ᠢᠯᠢᠶᠠᠰ · ᠬᠤᠵᠠ ᠬᠠᠭᠠᠨ
ᠨᠡᠶᠢᠲᠡᠯᠡᠭᠰᠡᠨ ᠴᠠᠭ᠄
2020/3/13
ᠨᠠᠢᠮᠠᠳᠣᠭᠠᠷ ᠪᠦᠯᠦᠭ  ᠮᠣᠩᠭᠤᠯᠴᠣᠳ ᠤᠨ ᠲᠣᠮᠳᠠ ᠠᠴᠠ ᠢᠯᠢᠶᠠᠰ ᠬᠤᠵᠠ ᠬᠠᠭᠠᠨ ᠤ ᠲᠣᠬᠠᠢ ᠣᠯᠠᠮᠵᠢᠯᠠᠯ ᠶᠠᠷᠢᠶ᠎ᠠ① ᠨᠢᠭᠡᠨᠳᠡ ᠣᠯᠳᠠᠬᠤ ᠪᠠᠨ ᠪᠣᠯᠢᠵᠠᠢ᠃ ᠭᠡᠪᠡᠴᠦ ᠪᠢ ᠦᠪᠡᠷ ᠤᠨ ᠡᠴᠢᠭᠡ ᠶᠢᠨ ᠢᠶᠠᠨ ᠲᠡᠭᠦᠨ ᠤ ᠨᠡᠷ᠎ᠡ ᠶᠢ ᠲᠣᠷᠠᠳᠣᠵᠣ ᠪᠠᠶᠢᠭᠰᠠᠨ ᠢ ᠰᠣᠨᠣᠰᠣᠭᠰᠠᠨ ᠶᠣᠮ᠃ ︽ᠲᠡᠮᠦᠷ ᠤᠨ ᠲᠠᠶᠢᠨ ᠤ ᠭᠠᠪᠢᠶ᠎ᠠ ᠶᠢᠨ ᠲᠡᠮᠳᠡᠭᠯᠡᠯ︾᠎ ᠳᠤ ᠪᠣᠰᠣᠳ ᠬᠡᠷᠡᠭ ᠢ ᠦᠬᠦᠯᠡᠬᠦ ᠲᠡᠭᠡᠨ ᠬᠠᠶ᠎ᠠ ᠪᠠᠰᠠ ᠲᠡᠭᠦᠨ ᠤ ᠲᠣᠬᠠᠢ ᠲᠣᠷᠠᠳᠣᠵᠣ ᠪᠠᠶᠢᠭᠰᠠᠨ ᠶᠣᠮ᠃ ᠡᠳᠡᠭᠡᠷ ᠠᠭᠤᠯᠭ᠎ᠠ ᠶᠢ ᠪᠢ ᠪᠦᠷ ᠶᠡᠭᠡ ᠲᠦᠯᠦᠪ ᠡᠨᠡᠬᠦ ᠨᠣᠮ ᠳᠤ ᠬᠠᠭᠤᠯᠣᠨ ᠣᠷᠣᠭᠤᠯᠪᠠ᠃ᠲᠣᠰ ᠪᠦᠯᠦᠭ ᠤᠨ ᠲᠠᠶᠢᠯᠪᠣᠷᠢ① ᠪᠠᠷᠲ᠋ᠣᠯᠢᠲ ᠤᠨ ᠬᠡᠯᠡᠬᠦ ᠪᠠᠷ᠄ ︽ᠪᠣᠷᠣᠯᠵᠢ ᠪᠣᠯ ᠲᠣᠬᠤᠯᠭ᠎ᠠ ᠲᠡᠮᠦᠷ ᠬᠠᠭᠠᠨ ᠠᠴᠠ ᠡᠷᠳᠡ ᠨᠠᠰᠣ ᠪᠠᠷᠠᠵᠠᠢ᠂ ᠲᠡᠭᠡᠭᠡᠳ ᠲᠡᠭᠦᠨ ᠤ ᠨᠢᠯᠬ᠎ᠠ ᠪᠠᠯᠴᠢᠷ ᠪᠠᠶᠢᠭᠰᠠᠨ ᠬᠦᠪᠡᠭᠦᠨ ᠬᠤᠳᠠᠶᠢᠳᠠ ᠲᠡᠭᠦᠨ ᠤ ᠬᠡᠷᠬᠢᠮ ᠢ ᠵᠠᠯᠭᠠᠮᠵᠢᠯᠠᠪᠠ᠃ ᠡᠨᠡ ᠦᠶ᠎ᠡ ᠪᠠᠷ ᠪᠣᠷᠣᠯᠵᠢ ᠶᠢᠨ ᠲᠡᠭᠦᠥ ᠬᠠᠮᠠᠷ · ᠠᠳ᠋ᠳᠢᠨ ᠣᠷᠪᠠᠯᠭᠠᠨ ᠭᠠᠷᠭᠠᠵᠣ᠂ ᠲᠣᠬᠤᠯᠭ᠎ᠠ ᠲᠡᠮᠦᠷ ᠬᠠᠭᠠᠨ ᠤ ᠵᠠᠯᠭᠠᠮᠵᠢᠯᠠᠭᠴᠢ ᠢᠯᠯᠢᠶᠠᠰ ᠬᠤᠵᠠ ᠬᠠᠭᠠᠨ ᠢ ᠡᠰᠡᠷᠭᠦᠴᠡᠨ ᠢᠯᠠᠵᠣ ᠪᠠᠷᠢᠪᠴᠢᠯᠠᠨ ᠠᠯᠠᠪᠠ᠃ ᠡᠶᠢᠮᠦ ᠠᠴᠠ ᠢᠯᠢᠶᠠᠰ ᠬᠤᠵᠠ ᠶᠢᠨ ᠬᠠᠭᠠᠨ ᠰᠠᠭᠤᠭᠰᠠᠨ ᠣᠨ ᠵᠢᠯ ᠨᠢ ᠲᠣᠩ ᠣᠬᠤᠷ ᠪᠣᠯᠬᠤᠷ ᠮᠣᠩᠭᠤᠯᠴᠣᠳ ᠤᠨ ᠠᠮᠠᠨ ᠣᠯᠠᠮᠵᠢᠯᠠᠯ ᠎ ᠳᠤ ᠣᠷᠣ ᠮᠦᠷ ᠢᠶᠠᠨ ᠦᠯᠡᠳᠡᠭᠡᠵᠦ ᠴᠢᠳᠠᠭᠰᠠᠨ ᠦᠭᠡᠢ︾ ᠭᠡᠵᠡᠢ᠃ ︽ᠪᠠᠷᠲ᠋ᠣᠯᠢᠲ ᠶᠢᠨ ᠵᠣᠬᠢᠶᠠᠯ ᠤᠨ ᠡᠮᠬᠢᠳᠭᠡᠯ ︾ ᠬᠤᠶᠠᠳᠣᠭᠠᠷ ᠪᠣᠳᠢ ᠶᠢᠨ ᠨᠢᠭᠡᠳᠦᠭᠡᠷ ᠬᠤᠪᠢᠶᠠᠷᠢ ᠲᠡᠪᠳᠡᠷ ᠤᠨ80 —81 ᠳ᠋ᠣᠭᠠᠷ ᠨᠢᠭᠤᠷ ᠲᠤ ᠦᠵᠡ᠃ᠪᠡᠯᠡᠳᠬᠡᠭᠰᠡᠨ ᠨᠢ᠄ ᠡᠷᠳᠡᠨᠢᠬᠦᠦᠨᠠᠶᠢᠷᠠᠭᠤᠯᠤᠭᠰᠠᠨ ᠨᠢ᠄ ᠨᠠᠮᠤᠷᠬᠢᠨᠠᠭᠰᠠᠨ ᠨᠢ᠄ ᠤᠷᠢᠬᠠᠨ
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号