ᠲᠠᠪᠣᠳᠣᠭᠠᠷ ᠪᠦᠯᠦᠭ | ᠠᠷᠠᠪ ᠰᠢᠯᠦᠭ᠄ | ᠬᠢᠯᠢᠩᠳᠣ ᠪᠠᠷᠰ ᠮᠡᠳᠦ ᠡᠷᠡᠯᠬᠡᠭ ᠪᠠᠭᠠᠳᠣᠷᠴᠣᠳ | ᠬᠡᠳᠦ ᠮᠡᠷᠭᠡᠨ ᠠᠷᠭ᠎ᠠ ᠪᠣᠳᠣᠯᠭ᠎ᠠ ᠶᠢ ᠬᠡᠷᠬᠢᠨ ᠲᠠᠪᠠᠨᠠᠮ | ᠣᠬᠠᠭᠠᠨ ᠪᠠᠭᠠᠳᠣᠷ ᠬᠤᠣᠰᠯᠠᠨ ᠴᠢᠳᠠᠭᠴᠢᠳ ᠠᠴᠠ | ᠦᠨᠢ ᠮᠦᠩᠬᠡ ᠶᠢᠨ ᠠᠯᠳᠠᠷ ᠨᠡᠷ᠎ᠡ ᠪᠦᠳᠦᠶᠦ᠃ | ᠫᠧᠷᠰ ᠰᠢᠯᠦᠭ᠄ ᠠᠷᠭ᠎ᠠ ᠣᠬᠠᠭᠠᠨ ᠳᠤ ᠢᠯᠠᠭᠳᠠᠭᠰᠠᠨ ᠴᠡᠷᠢᠭ | ᠠᠭᠤᠯᠠ ᠨᠣᠷᠠᠬᠤ ᠮᠡᠳᠦ ᠶᠢ ᠬᠡᠷᠬᠢᠨᠡᠮ | ᠶᠡᠭᠡ ᠡᠷ᠎ᠡ ᠶᠢᠨ ᠭᠠᠭᠴᠠ ᠰᠡᠯᠡᠮ᠎ᠡ | ᠶᠢᠷᠲᠢᠨᠴᠦ ᠲᠡᠯᠡᠬᠡᠢ ᠶᠢ ᠢᠯᠠᠰᠢ ᠦᠭᠡᠢ᠃ | ᠲᠣᠣᠷ᠎ᠠ ᠦᠬᠦᠯᠡᠬᠦ ᠪᠣᠳᠠᠳᠣ ᠬᠡᠷᠡᠭ᠂ ᠲᠡᠭᠡᠷᠡᠬᠢ ᠰᠢᠯᠦᠭ ᠤᠨ ᠦᠨᠡᠨ ᠶᠣᠰᠣ ᠶᠢ ᠬᠠᠷᠠᠭᠤᠯᠵᠣ ᠴᠢᠳᠠᠵᠠᠢ᠃ ᠡᠮᠢᠷ | ᠬᠠᠵᠢ · ᠪᠠᠷᠣᠯᠠᠰ ᠴᠠᠭᠠᠳᠠᠢ ᠶᠢᠨ ᠴᠡᠷᠢᠭ ᠬᠠᠯᠳᠠᠷ᠎ᠠ ᠢᠷᠡᠭᠰᠡᠨ ᠢ ᠰᠣᠨᠣᠰᠣᠭᠠᠳ ᠦᠪᠡᠷ ᠤᠨ ᠣᠯᠣᠰ ᠠᠴᠠ ᠪᠠᠨ | ᠰᠠᠯᠵᠣ ᠬᠤᠷᠣᠽᠠᠨ ᠵᠦᠭ ᠲᠤ ᠪᠣᠷᠣᠭᠤᠯᠠᠪᠠ᠃ ᠲᠡᠷᠡ ᠡᠯᠡᠰᠦ ᠮᠠᠩᠬ᠎ᠠ ᠶᠢ ᠬᠦᠨᠳᠡᠯᠡᠨ ᠲᠣᠭᠤᠯᠠᠵᠣ᠂ ᠵᠧᠬᠤᠨ | ᠭᠤᠣᠯ ᠤᠨ ᠬᠦᠪᠡᠭᠡᠨ ᠳᠤ ᠢᠷᠡᠪᠡ᠃ ᠡᠮᠢᠷ ᠲᠡᠮᠦᠷ① ᠮᠠᠰᠢ ᠲᠣᠲᠣᠷᠬᠠᠢ ᠣᠯᠵᠣ ᠦᠵᠡᠭᠰᠡᠨ ᠢᠶᠠᠷ ᠲᠡᠷᠡ ᠬᠡᠷᠪᠡ | ᠦᠷᠬᠦᠯᠵᠢᠯᠡᠨ ᠢᠩᠬᠢᠵᠦ ᠲᠣᠳᠠᠭᠠᠬᠤ ᠠᠷᠭ᠎ᠠ ᠪᠣᠳᠣᠯᠭ᠎ᠠ ᠠᠪᠬᠤ ᠶᠣᠮ ᠪᠣᠯ᠂ ᠲᠡᠭᠦᠨ ᠤ ᠡᠬᠡ ᠣᠯᠣᠰ ᠲᠠᠷᠣᠢ | ᠮᠦᠬᠦᠨ ᠰᠦᠨᠦᠬᠦ ᠪᠣᠯᠣᠨ᠎ᠠ᠃ ᠨᠠᠭᠠᠳᠣ ᠵᠠᠬ᠎ᠠ ᠨᠢ ᠲᠡᠭᠦᠨ ᠤ ᠡᠨᠡᠬᠦ ᠦᠶ᠎ᠡ ᠣᠯᠠᠷᠢᠨ ᠵᠠᠯᠭᠠᠮᠵᠢᠯᠠᠬᠤ ᠡᠷᠬᠡ ᠪᠦᠬᠦᠢ | ᠡᠷᠭᠦᠮᠵᠢᠯᠡᠯᠳᠣ ᠨᠣᠳᠤᠭ ᠰᠠᠮᠠᠭᠤᠷᠠᠨ ᠰᠠᠷᠨᠢᠬᠤ ᠪᠣᠯᠣᠨ᠎ᠠ᠃ ᠶᠠᠭ ᠰᠠᠶᠢᠬᠠᠨ ᠡᠨᠡ ᠵᠢᠯ ᠲᠡᠮᠦᠷ ᠤᠨ ᠡᠴᠢᠭᠡ ᠲᠠᠷᠬᠠᠢ | ᠨᠠᠰᠣ ᠪᠠᠷᠠᠭᠰᠠᠨ ᠪᠢᠯᠡ᠃ | ᠰᠢᠯᠦᠭ᠄ | ᠡᠴᠢᠭᠡ ᠨᠢ ᠦᠬᠦᠵᠦ ᠠᠪᠠᠭ᠎ᠠ ᠨᠢ ᠪᠣᠷᠣᠭᠤᠯᠠᠪᠠᠢ | ᠡᠷᠡᠮᠬᠡᠢ ᠲᠠᠶᠢᠰᠣᠨ ᠬᠠᠯᠳᠠᠵᠣ ᠢᠷᠡᠪᠡᠢ | ᠡᠬᠡ ᠨᠣᠳᠤᠭ ᠮᠦᠬᠦᠬᠦ ᠰᠢᠬᠠᠪᠠᠢ | ᠡᠷᠡᠯᠬᠡᠭ ᠪᠦᠷᠭᠦᠳ ᠤᠨ ᠵᠢᠭᠦᠷ ᠬᠤᠭᠤᠷᠠᠭᠰᠠᠨ ᠮᠠᠳᠣ ᠪᠣᠰᠣᠶᠣ᠃ | ᠲᠣᠬᠠᠢ ᠶᠢᠨ ᠦᠶ᠎ᠡ ᠶᠢᠨ ᠡᠨᠡᠬᠦ ᠵᠠᠩᠬᠢᠯᠭ᠎ᠠ ᠶᠢᠨ ᠴᠠᠭ ᠮᠦᠴᠡ ᠳᠤ ᠡᠮᠢᠷ ᠲᠡᠮᠦᠷ ᠬᠡᠳᠦᠶᠢᠪᠡᠷ ᠰᠠᠶ᠋ᠢ ᠬᠤᠷᠢᠨ | ᠲᠠᠪᠣᠬᠠᠨ ᠨᠠᠰᠣᠳᠠᠢ ᠪᠠᠶᠢᠵᠣ᠂ ᠲᠡᠭᠦᠨ ᠤ ᠲᠦᠷᠦᠯᠬᠢ ᠶᠢᠨ ᠠᠪᠢᠶᠠᠰ ᠪᠢᠯᠢᠭ ᠴᠦ ᠬᠠᠷᠬᠠᠨ ᠨᠡᠭᠡᠭᠳᠡᠭᠡᠳᠦᠢ ᠪᠠᠶᠢᠭᠰᠠᠨ | ᠪᠣᠪᠠᠴᠣ᠂ ᠪᠠᠶᠢᠳᠠᠯ ᠢ ᠲᠣᠭᠳᠠᠬᠤᠨ ᠪᠣᠯᠭᠠᠬᠤ ᠵᠣᠷᠢᠭ ᠲᠦᠷᠦᠵᠦ᠂ ᠡᠮᠢᠷ ᠬᠠᠵᠢ ᠳᠤ ᠠᠷᠭ᠎ᠠ ᠡᠷᠭᠦᠵᠦ ᠦᠭᠦᠯᠡᠷᠦᠨ | ᠄ ︽ᠣᠯᠣᠰ ᠲᠤ ᠡᠵᠡᠨ ᠦᠭᠡᠢ ᠪᠣᠯ ᠶᠡᠭᠡ ᠵᠣᠪᠠᠯᠠᠩ ᠮᠠᠭᠠᠳ ᠡᠭᠦᠰᠦᠨ᠂ ᠠᠷᠠᠳ ᠢᠷᠭᠡᠳ ᠲᠠᠶᠢᠰᠣᠨ ᠤ ᠭᠠᠷ ᠲᠤ | ᠲᠠᠯᠬᠢᠭᠳᠠᠮᠣᠢ︾ ᠭᠡᠵᠡᠢ᠃ | ᠰᠢᠯᠦᠭ᠄ | ᠲᠡᠷᠢᠭᠦᠯᠡᠭᠴᠢ ᠦᠭᠡᠢ ᠣᠯᠣᠰ ᠰᠦᠨᠡᠰᠦ ᠦᠭᠡᠢ ᠬᠦᠮᠦᠨ ᠮᠡᠳᠦ | ᠲᠡᠷᠢᠭᠦᠨ ᠦᠭᠡᠢ ᠬᠦᠮᠦᠨ ᠳᠤ ᠠᠮᠢᠳᠣᠷᠠᠬᠤ ᠶᠣᠰᠣᠨ ᠠᠯᠠᠭ᠎ᠠ᠃ | ︽ᠲᠠ ᠦᠨᠡᠬᠡᠷ ᠬᠤᠷᠣᠽᠠᠨ ᠳᠤ ᠣᠴᠢᠪᠠᠯ᠂ ᠪᠢ ᠬᠠᠮᠤᠭ ᠰᠠᠶᠢᠨ ᠨᠢ ᠺᠧᠱ ᠲᠠᠭᠠᠨ ᠬᠠᠷᠢᠨ᠎ᠠ᠃ ᠪᠢ ᠲᠡᠨᠳᠡᠬᠢ | ᠠᠷᠠᠳ ᠢᠷᠭᠡᠳ ᠢ ᠠᠮᠣᠷᠵᠢᠭᠤᠯᠣᠨ ᠴᠢᠳᠠᠪᠠᠰᠣ ᠬᠠᠭᠠᠨ ᠣᠷᠳᠣᠨ ᠳᠤ ᠣᠴᠢᠨ᠎ᠠ᠃ ᠪᠢ ᠣᠯᠣᠰ ᠭᠡᠷ ᠤᠨ ᠶᠡᠬᠡᠰ | ᠨᠣᠶᠠᠳ ᠸᠠᠩ ᠭᠦᠩ ᠨᠡᠷ ᠲᠠᠢ ᠶᠡᠭᠡ ᠬᠡᠷᠡᠭ ᠢ ᠵᠦᠪᠳᠡᠨ ᠮᠠᠨ ᠤ ᠣᠷᠣᠨ ᠨᠣᠳᠤᠭ ᠪᠠ ᠠᠯᠯᠠᠾ ᠠᠴᠠ | ᠰᠣᠶᠣᠷᠬᠠᠭᠰᠠᠨ ᠠᠷᠠᠳ ᠢᠷᠭᠡᠳ ᠢᠶᠠᠨ ᠭᠠᠯ ᠣᠰᠣᠨ ᠤ ᠭᠠᠰᠢᠭᠤᠨ ᠵᠣᠪᠠᠯᠠᠩ ᠳᠤ ᠣᠨᠠᠭᠠᠬᠤ ᠦᠭᠡᠢ ᠪᠠᠷ | ᠴᠢᠷᠮᠠᠶᠢᠨ᠎ᠠ︾ ᠭᠡᠪᠡ᠃ | ᠡᠮᠢᠷ ᠲᠡᠮᠦᠷ ᠬᠡᠯᠡᠵᠦ ᠪᠠᠷᠠᠭᠠᠳ ᠠᠪᠠᠭ᠎ᠠ ᠠᠴᠠ ᠪᠠᠨ ᠰᠠᠯᠵᠣ ᠶᠠᠪᠣᠪᠠ᠃ ᠡᠮᠢᠷ · ᠬᠠᠵᠢ · ᠪᠠᠷᠣᠯᠠᠰ ᠡᠮᠢᠷ ᠲᠡᠮᠦᠷ | ᠤᠨ ᠡᠨᠡᠬᠦ ᠦᠭᠡ ᠶᠢ ᠪᠦᠷᠢᠮᠦᠰᠦᠨ ᠠᠯᠯᠠᠾ ᠶᠢᠨ ᠰᠠᠨᠠᠯᠣᠯᠭᠠ ᠭᠡᠵᠦ ᠢᠳᠡᠭᠡᠵᠡᠢ᠃ ᠡᠶᠢᠮᠦ ᠠᠴᠠ ᠲᠡᠷᠡ ᠲᠡᠭᠦᠨ ᠤ | ᠦᠭᠡ ᠪᠠᠷ ᠠᠯᠢᠪᠠ ᠪᠦᠬᠦᠨ ᠢ ᠪᠦᠷ ᠵᠦᠪᠰᠢᠶᠡᠷᠡᠪᠡ᠃ ᠲᠡᠭᠡᠭᠡᠳ ᠡᠮᠢᠷ ᠲᠡᠮᠦᠷ ᠨᠣᠳᠤᠭ ᠵᠦᠭ ᠢᠶᠠᠨ ᠲᠦᠷᠭᠡᠯᠡᠨ | ᠮᠣᠷᠳᠠᠵᠣ ᠬᠤᠵᠠᠷ ︵ᠬᠤᠵᠢᠷ︶ ᠲᠤ ᠬᠦᠷᠳᠡᠯ᠎ᠡ ᠴᠠᠭᠠᠳᠠᠢ ᠶᠢᠨ ᠴᠡᠷᠢᠭ ᠤᠨ ᠬᠤᠰᠢᠭᠤᠴᠢ ᠳᠤ ᠵᠠᠮᠴᠢ ᠪᠣᠯᠵᠣ | ᠪᠠᠶᠢᠭ᠎ᠠ ᠬᠠᠵᠢ · ᠮᠠᠬᠠᠮᠣᠳ᠋ · ᠱᠠᠾ · ᠶᠠᠰᠣᠷᠢ ᠲᠠᠢ ᠠᠭᠤᠯᠵᠠᠪᠠ᠃ ᠲᠠᠶᠢᠰᠣᠨ ᠤ ᠴᠡᠷᠢᠭ ᠶᠠᠭ ᠰᠠᠶᠢᠬᠠᠨ ᠭᠠᠯ | ᠮᠡᠳᠦ ᠲᠦᠷᠭᠡᠨ ᠢᠶᠠᠷ ᠢᠨᠠᠭᠰᠢ ᠣᠷᠣᠭᠰᠢᠯᠠᠵᠣ ᠪᠠᠶᠢᠭ᠎ᠠ ᠠᠵᠠᠢ᠃ ᠲᠡᠳᠡ ᠨᠢᠭᠡᠨᠳᠡ ᠨᠢᠭᠡᠮᠦᠰᠦᠨ ᠪᠣᠯᠢᠶᠠᠨ | ᠲᠡᠭᠡᠷᠡᠮᠳᠡᠬᠦ ᠪᠠᠷ ᠭᠤᠷᠢᠳᠠᠵᠣ᠂ ᠣᠭᠤᠳᠠ ᠰᠢᠭᠤᠳᠠᠢ ᠣᠶᠣᠵᠣ᠂ ᠲᠡᠭᠡᠷᠡᠮᠳᠡᠵᠦ ᠣᠯᠣᠭᠰᠠᠨ ᠠᠯᠳᠠ ᠮᠦᠩᠭᠦ ᠪᠠ | ᠡᠳ᠋ ᠡᠷᠳᠡᠨᠢᠰ ᠢᠶᠠᠨ ᠰᠠᠪᠠᠯᠠᠨ ᠠᠬᠤᠭᠤᠯᠬᠤ ᠪᠠᠷ ᠪᠡᠯᠡᠳᠭᠡᠨ ᠢᠷᠡᠵᠦ ᠪᠠᠶᠢᠭ᠎ᠠ ᠠᠵᠠᠢ᠃ ᠡᠮᠢᠷ ᠲᠡᠮᠦᠷ ᠲᠠᠶᠢᠰᠣᠨ ᠤ | ᠵᠠᠩᠵᠣᠨ ᠲᠠᠢ ᠮᠠᠰᠢ ᠰᠢᠯᠣᠭᠤᠨ ᠢᠶᠠᠷ ᠡᠶᠡᠳᠦᠵᠦ ᠬᠡᠯᠡᠯᠴᠡᠭᠡᠷ ᠲᠣᠭᠳᠠᠪᠠ᠃ ᠲᠡᠷᠡ ᠬᠡᠯᠡᠭᠰᠡᠨ ᠨᠢ᠄ ︽ᠲᠠᠨᠠᠷ ᠠᠳᠡ | ᠪᠠᠨ ᠲᠦᠷ ᠬᠦᠯᠢᠭᠡᠯᠵᠡᠵᠦ ᠪᠠᠶᠢᠭᠠᠷᠠᠢ᠂ ᠪᠢ ᠣᠴᠢᠵᠣ ᠸᠠᠩ ᠭᠦᠩ ᠢᠵᠠᠭᠤᠷᠳᠠᠨ ᠨᠡᠷ ᠲᠠᠢ ᠵᠦᠪᠳᠡᠨ᠂ ᠨᠢᠭᠡᠨ | ᠬᠤᠶᠠᠷ ᠲᠠᠯ᠎ᠠ ᠪᠠᠷ ᠢᠶᠠᠨ ᠪᠦᠷ ᠬᠦᠯᠢᠶᠡᠨ ᠠᠪᠴᠣ ᠴᠢᠳᠠᠬᠤ ᠰᠢᠢᠳᠪᠦᠷᠢ ᠭᠠᠷᠭᠠᠳ ᠢᠷᠡᠶ᠎ᠡ︾ ᠭᠡᠪᠡ᠃ ᠡᠮᠢᠷ | ᠲᠡᠮᠦᠷ ᠤᠨ ᠡᠨᠡᠬᠦ ᠮᠡᠷᠭᠡᠨ ᠣᠬᠠᠭᠠᠨ ᠵᠦᠪ ᠦᠭᠡ ᠨᠢ ᠲᠠᠶᠢᠰᠣᠨ ᠤ ᠴᠡᠷᠢᠭ ᠲᠤ ᠬᠦᠷᠳᠡᠯ᠎ᠡ ᠮᠠᠰᠢ ᠲᠠᠭᠠᠯᠠᠭᠳᠠᠵᠠᠢ᠃ | ᠲᠡᠳᠡ ᠬᠡᠳᠦᠶᠢᠪᠡᠷ ᠣᠷᠣᠭᠰᠢᠯᠠᠬᠤ ᠶᠢ ᠬᠦᠰᠡᠨ ᠰᠠᠨᠠᠵᠣ ᠪᠠᠶᠢᠭ᠎ᠠ ᠪᠣᠯᠪᠠᠴᠣ ᠣᠣᠯ ᠭᠠᠵᠠᠷ ᠠᠴᠠ ᠪᠠᠨ ᠬᠦᠳᠡᠯᠡᠭᠰᠡᠨ | ᠦᠭᠡᠢ᠂ ᠲᠡᠭᠦᠨ ᠤ ᠴᠢᠮᠡᠭᠡ ᠶᠢ ᠬᠦᠯᠢᠶᠡᠨ ᠪᠠᠶᠢᠪᠠ᠃ ᠡᠮᠢᠷ ᠲᠡᠮᠦᠷ ᠠᠮᠣᠷ ᠲᠦᠪᠰᠢᠨ ᠢᠶᠠᠷ ᠺᠧᠱ ᠲᠤ ᠣᠷᠣᠬᠤ | ᠦᠶ᠎ᠡ ᠳᠤ ᠶᠠᠭ ᠰᠠᠶᠢᠭᠠᠨ ᠴᠠᠭᠠᠳᠠᠢ ᠶᠢᠨ ᠪᠣᠰᠣᠳ ᠭᠤᠨᠪᠠᠨ ᠸᠠᠩ ᠭᠦᠩ ᠨᠡᠷ ᠪᠠᠰᠠ ᠬᠦᠷᠦᠯᠴᠡᠨ ᠢᠷᠡᠭᠡᠳ | ᠪᠠᠶᠢᠪᠠ᠃ ᠲᠡᠳᠡ ᠣᠴᠠᠷᠠᠯᠳᠣᠨ ᠠᠮᠣᠷ ᠮᠡᠨᠳᠦ ᠪᠠᠨ ᠮᠡᠳᠡᠯᠴᠡᠭᠰᠡᠨ ᠤ ᠲᠠᠷᠠᠭ᠎ᠠ ᠪᠠᠷ ᠡᠮᠢᠷ ᠲᠡᠮᠦᠷ ᠤᠨ ᠢᠯᠡᠳᠭᠡᠭᠰᠡᠨ | ᠲᠣᠬᠤᠯᠭ᠎ᠠ ᠲᠡᠮᠦᠷ ᠬᠠᠭᠠᠨ ᠳᠤ ᠲᠠᠭᠠᠬᠤ ᠰᠠᠨᠠᠯ ᠢ ᠰᠣᠨᠣᠰᠣᠭᠠᠳ ᠨᠢᠭᠡᠨ ᠲᠠᠭᠤᠨ ᠢᠶᠠᠷ ᠪᠠᠶᠠᠷᠯᠠᠨ ᠵᠦᠪᠰᠢᠶᠡᠷᠡᠪᠡ᠃ | ᠲᠡᠭᠡᠭᠡᠳ ᠲᠡᠳᠡ ᠡᠮᠢᠷ ᠲᠡᠮᠦᠷ ᠢ ᠡᠮᠢᠷ ᠬᠠᠷᠠᠴᠠᠷ② ᠤᠨ ᠣᠣᠯ ᠡᠵᠡᠮᠰᠢᠯ ᠨᠣᠳᠤᠭ ᠤᠨ ᠵᠠᠬᠢᠷᠣᠭᠴᠢ ᠨᠣᠶᠠᠨ ᠢᠶᠠᠷ | ᠡᠷᠭᠦᠮᠵᠢᠯᠡᠪᠡ᠃ ᠬᠠᠷᠠᠴᠠᠷ ᠤᠨ ᠣᠣᠯ ᠡᠷᠭᠦᠮᠵᠢᠯᠡᠯ ᠨᠣᠳᠤᠭ ᠲᠤ ᠺᠧᠱ ᠪᠠ ᠲᠡᠭᠦᠨ ᠤ ᠬᠠᠷᠢᠶᠠᠳᠣ ᠣᠷᠣᠨ ᠢ | ᠪᠠᠭᠳᠠᠭᠠᠬᠤ ᠶᠣᠮ᠃ ᠲᠡᠭᠦᠨ ᠤ ᠡᠨᠡᠬᠦ ᠮᠡᠷᠭᠡᠨ ᠪᠣᠳᠣᠯᠭ᠎ᠠ ᠠᠴᠠ ᠲᠣᠰ ᠭᠠᠵᠠᠷ ᠲᠤ ᠨᠢᠭᠡᠨᠳᠡ ᠣᠶᠢᠯᠣᠨ ᠴᠠᠶᠢᠯᠠᠨ | ᠢᠷᠡᠭᠰᠡᠨ ᠲᠣᠭᠰᠢᠨ ᠦᠶᠡᠷ ᠮᠡᠳᠦ ᠴᠡᠷᠢᠭ ᠲᠠᠶᠢᠨ ᠤ ᠭᠠᠰᠠᠯᠠᠩ ᠵᠣᠪᠠᠯᠠᠩ ᠠᠷᠢᠯᠵᠣ᠂ ᠭᠤᠷᠢ ᠲᠠᠰᠣᠷᠠᠮᠠᠷ | ᠪᠣᠯᠣᠭᠰᠠᠨ ᠬᠦᠭᠵᠢᠯ ᠪᠠᠶᠠᠰᠣᠯ᠂ ᠬᠦᠮᠦᠨ ᠤ ᠶᠢᠷᠲᠢᠨᠴᠦ ᠳᠤ ᠲᠠᠬᠢᠨ ᠢᠷᠡᠪᠡ᠃ | ᠬᠦᠮᠦᠰ ᠠᠪᠣᠨ ᠦᠵᠡᠪᠡᠯ ᠡᠨᠡᠬᠦ ᠬᠡᠷᠡᠭ ᠡᠮᠢᠷ ᠲᠡᠮᠦᠷ ᠲᠤ ᠨᠢᠭᠡᠨᠳᠡ ᠬᠡᠶᠢᠮᠣᠷᠢ ᠰᠡᠷᠭᠦᠵᠦ᠂ ᠬᠡᠰᠢᠭ ᠪᠣᠶᠠᠨ | ᠨᠡᠮᠡᠭᠳᠡᠭᠰᠡᠨ ᠬᠡᠷᠡᠭ ᠪᠣᠯᠪᠠ ᠭᠡᠳᠡᠭ ᠶᠣᠮ᠃ ᠦᠨᠡᠨ ᠢ ᠬᠡᠯᠡᠪᠡᠯ᠂ ᠲᠡᠭᠦᠨ ᠤ ᠡᠷᠳᠡᠨᠢᠰ ᠤᠨ ᠬᠦᠮᠦᠷᠭᠡᠨ ᠳᠤ ᠪᠠᠰᠠ | ᠮᠢᠩᠭ᠎ᠠ ᠲᠦᠮᠡᠨ ᠠᠮᠵᠢᠯᠳᠠ ᠪᠦᠳᠦᠭᠡᠯ ᠬᠠᠳᠠᠭᠠᠯᠠᠰᠣᠳᠠᠢ ᠪᠠᠶᠢᠭ᠎ᠠ ᠶᠣᠮ᠃ | ᠡᠭᠦᠨ ᠤ ᠲᠠᠷᠠᠭ᠎ᠠ᠂ ᠡᠮᠢᠷ ᠲᠡᠮᠦᠷ ᠭᠤᠷᠪᠠᠨ ᠸᠠᠩ ᠭᠦᠩ ᠠᠴᠠ ᠠᠶᠠᠷᠯᠠᠨ ᠰᠠᠯᠵᠣ᠂ ᠦᠪᠡᠷ ᠤᠨ ᠨᠣᠳᠤᠭ ᠣᠰᠣ | ᠠᠷᠠᠳ ᠢᠷᠭᠡᠳ ᠢᠶᠠᠨ ᠲᠦᠪᠬᠢᠨᠡᠭᠦᠯᠬᠦ ᠪᠠᠷ ᠶᠠᠪᠣᠵᠠᠢ᠃ ᠲᠡᠷᠡ ᠵᠠᠷᠯᠢᠭ ᠨᠡᠶᠢᠳᠡᠯᠡᠨ ᠺᠧᠱ ᠠᠴᠠ ᠵᠧᠬᠤᠨ ᠭᠤᠣᠯ | ᠬᠦᠷᠳᠡᠯᠡᠬᠢ ᠭᠠᠵᠠᠷ ᠠᠴᠠ ᠴᠡᠷᠢᠭ ᠮᠣᠷᠢ ᠡᠯᠰᠡᠨ᠂ ᠣᠳᠠᠯ ᠦᠭᠡᠢ ᠨᠢᠭᠡ ᠮᠠᠰᠢ ᠲᠣᠮᠣ ᠴᠡᠷᠢᠭ ᠠᠩᠬᠢ | ᠪᠦᠷᠢᠯᠳᠦᠭᠦᠯᠦᠨ᠂ ᠡᠮᠢᠷ ᠶᠠᠰᠣᠷᠢ ᠲᠠᠢ ᠬᠠᠮᠳᠣ ᠨᠡᠶᠢᠯᠡᠨ ᠮᠣᠷᠳᠠᠪᠠ᠃ ᠡᠨᠡ ᠦᠶ᠎ᠡ ᠪᠠᠷ ᠴᠠᠭᠠᠳᠠᠢ ᠶᠢᠨ ᠣᠯᠠᠨ ᠸᠠᠩ | ᠭᠦᠩ ᠨᠡᠷ ᠤᠨ ᠲᠣᠲᠣᠷ᠎ᠠ ᠵᠦᠷᠢᠴᠡᠯ ᠡᠭᠦᠰᠴᠦ᠂ ᠲᠡᠳᠡᠨᠡᠷ ᠮᠠᠸᠧᠢᠷᠠᠨᠨᠠᠷ ᠠᠴᠠ ᠴᠡᠷᠭ ᠮᠣᠷᠢ ᠪᠠᠨ ᠲᠠᠲᠠᠵᠣ | ᠲᠣᠬᠤᠯᠭ᠎ᠠ ᠲᠡᠮᠦᠷ ᠬᠠᠭᠠᠨ ᠤ ᠪᠠᠭᠤᠴᠠ ᠵᠦᠭ ᠶᠠᠪᠣᠵᠠᠭᠠᠵᠣ ᠪᠠᠶᠢᠵᠠᠢ᠃ ᠡᠭᠦᠨ ᠤ ᠲᠠᠷᠠᠭ᠎ᠠ ᠪᠠᠷ ᠪᠠᠶᠠᠵᠢᠳ᠋ · | ᠵᠠᠯᠠᠶᠢᠷ ᠴᠡᠷᠢᠭ ᠮᠣᠷᠢ ᠪᠠᠨ ᠲᠠᠭᠠᠭᠤᠯᠣᠨ ᠢᠷᠡᠵᠦ ᠡᠮᠢᠷ ᠲᠡᠮᠦᠷ ᠪᠠ ᠡᠮᠢᠷ ᠾᠢᠵᠠᠷ · ᠶᠠᠰᠣᠷᠢ③ ᠲᠠᠢ ᠨᠡᠶᠢᠯᠡᠪᠡ᠃ | ᠲᠣᠰ ᠪᠦᠯᠦᠭ ᠤᠨ ᠲᠠᠶᠢᠯᠪᠣᠷᠢ | ① ᠡᠮᠢᠷ ᠲᠡᠮᠦᠷ ᠲᠠᠷᠣᠢ ᠪᠠᠷᠣᠯᠠᠰ · ᠲᠡᠮᠦᠷ ᠢ ᠪᠠᠰᠠ ᠲᠣᠭᠤᠯᠠᠩ ᠲᠠᠮᠦᠷ ᠭᠡᠳᠡᠭ᠂ ᠪᠠᠰᠠ ᠰᠠᠬᠢᠪᠢ ᠺᠢᠷᠠᠨ | ︵Sahib-i-kiran︶ ᠭᠡᠳᠡᠭ,sahib -i- kiran ᠭᠡᠳᠡᠭ ᠨᠢ ᠣᠳᠬᠠᠴᠢᠯᠠᠨ ᠣᠷᠴᠢᠭᠤᠯᠪᠠᠯ ᠦᠯᠵᠡᠶᠢᠲᠦ | ᠡᠵᠡᠨ ᠭᠡᠳᠡᠭ ᠦᠭᠡ ᠪᠣᠯᠣᠨ᠎ᠠ᠃ ᠲᠠᠷᠣᠢ ᠬᠡᠶᠢᠮᠣᠷᠢ ᠨᠢ ᠮᠠᠨᠳᠣᠭᠰᠠᠨ ᠬᠡᠰᠢᠭ ᠪᠣᠶᠠᠨ ᠦᠷᠬᠦᠯᠵᠢᠯᠡᠭᠰᠡᠨ ᠡᠵᠡᠨ | ᠭᠡᠳᠡᠭ ᠶᠣᠮ᠃ ᠡᠭᠦᠨ ᠠᠴᠠ ᠣᠯᠪᠠᠭᠠᠯᠠᠨ ᠮᠠᠰᠢ ᠣᠯᠠᠨ ᠬᠦᠨᠳᠦᠳᠭᠡᠯ ᠴᠣᠯᠠ ᠪᠣᠢ ᠪᠣᠯᠵᠠᠢ᠃ ᠣᠨᠴᠠᠭᠠᠶᠢᠯᠠᠨ ︽ | ᠲᠡᠮᠦᠷ ᠤᠨ ᠲᠠᠶᠢᠨ ᠤ ᠭᠠᠪᠢᠶ᠎ᠠ ᠶᠢᠨ ᠲᠡᠮᠳᠡᠭᠯᠡᠯ︾ ᠨᠣᠮ ᠳᠤ ᠲᠡᠭᠦᠨ ᠢ ᠪᠦᠷ ᠰᠠᠬᠢᠪᠢ ᠺᠢᠷᠠᠨ ᠭᠡᠳᠡᠭ ᠪᠣᠶᠣ ᠪᠠᠰᠠ | ᠲᠡᠭᠡᠷ᠎ᠡ ᠨᠢ ᠪᠣᠰᠣᠳ ᠬᠤᠯᠪᠣᠭᠳᠠᠯ ᠪᠦᠬᠦᠢ ᠬᠦᠨᠳᠦᠳᠭᠡᠯ ᠦᠭᠡ ᠨᠡᠮᠡᠵᠦ ᠴᠣᠯᠠᠯᠠᠳᠠᠭ ᠪᠠᠶᠢᠵᠠᠢ᠃ ᠡᠨᠡ ᠨᠢ ᠶᠠᠭ | ᠬᠢᠳᠠᠳ ᠲᠡᠣᠬᠡᠨ ᠲᠡᠭᠡᠷᠡᠬᠢ ᠡᠵᠡᠳ ᠬᠠᠭᠠᠳ ᠢᠶᠠᠨ ᠦᠬᠦᠭᠰᠡᠨ ᠤ ᠰᠡᠬᠦᠯᠡᠷ ᠴᠣᠯᠠᠯᠠᠳᠠᠭ ᠬᠦᠨᠳᠦᠳᠭᠡᠯ ᠴᠣᠯᠠ ᠲᠠᠢ | ᠠᠳᠠᠯᠢᠪᠳᠣᠷ ᠶᠣᠮ᠂ ᠭᠡᠶ᠎ᠡ ᠠᠳᠠᠯᠢ ᠦᠭᠡᠢ ᠲᠠᠯ᠎ᠠ ᠨᠢ ᠲᠡᠮᠦᠷ ᠪᠣᠯ ᠮᠦᠨᠴᠦ ᠾᠦᠩᠨᠦ ᠮᠣᠩᠭᠤᠯ ᠬᠠᠭᠠᠳ ᠲᠠᠢ | ᠨᠢᠭᠡᠨ ᠠᠳᠠᠯᠢ ᠪᠠᠷ ᠠᠮᠢᠳᠣ ᠰᠡᠷᠡᠭᠦᠨ ᠪᠠᠶᠢᠭ᠎ᠠ ᠦᠶ᠎ᠡ ᠳᠡᠭᠡᠨ᠂ ᠲᠡᠭᠦᠨ ᠤ ᠭᠠᠪᠢᠶ᠎ᠠ ᠵᠢᠳᠬᠦᠯ ᠪᠠ ᠢᠷᠡᠭᠤ ᠠᠯᠳᠠᠷ | ᠲᠠᠢ ᠮᠠᠰᠢ ᠲᠣᠬᠢᠷᠠᠭᠰᠠᠨ ᠬᠦᠨᠳᠦᠳᠭᠡᠯ ᠴᠣᠯᠠ ᠲᠠᠢ ᠪᠠᠶᠢᠵᠠᠢ᠃ ᠭᠡᠪᠡᠴᠦ ᠲᠡᠷᠡ ᠪᠦᠬᠦᠨ ᠢ ᠣᠯᠠᠨ ᠦᠬᠦᠯᠡᠬᠦ | ᠦᠭᠡᠢ᠂ ᠠᠳᠡ ᠵᠦᠪᠬᠡᠨ ᠲᠡᠭᠦᠨ ᠢ ᠡᠮᠢᠷ ᠲᠡᠮᠦᠷ ᠭᠡᠵᠦ ᠨᠡᠷᠡᠶᠢᠳᠦᠵᠦ ᠪᠠᠶᠢᠭ᠎ᠠ ᠰᠢᠯᠳᠠᠭᠠᠨ ᠢ ᠲᠣᠲᠣᠷᠬᠠᠶᠢᠯᠠᠶ᠎ᠠ᠄ | ᠲᠡᠮᠦᠷ ᠭᠡᠳᠡᠭ ᠨᠡᠷ᠎ᠡ ᠲᠣᠬᠠᠢ ᠶᠢᠨ ᠦᠶ᠎ᠡ ᠶᠢᠨ ᠲᠣᠮᠳᠠᠳᠣ ᠠᠽᠢ ᠳᠤ ᠪᠣᠯ ᠨᠢᠭᠡᠨ ᠣᠯᠠᠨ ᠲᠦᠮᠡᠨᠴᠢ᠂ | ᠲᠦᠭᠡᠮᠡᠯᠵᠢᠭᠰᠡᠨ ᠨᠡᠷ᠎ᠡ ᠪᠣᠯᠣᠭᠠᠳ ᠪᠠᠶᠢᠵᠠᠢ᠃ ᠡᠶᠢᠮᠦ ᠠᠴᠠ ᠪᠣᠰᠣᠳ ᠬᠦᠮᠦᠰ ᠲᠠᠢ ᠢᠯᠭᠠᠬᠤ ᠶᠢᠨ ᠲᠣᠰᠠᠳᠠ | ᠠᠳᠡ ᠪᠦᠷ ᠡᠮᠢᠷ ᠲᠡᠮᠦᠷ ᠭᠡᠵᠦ ᠨᠡᠷᠡᠶᠢᠳᠦᠪᠡ᠃ ᠨᠦᠬᠦᠭᠡ ᠲᠠᠯ᠎ᠠ ᠪᠠᠷ ᠡᠮᠢᠷ ᠲᠡᠮᠦᠷ ᠭᠡᠬᠦ ᠰᠢᠯᠳᠠᠭᠠᠨ ᠨᠢ ᠲᠡᠮᠦᠷ | ᠬᠡᠳᠦᠶᠢᠪᠡᠷ ᠠᠽᠢ ᠧᠦ᠋ᠷᠣᠫᠠ ᠶᠢ ᠲᠠᠮᠨᠠᠭᠰᠠᠨ ᠯᠣᠳᠣ ᠲᠣᠮᠣ ᠬᠠᠭᠠᠨᠳᠣ ᠣᠯᠣᠰ ᠢ ᠪᠠᠶᠢᠭᠤᠯᠣᠨ᠂ ᠬᠡᠮᠵᠢᠶᠡᠯᠡᠰᠢ | ᠦᠭᠡᠢ ᠶᠡᠭᠡ ᠡᠷᠬᠡ ᠮᠡᠳᠡᠯ ᠤᠨ ᠣᠷᠭᠢᠯ ᠳᠤ ᠬᠦᠷᠦᠭᠰᠡᠨ ᠬᠦᠮᠦᠨ ᠪᠣᠯᠪᠠᠴᠣ᠂ ᠲᠡᠷᠡ ᠠᠶᠣᠮᠰᠢᠭ ᠦᠭᠡᠢ ᠬᠠᠭᠠᠨ | ᠰᠢᠷᠡᠭᠡᠨ ᠳᠤ ᠢᠯᠠ ᠪᠠᠷ ᠰᠠᠭᠤᠵᠣ ᠪᠠᠶᠢᠭᠰᠠᠨ ᠣᠳᠠᠭ᠎ᠠ ᠦᠭᠡᠢ᠃ ᠣᠴᠢᠷ ᠨᠢ ᠲᠣᠬᠠᠢ ᠶᠢᠨ ᠦᠶ᠎ᠡ ᠶᠢᠨ ᠲᠣᠮᠳᠠᠳᠣ | ᠠᠽᠢ ᠶᠢᠨ ᠡᠯ᠎ᠡ ᠠᠶᠢᠮᠠᠭ ᠪᠦᠯᠦᠭ ᠠᠷᠠᠳ ᠢᠷᠭᠡᠳ ᠲᠤ ᠬᠦᠷᠳᠡᠯ᠎ᠡ᠂ ᠣᠨᠴᠠᠭᠠᠶᠢᠯᠠᠨ ᠢᠵᠠᠭᠤᠷᠳᠠᠨ ᠨᠡᠷ ᠲᠤ | ᠴᠢᠩᠬᠢᠰ ᠬᠠᠭᠠᠨ ᠤ ᠬᠤᠶᠢᠴᠢᠰ ᠠᠴᠠ ᠪᠣᠰᠣᠳ ᠬᠦᠮᠦᠨ ᠬᠠᠭᠠᠨ ᠰᠢᠷᠡᠭᠡᠨ ᠳᠤ ᠵᠠᠯᠠᠷᠠᠵᠣ᠂ ᠬᠠᠭᠠᠨ ᠡᠷᠬᠡ ᠡᠳ᠋ᠯᠡᠵᠦ | ᠪᠣᠯᠳᠠᠭ ᠦᠭᠡᠢ ᠬᠠᠳᠠᠭᠤ ᠴᠢᠩᠭ᠎ᠠ ᠲᠠᠳᠬᠠᠯ ᠵᠣᠷᠰᠢᠯ ᠲᠠᠢ ᠪᠠᠶᠢᠵᠠᠢ᠃ ᠡᠶᠢᠮᠦ ᠠᠴᠠ ᠠᠳᠡ ᠡᠮᠢᠷ ᠭᠡᠪᠡᠯ ᠨᠢᠭᠡ | ᠡᠷᠬᠡᠳᠡᠨ ᠳᠦᠰᠢᠮᠡᠯ ᠤᠨ ᠶᠡᠷᠦ ᠶᠢᠨ ᠵᠡᠷᠭᠡ ᠴᠣᠯᠠ ᠲᠡᠳᠦᠢ ᠯᠠ ᠶᠣᠮ — ᠮᠣᠩᠭᠤᠯᠴᠢᠯᠠᠭᠴᠢ ᠠᠴᠠ᠃ | ② ᠬᠠᠷᠠᠴᠠᠷ ᠪᠣᠯ ᠪᠠᠷᠣᠯᠠᠰ ᠣᠪᠣᠭ ᠲᠠᠢ᠂ ᠲᠡᠮᠦᠷ ᠤᠨ ᠲᠡᠭᠡᠳᠦᠰ ᠪᠣᠯᠣᠨ᠎ᠠ᠃ ᠬᠠᠷᠠᠴᠠᠷ ᠪᠣᠯ ᠮᠦᠨᠴᠦ ᠴᠢᠩᠬᠢᠰ | ᠬᠠᠭᠠᠨ ᠤ ᠨᠢᠭᠡ ᠮᠢᠩᠭᠠᠨ ᠤ ᠨᠣᠶᠠᠨ ᠪᠢᠯᠡ᠃ ᠮᠣᠩᠭᠤᠯ ᠣᠯᠣᠰ ᠲᠤ ᠬᠡᠪᠯᠡᠭᠳᠡᠭᠰᠡᠨ ︽ᠮᠣᠩᠭᠤᠯ ᠤᠨ ᠨᠢᠭᠤᠴᠠ | ᠲᠣᠪᠴᠢᠶᠠᠨ︾ ᠳᠤ ᠬᠠᠷᠠᠴᠠᠷ ᠢ ᠴᠢᠩᠬᠢᠰ ᠬᠠᠭᠠᠨ ᠤ ᠶᠢᠷᠡᠨ ᠲᠠᠪᠣᠨ ᠮᠢᠩᠭᠠᠨ ᠤ ᠨᠣᠶᠠᠨ ᠤ ᠬᠤᠷᠢᠨ ᠶᠢᠰᠦᠳᠦᠭᠡᠷ | ᠲᠤ ᠵᠢᠬᠰᠠᠭᠠᠵᠣ ᠪᠠᠶᠢᠨ᠎ᠠ᠃ ᠷᠠᠰᠢᠳ᠋ ᠤᠨ ᠵᠣᠬᠢᠶᠠᠭᠰᠠᠨ ︽ᠰᠣᠳᠣᠷ ᠤᠨ ᠴᠢᠭᠤᠯᠭᠠᠨ︾ ᠳᠤ ᠬᠡᠯᠡᠭᠰᠡᠨ ᠢᠶᠠᠷ | ᠴᠢᠩᠬᠢᠰ ᠬᠠᠭᠠᠨ ᠠᠴᠠ ᠬᠤᠶᠠᠳᠣᠭᠠᠷ ᠬᠦᠪᠡᠭᠦᠨ ᠴᠠᠭᠠᠳᠠᠢ ᠳᠤ ᠬᠤᠪᠢᠳᠠᠵᠣ ᠦᠭᠭᠦᠭᠰᠡᠨ ᠲᠦᠷᠪᠡᠨ ᠮᠢᠩᠭᠠᠨ | ᠳᠣᠳᠣᠷ᠎ᠠ ᠪᠠᠷᠣᠯᠠᠳᠠᠢ ᠬᠠᠷᠠᠴᠠᠷ ᠤᠨ ᠮᠢᠩᠭᠠᠨ ᠲᠡᠷᠢᠭᠦᠨ ᠳᠤ ᠵᠢᠬᠰᠠᠭᠠᠭᠳᠠᠵᠣ ᠪᠠᠶᠢᠨ᠎ᠠ᠃ ᠡᠭᠦᠨ ᠠᠴᠠ ᠦᠵᠡᠬᠦᠯ᠎ᠡ | ᠪᠠᠷᠣᠯᠠᠰ ᠠᠶᠢᠮᠠᠭ ᠲᠡᠭᠦᠨ ᠤ ᠮᠢᠩᠭᠠᠨ ᠤ ᠨᠣᠶᠠᠨ ᠬᠠᠷᠠᠴᠠᠷ ᠤᠨ ᠬᠠᠮᠳᠣ ᠴᠠᠭᠠᠳᠠᠢ ᠶᠢᠨ ᠦᠮᠴᠢ ᠢᠷᠭᠡᠳ ᠪᠣᠯᠵᠣ | ᠠᠯᠢ ᠡᠷᠳᠡ ᠲᠣᠮᠳᠠᠳᠣ ᠠᠽᠢ ᠳᠤ ᠣᠴᠢᠭᠰᠠᠨ ᠠᠵᠠᠢ᠃ ᠡᠶᠢᠮᠦ ᠠᠴᠠ ᠪᠠᠷᠣᠯᠠᠳᠠᠢ ᠬᠠᠷᠠᠴᠠᠷ ᠤᠨ ᠬᠤᠪᠢᠳᠠᠵᠣ | ᠣᠯᠣᠭᠰᠠᠨ ᠦᠶ᠎ᠡ ᠣᠯᠠᠷᠢᠨ ᠵᠠᠯᠭᠠᠮᠵᠢᠯᠠᠬᠤ ᠡᠷᠬᠡ ᠪᠦᠬᠦᠢ ᠡᠷᠭᠦᠮᠵᠢᠯᠡᠯᠳᠦ ᠨᠣᠳᠤᠭ ᠨᠢ ᠺᠧᠱ ᠪᠠ ᠲᠡᠭᠦᠨ ᠤ | ᠬᠠᠷᠢᠶᠠᠳᠣ ᠨᠣᠳᠤᠭ ᠪᠣᠯᠬᠤ ᠠᠵᠠᠢ᠃ ᠡᠮᠢᠷ ᠲᠡᠮᠦᠷ ᠢ ᠡᠮᠢᠷ ᠬᠠᠷᠠᠴᠠᠷ ᠤᠨ ᠣᠣᠯ ᠡᠷᠭᠦᠮᠵᠢᠯᠡᠯᠳᠦ ᠨᠣᠳᠤᠭ ᠤᠨ | ᠵᠠᠬᠢᠷᠣᠭᠴᠢ ᠪᠣᠯᠭᠠᠪᠠ ᠭᠡᠳᠡᠭ ᠨᠢ ᠲᠠᠷᠣᠢ ᠲᠡᠭᠦᠨ ᠤ ᠠᠪᠠᠭ᠎ᠠ ᠬᠠᠵᠢ · ᠪᠠᠷᠣᠯᠠᠰ ᠳᠣᠳᠠᠭᠠᠨ ᠶᠠᠪᠣᠭᠰᠠᠨ ᠪᠣᠯᠬᠤᠷ᠂ | ᠡᠮᠢᠷ ᠲᠡᠮᠦᠷ ᠢᠶᠠᠷ ᠲᠡᠭᠦᠨ ᠤ ᠠᠪᠠᠭ᠎ᠠ ᠶᠢ ᠣᠷᠣᠯᠠᠨ ᠡᠨᠡ ᠨᠣᠳᠤᠭ ᠲᠤ ᠡᠵᠡᠨ ᠪᠣᠯᠭᠠᠪᠠ ᠭᠡᠳᠡᠭ ᠣᠳᠬ᠎ᠠ ᠲᠠᠢ | ᠦᠭᠡ ᠶᠣᠮ — ᠮᠣᠩᠭᠤᠯᠴᠢᠯᠠᠭᠴᠢ ᠠᠴᠠ᠃ | ③ ᠡᠮᠢᠷ ᠶᠠᠰᠣᠷᠢ ᠪᠠ ᠡᠮᠢᠷ · ᠾᠢᠵᠠᠷ · ᠶᠠᠰᠣᠷᠢ ︵Kgijar yasori Amir︶ ᠨᠢ ᠨᠢᠭᠡᠯᠡ ᠬᠦᠮᠦᠨ | ᠪᠣᠯᠣᠨ᠎ᠠ᠃ | | | ᠪᠡᠯᠡᠳᠬᠡᠭᠰᠡᠨ ᠨᠢ᠄ ᠡᠷᠳᠡᠨᠢᠬᠦᠦ | ᠨᠠᠶᠢᠷᠠᠭᠤᠯᠤᠭᠰᠠᠨ ᠨᠢ᠄ ᠨᠠᠮᠤᠷ | ᠬᠢᠨᠠᠭᠰᠠᠨ ᠨᠢ᠄ ᠤᠷᠢᠬᠠᠨ | | |