ᠵᠢᠷᠭᠤᠳᠣᠭᠠᠷ ᠪᠦᠯᠦᠭ | ᠲᠣᠬᠤᠯᠭ᠎ᠠ ᠲᠡᠮᠦᠷ ᠬᠠᠭᠠᠨ ᠦᠪᠡᠷ ᠤᠨ ᠮᠠᠸᠧᠢᠷᠠᠨᠠᠷ ᠤᠨ ᠵᠠᠰᠠᠭ ᠤᠨ ᠡᠷᠬᠡ ᠶᠢ ᠲᠠᠬᠢᠨ ᠡᠵᠡᠮᠰᠢᠶ᠎ᠡ ᠭᠡᠰᠡᠨ ᠪᠣᠳᠣᠯ | ᠢᠶᠠᠨ ᠲᠠᠷᠣᠵᠣ ᠶᠠᠳᠠᠬᠤ ᠪᠣᠯᠣᠭᠰᠠᠨ ᠦᠶᠡᠰ ᠲᠤ᠂ ᠲᠡᠷᠡ ᠨᠢᠭᠡ ᠰᠠᠯᠠᠭ᠎ᠠ ᠲᠤᠭ᠎ᠠ ᠲᠣᠮᠰᠢ ᠦᠭᠡᠢ ᠣᠯᠠᠨ ᠴᠡᠷᠢᠭ | ᠮᠣᠷᠢ ᠬᠦᠳᠡᠯᠭᠡᠨ᠂ ᠾᠢᠵᠢᠷ ᠲᠣᠭᠠᠯᠠᠯ ᠤᠨ 762 ᠣᠨ ︵ᠨᠡᠶᠢᠳᠡ ᠶᠢᠨ ᠣᠨ ᠲᠣᠭᠠᠯᠠᠯ ᠤᠨ1361 ᠣᠨ︶ ᠤ | ᠵᠣᠮᠳᠠ ᠠᠯ ᠠᠸᠠᠶᠢᠯ ᠰᠠᠷ᠎ᠠ᠂ ᠲᠠᠷᠣᠢ ᠲᠠᠲ᠋ᠠᠷ ᠲᠣᠭᠠᠯᠠᠯ ᠤᠨ ᠦᠬᠡᠷ ᠵᠢᠯ ᠳᠤ ᠶᠡᠭᠡ ᠴᠡᠷᠢᠭ ᠢᠶᠠᠨ ᠲᠠᠶᠢᠴᠢᠯᠠᠨ | ᠭᠠᠷᠪᠠ᠃ ᠲᠡᠭᠦᠨ ᠢ ᠬᠤᠵᠠᠨᠲ ᠬᠦᠷᠬᠦ ᠦᠶ᠎ᠡ ᠳᠤ ᠡᠮᠢᠷ ᠪᠠᠶᠠᠵᠢᠳ᠋ · ᠵᠠᠯᠠᠶᠢᠷ ᠲᠠᠬᠢᠨ ᠲᠡᠭᠦᠨ ᠳᠤ ᠬᠦᠴᠦᠨ | ᠵᠢᠳᠭᠦᠷᠡ ᠬᠦᠷᠦᠯᠴᠡᠨ ᠢᠷᠡᠪᠡ᠃ ᠡᠮᠢᠷ ᠪᠠᠶᠠᠨ · ᠰᠦᠯᠳᠦᠰ ᠴᠦ ᠠᠯᠣᠰ ᠬᠤᠯᠠ ᠰᠠᠮᠠᠷᠺᠠᠨᠳ᠋ ᠲᠤ ᠢᠷᠡᠵᠦ ᠲᠡᠭᠦᠨ | ᠢ ᠣᠭᠳᠣᠨ ᠳᠦᠰᠢᠮᠡᠯ ᠪᠣᠯᠬᠤ ᠪᠠᠨ ᠢᠯᠡᠳᠭᠡᠵᠡᠢ᠃ ᠡᠮᠢᠷ ᠬᠠᠵᠢ · ᠪᠠᠷᠣᠯᠠᠰ ᠬᠡᠳᠦᠶᠢᠪᠡᠷ ᠲᠣᠬᠤᠯᠭ᠎ᠠ ᠲᠡᠮᠦᠷ | ᠬᠠᠭᠠᠨ ᠲᠡᠷᠢᠭᠦᠨ ᠣᠳᠠᠭ᠎ᠠ ᠮᠠᠸᠧᠢᠷᠠᠨᠨᠠᠷ ᠢ ᠲᠠᠶᠢᠯᠠᠬᠤ ᠦᠶᠡᠰ ᠲᠤ ᠲᠡᠭᠦᠨ ᠢ ᠡᠰᠡᠷᠭᠦᠴᠡᠨ ᠲᠣᠳᠠᠭᠠᠭᠰᠠᠨ ᠪᠣᠯᠪᠠᠴᠣ | ᠂ ᠡᠨᠡ ᠣᠳᠠᠭ᠎ᠠ ᠬᠠᠷᠢᠨ ᠶᠠᠭᠤ ᠶᠢ ᠴᠦ ᠦᠯᠦ ᠬᠠᠮᠢᠶᠠᠷᠬᠤ ᠣᠪᠣᠷ ᠢᠶᠠᠷ ᠬᠦᠴᠦᠯᠴᠡᠨ ᠢᠷᠡᠵᠦ ᠲᠣᠬᠤᠯᠭ᠎ᠠ ᠲᠡᠮᠦᠷ | ᠬᠠᠭᠠᠨ ᠳᠤ ᠲᠠᠭᠠᠪᠠ᠃ ᠡᠨᠡ ᠦᠶ᠎ᠡ ᠳᠤ ᠬᠠᠭᠠᠨ ᠵᠠᠷᠯᠢᠭ ᠭᠠᠷᠭᠠᠨ ᠪᠠᠶᠠᠵᠢᠳ᠋ · ᠵᠠᠯᠠᠶᠢᠷ ᠢ ᠪᠠᠷᠢᠪᠴᠢᠯᠠᠨ ᠠᠪᠴᠣ | ᠠᠯᠠᠵᠣ ᠣᠷᠬᠢᠵᠠᠢ᠃ ᠡᠮᠢᠷ ᠬᠠᠵᠢ · ᠪᠠᠷᠣᠯᠠᠰ ᠴᠦ ᠠᠳᠠᠯᠢ ᠣᠴᠠᠷᠠᠯ ᠲᠣᠬᠢᠶᠠᠬᠤ ᠠᠴᠠ ᠠᠶᠣᠵᠣ ᠲᠣᠳᠠᠭᠠᠨ ᠭᠠᠷᠴᠣ | ᠺᠧᠱ ᠲᠠᠭᠠᠨ ᠪᠣᠷᠣᠭᠤᠯᠠᠨ ᠬᠦᠷᠪᠡ᠃ ᠲᠡᠷᠡ ᠲᠣᠰ ᠠᠶᠢᠮᠠᠭ ᠠᠴᠠ ᠪᠠᠨ ᠬᠡᠳᠦᠨ ᠬᠦᠮᠦᠨ ᠰᠣᠩᠭᠤᠨ ᠲᠠᠭᠠᠭᠤᠯᠵᠣ᠂ | ᠵᠧᠬᠤᠨ ᠭᠤᠣᠯ ᠢ ᠭᠠᠳᠣᠯᠠᠪᠠ᠃ ᠭᠡᠪᠡᠴᠦ ᠴᠠᠭᠠᠳᠠᠢ ᠶᠢᠨ ᠨᠡᠬᠡᠮᠵᠢᠯᠡᠬᠦ ᠴᠡᠷᠢᠭ ᠪᠣᠯᠬᠤ ᠺᠠᠰᠮᠢᠷ ᠴᠡᠷᠢᠭ① ᠤᠨ | ᠨᠡᠬᠡᠮᠵᠢᠯᠡᠨ ᠲᠠᠭᠠᠷᠢᠯᠳᠠ ᠲᠣᠣᠷ᠎ᠠ ᠲᠠᠭᠠᠭᠰᠠᠳ ᠵᠦᠬᠠᠮ · ᠪᠠᠷᠣᠯᠠᠰ ᠢᠶᠠᠨ ᠠᠯᠠᠭᠤᠯᠵᠣ᠂ ᠡᠮᠢᠷ ᠬᠠᠵᠢ ᠬᠤᠷᠣᠽᠠᠨ | ᠳᠤ ᠣᠬᠤᠷᠢᠨ ᠶᠠᠪᠣᠪᠠ᠃ ᠲᠡᠷᠡ ᠰᠠᠪᠽᠸᠠᠷ ︵Sabzvar︶ ᠤᠨ ᠬᠠᠷᠢᠶᠠᠳᠣ ᠭᠠᠵᠠᠷ ᠪᠣᠯᠬᠤ ᠪᠣᠯᠣᠺ ᠵᠡᠭᠦᠨ | ᠭᠡᠳᠡᠭ ᠨᠡᠷ᠎ᠡ ᠲᠠᠢ ᠭᠠᠵᠠᠷ ᠲᠤ ᠬᠦᠷᠦᠭᠡᠳ ᠬᠤᠷᠣᠱᠠ ᠭᠡᠳᠡᠭ ᠲᠣᠰᠬᠤᠨ ᠳᠤ ᠣᠷᠣᠵᠣ ᠲᠡᠭᠦᠥ ᠢᠳᠡᠬᠦ ︵Idegu︶ | ᠲᠠᠢ ᠪᠠᠨ ᠬᠠᠮᠳᠣ ᠪᠦᠷ ᠨᠣᠳᠤᠭ ᠤᠨ ᠲᠡᠭᠡᠷᠡᠮ ᠳᠤ ᠪᠠᠷᠢᠭᠳᠠᠨ ᠠᠯᠠᠭᠳᠠᠵᠠᠢ᠃ ᠬᠤᠵᠢᠮ ᠡᠮᠢᠷ ᠲᠡᠮᠦᠷ ᠬᠤᠷᠣᠽᠠᠨ | ᠢ ᠲᠠᠶᠢᠯᠠᠨ ᠲᠠᠭᠠᠭᠤᠯᠬᠤ ᠦᠶ᠎ᠡ ᠳᠤ ᠡᠳᠡᠭᠡᠷ ᠲᠡᠭᠡᠷᠡᠮ ᠤᠨ ᠲᠣᠲᠣᠷᠠᠬᠢ ᠵᠠᠷᠢᠮ ᠬᠦᠮᠦᠰ ᠢ ᠣᠯᠵᠣ ᠠᠯᠠᠨ | ᠰᠢᠢᠳᠭᠡᠭᠰᠡᠨ ᠶᠣᠮ᠃ ᠡᠨᠡᠬᠦ ᠬᠡᠷᠡᠭ ᠶᠠᠮᠠᠷ ᠪᠠᠶᠢᠭᠰᠠᠨ ᠴᠦ ᠡᠮᠢᠷ ᠲᠡᠮᠦᠷ ᠲᠤ ᠠᠪᠴᠣ ᠬᠡᠯᠡᠪᠡᠯ ᠠᠪᠠᠭ᠎ᠠ ᠶᠢᠨ ᠢᠶᠠᠨ | ᠦᠰᠢᠶ᠎ᠡ ᠶᠢ ᠠᠪᠴᠣ ᠦᠭᠭᠦᠭᠰᠡᠨ ᠬᠡᠷᠡᠭ ᠪᠣᠯᠵᠣ᠂ ᠲᠡᠭᠦᠨ ᠤ ᠰᠡᠳᠬᠢᠯ ᠢ ᠵᠢᠭᠠᠬᠠᠨ ᠲᠠᠶᠢᠪᠣᠰᠢᠷᠠᠭᠤᠯᠣᠭᠰᠠᠨ ᠶᠣᠮ᠃ | ᠲᠡᠭᠡᠭᠡᠳ ᠡᠨᠡᠬᠦ ᠲᠣᠰᠬᠤᠨ ᠤ ᠠᠷᠠᠳ ᠢᠷᠭᠡᠳ ᠪᠦᠷ ᠡᠮᠢᠷ ᠬᠠᠵᠢ ᠶᠢᠨ ᠬᠤᠶᠢᠴᠢᠰ ᠤᠨ ᠢᠳᠡᠯᠬᠡᠨ ᠣᠷᠣᠨ | ᠪᠣᠯᠵᠣ ᠡᠳᠦᠬᠡ ᠲᠠᠢ ᠵᠣᠯᠭᠠᠵᠠᠢ᠃ | ᠴᠠᠭᠠᠳᠠᠢ ᠬᠠᠭᠠᠨ ᠤ ᠣᠯᠠᠨ ᠡᠮᠢᠷ ᠲᠣᠲᠣᠷ᠎ᠠ ᠨᠢᠭᠡ ᠬᠠᠮᠢᠳ᠋ · ᠬᠤᠷᠯᠣᠭᠤᠳ ︵Kurlukut︶② ᠭᠡᠳᠡᠭ ᠬᠦᠮᠦᠨ | ᠪᠠᠶᠢᠵᠣ᠂ ᠮᠡᠷᠭᠡᠨ ᠴᠡᠴᠡᠨ ᠶᠣᠰᠣ ᠵᠢᠷᠣᠮ ᠳᠤ ᠨᠡᠪᠳᠡᠷᠡᠭᠰᠡᠨ ᠢᠶᠠᠷ ᠠᠯᠳᠠᠷ ᠲᠠᠢ ᠶᠣᠮ᠃ ᠬᠠᠭᠠᠨ ᠤ ᠪᠣᠰᠣᠳ ᠡᠮᠢᠷ | ᠲᠡᠭᠦᠨ ᠲᠠᠢ ᠲᠡᠩᠴᠡᠮᠡᠷ ᠬᠦᠮᠦᠨ ᠦᠭᠡᠷ᠎ᠡ ᠪᠠᠶᠢᠬᠤ ᠦᠭᠡᠢ᠃ ᠲᠡᠷᠡ ᠶᠠᠮᠠᠷᠴᠣ ᠬᠠᠷᠰᠢ ᠰᠠᠭᠠᠳ ᠦᠭᠡᠢ ᠪᠠᠷ ᠬᠠᠭᠠᠨ | ᠲᠠᠢ ᠠᠭᠤᠯᠵᠠᠵᠣ ᠪᠣᠯᠬᠤ ᠣᠨᠴᠠ ᠡᠷᠬᠡ ᠲᠠᠢ ᠪᠠᠶᠢᠪᠠ᠃ ᠲᠡᠭᠦᠨ ᠤ ᠭᠠᠷᠭᠠᠭᠰᠠᠨ ᠦᠨᠡᠨᠴᠢ ᠢᠳᠬᠠᠯ ᠶᠡᠷᠦᠳᠡᠭᠡᠨ | ᠪᠦᠷ ᠬᠠᠭᠠᠨ ᠤ ᠰᠠᠶᠢᠰᠢᠶᠠᠯ ᠮᠠᠭᠳᠠᠭᠠᠯ ᠢ ᠣᠯᠳᠠᠭ ᠶᠣᠮ᠃ ᠡᠨᠡ ᠦᠶ᠎ᠡ ᠳᠤ ᠲᠡᠷᠡ ᠬᠠᠭᠠᠨ ᠤ ᠡᠮᠦᠨ᠎ᠡ ᠡᠮᠢᠷ | ᠲᠡᠮᠦᠷ ᠤᠨ ᠰᠠᠶᠢᠨ ᠢ ᠲᠠᠬᠢᠨ ᠲᠠᠪᠳᠠᠨ ᠮᠠᠭᠳᠠᠨ ᠶᠠᠷᠢᠵᠣ᠂ ᠬᠠᠭᠠᠨ ᠳᠤ ᠡᠮᠢᠷ ᠲᠡᠮᠦᠷ ᠤᠨ ᠲᠡᠭᠡᠳᠦ ᠶᠢᠨ | ᠡᠷᠭᠦᠮᠵᠢᠯᠡᠯᠳᠣ ᠨᠣᠳᠤᠭ ᠢ ᠲᠡᠭᠦᠨ ᠳᠤ ᠪᠣᠴᠠᠭᠠᠨ ᠦᠭᠬᠦ ᠶᠢ ᠵᠦᠪᠯᠡᠵᠡᠢ᠃ ᠬᠠᠭᠠᠨ ᠲᠡᠷᠡ ᠲᠣᠣᠷ᠎ᠠ ᠪᠠᠨ | ᠵᠦᠪᠰᠢᠶᠡᠷᠡᠵᠦ᠂ ᠬᠦᠮᠦᠨ ᠲᠣᠮᠢᠯᠠᠨ ᠲᠡᠮᠦᠷ ᠢ ᠲᠠᠭᠤᠳᠠᠨ ᠢᠷᠡᠬᠦᠯᠵᠦ᠂ ᠡᠨᠡᠬᠦ ᠸᠠᠩ ᠭᠦᠩ ᠢ ᠬᠠᠯᠠᠭᠤᠨ ᠲᠣᠲᠣᠨᠣ | ᠪᠠᠷ ᠣᠭᠳᠣᠨ ᠵᠣᠴᠢᠯᠠᠪᠠ᠃ ᠲᠡᠭᠡᠭᠡᠳ ᠲᠡᠭᠦᠨ ᠢ ᠺᠧᠱ ᠤᠨ ᠲᠦᠮᠡᠨ③ ᠪᠠ ᠺᠧᠱ ᠲᠤ ᠬᠠᠷᠢᠶᠠᠯᠠᠭᠳᠠᠬᠤ ᠨᠣᠳᠤᠭ | ᠣᠷᠣᠨ ᠤ ᠵᠠᠬᠢᠷᠣᠭᠴᠢ ᠪᠠᠷ ᠲᠣᠮᠢᠯᠠᠪᠠ᠃ | ᠲᠣᠰ ᠵᠢᠯ ᠤᠨ ᠡᠪᠦᠯ᠂ ᠲᠣᠬᠤᠯᠭ᠎ᠠ ᠲᠡᠮᠦᠷ ᠬᠠᠭᠠᠨ ᠵᠣᠷᠢᠭ ᠰᠢᠭᠤᠳᠣᠨ ᠡᠮᠢᠷ ᠬᠤᠰᠢᠨ④ ᠢ ᠲᠠᠶᠢᠯᠠᠬᠤ ᠪᠠᠷ | ᠪᠣᠯᠵᠣ ᠴᠡᠷᠢᠭ ᠮᠣᠷᠳᠠᠨ ᠭᠠᠷᠪᠠ᠃ ᠡᠮᠢᠷ ᠬᠤᠰᠢᠨ ᠴᠦ ᠴᠡᠷᠢᠭ ᠲᠠᠶᠢᠴᠢᠯᠠᠨ ᠡᠰᠡᠷᠭᠦᠯᠡᠨ ᠪᠠᠶᠢᠯᠳᠣᠷ᠎ᠠ ᠭᠠᠷᠴᠣ᠂ | ᠠᠯᠣᠰ ᠬᠤᠯᠠ ᠪᠠᠶᠢᠭ᠎ᠠ ᠸᠠᠬᠠᠱ ᠭᠤᠣᠯ ᠤᠨ ᠬᠦᠨᠳᠡᠢ ᠳᠤ ᠢᠷᠡᠵᠦ ᠬᠦᠷᠢᠶ᠎ᠡ ᠪᠠᠭᠤᠪᠠ᠃ ᠲᠣᠬᠤᠯᠭ᠎ᠠ ᠲᠡᠮᠦᠷ | ᠬᠠᠭᠠᠨ ᠤ ᠴᠡᠷᠢᠭ ᠲᠡᠮᠦᠷ ᠬᠠᠭᠠᠯᠠᠭ᠎ᠠ⑤ ᠶᠢ ᠦᠩᠭᠡᠷᠡᠵᠦ ᠡᠮᠢᠷ ᠬᠤᠰᠢᠨ ᠤ ᠴᠡᠷᠢᠭ ᠤᠨ ᠬᠦᠷᠢᠶ᠎ᠡ ᠠᠴᠠ ᠣᠶᠢᠷᠬᠠᠨ | ᠭᠠᠵᠠᠷ ᠲᠤ ᠢᠷᠡᠵᠦ ᠬᠤᠶᠠᠷ ᠴᠡᠷᠢᠭ ᠬᠠᠷᠢᠯᠴᠠᠨ ᠨᠢᠳᠣᠨ ᠪᠠᠷ᠎ᠠ ᠳᠤ ᠬᠠᠷᠠᠭᠳᠠᠬᠤ ᠬᠡᠮᠵᠢᠶᠡᠨ ᠳᠤ ᠬᠦᠷᠴᠦ᠂ | ᠬᠠᠷᠬᠠᠨ ᠪᠠᠶᠢᠯᠳᠣᠵᠣ ᠠᠮᠵᠢᠭᠠᠳᠣᠢ ᠪᠠᠶᠢᠳᠠᠯ᠎ᠠ ᠺᠠᠲᠯᠠᠨ ᠤ ᠡᠮᠢᠷ ᠺᠠᠶᠢᠺᠦᠰᠷᠡᠥ⑥ ᠬᠤᠰᠢᠨ ᠠᠴᠠ ᠰᠠᠯᠵᠣ᠂ | ᠲᠣᠬᠤᠯᠭ᠎ᠠ ᠲᠡᠮᠦᠷ ᠬᠠᠭᠠᠨ ᠳᠤ ᠳᠠᠭᠠᠷ᠎ᠠ ᠢᠷᠡᠪᠡ᠃ ᠢᠩᠬᠢᠭᠡᠳ ᠡᠮᠢᠷ ᠬᠤᠰᠢᠨ ᠤ ᠴᠡᠷᠢᠭ ᠰᠠᠮᠠᠭᠤᠷᠠᠯᠳᠣᠨ | ᠡᠬᠢᠯᠡᠵᠦ᠂ ᠡᠮᠢᠷ ᠬᠤᠰᠢᠨ ᠪᠠᠶᠢᠳᠠᠯ ᠪᠢᠰᠢᠳᠡᠵᠦ ᠪᠠᠶᠢᠭ᠎ᠠ ᠶᠢ ᠮᠡᠳᠡᠵᠦ ᠪᠣᠷᠣᠭᠤᠯᠠᠨ ᠲᠣᠳᠠᠭᠠᠪᠠ᠃ ᠲᠣᠬᠤᠯᠭ᠎ᠠ | ᠲᠡᠮᠦᠷ ᠬᠠᠭᠠᠨ ᠴᠡᠷᠢᠭ ᠢᠶᠠᠨ ᠲᠠᠭᠠᠭᠤᠯᠣᠨ ᠲᠡᠭᠦᠨ ᠤ ᠬᠤᠶᠢᠨ᠎ᠠ ᠠᠴᠠ ᠨᠡᠬᠡᠵᠦ ᠵᠧᠬᠤᠨ ᠭᠤᠣᠯ ᠢ ᠭᠠᠳᠣᠯᠣᠨ | ᠺᠦᠨᠳᠦᠱ ᠲᠤ ᠬᠦᠷᠪᠡ᠃ ᠲᠡᠭᠦᠨ ᠤ ᠴᠡᠷᠢᠭ ᠠᠩᠬᠢ ᠪᠦᠬᠦ ᠣᠷᠣᠨ ᠢ ᠪᠣᠯᠢᠶᠠᠨ ᠲᠡᠭᠡᠷᠡᠮᠳᠡᠵᠦ ᠬᠤᠯᠠ ᠲᠠᠭᠠᠨ | ᠬᠢᠨᠳᠦᠺᠦᠱ ᠠᠭᠤᠯᠠᠨ ᠳᠤ ᠬᠦᠷᠦᠭᠰᠡᠨ ᠶᠣᠮ᠃ ᠲᠡᠭᠡᠭᠡᠳ ᠲᠣᠰ ᠭᠠᠵᠠᠷ ᠲᠤ ᠴᠡᠷᠢᠭ ᠪᠠᠭᠤᠵᠣ᠂ ᠢᠷᠡᠬᠦ ᠵᠢᠯ ᠤᠨ | ᠬᠠᠪᠣᠷ ᠵᠣᠨ ᠪᠣᠯᠳᠠᠯ᠎ᠠ ᠲᠡᠨᠳᠡ ᠰᠠᠭᠤᠵᠠᠢ᠃ | ᠲᠣᠰ ᠪᠦᠯᠦᠭ ᠤᠨ ᠲᠠᠶᠢᠯᠪᠣᠷᠢ | ① ᠣᠣᠯ ᠨᠣᠮ ᠤᠨ ᠣᠯᠠᠨ ᠵᠦᠢᠯ ᠤᠨ ᠭᠠᠷ ᠪᠢᠴᠢᠮᠡᠯ ᠤᠨ ᠡᠨᠡᠬᠦ ᠠᠭᠤᠯᠭ᠎ᠠ ᠶᠢ ᠦᠬᠦᠯᠯᠡᠭᠰᠡᠨ ᠬᠡᠰᠡᠭ ᠲᠣᠲᠣᠷ᠎ᠠ | ᠪᠦᠷ ᠺᠠᠱᠮᠢᠷ ︵Kashmir︶ ᠴᠡᠷᠢᠭ ᠠᠩᠬᠢ ᠭᠡᠵᠦ ᠭᠠᠯᠢᠭᠴᠢᠯᠠᠭᠰᠠᠨ ᠨᠡᠷ᠎ᠡ ᠦᠭᠡ ᠲᠠᠭᠠᠯᠳᠣᠵᠣ ᠪᠠᠶᠢᠭ᠎ᠠ ᠶᠣᠮ | ᠃ ᠡᠭᠦᠨ ᠠᠴᠠ ᠦᠵᠡᠬᠦᠯ᠎ᠡ ᠺᠠᠱᠮᠢᠷ ᠭᠡᠳᠡᠭ ᠨᠢ ᠭᠠᠯᠢᠭᠴᠢᠯᠠᠨ ᠪᠢᠴᠢᠭᠰᠡᠨ ᠠᠯᠳᠠᠭ᠎ᠠ ᠪᠢᠰᠢ ᠭᠡᠳᠡᠭ ᠨᠢ ᠢᠯᠡᠷᠡᠬᠡᠢ᠃ | ᠲᠡᠭᠡᠪᠡᠯ ᠮᠣᠩᠭᠤᠯ ᠴᠡᠷᠢᠭ ᠲᠣᠲᠣᠷ᠎ᠠ ᠺᠠᠱᠮᠢᠷ ᠬᠦᠮᠦᠰ ᠢᠶᠠᠷ ᠪᠦᠷᠢᠯᠳᠦᠭᠰᠡᠨ ᠴᠡᠷᠢᠭ ᠠᠩᠬᠢ ᠪᠠᠶᠢᠭᠰᠠᠨ ᠭᠡᠳᠡᠭ | ᠬᠡᠷᠡᠭ ᠪᠣᠯᠣᠨ᠎ᠠ᠃ ᠡᠨᠡ ᠨᠢ ᠮᠠᠰᠢ ᠣᠯᠠᠨ ᠰᠣᠳᠣᠯᠣᠭᠴᠢ ᠶᠢᠨ ᠠᠩᠬᠠᠷᠣᠯ ᠢ ᠲᠠᠳᠠᠪᠠ᠃ ᠲᠣᠬᠠᠢ ᠶᠢᠨ ᠦᠶ᠎ᠡ ᠳᠤ | ᠺᠠᠱᠮᠢᠷᠴᠣᠳ ᠪᠣᠯ ᠢᠥᠢ ᠲᠢᠶᠠᠨ ᠬᠦᠮᠦᠰ ᠲᠠᠢ ᠠᠳᠠᠯᠢ ᠪᠦᠷ ᠪᠣᠷᠬᠠᠨ ᠰᠢᠳᠦᠭᠴᠢᠳ ᠪᠠᠶᠢᠪᠠ᠃ ᠡᠨᠡᠬᠦ ᠬᠠᠷᠢᠴᠠᠭ᠎ᠠ | ᠪᠠᠷ ᠲᠡᠳᠡ ᠮᠣᠩᠭᠤᠯᠴᠣᠳ ᠲᠠᠢ ᠬᠠᠮᠳᠣᠷᠠᠨ ᠨᠢᠭᠡᠨ ᠲᠠᠯ᠎ᠠ ᠳᠤ ᠪᠠᠭᠳᠠᠯᠴᠠᠨ ᠢᠰᠯᠠᠮᠴᠣᠳ ᠢ ᠡᠰᠡᠷᠭᠦᠴᠡᠵᠦ | ᠪᠠᠶᠢᠭᠰᠠᠨ ᠠᠴᠠ ᠴᠦ ᠪᠣᠯᠣᠭᠰᠠᠨ ᠪᠣᠯᠪᠠᠥ ᠭᠡᠵᠦ ᠵᠠᠷᠢᠮ ᠬᠦᠮᠦᠨ ᠲᠠᠭᠠᠮᠠᠭᠯᠠᠯ ᠲᠡᠪᠰᠢᠭᠦᠯᠵᠦ ᠪᠠᠶᠢᠨ᠎ᠠ᠃ ᠡᠭᠦᠨ | ᠠᠴᠠ ᠡᠮᠦᠨᠡᠬᠢ ᠲᠡᠣᠬᠡᠨ ᠬᠡᠷᠡᠭ ᠶᠠᠪᠣᠳᠠᠯ ᠳᠤ ᠺᠠᠱᠮᠢᠷᠴᠣᠳ ᠮᠣᠩᠭᠤᠯ ᠲᠠᠢ ᠬᠠᠮᠳᠣᠷᠠᠨ ᠲᠠᠶᠢᠯᠠᠯᠳᠣᠵᠣ ᠪᠠᠶᠢᠪᠠ | ᠭᠡᠳᠡᠭ ᠮᠡᠳᠡᠭᠡ ᠬᠠᠷᠬᠠᠨ ᠣᠯᠳᠠᠬᠤ ᠦᠭᠡᠢ ᠶᠣᠮ᠃ ᠡᠰᠡᠬᠦᠯ᠎ᠡ ᠡᠭᠦᠨ ᠠᠴᠠ ᠬᠤᠯᠠ ᠡᠷᠳᠡ ᠵᠠᠭᠤ ᠲᠠᠪᠢ ᠭᠠᠷᠣᠢ | ᠵᠢᠯ ᠤᠨ ᠡᠮᠦᠨ᠎ᠡ ᠮᠣᠩᠭᠤᠯᠴᠣᠳ ᠺᠠᠱᠮᠢᠷ ᠲᠤ ᠲᠣᠪᠳᠣᠯᠣᠯᠳᠠ ᠬᠢᠭᠰᠡᠨ ᠲᠡᠣᠬᠡᠨ ᠮᠡᠳᠡᠭᠡ ᠪᠠᠶᠢᠨ᠎ᠠ᠃ ᠡᠶᠢᠮᠦ ᠠᠴᠠ | ᠡᠳᠡᠭᠡᠷ ᠬᠦᠮᠦᠰ ᠪᠣᠯ ᠲᠣᠬᠠᠢ ᠶᠢᠨ ᠦᠶ᠎ᠡ ᠶᠢᠨ ᠣᠯᠵᠠᠯᠠᠭᠳᠠᠭᠰᠠᠨ ᠺᠠᠱᠮᠢᠷ ᠬᠦᠮᠦᠰ ᠤᠨ ᠬᠤᠶᠢᠴᠢᠰ ᠢᠶᠠᠷ | ᠪᠦᠷᠢᠯᠳᠦᠭᠰᠡᠨ ᠴᠡᠷᠢᠭ ᠠᠩᠬᠢ ᠴᠦ ᠪᠠᠶᠢᠵᠣ ᠮᠡᠳᠡᠨ᠎ᠡ ᠭᠡᠵᠦ ᠳᠦᠰᠢᠭᠡᠯᠡᠵᠦ ᠪᠠᠶᠢᠭ᠎ᠠ ᠬᠦᠮᠦᠰ ᠴᠦ ᠪᠣᠢ᠃ ᠬᠡᠷᠪᠡ | ᠡᠶᠢᠮᠦ ᠪᠣᠯ ᠠᠳᠡ ᠬᠡᠯᠡᠵᠦ ᠪᠠᠶᠢᠭ᠎ᠠ ᠺᠠᠱᠮᠢᠷ ᠬᠦᠮᠦᠰ ᠭᠡᠪᠡᠯ ᠵᠦᠪᠬᠡᠨ ᠨᠡᠷ᠎ᠡ ᠲᠡᠳᠦᠢ ᠪᠣᠯᠣᠭᠰᠠᠨ ᠺᠠᠱᠮᠢᠷ ᠬᠦᠮᠦᠰ | ᠪᠣᠯᠬᠤ ᠮᠠᠭᠠᠳᠯᠠᠯ ᠲᠠᠢ ᠪᠣᠯᠣᠨ᠎ᠠ᠃ | ② ᠬᠤᠷᠯᠣᠭᠤᠳ ︵Kurlukut︶ ᠭᠡᠳᠡᠭ ᠦᠭᠡ ᠴᠣᠬᠤᠮ ᠠᠶᠢᠮᠠᠭ ᠪᠦᠯᠦᠭ ᠤᠨ ᠨᠡᠷ᠎ᠡ ᠶᠣᠮ ᠦᠦ᠃ ᠡᠰᠡᠬᠦᠯ᠎ᠡ | ᠣᠪᠣᠭ ᠣᠭᠰᠠᠭ᠎ᠠ ᠶᠢᠨ ᠨᠡᠷ᠎ᠡ ᠶᠣᠮ ᠦᠦ ᠭᠡᠳᠡᠭ ᠲᠤ ᠲᠣᠲᠣᠷᠬᠠᠢ ᠬᠠᠷᠢᠭᠤᠯᠳᠠ ᠦᠭᠡᠢ ᠪᠠᠶᠢᠭᠰᠠᠭᠠᠷ᠂ ᠭᠡᠪᠡᠴᠦ | ᠣᠯᠠᠩᠬᠢ ᠬᠦᠮᠦᠰ ᠤᠨ ᠦᠵᠡᠬᠦ ᠪᠠᠷ ᠬᠤᠷᠯᠣᠭᠤᠳ ᠭᠡᠳᠡᠭ ᠪᠠᠷᠤᠭ ᠬᠠᠷᠯᠤᠭ ᠭᠡᠳᠡᠭ ᠦᠭᠡ ᠶᠢᠨ ᠣᠯᠠᠨ ᠲᠤᠭ᠎ᠠ ᠶᠢ | ᠢᠯᠡᠳᠭᠡᠭᠰᠡᠨ ᠮᠣᠩᠭᠤᠯ ᠦᠭᠡ ᠪᠣᠯᠪᠠᠥ ᠭᠡᠳᠡᠭ ᠦᠵᠡᠯᠳᠡ ᠭᠤᠣᠯ ᠪᠠᠶᠢᠷᠢ ᠶᠢ ᠡᠵᠡᠯᠡᠵᠦ ᠪᠠᠶᠢᠨ᠎ᠠ᠃ ︵ | ᠮᠣᠩᠭᠤᠯᠴᠣᠳ ᠬᠠ ᠶᠢ ᠭᠠ ᠪᠣᠶᠣ ᠺᠠ ᠪᠠᠷ ᠠᠪᠢᠶᠠᠯᠠᠬᠤ ᠦᠵᠡᠭᠳᠡᠯ ᠪᠣᠯ ᠠᠯᠢ ᠡᠷᠳᠡᠨ ᠠᠴᠠ ᠪᠠᠶᠢᠵᠠᠢ᠃ ᠡᠶᠢᠮᠦ | ᠠᠴᠠ ᠮᠣᠩᠭᠤᠯ ᠬᠡᠯᠡᠨ ᠠᠴᠠ ᠬᠢᠳᠠᠳ ᠬᠡᠯᠡᠨ ᠳᠤ ᠲᠡᠮᠳᠡᠭᠯᠡᠭᠳᠡᠭᠰᠡᠨ ᠬᠠᠷᠯᠤᠭ ᠭᠡᠳᠡᠭ ᠦᠭᠡ ᠶᠢ ᠬᠢᠳᠠᠳ ᠢᠶᠠᠷ哈喇 | 鲁᠂葛拉鲁 ᠭᠡᠵᠦ ᠣᠯᠠᠨ ᠶᠠᠩᠵᠣ ᠪᠠᠷ ᠪᠢᠴᠢᠬᠦ ᠦᠵᠡᠭᠳᠡᠯ ᠲᠣᠩ ᠣᠯᠠᠨ ᠲᠣᠬᠢᠶᠠᠯᠳᠣᠬᠤ ᠶᠣᠮ᠃ | ᠬᠤᠷᠯᠣᠭᠤᠳ ᠤᠨ ᠬᠠᠷᠯᠣᠭᠤᠳ ᠪᠣᠯᠬᠤ ᠶᠢ ᠪᠠᠳᠣᠯᠠᠮᠠᠷ ᠨᠢᠭᠡᠨ ᠮᠡᠳᠡᠭᠡ ᠭᠡᠪᠡᠯ ᠪᠷᠧᠳ᠋ᠱᠨᠠᠶᠢᠳᠧᠷ ︵ | Бретшнейдер︶ ᠤᠨ ᠨᠣᠮ ︽ᠲᠦᠷᠺᠰᠲ᠋ᠠᠨ ᠤ ᠣᠯᠠᠨ ᠣᠪᠣᠭ ᠣᠭᠰᠠᠭ᠎ᠠ ᠶᠢᠨ ᠲᠣᠬᠠᠢ | ᠲᠦᠢᠮᠦ︾ ᠭᠡᠳᠡᠭ ᠨᠣᠮ ︵ᠬᠤᠶᠠᠳᠣᠭᠠᠷ ᠪᠣᠳᠢ ᠶᠢᠨ39 —41 ᠳ᠋ᠣᠭᠡᠷ ᠨᠢᠭᠤᠷ︶ ᠳᠤ ᠬᠡᠯᠡᠭᠰᠡᠨ ᠢᠶᠠᠷ᠄ ᠣᠳᠣᠬᠢ | ᠪᠠᠳᠠᠺᠱᠠᠨ ᠤ ᠣᠷᠴᠢᠨ ᠢᠶᠠᠷ ᠬᠠᠷᠯᠤᠭ ᠬᠦᠮᠦᠰ ᠤᠨ ᠠᠶᠢᠮᠠᠭ ᠪᠦᠯᠦᠭ ᠪᠠᠶᠢᠭ᠎ᠠ ᠶᠢ ᠢᠯᠡᠷᠡᠬᠦᠯᠵᠡᠢ᠂ ᠲᠡᠳᠡ ᠪᠦᠷ | ᠲᠦᠷᠺ ᠬᠡᠯᠡ ᠪᠠᠷ ᠶᠠᠷᠯᠴᠠᠨᠠ ᠭᠡᠵᠡᠢ — ᠮᠣᠩᠭᠤᠯᠴᠢᠯᠠᠭᠴᠢ ᠠᠴᠠ︶᠃ | ③ ᠠᠳᠡ ᠬᠡᠯᠡᠵᠦ ᠪᠠᠶᠢᠭ᠎ᠠ ᠲᠦᠮᠡᠨ ᠭᠡᠳᠡᠭ ᠦᠭᠡ ᠪᠣᠯ ᠬᠡᠯᠡᠯᠬᠡᠨ ᠦᠭᠡᠢ ᠮᠣᠩᠭᠤᠯ ᠦᠭᠡ ᠪᠣᠯᠣᠨ᠎ᠠ᠃ ᠭᠡᠪᠡᠴᠦ | ᠮᠣᠩᠭᠤᠯ ᠬᠡᠯᠡᠨ ᠤ ᠳᠠᠳᠬᠠᠯ ᠶᠣᠰᠣᠭᠠᠷ ᠲᠡᠭᠦᠨ ᠢ ᠲᠦᠮᠡᠨ ᠤ ᠨᠣᠶᠠᠨ ᠪᠣᠯᠭᠠᠪᠠ ᠭᠡᠳᠡᠭ ᠦᠭᠡ ᠪᠢᠰᠢ᠃ ᠲᠣᠬᠠᠢ | ᠶᠢᠨ ᠦᠶ᠎ᠡ ᠳᠤ ᠲᠣᠮᠳᠠᠳᠣ ᠠᠽᠢ ᠶᠢᠨ ᠵᠠᠷᠢᠮ ᠭᠠᠵᠠᠷ᠂ ᠣᠨᠴᠠᠭᠠᠶᠢᠯᠠᠨ ᠠᠹᠭᠠᠨᠢᠰᠲ᠋ᠠᠨ ᠢᠶᠠᠷ ᠲᠦᠮᠡᠨ ᠭᠡᠳᠡᠭ ᠨᠢ | ᠠᠳᠡ ᠲᠡᠷᠣᠩᠭᠤᠶᠢᠯᠠᠨ ᠰᠠᠭᠤᠵᠣ ᠪᠠᠶᠢᠭ᠎ᠠ ᠴᠡᠷᠢᠭ ᠤᠨ ᠡᠷᠬᠡᠳᠡᠨ ᠳᠤ ᠬᠠᠷᠢᠶᠠᠯᠠᠭᠳᠠᠬᠤ ᠲᠠᠷᠢᠶᠠᠴᠢᠳ ᠪᠠ | ᠲᠠᠷᠢᠶᠠᠯᠠᠬᠤ ᠣᠷᠣᠨ ᠢ ᠵᠢᠭᠠᠳᠠᠭ ᠪᠣᠯᠣᠭᠰᠠᠨ ᠶᠣᠮ᠃ ᠡᠨᠡᠬᠦ ᠨᠡᠷᠡᠶᠢᠳᠦᠯ ︽ᠪᠠᠪᠣᠷ ᠤᠨ ᠲᠣᠷᠠᠰᠣᠮᠵᠢ︾ ᠳᠤ ᠣᠯᠠᠨ | ᠲᠣᠬᠢᠶᠠᠯᠳᠣᠨ᠎ᠠ᠃ ᠠᠳᠡ ᠦᠬᠦᠯᠡᠭᠳᠡᠨ ᠪᠦᠬᠦᠢ ᠲᠦᠮᠡᠨ ᠴᠦ ᠲᠡᠭᠦᠨ ᠲᠠᠢ ᠨᠢᠭᠡᠨ ᠠᠳᠠᠯᠢ ᠪᠠᠷ ᠺᠧᠱ ᠤᠨ ᠣᠷᠴᠢᠨ | ᠤ ᠲᠠᠷᠢᠶᠠᠯᠠᠬᠤ ᠣᠷᠣᠨ ᠢ ᠲᠦᠮᠡᠨ ᠭᠡᠵᠦ ᠨᠡᠷᠡᠶᠢᠳᠦᠨ᠂ ᠺᠧᠱ ᠵᠡᠷᠭᠡ ᠶᠢᠨ ᠬᠤᠳᠠ ᠪᠠᠯᠭᠠᠰᠣ ᠶᠢᠨ ᠰᠠᠭᠤᠭᠠᠯᠢ | ᠢᠷᠭᠡᠳ ᠲᠠᠢ ᠬᠠᠮᠳᠣ ᠪᠠᠷ ᠪᠦᠬᠦᠨ ᠢ ᠲᠡᠮᠦᠷ ᠲᠤ ᠣᠯᠠᠮᠵᠢᠯᠠᠯᠳᠣ ᠡᠷᠭᠦᠮᠵᠢᠯᠡᠯ ᠣᠷᠣᠨ ᠢᠶᠠᠷ ᠪᠣᠴᠠᠭᠠᠨ ᠦᠭᠭᠦᠪᠡ | ᠭᠡᠳᠡᠭ ᠣᠳᠬ᠎ᠠ ᠲᠠᠢ ᠦᠭᠡ ᠪᠣᠯᠬᠤ ᠶᠣᠮ — ᠮᠣᠩᠭᠤᠯᠴᠢᠯᠠᠭᠴᠢ ᠠᠴᠠ᠃ | ④ ᠬᠤᠰᠢᠨ ᠪᠣᠯ ᠲᠠᠾᠢᠲ ︵Tahit︶ ᠠᠶᠢᠮᠠᠭ ᠤᠨ ᠠᠬᠠᠯᠠᠭᠴᠢ ᠡᠮᠢᠷ ᠬᠠᠵᠠᠬᠠᠨ ᠤ ᠣᠮᠪᠣᠯ ᠪᠣᠯᠣᠨ᠎ᠠ᠃ | ᠬᠠᠵᠠᠬᠠᠨ ᠠᠩᠬ᠎ᠠ ᠶᠡᠭᠡ ᠬᠠᠭᠠᠨ ᠰᠣᠯᠲ᠋ᠠᠨ ᠬᠠᠽᠠᠨ ᠢ ᠡᠰᠡᠷᠭᠦᠴᠡᠵᠦ ᠪᠠᠶᠢᠪᠠ᠃ ᠠᠳᠡ ᠡᠨᠡᠬᠦ ᠲᠠᠾᠢᠲ ᠭᠡᠳᠡᠭ | ᠨᠡᠷ᠎ᠡ ᠪᠠᠷᠤᠭ ᠲᠠᠶᠢᠲ ︵Tait︶ ᠭᠡᠳᠡᠭ ᠦᠭᠡᠨ ᠤ ᠲᠠᠰᠢᠶ᠎ᠠ ᠪᠣᠯᠬᠤ ᠮᠠᠭᠠᠳ᠃ ᠣᠴᠢᠷ ᠨᠢ ᠲᠠᠾᠢᠲ ᠪᠠ ᠲᠠᠶᠢᠲ | ᠤᠨ ᠪᠢᠴᠢᠯᠭᠡ ᠨᠢ ᠫᠧᠷᠰ ᠦᠰᠦᠭ ᠢᠶᠠᠷ ᠵᠦᠪᠬᠡᠨ ᠨᠢᠭᠡᠯᠡ ᠲᠣᠰᠣᠯ ᠤᠨ ᠲᠡᠳᠦᠢ ᠵᠦᠷᠢᠶ᠎ᠡ ᠲᠠᠢ ᠶᠣᠮ᠃ | ⑤ ᠣᠣᠯ ᠨᠣᠮ ᠳᠤ ᠲᠠᠷᠣᠢ ᠲᠡᠮᠦᠷ ᠬᠠᠭᠠᠯᠭ᠎ᠠ ︵Darband-i-ahanni︶ ᠭᠡᠵᠡᠢ᠃ ᠭᠡᠪᠡᠴᠦ ᠪᠣᠰᠣᠳ | ᠬᠡᠰᠡᠭ ᠲᠤ ᠪᠦᠷ ᠺᠦᠷᠤᠬ᠎ᠠ ︵Kurugha︶ ᠭᠡᠵᠦ ᠪᠢᠴᠢᠵᠡᠢ᠃ ᠶᠡᠷᠦ ᠶᠢᠨ ᠦᠶ᠎ᠡ ᠳᠤ ᠪᠦᠷ ᠺᠦᠷᠤᠬ᠎ᠠ ᠭᠡᠳᠡᠭ | ᠶᠣᠮ᠃ ︵ᠺᠦᠷᠤᠬ᠎ᠠ ᠭᠡᠳᠡᠭ ᠨᠢ ᠠᠭᠤᠯᠠᠨ ᠠᠮᠠ ᠭᠡᠳᠡᠭ ᠣᠳᠬ᠎ᠠ ᠲᠠᠢ ᠦᠭᠡ ᠪᠠᠶᠢᠵᠣ᠂ ᠲᠠᠷᠣᠢ ᠮᠣᠩᠭᠤᠯ ᠬᠡᠯᠡᠨ | ᠳᠤ ᠬᠡᠯᠡᠳᠡᠭ ᠬᠠᠪᠴᠢᠯ ᠭᠡᠳᠡᠭ ᠦᠭᠡ ᠪᠣᠯᠣᠨ᠎ᠠ᠃ ᠲᠡᠮᠦᠷ ᠬᠠᠭᠠᠯᠭ᠎ᠠ ᠭᠡᠳᠡᠭ ᠨᠢ ᠲᠡᠮᠦᠷ ᠬᠠᠭᠠᠯᠭᠠᠳᠣ ᠪᠣᠭᠤᠮᠳᠠ | ᠶᠢᠨ ᠲᠣᠪᠴᠢᠯᠠᠯ ᠨᠡᠷ᠎ᠡ ᠪᠣᠯᠣᠨ᠎ᠠ᠃ ᠲᠠᠷᠣᠢ ᠳᠠᠷᠪᠠᠨᠳ᠋ ᠶᠢᠨ ᠬᠠᠪᠴᠢᠯ ᠳᠤ ᠲᠠᠭᠠᠷᠠᠭᠤᠯᠣᠨ ᠬᠢᠭᠰᠡᠨ ᠡᠭᠦᠳᠡ ᠪᠠᠨ | ᠲᠡᠮᠦᠷ ᠢᠶᠠᠷ ᠪᠠᠬᠢᠯᠡᠭᠰᠡᠨ ᠪᠣᠯᠬᠤᠷ ᠳ᠋ᠠᠷᠪᠠᠨᠳ᠋ ᠶᠢᠨ ᠬᠠᠪᠴᠢᠯ ᠢ ᠬᠦᠮᠦᠰ ᠪᠦᠷ ᠲᠡᠮᠦᠷ ᠬᠠᠭᠠᠯᠭᠠᠳᠣ ᠪᠣᠭᠤᠮᠳᠠ ᠬᠡᠬᠦ | ᠪᠣᠶᠣ ᠲᠣᠪᠴᠢᠯᠠᠨ ᠲᠡᠮᠦᠷ ᠬᠠᠭᠠᠯᠭ᠎ᠠ ᠭᠡᠳᠡᠭ ᠪᠠᠶᠢᠵᠠᠢ — ᠮᠣᠩᠭᠤᠯᠴᠢᠯᠠᠭᠴᠢ ᠠᠴᠠ᠃︶ ᠦᠩᠭᠡᠷᠡᠭᠰᠡᠨ ᠳᠤ ᠡᠨᠡᠬᠦ | ᠠᠭᠤᠯᠠᠨ ᠠᠮᠠ ᠳᠤ ᠦᠨᠡᠬᠡᠷ ᠬᠠᠭᠠᠯᠭ᠎ᠠ ᠪᠠᠶᠢᠵᠠᠢ᠃ ᠨᠡᠶᠢᠳᠡ ᠶᠢᠨ ᠣᠨ ᠲᠣᠭᠠᠯᠠᠯ ᠤᠨ630 ᠣᠨ ᠢᠶᠠᠷ ᠲᠣᠮᠳᠠᠳᠣ | ᠣᠯᠣᠰ ᠤᠨ ᠵᠢᠭᠤᠯᠴᠢᠨ ᠬᠤᠸᠠᠷᠠᠭ ᠰᠢᠥᠸᠠᠨ ᠽᠠᠩ ᠳ᠋ᠠᠷᠪᠠᠨᠳ᠋ ᠢᠶᠠᠷ ᠦᠩᠭᠡᠷᠡᠭᠰᠡᠨ ᠵᠠᠮ ᠤᠨ ᠲᠡᠮᠳᠡᠭᠯᠡᠯ ᠲᠡᠭᠡᠨ | ᠪᠢᠴᠢᠭᠰᠡᠨ ᠢᠶᠠᠷ᠄ ︽︵ᠡᠨᠡᠬᠦ ᠠᠭᠤᠯᠠᠨ ᠬᠠᠪᠴᠢᠯ︶ ᠳᠤ ᠡᠭᠦᠳᠡ ᠬᠢᠵᠦ᠂ ᠲᠡᠭᠦᠨ ᠢᠶᠠᠨ ᠲᠡᠮᠦᠷ ᠢᠶᠠᠷ ᠪᠠᠬᠢᠯᠡᠪᠡᠢ︾ | ᠭᠡᠵᠦ ᠪᠢᠴᠢᠭᠰᠡᠨ ᠶᠣᠮ᠃ ᠴᠢᠩᠬᠢᠰ ᠬᠠᠭᠠᠨ ᠤ ᠴᠠᠭ ᠦᠶ᠎ᠡ ᠳᠤ ᠲᠣᠮᠳᠠᠳᠣ ᠣᠯᠣᠰ ᠤᠨ ᠵᠢᠭᠤᠯᠴᠢᠳ ᠲᠣᠮᠳᠠᠳᠣ | ᠣᠯᠣᠰ ᠠᠴᠠ ᠡᠨᠡᠬᠦ ᠲᠠᠶᠢᠯᠠᠨ ᠲᠠᠭᠠᠭᠤᠯᠣᠭᠴᠢ ᠶᠢᠨ ᠪᠠᠶᠢᠯᠳᠣᠨ ᠡᠵᠡᠯᠡᠭᠰᠡᠨ ᠲᠣᠮᠳᠠᠳᠣ ᠠᠽᠢ ᠲᠠᠬᠢ ᠡᠯ᠎ᠡ ᠭᠠᠵᠠᠷ | ᠤᠨ ᠬᠤᠭᠤᠷᠣᠨᠳᠣ ᠬᠠᠷᠢᠯᠴᠠᠨ ᠵᠣᠷᠴᠢᠬᠤ ᠲᠠᠭᠠᠨ ᠡᠨᠡᠬᠦᠷ ᠦᠷᠬᠦᠯᠵᠢ ᠦᠩᠭᠡᠷᠡᠳᠡᠭ ᠪᠠᠶᠢᠵᠠᠢ᠃ ᠲᠡᠳᠡ ᠡᠨᠡ ᠭᠠᠵᠠᠷ | ᠢ ᠪᠦᠷ ︽ᠲᠡᠮᠦᠷ ᠬᠠᠭᠠᠯᠭᠠᠳᠣ ᠪᠣᠭᠤᠮᠳᠠ︾ ᠭᠡᠵᠦ ᠨᠡᠷᠡᠶᠢᠳᠦᠳᠡᠭ ᠪᠠᠶᠢᠭᠰᠠᠨ ᠶᠣᠮ᠃ ᠠᠳᠡ ᠠᠩᠭ᠍ᠯᠢᠴᠢᠯᠠᠭᠴᠢ | ᠠᠴᠠ ᠬᠢᠳᠠᠳ ᠧᠦ᠋ᠷᠣᠫᠠ ᠶᠢᠨ ᠣᠯᠠᠨ ᠵᠢᠭᠤᠯᠴᠢᠳ ᠤᠨ ᠲᠡᠮᠳᠡᠭᠯᠡᠯ ᠠᠴᠠ ᠡᠰᠢ ᠲᠠᠳᠠᠵᠣ ᠮᠠᠰᠢ ᠨᠠᠷᠢᠯᠢᠭ | ᠲᠠᠶᠢᠯᠪᠣᠷᠢ ᠬᠠᠷᠭᠤᠯᠭᠠ ᠬᠢᠵᠠᠢ᠂ ᠡᠶᠢᠮᠦ ᠠᠴᠠ ᠡᠨᠡᠬᠦ ᠵᠣᠷᠪᠣᠰ ᠲᠠᠶᠢᠯᠪᠣᠷᠢ ᠨᠢ ᠣᠣᠯ ᠵᠣᠬᠢᠶᠠᠯ ᠠᠴᠠ ᠪᠠᠨ ᠬᠡᠳᠦᠨ | ᠲᠠᠬᠢᠨ ᠣᠷᠳᠣ ᠲᠠᠶᠢᠯᠪᠣᠷᠢ ᠪᠣᠯᠣᠭᠰᠠᠨ ᠪᠠᠶᠢᠨ᠎ᠠ᠃ ᠮᠣᠩᠭᠤᠯᠴᠢᠯᠠᠭᠴᠢ ᠠᠴᠠ ᠲᠡᠬᠦᠨ ᠢ ᠴᠣᠮᠣᠳᠬᠠᠨ ᠬᠦᠷᠭᠡᠪᠡ᠃ | ⑥ ᠺᠠᠲᠯᠠᠨ ᠤ ᠡᠮᠢᠷ ᠺᠠᠶᠢᠺᠦᠰᠷᠡᠥ ᠪᠣᠯ ᠬᠤᠰᠢᠨ ᠲᠡᠭᠦᠨ ᠤ ᠲᠡᠭᠦᠥ ᠶᠢ ᠠᠯᠠᠭᠰᠠᠨ ᠪᠣᠯᠬᠤᠷ ᠲᠡᠭᠦᠨ ᠠᠴᠠ | ᠣᠷᠪᠠᠵᠣ ᠲᠣᠬᠤᠯᠭ᠎ᠠ ᠲᠡᠮᠦᠷ ᠬᠠᠭᠠᠨ ᠳᠤ ᠲᠠᠭᠠᠭᠰᠠᠨ ᠠᠵᠠᠢ᠃ ᠺᠠᠲᠯᠠᠨ ᠭᠡᠳᠡᠭ ᠭᠠᠵᠠᠷ ᠤᠨ ᠨᠡᠷ᠎ᠡ ᠶᠢ ᠣᠯᠠᠨ | ᠵᠦᠢᠯ ᠢᠶᠠᠷ ᠭᠠᠯᠢᠭᠴᠢᠯᠠᠨ ᠪᠢᠴᠢᠳᠡᠭ ᠶᠣᠮ᠃ ᠵᠢᠱᠢᠶᠡᠯᠡᠪᠡᠯ᠄Khatlan khutlan khutl ᠵᠡᠷᠭᠡ ᠪᠣᠢ᠂ | ᠡᠶᠢᠮᠦ ᠠᠴᠠ ᠵᠠᠷᠢᠮ ᠭᠠᠵᠠᠷ ᠲᠤ ᠺᠠᠲᠯᠠᠨ ᠭᠡᠵᠦ ᠪᠢᠴᠢᠵᠦ ᠪᠠᠶᠢᠬᠤ ᠳᠤ ᠵᠠᠷᠢᠮ ᠭᠠᠵᠠᠷ ᠺᠦᠲᠦᠯ ᠭᠡᠵᠦ ᠴᠦ ᠪᠢᠴᠢᠵᠣ | ᠪᠠᠶᠢᠭ᠎ᠠ ᠶᠣᠮ᠃ ᠡᠨᠡᠬᠦ ᠣᠷᠣᠨ ᠪᠠ ᠲᠡᠭᠦᠨ ᠤ ᠡᠵᠡᠮᠰᠢᠭᠴᠢ ᠶᠢᠨ ᠲᠣᠬᠠᠢ ︽ᠪᠠᠪᠣᠷ ᠤᠨ ᠲᠣᠷᠠᠰᠣᠮᠵᠢ ᠳᠤ ᠬᠠᠷᠢᠨ | ᠨᠡᠯᠢᠶᠡᠳ ᠲᠣᠲᠣᠷᠬᠠᠢ ᠲᠡᠮᠳᠡᠭᠯᠡᠯ ᠪᠠᠶᠢᠨ᠎ᠠ — ᠮᠣᠩᠭᠤᠯᠴᠢᠯᠠᠭᠴᠢ ᠠᠴᠠ᠃ | | | ᠪᠡᠯᠡᠳᠬᠡᠭᠰᠡᠨ ᠨᠢ᠄ ᠡᠷᠳᠡᠨᠢᠬᠦᠦ | ᠨᠠᠶᠢᠷᠠᠭᠤᠯᠤᠭᠰᠠᠨ ᠨᠢ᠄ ᠨᠠᠮᠤᠷ | ᠬᠢᠨᠠᠭᠰᠠᠨ ᠨᠢ᠄ ᠤᠷᠢᠬᠠᠨ |