ᠲᠣᠲᠣᠷᠠᠬᠢ ᠨᠢᠭᠡ ᠨᠦᠬᠦᠴᠡᠯ ᠳᠤ ᠬᠡᠯᠡᠭᠰᠡᠨ ᠨᠢ᠄ ︽ᠨᠠᠳᠠ ᠳᠤ ᠨᠢᠭᠡ ᠲᠠᠭᠠᠭᠰᠠᠳ ᠪᠠᠶᠢᠵᠣ᠂ ᠰᠠᠲ᠋ᠠᠭᠨᠢ · ᠪᠣᠬ᠎ᠠ ᠭᠡᠳᠡᠭ᠂ ᠬᠡᠷᠪᠡ ᠡᠨᠡᠬᠦ ᠲᠠᠵᠢᠺ ᠬᠦᠮᠦᠨ ᠨᠢᠳᠣᠷᠭᠠᠨ ᠡᠷᠳᠡᠮ ᠢᠶᠠᠷ ᠲᠡᠭᠦᠨ ᠢ ᠣᠨᠠᠭᠠᠵᠣ ᠴᠢᠳᠠᠪᠠᠯ ᠪᠢ ᠲᠠᠷᠣᠢ ᠢᠰᠯᠠᠮ ᠰᠢᠳᠦᠨ᠎ᠡ ᠭᠡᠪᠡ᠃ ᠬᠠᠭᠠᠨ ᠪᠠ ᠣᠯᠠᠨ ᠡᠮᠢᠷ ᠪᠦᠷ ᠠᠭᠤᠷᠯᠠᠨ ᠴᠢᠨᠦ ᠡᠨᠡ ᠴᠢᠨᠢ ᠶᠠᠮᠠᠷ ᠨᠦᠬᠦᠴᠡᠯ ᠪᠣᠢ︖ ᠭᠡᠵᠦ ᠪᠠᠶᠢᠳᠠᠯ᠎ᠠ᠂ ᠾᠢᠳᠢᠮᠠᠲ ᠶᠡᠭᠡ ᠮᠠᠣᠯᠠ ᠬᠠᠷᠢᠨ᠄ ︽ᠪᠣᠯᠣᠨ᠎ᠠ᠂ ᠪᠢ ᠬᠡᠷᠪᠡ ᠲᠡᠭᠦᠨ ᠢ ᠣᠨᠠᠭᠠᠵᠣ ᠴᠢᠳᠠᠬᠤ ᠦᠭᠡᠢ ᠪᠣᠯ ᠴᠢᠮ᠎ᠠ ᠶᠢ ᠢᠰᠯᠠᠮ ᠰᠢᠳᠦᠬᠦᠯᠬᠦ ᠪᠠᠷ ᠢᠳᠬᠠᠬᠤ ᠪᠠᠨ ᠪᠣᠯᠢᠶ᠎ᠠ︾ ᠭᠡᠵᠦ ᠬᠠᠷᠢᠭᠤᠯᠪᠠ᠃ ᠵᠠᠯᠠᠰ ᠪᠠᠰᠠ ᠵᠠᠯᠭᠠᠨ ᠶᠡᠭᠡ ᠮᠠᠣᠯᠠ ᠳᠤ ᠬᠡᠯᠡᠭᠰᠡᠨ ᠨᠢ᠄ ︽ᠪᠢ ᠮᠢᠨᠦ ᠡᠨᠡᠬᠦ ᠬᠦᠮᠦᠨ ᠤ ᠬᠤᠶᠠᠷ ᠨᠠᠰᠣᠳᠠᠢ ᠲᠡᠮᠡᠭᠡ ᠶᠢ ᠡᠷᠭᠦᠵᠦ ᠪᠠᠶᠢᠭᠰᠠᠨ ᠢ ᠬᠠᠷᠠᠭᠰᠠᠨ ᠶᠣᠮ᠂ ᠲᠡᠷᠡ ᠬᠡᠯᠡᠯᠭᠡᠨ ᠦᠭᠡᠢ ᠭᠠᠵᠢᠭᠤ ᠱᠠᠰᠢᠨᠳᠠᠨ ᠪᠣᠯᠣᠨ᠎ᠠ᠃ ᠲᠡᠷᠡ ᠪᠣᠰᠣᠳ ᠬᠦᠮᠦᠨ ᠠᠴᠠ ᠬᠤᠯᠠ ᠪᠦᠳᠦᠭᠦᠨ ᠪᠡᠶᠡᠷᠬᠡᠭ᠂ ᠬᠦᠴᠦ ᠲᠠᠮᠢᠷ ᠲᠠᠢ︾ ᠭᠡᠯ᠎ᠡ᠃ ᠾᠢᠳᠢᠮᠠᠲ · ᠶᠡᠭᠡ ᠮᠠᠣᠯᠠ ᠲᠡᠭᠦᠨ ᠎ ᠳᠤ ᠬᠠᠷᠢᠭᠤᠯᠣᠭᠰᠠᠨ ᠨᠢ᠄ ︽ᠬᠡᠷᠪᠡ ᠠᠯᠯᠠᠾ ᠠᠴᠠ ᠵᠠᠷᠯᠢᠭ ᠲᠠᠢ ᠪᠠᠶᠢᠵᠣ᠂ ᠮᠣᠩᠭᠤᠯ ᠬᠦᠮᠦᠰ ᠢ ᠦᠩᠭᠡ ᠭᠡᠷᠡᠯ ᠎ ᠲᠠᠢ ᠢᠰᠯᠠᠮ ᠱᠠᠰᠢᠨ ᠰᠢᠳᠦᠭᠦᠯᠦᠶ᠎ᠡ ᠭᠡᠪᠡᠯ ᠲᠡᠷᠡ ᠨᠠᠳᠠ ᠳᠤ ᠭᠦᠢᠴᠡᠳ ᠬᠦᠴᠦᠨ ᠴᠢᠳᠠᠯ ᠰᠣᠶᠣᠷᠬᠠᠵᠣ ᠲᠡᠷᠡᠭᠦ ᠢᠳᠡᠳᠡᠨ ᠪᠠᠭᠠᠳᠣᠷ ᠬᠦᠮᠦᠨ ᠢ ᠣᠨᠠᠭᠠᠬᠤ ᠪᠢᠵᠡ︾ ᠭᠡᠪᠡ᠃ ᠬᠠᠭᠠᠨ ᠪᠣᠯᠣᠨ ᠨᠢᠭᠡᠨᠳᠡ ᠢᠰᠯᠠᠮ ᠰᠢᠳᠦᠭᠰᠡᠨ ᠬᠦᠮᠦᠰ ᠪᠦᠷ ᠠᠭᠤᠷᠯᠠᠨ ᠬᠢᠯᠢᠩᠯᠡᠵᠦ ᠢᠩᠬᠢᠵᠦ ᠬᠢᠬᠦ ᠶᠢ ᠵᠦᠪᠰᠢᠶᠡᠷᠡᠬᠦ ᠦᠭᠡᠢ ᠪᠠᠶᠢᠳᠠᠯ᠎ᠠ᠂ ᠪᠣᠰᠣᠳ ᠣᠯᠠᠨ ᠬᠦᠮᠦᠰ ᠴᠦ ᠪᠦᠷ ᠠᠳᠡ ᠬᠤᠷᠠᠨ ᠴᠣᠭᠯᠠᠷᠠᠨ ᠢᠷᠡᠵᠡᠢ᠃ ᠡᠨᠡ ᠦᠶ᠎ᠡ ᠳᠤ ᠲᠡᠷᠡᠬᠦ ᠰᠠᠲ᠋ᠠᠭᠨᠢ · ᠪᠣᠬ᠎ᠠ ᠴᠦ ᠬᠦᠷᠦᠯᠴᠡᠨ ᠢᠷᠡᠪᠡ᠃ ᠶᠡᠭᠡ ᠮᠠᠣᠯᠠ ᠲᠡᠭᠦᠨ ᠤ ᠡᠰᠡᠷᠭᠦ ᠠᠴᠠ ᠣᠭᠳᠣᠨ ᠣᠴᠢᠪᠠ᠃ ᠰᠠᠲ᠋ᠠᠭᠨᠢ · ᠪᠣᠬ᠎ᠠ ᠪᠡᠶ᠎ᠡ ᠪᠢᠯᠳᠠᠷ ᠲᠠᠢ ᠬᠦᠴᠦᠨ ᠴᠢᠳᠠᠯ ᠶᠡᠭᠡ ᠲᠡᠭᠡᠨ ᠡᠷᠡᠮᠰᠢᠨ ᠣᠮᠤᠭ ᠲᠡᠭᠦᠯᠳᠡᠷ ᠣᠷᠣᠭᠰᠢ ᠠᠯᠬᠤᠨ ᠢᠷᠡᠪᠡ᠃ ᠣᠯᠠᠨ ᠎ ᠢᠶᠠᠷ ᠢᠶᠠᠨ ᠦᠵᠡᠬᠦᠯ᠎ᠡ ᠶᠡᠭᠡ ᠮᠠᠣᠯᠠ ᠲᠡᠭᠦᠨ ᠤ ᠲᠡᠷᠭᠡᠳᠡ ᠶᠠᠭ ᠨᠢᠭᠡ ᠬᠡᠣᠬᠡᠳ ᠰᠢᠭ ᠵᠢᠵᠢᠭᠬᠡᠨ ᠪᠡᠶ᠎ᠡ ᠲᠠᠢ ᠬᠠᠷᠠᠭᠳᠠᠵᠣ ᠪᠠᠶᠢᠪᠠ᠃ ᠲᠡᠳᠡ ᠬᠤᠶᠠᠭᠤᠯᠠ ᠡᠬᠢᠯᠡᠨ ᠲᠡᠮᠡᠴᠡᠯᠳᠦᠬᠦ ᠦᠶ᠎ᠡ ᠳᠤ ᠶᠡᠭᠡ ᠮᠠᠣᠯᠠ ᠨᠢᠭᠡᠯᠡ ᠠᠯᠠᠭ᠎ᠠ ᠪᠠᠷ ᠲᠡᠷᠡᠬᠦ ᠭᠠᠵᠢᠭᠤ ᠱᠠᠰᠢᠨᠳᠠᠨ ᠤ ᠡᠪᠴᠢᠭᠦᠥ ᠲᠡᠭᠡᠷ᠎ᠡ ᠠᠯᠠᠭᠠᠳᠠᠭᠰᠠᠨ ᠳᠤ ᠲᠡᠷᠡ ᠲᠣᠣᠷ᠎ᠠ ᠪᠠᠨ ᠦᠬᠦᠳᠬᠢᠨ ᠣᠨᠠᠵᠣ ᠣᠬᠠᠭ᠎ᠠ ᠠᠯᠳᠠᠪᠠ᠃ ᠵᠢᠭᠠᠬᠠᠨ ᠣᠳᠠᠰᠬᠢᠭᠡᠳ ᠭᠠᠵᠢᠭᠤ ᠱᠠᠰᠢᠨᠳᠠᠨ ᠰᠡᠷᠭᠦᠵᠦ ᠪᠣᠰᠣᠮᠠᠭᠴᠠ ᠪᠠᠨ ᠶᠡᠭᠡ ᠮᠠᠣᠯᠠ ᠶᠢᠨ ᠬᠦᠯ ᠤᠨ ᠲᠣᠣᠷ᠎ᠠ ᠰᠦᠬᠦᠷᠦᠨ᠂ ᠦᠨᠳᠦᠷ ᠲᠠᠭᠤ ᠪᠠᠷ ᠠᠯᠯᠠᠾ ᠰᠢᠳᠦᠬᠦ ᠲᠠᠭᠠᠳᠬᠠᠯ ᠦᠭᠡᠰ ᠣᠩᠰᠢᠪᠠ⑤᠃ ᠬᠤᠷᠠᠭᠰᠠᠨ ᠣᠯᠠᠨ ᠶᠡᠬᠡᠪᠡᠷ ᠪᠠᠶᠠᠷᠯᠠᠯᠳᠣᠨ ᠣᠬᠠᠶᠢᠯᠠᠵᠠᠭᠠᠪᠠ᠃ ᠲᠣᠰ ᠡᠳᠦᠷ ᠲᠤ ᠮᠣᠩᠭᠤᠯᠴᠣᠳ ᠠᠷᠪᠠᠨ ᠵᠢᠷᠭᠤᠭᠠᠨ ᠲᠦᠮᠡᠨ ᠬᠦᠮᠦᠨ ᠭᠡᠵᠢᠭᠡ ᠪᠠᠨ ᠬᠢᠷᠭᠠᠨ ᠢᠰᠯᠠᠮ ᠱᠠᠰᠢᠨ ᠢ ᠰᠢᠳᠦᠵᠡᠢ᠃ ᠲᠡᠷᠡ ᠲᠣᠬᠠᠢ ᠶᠢᠨ ᠴᠠᠭ ᠲᠤ ᠬᠠᠭᠠᠨ ᠴᠦ ᠣᠭᠳᠣᠯᠬᠤ ᠵᠠᠰᠠᠯ ᠬᠢᠪᠡ᠃ ᠲᠡᠭᠡᠭᠡᠳ ᠢᠰᠯᠠᠮ ᠤᠨ ᠭᠡᠷᠡᠯ ᠬᠢᠯᠪᠠᠭ᠎ᠠ ᠡᠨᠡᠬᠦ ᠣᠯᠣᠰ ᠤᠨ ︽ᠦᠯᠦ ᠰᠢᠳᠦᠬᠦ︾ ᠰᠦᠨᠢ ᠶᠢᠨ ᠬᠠᠷᠠᠩᠭᠤᠢ ᠶᠢ ᠦᠯᠳᠡᠨ ᠰᠠᠷᠨᠢᠭᠤᠯᠵᠣ ᠴᠠᠭᠠᠳᠠᠢ ᠬᠠᠭᠠᠨᠳᠣ ᠣᠯᠣᠰ ᠪᠦᠬᠦᠨ ᠢᠶᠠᠷ ᠢᠶᠠᠨ ᠢᠰᠯᠠᠮ ᠰᠢᠳᠦᠭᠰᠡᠨ ᠮᠦᠷᠳᠡᠭᠡᠨ ︵ᠠᠯᠯᠠᠾ ᠳᠤ ᠲᠠᠯᠠᠷᠬᠠᠬᠤ ᠨᠢ︶ ᠱᠠᠰᠢᠨ ᠰᠢᠳᠦᠭᠡᠨ ᠲᠣᠭᠳᠠᠪᠣᠷᠢᠵᠢᠨ ᠡᠳᠦᠬᠡ ᠪᠣᠯᠵᠣ ᠪᠠᠶᠢᠭ᠎ᠠ ᠶᠣᠮ᠃ᠲᠣᠰ ᠪᠦᠯᠦᠭ ᠤᠨ ᠲᠠᠶᠢᠯᠪᠣᠷᠢ① ᠮᠣᠵᠲ᠋ᠠᠶᠢᠾᠢᠳ᠋Mjtahid ᠭᠡᠳᠡᠭ ᠨᠢ ᠢᠰᠯᠠᠮ ᠱᠠᠰᠢᠨ ᠤ ᠱᠠᠰᠢᠨ ᠤ ᠣᠬᠠᠭᠠᠨ ᠢ ᠲᠠᠶᠢᠯᠪᠣᠷᠢᠯᠠᠭᠴᠢ ᠡᠷᠬᠡ ᠰᠦᠷᠳᠡᠨ ᠶᠣᠮ᠃ ᠡᠨᠡᠬᠦ ᠦᠭᠡᠨ ᠤ ᠠᠷᠠᠪ ᠬᠡᠯᠡᠨ ᠳᠠᠬᠢ ᠣᠣᠯ ᠣᠳᠬ᠎ᠠ ᠨᠢ ᠠᠵᠢᠯᠴᠢ ᠪᠣᠶᠣ ᠴᠢᠷᠮᠠᠶᠢᠭᠴᠢ ᠭᠡᠳᠡᠭ ᠪᠠᠶᠢᠵᠠᠢ᠃ ᠭᠡᠪᠡᠴᠦ ᠢᠰᠯᠠᠮ ᠱᠠᠰᠢᠨ ᠳᠤ ᠣᠷᠣᠭᠠᠳ᠂ ᠱᠠᠰᠢᠨ ᠤ ᠣᠬᠠᠭᠠᠨ᠂ ᠭᠤᠣᠯᠳᠠᠭᠤ ᠱᠠᠰᠢᠨ ᠤ ᠬᠠᠣᠯᠢ ᠵᠢᠴᠢ ᠱᠠᠰᠢᠨᠳᠠᠨ ᠪᠠ ᠡᠭᠡᠯ ᠬᠦᠮᠦᠨ ᠤ ᠵᠢᠷᠣᠮᠯᠠᠪᠠᠰᠣ ᠵᠣᠬᠢᠬᠤ ᠡᠯ᠎ᠡ ᠵᠦᠢᠯ ᠤᠨ ᠲᠦᠷᠢᠮ ᠲᠣᠭᠳᠠᠭᠠᠯ ᠰᠠᠬᠢᠯ ᠴᠡᠭᠡᠷ ᠎ ᠢ ᠭᠠᠭᠴᠠᠭᠠᠷ ᠢᠶᠠᠨ ᠪᠡᠶ᠎ᠡ ᠲᠠᠭᠠᠭᠠᠨ ᠲᠠᠶᠢᠯᠪᠣᠷᠢᠯᠠᠵᠣ ᠪᠣᠯᠳᠠᠭ ᠡᠷᠬᠡ ᠰᠦᠷᠳᠡᠨ ᠢ ᠵᠢᠭᠠᠳᠠᠭ ᠪᠣᠯᠵᠠᠢ᠃ ᠡᠶᠢᠮᠦ ᠠᠴᠠ ᠲᠡᠭᠦᠨ ᠢ ᠪᠠᠰᠠ ᠨᠢᠭᠡ ᠲᠠᠯ᠎ᠠ ᠪᠠᠷ ᠱᠠᠰᠢᠨ ᠤ ᠬᠠᠣᠯᠢ ᠶᠢ ᠲᠠᠶᠢᠯᠪᠣᠷᠯᠠᠭᠴᠢ ᠪᠠ ᠱᠠᠰᠢᠨ ᠤ ᠣᠬᠠᠭᠠᠨ ᠤ ᠡᠭᠦᠳᠦᠭᠴᠢ ᠭᠡᠵᠦ ᠦᠵᠡᠵᠦ ᠪᠣᠯᠣᠨ᠎ᠠ᠃ ᠢᠰᠯᠠᠮ ᠱᠠᠰᠢᠨ ᠤ ᠬᠠᠣᠯᠢ ᠶᠢᠨ ᠣᠬᠠᠭᠠᠨ ᠤ ᠲᠣᠭᠳᠠᠭᠠᠯ ᠢᠶᠠᠷ ᠪᠣᠯ ᠨᠠᠢᠮᠠ ᠶᠢᠰᠦᠨ ᠵᠦᠢᠯ ᠤᠨ ᠨᠦᠬᠦᠴᠡᠯ ᠢ ᠪᠦᠷᠢᠯᠳᠦᠭᠦᠯᠪᠡᠯ ᠰᠠᠶ᠋ᠢ ᠮᠣᠵᠲ᠋ᠠᠶᠢᠬᠢᠳ᠋ ᠪᠣᠯᠵᠣ ᠪᠣᠯᠳᠠᠭ ᠭᠡᠨ᠎ᠡ᠃ ᠵᠢᠱᠢᠶᠡᠯᠡᠪᠡᠯ ᠱᠠᠰᠢᠨ ᠎ ᠳᠠᠭᠠᠨ ᠠᠯᠠᠭ ᠦᠭᠡᠢ ᠦᠨᠡᠨᠴᠢ ᠪᠠᠶᠢᠬᠤ᠂ ᠠᠷᠠᠪ ᠬᠡᠯᠡᠨ ᠳᠤ  ᠨᠡᠪᠳᠡᠷᠡᠳᠡᠯ᠎ᠡ ᠴᠠᠭᠠᠷᠠᠬᠤ᠂ ᠺᠣᠷᠠᠨ ᠰᠣᠳᠣᠷ ᠲᠤ ᠮᠡᠷᠭᠡᠰᠢᠬᠦ᠂ ᠪᠣᠭᠳᠠ ᠶᠢᠨ ᠰᠣᠷᠭᠠᠯ ᠳᠤ ᠴᠠᠭᠠᠷᠠᠬᠤ᠂ ᠨᠡᠶᠢᠳᠡ ᠶᠢᠨ ᠰᠠᠬᠢᠯ ᠤᠨ ᠲᠠᠯ᠎ᠠ ᠶᠢᠨ ᠠᠭᠤᠯᠭ᠎ᠠ ᠳᠤ ᠮᠡᠷᠭᠡᠰᠢᠬᠦ᠂ ᠠᠳᠠᠯᠢᠳᠬᠠᠯ ᠤᠨ ᠣᠬᠠᠭᠠᠨ ᠳᠤ ᠴᠠᠭᠠᠷᠠᠬᠤ᠂ ᠬᠠᠣᠯᠢ ᠶᠢᠨ ᠣᠬᠠᠭᠠᠨ ᠳᠤ ᠨᠡᠪᠳᠡᠷᠡᠬᠦ᠂ ᠰᠠᠨᠠᠭ᠎ᠠ ᠰᠠᠳᠬᠢᠯ ᠠᠷᠢᠭᠤᠨ ᠭᠤᠣᠯᠴᠢ ᠪᠠᠶᠢᠬᠤ ᠵᠡᠷᠭᠡ ᠪᠣᠯᠣᠨ᠎ᠠ ᠭᠡᠳᠡᠭ᠃ ᠲᠠᠷᠣᠢ ᠱᠠᠰᠢᠨ ᠤ ᠲᠣᠮᠳᠠᠬᠢ ᠨᠢᠭᠡ ᠶᠣᠰᠣ ᠰᠣᠷᠳᠠᠬᠤᠨ ᠵᠢᠷᠣᠮ ᠲᠣᠭᠳᠠᠭᠠᠯ ᠢ ᠬᠢᠨᠠᠨ ᠬᠡᠷᠡᠭᠵᠢᠭᠦᠯᠦᠭᠴᠢ ᠶᠢᠨ ᠦᠢᠯᠡᠳᠦᠯ ᠢ ᠴᠦ ᠪᠡᠶᠡᠯᠡᠭᠦᠯᠳᠡᠭ ᠱᠠᠰᠢᠨ ᠤ ᠲᠣᠰᠢᠶᠠᠯᠳᠠᠨ ᠪᠣᠯᠣᠨ᠎ᠠ — ᠮᠣᠩᠭᠤᠯᠴᠢᠯᠠᠭᠴᠢ ᠠᠴᠠ᠃② ᠴᠣᠬᠤᠮ ᠶᠠᠮᠠᠷ ᠠᠶᠣᠯ ᠭᠠᠮᠰᠢᠭ ᠭᠡᠵᠦ ᠲᠣᠲᠣᠷᠠᠬᠠᠢ ᠶᠠᠷᠢᠭᠰᠠᠨ ᠦᠭᠡᠢ — ᠮᠣᠩᠭᠤᠯᠴᠢᠯᠠᠭᠴᠢ ᠠᠴᠠ᠃③ ᠡᠨᠡᠬᠦ ᠦᠯᠢᠭᠡᠷ ᠲᠣᠲᠣᠷ᠎ᠠ ᠺᠠᠲ᠋ᠠᠺ ᠢ ᠨᠢᠭᠡ ᠲᠣᠰᠭᠠᠷ ᠬᠤᠳᠠ ᠰᠢᠭ᠋ ᠪᠢᠴᠢᠵᠣ ᠪᠠᠶᠢᠨ᠎ᠠ᠃ ᠲᠡᠭᠡᠷ᠎ᠡ ᠪᠣᠯ ᠯᠣᠪ ᠎ ᠲᠠᠢ ᠬᠠᠮᠳᠣ ᠶᠠᠷᠢᠭᠰᠠᠨ ᠪᠦᠭᠡᠳ ᠶᠠᠭ ᠨᠢᠭᠡᠯᠡ ᠬᠤᠳᠠ ᠰᠢᠭ᠋ ᠬᠡᠯᠡᠵᠡᠢ᠃ ᠡᠰᠡᠬᠦᠯ᠎ᠡ ᠯᠣᠪ ᠪᠣᠯᠣᠨ ᠺᠠᠲ᠋ᠠᠺ ᠬᠤᠶᠠᠷ ᠢ ᠲᠡᠭᠦᠨ ᠤ ᠣᠷᠣᠰᠢᠵᠣ ᠪᠠᠶᠢᠭ᠎ᠠ ᠣᠷᠣᠨ ᠤ ᠪᠦᠬᠦᠶᠢᠯᠡ ᠪᠠᠶᠢᠳᠠᠯ ᠢ ᠵᠢᠭᠠᠵᠣ ᠬᠡᠯᠡᠭᠰᠡᠨ ᠴᠦ ᠮᠠᠭᠠᠳ ᠦᠭᠡᠢ᠃ ᠹᠦᠰᠠᠶᠢᠰ ᠬᠡᠷᠭᠢᠮᠳᠡᠨ ᠤ ᠵᠢᠭᠤᠴᠢᠯᠠᠯ ᠤᠨ ᠪᠦᠯᠬᠦᠮ1873 —1874᠎ ᠳᠤ ᠵᠡᠬᠦᠨ ᠲᠦᠷᠺᠰᠲ᠋ᠠᠨ ᠳᠤ ᠢᠷᠡᠭᠰᠡᠨ ᠬᠤᠭᠤᠴᠠᠭᠠᠨ ᠳᠤ ᠲᠡᠷᠡ ᠦᠪᠡᠷ ᠤᠨ ᠪᠡᠶ᠎ᠡ ᠪᠠᠷ ᠪᠠ ᠪᠸᠢᠯᠶᠦᠲ ᠳ᠋ᠣᠺᠲ᠋ᠣᠷ ᠴᠦ ᠡᠨᠡᠬᠦ ᠪᠣᠯᠠᠭᠳᠠᠨ ᠵᠠᠮᠬᠠᠷᠠᠭᠰᠠᠨ ᠬᠤᠳᠠ ᠶᠢᠨ ᠲᠣᠬᠠᠢ ᠬᠠᠶᠢᠯᠳᠠ ᠬᠢᠵᠦ ᠪᠠᠶᠢᠵᠠᠢ᠃ ᠡᠨᠡᠬᠦ ᠬᠤᠳᠠ ᠶᠢᠨ ᠪᠠᠭᠤᠷᠢ ᠶᠢᠨ ᠣᠷᠣᠨ ᠪᠠᠶᠢᠷᠢ ᠶᠢᠨ ᠲᠣᠬᠠᠢ ᠳ᠋ᠦᠩᠨᠡᠯᠳᠡ ᠬᠢᠬᠦ ᠲᠡᠭᠡᠨ ᠯᠣᠪ ᠬᠤᠳᠠ ᠪᠣᠯ ᠯᠣᠪ ᠨᠠᠭᠤᠷ ᠤᠨ ᠪᠠᠷᠠᠭᠤᠨ ᠡᠮᠦᠨ᠎ᠡ ᠬᠤᠯᠠ ᠦᠭᠡᠢ ᠭᠠᠵᠠᠷ ᠲᠤ ᠪᠠᠶᠢᠵᠣ᠂ ᠺᠠᠲ᠋ᠠᠺ ᠪᠣᠯ ᠬᠠᠷᠢᠨ ᠢᠥᠢ ᠲᠢᠶᠠᠨ ᠪᠠ ᠵᠣᠷᠵᠠᠨ ᠳᠤ ᠨᠡᠪᠳᠡᠷᠡᠬᠦ ᠶᠡᠭᠡ ᠵᠡᠮ ᠤᠨ ᠢᠥᠢ ᠲᠢᠶᠠᠨ ᠠᠴᠠ ᠭᠤᠷᠪᠠᠨ ᠡᠳᠦᠷ ᠤᠨ ᠵᠠᠢ ᠳᠤ ᠪᠠᠶᠢᠨ᠎ᠠ ᠭᠡᠵᠡᠢ᠃ ᠭᠤᠷᠪᠠᠨ ᠵᠢᠯ ᠤᠨ ᠲᠠᠷᠠᠭ᠎ᠠ ᠨᠢᠺᠣᠯᠠᠢ · ᠮᠢᠬᠠᠶᠢᠯᠣᠸᠢᠴ · ᠫᠷᠽᠸᠢᠸᠠᠯᠰᠺᠢ ︵Nikolai Mikhaylovich Przhevalsky︶ ᠵᠠᠩᠵᠣᠨ ᠯᠣᠪ ᠨᠠᠭᠤᠷ ᠢ ᠰᠣᠷᠪᠣᠯᠵᠢᠯᠠᠨ ᠶᠠᠪᠣᠬᠤ ᠲᠠᠭᠠᠨ᠂ ᠦᠨᠡᠬᠡᠷ ᠲᠡᠭᠦᠨ ᠤ ᠣᠷᠴᠢᠨ ᠳᠤ1876 —1877 ᠣᠨ ᠤ ᠡᠪᠦᠯ ᠢ ᠦᠩᠭᠡᠷᠭᠡᠭᠰᠡᠨ ᠶᠣᠮ᠃ ᠲᠡᠭᠦᠨ ᠤ ᠮᠠᠶᠢᠬᠠᠨ ᠨᠢ ᠯᠣᠪ ᠨᠠᠭᠤᠷ ᠠᠴᠠ ᠪᠠᠷᠠᠭᠤᠨ ᠡᠮᠦᠨᠡᠰᠢ ᠨᠢᠭᠡ ᠡᠳᠦᠷ ᠤᠨ ᠵᠠᠮ ᠬᠤᠯᠠ ᠪᠠᠶᠢᠭ᠎ᠠ ᠣᠳᠣᠬᠢ ᠷᠦᠸᠧ ᠴᠢᠶᠠᠩ ᠰᠢᠶᠠᠨ ᠤ ᠨᠢᠭᠡ ᠲᠣᠰᠬᠤᠨ ᠳᠤ ᠪᠠᠶᠢᠵᠠᠢ᠃ ᠶᠠᠭ ᠠᠳᠡ ᠨᠢᠭᠡ ᠡᠷᠳᠡᠨ ᠎ ᠤ ᠬᠤᠳᠠ ᠶᠢᠨ ᠪᠠᠭᠤᠷᠢ ᠪᠠᠶᠢᠪᠠ᠃ ᠬᠤᠳᠠ ᠶᠢᠨ ᠵᠡᠭᠦᠨ ᠬᠡᠷᠡᠮ ᠪᠠ ᠬᠠᠷᠠᠭᠤᠯ ᠤᠨ ᠠᠰᠠᠷ ᠨᠢ ᠬᠠᠷᠢᠨ ᠨᠡᠯᠢᠶᠡᠳ ᠪᠦᠳᠦᠨ ᠪᠠᠶᠢᠪᠠ ᠭᠡᠳᠡᠭ᠃ ᠠᠳᠡᠬᠢ ᠬᠦᠮᠦᠰ ᠤᠨ ᠬᠡᠯᠡᠬᠦ ᠪᠠᠷ ᠬᠤᠳᠠ ᠶᠢᠨ ᠨᠡᠷ᠎ᠡ ᠨᠢ ᠦᠲᠬᠠᠱ ᠱᠠᠷ ᠭᠡᠵᠦ ᠲᠠᠷᠣᠢ ᠦᠲᠬᠠᠱ ᠬᠤᠳᠠ ᠭᠡᠳᠡᠭ ᠣᠳᠬ᠎ᠠ ᠲᠠᠢ ᠠᠵᠠᠢ᠃ ᠦᠲᠬᠠᠱ ᠭᠡᠳᠡᠭ ᠪᠣᠯ ᠠᠳᠡᠬᠢ ᠶᠢ ᠨᠣᠶᠠᠷᠬᠠᠵᠣ ᠪᠠᠶᠢᠭᠰᠠᠨ ᠬᠠᠭᠠᠨ ᠤ ᠨᠡᠷ᠎ᠡ ᠪᠠᠷ ᠨᠡᠷᠡᠯᠡᠭᠰᠡᠨ ᠭᠡᠳᠡᠭ᠃ ᠷᠦᠸᠧ ᠴᠢᠶᠠᠩ ᠰᠢᠶᠠᠨ ᠤ ᠲᠦᠪ ᠪᠠᠯᠭᠠᠰᠣ ᠠᠴᠠ ᠵᠣᠷᠵᠠᠨ ᠵᠦᠭ ᠲᠤ ᠬᠤᠶᠠᠷ ᠡᠳᠦᠷ ᠠᠶᠠᠯᠠᠪᠠᠯ ᠪᠠᠰᠠ ᠨᠢᠭᠡ ᠬᠠᠭᠤᠴᠢᠨ ᠬᠤᠳᠠ ᠶᠢᠨ ᠪᠠᠭᠤᠷᠢ ᠬᠦᠷᠳᠡᠭ᠃ ᠬᠠᠮᠤᠭ ᠡᠴᠦᠰ ᠲᠤ ᠫᠷᠽᠸᠢᠸᠠᠯᠰᠺᠢ ᠵᠠᠩᠵᠣᠨ ᠭᠤᠷᠪᠠᠳᠣᠭᠠᠷ ᠬᠠᠭᠤᠴᠢᠨ ᠬᠤᠳᠠ ᠶᠢᠨ ᠪᠠᠭᠤᠷᠢ ᠶᠢ ᠢᠯᠡᠷᠡᠭᠦᠯᠵᠡᠢ᠃ ᠡᠨᠡ ᠬᠤᠳᠠ ᠪᠣᠯ ᠮᠠᠰᠢ ᠲᠣᠮᠣ ᠬᠤᠳᠠ ᠪᠠᠶᠢᠪᠠ᠃ ᠲᠣᠬᠠᠢ ᠶᠢᠨ ᠭᠠᠵᠠᠷ ᠤᠨ ᠬᠦᠮᠦᠰ ᠲᠡᠭᠦᠨ ᠺᠦᠨᠠᠱᠠᠷ ᠭᠡᠵᠦ ᠬᠠᠭᠤᠴᠢᠨ ᠬᠤᠳᠠ ᠭᠡᠳᠡᠭ ᠣᠳᠬ᠎ᠠ ᠲᠠᠢ ᠠᠵᠠᠢ᠃ ᠡᠭᠦᠨ ᠤ ᠲᠣᠬᠠᠢ ᠾᠧᠩᠷᠢ · ᠶᠦᠯ ᠬᠡᠷᠬᠢᠮᠳᠡᠨ ᠤ ᠬᠡᠯᠡᠬᠦ ᠪᠠᠷ ᠡᠨᠡ ᠪᠣᠯ ᠲᠠᠷᠣᠢ ᠮᠠᠷᠺᠤ ᠫᠣᠯᠣ ᠪᠣᠯᠣᠨ ᠮᠢᠷᠽᠠ · ᠬᠠᠶᠢᠳᠠᠷ ᠤᠨ ᠬᠡᠯᠡᠳᠡᠭ ᠯᠣᠪ ᠬᠤᠳᠠᠨ ᠤ ᠪᠠᠭᠤᠷᠢ ᠪᠣᠯᠣᠨ᠎ᠠ ᠭᠡᠳᠡᠭ᠃ ᠮᠠᠷᠺᠤ ᠫᠣᠯᠣ ᠪᠣᠯ ᠮᠢᠷᠽᠠ · ᠬᠠᠶᠢᠳᠠᠷ ᠠᠴᠠ ᠡᠷᠳᠡ ᠬᠤᠶᠠᠷ ᠵᠠᠭᠤ ᠭᠠᠷᠣᠢ ᠣᠨ ᠢᠶᠠᠷ ᠡᠭᠦᠨ ᠢ ᠲᠡᠮᠳᠡᠭᠯᠡᠨ ᠬᠡᠯᠡᠵᠦ ᠪᠠᠶᠢᠭᠰᠠᠨ ᠬᠦᠮᠦᠨ ᠶᠣᠮ᠃ ᠲᠡᠭᠦᠨ ᠤ ᠬᠡᠯᠡᠬᠦ ᠪᠠᠷ ᠲᠡᠷᠡ ᠡᠨᠡ ᠬᠤᠳᠠ ᠶᠢ ᠲᠡᠮᠳᠡᠭᠯᠡᠨ ᠬᠡᠯᠡᠵᠦ ᠪᠠᠶᠢᠭ᠎ᠠ ᠦᠶ᠎ᠡ ᠳᠤ ᠡᠨᠡᠬᠦ ᠬᠤᠳᠠ ᠮᠦᠨ ᠣᠷᠣᠰᠢᠵᠣ ᠪᠠᠶᠢᠭᠰᠠᠨ ᠪᠣᠯᠬᠤᠷ ᠲᠡᠷᠡ ᠬᠤᠳᠠ ᠶᠢᠨ ᠪᠠᠭᠤᠷᠢ ᠭᠡᠵᠦ ᠬᠡᠯᠡᠭᠰᠡᠨ ᠦᠭᠡᠢ ᠠᠵᠠᠢ᠃ ᠭᠡᠶ᠎ᠡ ᠲᠡᠣᠬᠡᠨ ᠲᠡᠭᠡᠷ᠎ᠡ ᠡᠨᠡᠬᠦ ᠬᠤᠳᠠ ᠶᠢ ᠺᠠᠲ᠋ᠠᠺ ᠲᠠᠢ ᠠᠳᠠᠯᠢ ᠪᠠᠷ ᠡᠯᠡᠰᠦ ᠮᠠᠩᠬᠠᠨ ᠳᠤ ᠪᠣᠯᠠᠭᠳᠠᠪᠠ ᠭᠡᠰᠡᠨ ᠲᠡᠮᠳᠡᠭᠯᠡᠯ ᠬᠠᠷᠢᠨ ᠪᠠᠶᠢᠬᠤ ᠦᠭᠡᠢ᠃ ᠺᠠᠲ᠋ᠠᠺ ᠤᠨ ᠲᠣᠬᠠᠢ ᠭᠡᠪᠡᠯ ᠮᠠᠷᠺᠤ ᠫᠣᠯᠣ ᠲᠡᠮᠳᠡᠭᠯᠡᠭᠡ ᠦᠭᠡᠢ᠂ ᠫᠷᠽᠸᠢᠸᠠᠯᠰᠺᠢ ᠴᠦ ᠪᠠᠷᠤᠭ ᠣᠯᠵᠣ ᠰᠣᠨᠣᠰᠣᠭᠰᠠᠨ ᠦᠭᠡᠢ ᠪᠣᠯᠣᠯᠳᠠᠢ᠃ ᠭᠡᠪᠡᠴᠦ ᠲᠡᠷᠡ ᠪᠠᠰᠠ ᠨᠢᠭᠡ ᠭᠠᠽᠢᠱᠠᠷ ᠭᠡᠳᠡᠭ ᠬᠤᠳᠠ ᠎ ᠶᠢᠨ ᠪᠠᠭᠤᠷᠢ ᠶᠢ ᠣᠯᠵᠣ ᠰᠣᠨᠣᠰᠣᠭᠰᠠᠨ ᠭᠡᠨ᠎ᠡ᠃ ᠭᠡᠶ᠎ᠡ ᠡᠨᠡᠬᠦ ᠵᠠᠩᠵᠣᠨ ᠤ ᠬᠡᠯᠡᠬᠦ ᠪᠠᠷ ᠭᠠᠽᠢᠱᠠᠷ ᠨᠢ ᠶᠡᠭᠡ ᠨᠡᠭᠦᠳᠡᠯ ᠡᠯᠡᠰᠦ ᠠᠴᠠ ᠨᠡᠩ ᠣᠶᠢᠷᠬᠠᠨ ᠭᠠᠵᠠᠷ ᠲᠤ ᠪᠠᠶᠢᠳᠠᠭ ᠶᠣᠮ ᠭᠡᠨ᠎ᠡ᠃ᠮᠢᠷᠽᠠ · ᠬᠠᠶᠢᠳᠠᠷ ᠤᠨ ᠺᠠᠲ᠋ᠠᠺ ᠤᠨ ᠲᠣᠬᠠᠢ ᠪᠢᠴᠢᠭᠰᠡᠨ ᠨᠢ ᠬᠡᠳᠦᠷᠬᠡᠢ ᠲᠠᠪᠠᠷᠠᠭᠤᠯᠣᠭᠰᠠᠨ ᠪᠠᠶᠢᠵᠣ ᠮᠡᠳᠡᠨ᠎ᠡ᠃ ᠭᠡᠪᠡᠴᠦ ᠬᠠᠷᠢᠨ ᠮᠠᠰᠢ ᠠᠮᠢᠳᠣᠯᠢᠭ ᠰᠣᠨᠢᠷᠬᠠᠯ ᠲᠠᠢ ᠪᠠᠶᠢᠨ᠎ᠠ᠃ ᠪᠧᠯᠶᠦᠲ ᠪᠣᠯᠣᠨ ᠹᠦᠰᠠᠶᠢᠰ ᠬᠠᠮᠳᠣᠪᠠᠷ ᠶᠢᠩᠬᠢᠱᠠᠷ ᠎ ᠠᠴᠠ ᠵᠡᠬᠦᠨ ᠬᠤᠶᠢᠰᠢ ᠪᠠᠷᠤᠭ ᠲᠦᠴᠢᠨ ᠮᠢᠯ ᠤᠨ ᠭᠠᠵᠠᠷ ᠲᠤ ᠪᠠᠶᠢᠭ᠎ᠠ ᠣᠷᠳᠣᠨ · ᠫᠠᠳᠢᠱᠠᠭ ︵Urdon Padishah᠂ ᠶᠡᠭᠡ ᠬᠠᠭᠠᠨ ᠤ ᠣᠷᠳᠣᠨ ᠭᠡᠳᠡᠭ ᠣᠳᠬ᠎ᠠ ᠲᠠᠢ ᠦᠭᠡ ᠪᠣᠯᠣᠨ᠎ᠠ — ᠮᠣᠩᠭᠤᠯᠴᠢᠯᠠᠭᠴᠢ ᠠᠴᠠ︶᠎ ᠲᠤ ᠨᠡᠭᠦᠳᠡᠯ ᠡᠯᠡᠰᠦᠨ ᠤ ᠬᠡᠶᠢᠰᠦᠨ ᠨᠡᠭᠦᠳᠡᠯᠯᠡᠬᠦ ᠶᠢ ᠠᠵᠢᠭᠯᠠᠭᠰᠠᠨ ᠭᠡᠳᠡᠭ᠃ ᠲᠡᠳᠡᠨᠡᠷ ᠡᠯᠡᠰᠦᠨ ᠤ ᠨᠡᠭᠦᠳᠡᠯᠯᠡᠬᠦ ᠲᠣᠬᠠᠢ ᠮᠠᠰᠢ ᠲᠣᠲᠣᠷᠬᠠᠢ ᠨᠢᠭᠡ ᠬᠡᠰᠡᠭ ᠦᠭᠦᠯᠡᠮᠵᠢ ᠪᠡᠶᠢᠳᠠᠭ᠃ ᠡᠯᠡᠰᠦᠨ ᠲᠡᠪᠡᠯᠭᠠᠨ ᠤ ᠣᠷᠣᠭᠰᠢᠯᠠᠬᠤ ᠨᠢ ᠬᠡᠳᠦᠶᠢᠪᠡᠷ ᠠᠭᠠᠵᠢᠮ ᠪᠣᠯᠪᠠᠴᠣ᠂ ᠵᠢᠯ ᠪᠦᠷᠢ ᠶᠢᠨ ᠨᠡᠭᠦᠳᠡᠯᠯᠡᠬᠦ ᠵᠠᠢ ᠶᠢ ᠪᠣᠯ ᠬᠦᠩᠭᠡᠪᠴᠢᠯᠡᠵᠦ ᠪᠣᠯᠬᠤ ᠦᠭᠡᠢ᠃ ᠲᠡᠭᠦᠨ ᠤ ᠣᠷᠣᠭᠰᠢᠯᠠᠬᠤ ᠵᠠᠮ ᠨᠢ ᠬᠡᠷᠡᠮ ᠬᠠᠨ᠎ᠠ ᠵᠡᠷᠭᠡ ᠬᠤᠷᠢᠭ ᠰᠠᠭᠠᠳ ᠲᠤ ᠣᠴᠠᠷᠠᠭᠰᠠᠭᠠᠷ ᠣᠪᠣᠭᠠᠷᠠᠨ ᠦᠨᠳᠦᠷᠵᠢᠭᠰᠡᠭᠡᠷ ᠪᠠᠶᠢᠵᠣ ᠠᠯᠢᠪᠠ ᠬᠤᠷᠢᠭ ᠰᠠᠭᠠᠳ ᠢᠶᠠᠨ ᠲᠠᠷᠣᠵᠣ ᠲᠠᠪᠠᠨ ᠭᠠᠷᠳᠠᠭ᠃ ᠲᠠᠷᠣᠢ ᠲᠡᠭᠡᠷᠡᠬᠢ ᠦᠯᠢᠭᠡᠷ ᠤᠨ ᠠᠭᠤᠯᠭ᠎ᠠ ᠲᠠᠢ ᠠᠳᠠᠯᠢᠬᠠᠨ ᠪᠠᠶᠢᠵᠠᠢ᠃ ᠡᠨᠡᠬᠦ ᠡᠴᠦᠰ ᠤᠨ ᠨᠢᠭᠡ ᠠᠯᠬᠤᠮ ᠨᠢ ᠣᠯᠠᠮ ᠶᠡᠭᠡ ᠰᠠᠯᠬᠢ ᠰᠢᠭᠤᠷᠭ᠎ᠠ ᠶᠢᠨ ᠬᠦᠴᠦ ᠶᠢ ᠵᠢᠭᠡᠯᠡᠨ ᠮᠠᠰᠢ ᠲᠦᠷᠭᠡᠨ ᠢᠶᠠᠷ ᠪᠡᠶᠡᠯᠡᠭᠳᠡᠬᠦ ᠪᠣᠯᠣᠯᠳᠠᠢ ᠭᠡᠵᠡᠢ᠃ ᠭᠡᠪᠡᠴᠦ ᠶᠠᠮᠠᠷ ᠪᠠᠶᠢᠳᠠᠯ ᠲᠣᠣᠷ᠎ᠠ ᠭᠡᠳ ᠱᠠᠾ · ᠵᠠᠮᠠᠯ ᠦᠳ᠋ᠳᠢᠨ ᠤ ᠬᠡᠯᠡᠭᠰᠡᠨ ᠮᠡᠳᠦ ᠪᠠᠷ ᠴᠠᠰᠣ ᠰᠢᠭ᠋ ᠯᠠᠪᠰᠠᠯᠠᠨ ᠪᠠᠭᠤᠬᠤ ᠪᠢᠰᠢ᠂ ᠬᠠᠷᠢᠨ ᠶᠡᠭᠡ ᠰᠠᠯᠬᠢ ᠰᠢᠭᠤᠷᠭᠠᠨ ᠢᠶᠠᠷ ᠲᠠᠮᠵᠢᠵᠣ ᠢᠷᠡᠳᠡᠭ ᠶᠣᠮ᠃ ᠡᠶᠢᠮᠦᠷᠬᠦ ᠪᠠᠶᠢᠳᠠᠯ ᠢ ᠪᠧᠯᠶᠦᠲ ᠳ᠋ᠣᠺᠲ᠋ᠣᠷ ᠦᠪᠡᠷ ᠤᠨ ᠨᠢᠳᠣ ᠪᠠᠷ ᠬᠠᠷᠠᠭᠰᠠᠨ ᠭᠡᠳᠡᠭ᠃ ᠲᠡᠭᠦᠨ ᠤ ᠬᠡᠯᠡᠬᠦ ᠪᠠᠷ ᠡᠨᠡᠬᠦ ᠶᠠᠪᠣᠴᠠ ᠶᠠᠭ ᠮᠢᠷᠽᠠ · ᠬᠠᠶᠢᠳᠠᠷ ᠤᠨ ᠬᠡᠯᠡᠭᠰᠡᠨ ᠲᠠᠢ ᠶᠡᠭᠡ ᠲᠦᠯᠦᠪ ᠠᠳᠠᠯᠢ ᠪᠠᠶᠢᠳᠠᠭ ᠭᠡᠵᠡᠢ᠃ ᠠᠳᠡ ᠴᠢᠬᠤᠯᠠᠴᠢᠯᠠᠨ ᠬᠡᠯᠡᠬᠦ ᠨᠢ ᠴᠦᠬᠡᠨ ᠲᠣᠬᠢᠶᠠᠯᠳᠣᠬᠤ ᠪᠣᠷᠣᠭᠠᠨ ᠤ ᠲᠠᠷᠠᠭᠠᠬᠢ ᠴᠡᠯᠮᠡᠭ ᠦᠶ᠎ᠡ ᠶᠢ ᠭᠠᠷᠭᠠᠪᠠᠯ ᠵᠡᠭᠦᠨ ᠲᠦᠷᠺᠰᠲ᠋ᠠᠨ ᠤ ᠲᠡᠭᠷᠢ ᠬᠡᠵᠢᠶᠡᠳᠡ ᠬᠤᠭ ᠲᠣᠭᠤᠰᠣ ᠲᠦᠭᠦᠷᠡᠩ ᠪᠠᠶᠢᠳᠠᠭ᠃ ᠭᠠᠷ ᠲᠤ ᠪᠠᠷᠢᠭᠳᠠᠮ᠎ᠠ ᠦᠭᠡᠢ ᠨᠠᠷᠢᠨ ᠡᠯᠡᠰᠦ ᠲᠣᠭᠤᠰᠣ ᠠᠭᠠᠷ ᠲᠣᠮᠳᠠ ᠬᠦᠪᠪᠦᠵᠦ᠂ ᠬᠡᠢ ᠠᠭᠠᠷ ᠢ ᠪᠣᠳᠣᠩᠭᠤᠶᠢᠷᠠᠭᠤᠯᠳᠠᠭ ᠨᠢ ᠦᠷᠬᠦᠯᠵᠢ ᠶᠢᠨ ᠬᠡᠷᠡᠭ ᠶᠣᠮ᠃ ᠵᠦᠭᠡᠷᠭᠡᠨ ᠨᠢᠭᠡ ᠪᠣᠷᠣᠭᠠᠯᠠᠪᠠᠯ ᠠᠭᠠᠷ ᠲᠣᠲᠣᠷᠠᠬᠢ ᠲᠣᠭᠤᠰᠣ ᠰᠢᠷᠣᠢ ᠬᠠᠷᠢᠨ ᠠᠷᠢᠯᠵᠣ ᠲᠡᠭᠷᠢ ᠴᠡᠯᠮᠡᠵᠦ ᠠᠪᠳᠠᠭ᠂ ᠭᠡᠪᠡᠴᠦ ᠬᠡᠳᠦᠬᠡᠨ ᠴᠠᠭ ᠤᠨ ᠲᠠᠷᠠᠭ᠎ᠠ ᠪᠠᠷ ᠮᠦᠨ ᠪᠠᠰᠠ ᠯᠠ ᠪᠣᠲᠣᠩᠭᠤᠶᠢᠷᠠᠵᠣ ᠡᠬᠢᠯᠡᠨ᠎ᠡ᠃ᠺᠠᠲ᠋ᠠᠺ ᠤᠨ ᠨᠡᠷ᠎ᠡ ᠶᠢᠨ ᠲᠣᠬᠠᠢ ᠠᠩᠭ᠍ᠯᠢ ᠣᠯᠣᠰ ᠤᠨ ᠮᠦᠽᠸᠢ ᠳᠤ ᠬᠠᠳᠠᠭᠠᠯᠠᠵᠣ ᠪᠠᠶᠢᠭ᠎ᠠ ᠪᠣᠢ ᠪᠦᠬᠦᠢ ᠣᠣᠯ ᠨᠣᠮ ᠎ ᠳᠤ ᠪᠦᠷ Katak ᠭᠡᠵᠦ ᠪᠢᠴᠢᠵᠦ ᠪᠠᠶᠢᠨ᠎ᠠ᠃ ᠹᠰᠠᠶᠢᠰ ᠬᠡᠷᠬᠢᠮᠳᠡᠨ ᠤ ᠣᠨᠴᠠᠭᠠᠶᠢᠯᠠᠨ ᠲᠣᠷᠠᠳᠣᠭᠰᠠᠨ ᠢᠶᠠᠷ᠂ ᠲᠡᠭᠦᠨ ᠤ ᠬᠠᠳᠠᠭᠠᠯᠠᠮᠵᠢ ᠳᠤ ᠪᠠᠶᠢᠭ᠎ᠠ ︽ᠷᠠᠰᠢᠳ᠋ ᠶᠢᠨ ᠲᠡᠣᠬᠡ︾ ᠴᠦ ᠢᠩᠭᠢᠵᠦ ᠪᠢᠴᠢᠵᠦ ᠪᠠᠶᠢᠨ᠎ᠠ ᠭᠡᠳᠡᠭ᠃ ᠭᠡᠪᠡᠴᠦ ᠵᠠᠷᠢᠮ ᠨᠢᠭᠡ ᠲᠡᠪᠳᠡᠷ ᠲᠤ ᠬᠠᠷᠢᠨ Kanak ᠭᠡᠵᠦ ᠪᠢᠴᠢᠵᠦ ᠪᠠᠶᠢᠭ᠎ᠠ ᠴᠦ ᠪᠠᠶᠢᠨ᠎ᠠ᠃ ᠡᠨᠡ ᠨᠢ ᠫᠧᠷᠰ ᠦᠰᠦᠭ ᠲᠤ ᠪᠣᠯ ᠵᠦᠪᠬᠡᠨ ᠨᠢᠭᠡᠯ᠎ᠡ ᠳᠣᠰᠣᠯ ᠲᠡᠳᠦᠢ ᠶᠢᠨ ᠵᠦᠷᠢᠶ᠎ᠡ ᠪᠣᠯᠬᠤ ᠶᠣᠮ᠃ ᠪᠠᠷᠤᠭ ᠬᠠᠭᠤᠯᠠᠵᠣ ᠪᠢᠴᠢᠭᠰᠡᠨ ᠬᠦᠮᠦᠨ ᠲᠣᠳᠠᠭᠤ ᠨᠢᠭᠡ ᠲᠣᠰᠣᠯ ᠲᠠᠯᠪᠢᠭᠰᠠᠨ ᠴᠦ ᠪᠠᠶᠢᠵᠣ ᠮᠡᠳᠡᠨ᠎ᠡ᠃ ᠢᠩᠭᠢᠭᠡᠳ ᠡᠨᠡᠬᠦ ᠨᠡᠷ᠎ᠡ ᠦᠭᠡ ᠎ ᠶᠢᠨ ᠲᠣᠬᠠᠢ ᠪᠠᠰᠠ ᠶᠠᠷᠢᠯᠴᠠᠭ᠎ᠠ ᠦᠷᠨᠢᠭᠦᠯᠵᠦ ᠪᠠᠶᠢᠭᠰᠠᠨ ᠪᠣᠯᠪᠠᠴᠣ ᠭᠡᠶ᠎ᠡ ᠣᠳᠣ ᠪᠣᠯ ᠲᠡᠭᠦᠨ ᠢ ᠲᠠᠬᠢᠨ ᠨᠣᠷᠱᠢᠬᠤ ᠬᠡᠷᠡᠭ ᠦᠭᠡᠢ ᠪᠣᠯᠵᠠᠢ᠃④ ᠣᠳᠣ ᠦᠶ᠎ᠡ ᠶᠢᠨ ᠭᠠᠵᠠᠷ ᠤᠨ ᠵᠢᠷᠤᠭ ᠠᠴᠠ ᠲᠦᠰᠦᠭᠡᠯᠡᠪᠡᠯ ᠪᠠᠶᠢᠭᠤᠷ ᠪᠣᠯ ᠠᠺᠰᠣ ᠶᠢᠨ ᠣᠶᠢᠷᠠᠯᠴᠠᠭ᠎ᠠ ᠪᠠᠶᠢᠭ᠎ᠠ ᠣᠶᠢᠺᠦᠯ ︵oikul︶ ᠪᠣᠯᠣᠨ᠎ᠠ᠃⑤ ᠪᠧᠯᠶᠦᠲ ᠤᠨ ᠬᠡᠯᠡᠯᠭᠡ ᠨᠢ ᠮᠢᠷᠽᠠ · ᠬᠠᠶᠢᠳᠠᠷ ᠤᠨ ᠬᠡᠯᠡᠭᠰᠡᠨ ᠲᠠᠢ ᠵᠢᠭᠠᠬᠠᠨ ᠵᠦᠷᠢᠶ᠎ᠡ ᠲᠠᠢ᠂ ᠲᠠᠷᠣᠢ ᠰᠡᠬᠦᠯ ᠎ ᠤᠨ ᠬᠡᠰᠡᠭ ᠲᠤᠨᠢ ᠪᠠᠰᠠ᠄ ᠲᠣᠬᠠᠢ ᠶᠢᠨ ᠦᠶ᠎ᠡ ᠳᠤ ᠲᠣᠬᠤᠯᠭ᠎ᠠ ᠲᠡᠮᠦᠷ ᠬᠠᠭᠠᠨ ᠬᠤᠷᠢᠨ ᠨᠠᠰᠣᠳᠠᠢ ᠪᠠᠶᠢᠵᠣ᠂ ᠲᠡᠭᠦᠨ ᠤ ᠲᠠᠷᠠᠭ᠎ᠠ ᠠᠷᠪᠠᠨ ᠵᠢᠯ ᠪᠣᠯᠣᠭᠠᠳ᠂ ᠾᠢᠵᠢᠷ ᠲᠣᠭᠠᠯᠠᠯ ᠤᠨ 764 ᠣᠨ ︵ᠨᠡᠶᠢᠳᠡ ᠶᠢᠨ ᠣᠨ ᠲᠣᠭᠠᠯᠠᠯ ᠎ ᠤᠨ 1362 ᠣᠨ︶ ᠡᠨᠡᠬᠦ ᠬᠠᠭᠠᠨ ᠨᠠᠰᠣᠨ ᠨᠦᠭᠴᠢᠪᠡ ᠭᠡᠳᠡᠭ ᠨᠢᠭᠡ ᠦᠭᠦᠯᠡᠪᠦᠷᠢ ᠦᠭᠡ ᠲᠠᠢ ᠪᠠᠶᠢᠵᠠᠢ᠃ ᠨᠦᠬᠦᠭᠡ ᠲᠠᠯ᠎ᠠ ᠪᠠᠷ ᠪᠧᠯᠶᠦᠲ ᠪᠠᠰᠠ ᠰᠠᠲ᠋ᠠᠭᠨᠢ · ᠪᠣᠬ᠎ᠠ ᠭᠡᠳᠡᠭ ᠬᠦᠮᠦᠨ ᠤ ᠨᠡᠷ᠎ᠡ ᠶᠢ ᠰᠠᠩᠬᠤᠷ · ᠪᠣᠬ᠎ᠠ ᠭᠡᠵᠦ ᠭᠠᠯᠢᠭᠴᠢᠯᠠᠭᠰᠠᠨ ᠪᠠᠶᠢᠨ᠎ᠠ᠃ᠪᠡᠯᠡᠳᠬᠡᠭᠰᠡᠨ ᠨᠢ᠄ ᠡᠷᠳᠡᠨᠢᠬᠦᠦᠨᠠᠶᠢᠷᠠᠭᠤᠯᠤᠭᠰᠠᠨ ᠨᠢ᠄ ᠨᠠᠮᠤᠷᠬᠢᠨᠠᠭᠰᠠᠨ ᠨᠢ᠄ ᠤᠷᠢᠬᠠᠨ
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号