ᠶᠢᠰᠦᠳᠦᠭᠡᠷ ᠪᠦᠯᠦᠭ | ᠵᠠᠯᠭᠠᠭᠠᠳ ᠡᠨᠡ ᠬᠤᠶᠠᠷ ᠸᠠᠩ ᠭᠥᠩ ᠺᠦᠨᠳᠦᠱ ᠲᠤ ᠢᠷᠡᠵᠦ ᠲᠡᠨᠳᠡᠬᠢ ᠪᠣᠯᠳᠠᠢ ︵Boldai︶① ᠠᠶᠢᠮᠠᠭ ᠠᠴᠠ | ᠨᠢᠭᠡ ᠰᠠᠯᠠᠭ᠎ᠠ ᠴᠡᠷᠢᠭ ᠮᠣᠷᠢ ᠡᠯᠰᠡᠪᠡ᠃ ᠲᠡᠭᠡᠭᠡᠳ ᠪᠠᠳᠠᠺᠱᠠᠨ ᠵᠦᠭ ᠲᠤ ᠴᠡᠷᠢᠭᠯᠡᠪᠡ᠃ ᠲᠡᠳᠡ ᠲᠠᠯᠢᠬᠠᠨ② ᠳᠤ | ᠬᠦᠷᠦᠭᠡᠳ ᠲᠡᠳᠡ ᠬᠤᠶᠠᠭᠤᠯᠠ ᠪᠠᠳᠠᠺᠱᠠᠨ ᠤ ᠸᠠᠩ ᠭᠦᠩ ᠨᠡᠷ ᠲᠠᠢ ᠡᠪᠰᠡᠵᠦ᠂ ᠡᠮᠦᠨᠡᠬᠢ ᠠᠯᠢᠪᠠ ᠰᠡᠵᠢᠭᠯᠡᠯ | ᠬᠠᠷᠠᠳᠠᠯᠭ᠎ᠠ ᠪᠠᠨ ᠪᠦᠷᠢᠮᠦᠰᠦᠨ ᠲᠠᠶᠢᠯᠠᠵᠣ᠂ ᠠᠷᠬᠠᠨ③ ᠵᠦᠭ ᠲᠤ ᠡᠷᠬᠢᠪᠡ᠃ ᠲᠡᠳᠡ ᠲᠡᠨᠳᠡ ᠠᠴᠠ ᠭᠤᠣᠯ | ᠭᠠᠲᠣᠯᠣᠨ᠂ ᠰᠠᠷᠢ ᠰᠠᠷᠠᠢ ᠪᠠᠷ ᠨᠦᠬᠦᠭᠡ ᠡᠷᠬᠢᠨ ᠳᠤ ᠭᠠᠷᠴᠣ᠂ ᠺᠠᠲᠯᠠᠨ ᠵᠦᠭ ᠲᠤ ᠴᠢᠭᠯᠡᠪᠡ᠃ ᠵᠠᠯᠭᠠᠭᠠᠳ ᠲᠡᠳᠡ | ᠡᠯᠡᠰᠦ ᠮᠠᠩᠬ᠎ᠠ ᠶᠢ ᠲᠣᠭᠤᠯᠣᠨ ᠨᠢᠭᠡ ᠭᠦᠯᠠᠺ ︵Gulak︶ ᠭᠡᠳᠡᠭ ᠲᠣᠰᠬᠤᠨ ᠬᠦᠷᠴᠦ ᠴᠡᠷᠢᠭ ᠤᠨ ᠬᠦᠷᠢᠶ᠎ᠡ | ᠪᠠᠭᠤᠵᠠᠢ᠃ ᠲᠡᠳᠡ ︽ᠦᠳᠡᠰᠢ ᠪᠣᠯ ᠪᠢᠳᠡᠨ ᠤ ᠠᠮᠠᠷᠠᠬᠤ ᠴᠠᠭ︾ ᠭᠡᠳᠡᠭ ᠡᠷᠳᠡᠨ ᠤ ᠦᠭᠡ ᠶᠢ ᠵᠢᠷᠣᠮᠯᠠᠨ | ᠣᠨᠳᠠᠵᠣ ᠠᠮᠠᠷᠠᠬᠤ ᠪᠠᠷ ᠪᠣᠯᠵᠠᠢ᠃ ᠡᠮᠢᠷ ᠲᠡᠮᠦᠷ ᠶᠠᠭ ᠰᠠᠶᠢᠬᠠᠨ ᠣᠨᠳᠠᠵᠣ ᠠᠮᠠᠷᠠᠬᠤ ᠪᠠᠷ ᠬᠤᠪᠴᠠᠰᠣ ᠲᠡᠪᠡᠯ ᠢᠶᠠᠨ | ᠲᠠᠶᠢᠴᠢᠨ᠂ ᠲᠡᠭᠦᠨ ᠤ ᠡᠷᠬᠢᠮ ᠬᠦᠯ ᠠᠴᠠ ᠭᠤᠳᠣᠯ ᠢᠶᠠᠨ ᠲᠠᠶᠢᠯᠠᠬᠤ ᠪᠠᠷ ᠪᠠᠶᠢᠳᠠᠯ᠎ᠠ᠂ ᠡᠮᠢᠷ ᠬᠦᠮᠦᠨ ᠢᠷᠡᠭᠦᠯᠦᠨ | ᠲᠡᠭᠦᠨ ᠢ ᠵᠠᠯᠠᠭᠤᠯᠪᠠ᠃ ᠲᠡᠭᠦᠨ ᠢ ᠬᠤᠰᠢᠨ ᠤ ᠲᠡᠨᠳᠡ ᠬᠦᠷᠬᠦ ᠳᠤ ᠰᠠᠭᠤᠳᠠᠯ ᠳᠤ ᠪᠣᠯᠣᠳ · ᠪᠣᠬ᠎ᠠ ᠪᠠ ᠰᠢᠷ · | ᠪᠠᠾᠷᠠᠮ ᠬᠤᠶᠠᠭᠤᠯᠠ ᠰᠠᠭᠤᠵᠣ ᠪᠠᠶᠢᠪᠠ᠃ ᠡᠮᠢᠷ ᠬᠤᠰᠢᠨ ᠡᠮᠢᠷ ᠲᠡᠮᠦᠷ ᠲᠤ ᠬᠠᠨᠳᠣᠵᠣ ᠰᠢᠷ · ᠪᠠᠾᠷᠠᠮ ᠳᠤ | ᠭᠤᠮᠣᠷᠬᠠᠵᠣ ᠦᠬᠦᠯᠡᠷᠦᠨ᠄ ︽ᠡᠳᠦᠬᠡ ᠪᠢᠳᠡ ᠲᠠᠶᠢᠰᠣᠨ ᠠᠴᠠ ᠨᠢᠭᠡᠨᠳᠡ ᠮᠠᠰᠢ ᠣᠶᠢᠷᠬᠠᠨ ᠢᠷᠡᠭᠰᠡᠨ ᠪᠠᠶᠢᠳᠠᠯ᠎ᠠ | ᠡᠨᠡ ᠦᠶ᠎ᠡ ᠪᠠᠷ ᠶᠠᠭᠠᠬᠢᠭᠰᠠᠨ ᠴᠦ ᠪᠢᠳᠡᠨ ᠠᠴᠠ ᠰᠠᠯᠵᠣ ᠶᠠᠪᠣᠬᠤ ᠦᠭᠡᠢ ᠪᠣᠯ ᠲᠠᠭᠠᠷᠠᠬᠤ ᠶᠣᠮᠰᠠᠨ᠃ ᠡᠨᠡ ᠴᠢᠨᠢ | ᠦᠨᠡᠨᠴᠢ ᠵᠢᠷᠣᠮ ᠦᠭᠡᠢ ᠬᠡᠷᠡᠭ ᠪᠢᠰᠢ ᠶᠠᠭᠤ ᠪᠣᠢ︖︾ ᠭᠡᠵᠦ ᠬᠡᠯᠡᠵᠦ ᠭᠠᠷᠣᠯ᠎ᠠ᠃ ᠢᠩᠭᠢᠭᠡᠳ ᠡᠮᠢᠷ ᠲᠡᠮᠦᠷ ᠴᠦ | ᠴᠢᠳᠠᠯ ᠤᠨ ᠬᠢᠷᠢ ᠪᠠᠷ ᠲᠡᠭᠦᠨ ᠢ ᠢᠣᠬᠠᠵᠠᠢ᠃ ᠭᠡᠪᠡᠴᠦ ᠶᠠᠮᠠᠷ ᠲᠣᠰᠠ ᠪᠣᠯᠣᠭᠰᠠᠨ ᠦᠭᠡᠢ᠂ ᠰᠢᠷ · ᠪᠠᠾᠷᠠᠮ | ᠡᠴᠦᠰ ᠲᠡᠭᠡᠨ ᠬᠦᠳᠡᠯᠵᠦ ᠪᠢᠯᠵᠠᠸᠠᠨ ︵Biljawan︶④ ᠵᠦᠭ ᠶᠠᠪᠣᠵᠠᠢ᠃ | ᠶᠠᠭ ᠡᠨᠡ ᠦᠶ᠎ᠡ ᠪᠠᠷ ᠲᠡᠳᠡ ᠪᠠᠳᠣᠳᠠᠢ ᠴᠢᠮᠡᠭᠡ ᠣᠯᠵᠣ᠂ ᠲᠣᠬᠤᠯᠬᠤ · ᠰᠦᠯᠳᠦᠰ ᠪᠣᠯᠣᠨ ᠺᠠᠶᠢᠺᠦᠰᠷᠡᠥ ᠴᠦ | ᠴᠡᠷᠢᠭ ᠢᠶᠠᠨ ᠲᠠᠶᠢᠴᠢᠯᠠᠨ ᠢᠷᠡᠵᠦ᠂ ᠪᠠᠰᠠ ᠲᠣᠩ ᠣᠯᠠᠨ ᠴᠠᠭᠠᠳᠠᠢ ᠶᠢᠨ ᠡᠮᠢᠷ ᠨᠡᠷ ᠴᠦ ᠬᠦᠷᠦᠯᠴᠡᠨ ᠢᠷᠡᠭᠡᠳ | ᠪᠠᠶᠢᠯᠳᠣᠬᠤ ᠪᠠᠷ ᠪᠡᠯᠡᠳᠭᠡᠵᠦ ᠪᠠᠶᠢᠵᠠᠢ᠃ ᠡᠭᠦᠨ ᠠᠴᠠ ᠭᠠᠳᠠᠨ᠎ᠠ ᠵᠠᠯ᠎ᠠ ᠪᠣᠯᠣᠨ ᠴᠢᠯᠠᠭᠤᠨ ᠬᠦᠬᠦᠷᠭᠡ ᠶᠢᠨ | ᠬᠤᠭᠤᠷᠣᠨᠳᠣ ᠲᠡᠳᠡ ᠪᠠᠰᠠ ᠲᠠᠪᠣᠨ ᠲᠦᠮᠡᠨ ᠬᠦᠮᠦᠨ ᠲᠠᠢ ᠶᠡᠭᠡ ᠴᠡᠷᠢᠭ ᠠᠩᠬᠢ ᠪᠠᠨ ᠴᠣᠭᠯᠠᠷᠠᠭᠤᠯᠣᠭᠠᠳ ᠪᠠᠶᠢᠪᠠ | ᠃ ᠲᠡᠭᠦᠨ ᠤ ᠵᠠᠩᠵᠣᠨ ᠨᠡᠷ ᠨᠢ ᠭᠡᠪᠡᠯ ᠪᠠᠪᠣᠬᠠᠨ ᠤ ᠬᠦᠪᠡᠭᠦᠨ ᠲᠡᠮᠦᠷ᠂ ᠰᠠᠷᠢᠾ᠂ ᠰᠦᠩᠬᠦᠮ᠂ ᠬᠠᠵᠢ · ᠪᠠᠬᠢ | ᠶᠢᠨ ᠲᠡᠭᠦᠥ ᠲᠣᠬᠤᠯᠬᠤ · ᠬᠤᠵᠠ᠂ ᠪᠠᠬᠢᠵᠢᠺ ᠤᠨ ᠬᠦᠪᠡᠭᠦᠨ ᠺᠦᠵᠢ · ᠲᠡᠮᠦᠷ ᠵᠢᠴᠢ ᠪᠠᠰᠠ ᠨᠡᠯᠢᠶᠡᠳ ᠣᠯᠠᠨ | ᠲᠦᠮᠡᠳᠦ ᠮᠢᠩᠭᠠᠳᠠᠨ ᠨᠡᠷ ᠪᠠᠶᠢᠯᠴᠠᠵᠠᠢ᠃ ᠭᠡᠶ᠎ᠡ ᠲᠡᠳᠡᠨᠡᠷ ᠤᠨ ᠲᠣᠲᠣᠷ᠎ᠠ ᠠᠴᠠ ᠵᠢᠷᠭᠤᠭᠠᠨ ᠮᠢᠩᠭᠠᠨ ᠬᠦᠮᠦᠨ ᠨᠢ | ᠣᠷᠭᠤᠵᠣ ᠭᠠᠷᠣᠭᠠᠳ ᠪᠠᠶᠢᠪᠠ᠃ ᠡᠮᠢᠷ ᠲᠡᠮᠦᠷ ᠠᠯᠯᠠᠾ ᠯᠠᠪ ᠪᠢᠳᠡᠨ ᠢ ᠲᠣᠰᠠᠯᠠᠨ᠎ᠠ ᠭᠡᠳᠡᠭ ᠢᠳᠡᠭᠡᠯ ᠢᠶᠠᠨ | ᠴᠢᠩᠭᠠᠳᠬᠠᠵᠣ᠂ ᠺᠦᠷᠠᠨ ᠰᠣᠳᠣᠷ ᠠᠴᠠ ᠨᠢᠭᠡ ᠪᠠᠳᠠᠭ ᠣᠩᠰᠢᠨ ᠴᠡᠷᠢᠭ ᠤᠨ ᠰᠡᠳᠬᠢᠯ ᠢᠶᠠᠨ ᠠᠮᠣᠭᠤᠯᠪᠠ᠃ ᠲᠡᠷᠡ | ᠬᠡᠯᠡᠭᠰᠡᠨ ᠨᠢ᠄ ︽ᠴᠦᠬᠡᠨ ᠴᠡᠷᠢᠭ ᠲᠠᠢ ᠬᠦᠮᠦᠰ ᠠᠯᠯᠠᠾ ᠶᠢᠨ ᠠᠪᠣᠷᠠᠯ ᠳᠤ ᠰᠢᠳᠦᠨ ᠣᠯᠠᠨ ᠴᠡᠷᠢᠭ ᠲᠠᠢ | ᠲᠠᠶᠢᠰᠣᠨ ᠢ ᠢᠯᠠᠭᠰᠠᠨ ᠵᠢᠱᠢᠶ᠎ᠡ ᠮᠣᠩ ᠦᠭᠡᠢ ᠣᠯᠠᠨ ᠪᠠᠶᠢᠭ᠎ᠠ ᠶᠣᠮ︾ ᠭᠡᠵᠡᠢ᠃ ᠡᠨᠡᠬᠦ ᠪᠠᠳᠠᠭ ᠦᠭᠡ ᠪᠣᠯ | ᠲᠡᠭᠦᠨ ᠤ ᠴᠢᠬᠢᠨ ᠳᠤ ᠲᠡᠭᠷᠢ ᠪᠣᠷᠬᠠᠨ ᠠᠴᠠ ᠠᠬᠢᠨ ᠲᠠᠬᠢᠨ ᠬᠠᠩᠬᠢᠨᠠᠳᠠᠯ᠎ᠠ ᠰᠣᠨᠣᠰᠬᠠᠵᠣ ᠪᠠᠶᠢᠭᠰᠠᠨ ᠦᠭᠡ ᠶᠣᠮ᠃ | | ᠰᠢᠯᠦᠭ᠄ | ᠬᠦᠬᠡ ᠲᠠᠯᠠᠢ ᠳᠤ ᠬᠦᠮᠪᠢᠷ᠎ᠠ ᠮᠠᠲᠠᠷ ᠲᠣᠭᠰᠢᠷᠠᠨ᠂ | ᠬᠦᠬᠡᠮᠳᠦᠭ ᠠᠭᠤᠯᠠᠨ᠎ᠠ ᠦᠯᠦᠨ ᠪᠠᠷᠰ ᠭᠠᠯᠵᠠᠭᠤᠷᠠᠪᠠᠴᠣ | ᠬᠦᠮᠦᠨ ᠤ ᠶᠢᠷᠲᠢᠨᠴᠦ ᠳᠤ ᠵᠠᠶᠠᠭ᠎ᠠ ᠪᠣᠶᠠᠨ ᠬᠤᠣᠰᠯᠠᠪᠠᠰᠣ | ᠬᠦᠰᠡᠯ ᠪᠦᠬᠦᠨ ᠦᠯᠦ ᠪᠦᠳᠦᠨ ᠬᠡᠮᠡᠨ ᠪᠠᠶᠢᠮᠣᠢ ᠦᠦ ᠭᠡᠵᠡᠢ᠃ | ᠡᠮᠢᠷ ᠲᠡᠮᠦᠷ ᠬᠤᠶᠠᠷ ᠮᠢᠩᠭᠠᠬᠠᠨ ᠴᠡᠷᠢᠭ ᠪᠠᠭᠠᠳᠣᠷᠴᠣᠳ ᠢᠶᠠᠨ ᠲᠠᠭᠠᠭᠤᠯᠣᠨ ᠲᠠᠶᠢᠰᠣᠨ ᠲᠠᠢ ᠪᠠᠶᠢᠯᠳᠣᠷ᠎ᠠ ᠭᠠᠷᠴᠠᠢ᠃ | ᠬᠤᠶᠠᠷ ᠲᠠᠯ᠎ᠠ ᠶᠢᠨ ᠴᠡᠷᠢᠭ ᠵᠣᠯᠭᠠᠨ ᠲᠡᠭᠷᠢ ᠭᠡᠭᠡᠷᠡᠬᠦ ᠶᠢᠨ ᠦᠶ᠎ᠡ ᠠᠴᠠ ᠡᠬᠢᠯᠡᠨ ᠪᠠᠶᠢᠯᠳᠣᠵᠣ᠂ ᠨᠠᠷᠠᠨ ᠳᠠᠰᠢᠳᠠᠯᠠ | ᠲᠣᠯᠣᠯᠳᠣᠵᠠᠢ᠃ ᠨᠢᠭᠡᠨ ᠡᠳᠦᠷ ᠲᠣᠵᠢ ᠰᠢᠷᠪᠦᠰᠦ ᠪᠠᠨ ᠰᠣᠨᠣᠳᠠᠯᠠ ᠪᠠᠶᠢᠯᠳᠣᠭᠰᠠᠨ ᠴᠡᠷᠢᠭ ᠪᠠᠭᠠᠳᠣᠷᠴᠣᠳ ᠣᠷᠣᠢ | ᠪᠣᠯᠬᠤ ᠶᠢᠨ ᠦᠶᠡᠰ ᠢᠶᠠᠷ ᠨᠢᠭᠡᠮᠦᠰᠦᠨ ᠶᠠᠲᠠᠷᠠᠵᠣ ᠲᠣᠶᠢᠯᠳᠣᠪᠠ᠃ ᠲᠡᠭᠡᠭᠡᠳ ᠬᠤᠶᠠᠷ ᠲᠠᠯ᠎ᠠ ᠪᠠᠷ ᠢᠶᠠᠨ ᠴᠡᠷᠢᠭ | ᠢᠶᠠᠨ ᠬᠤᠷᠢᠶᠠᠵᠣ ᠠᠮᠠᠷᠠᠪᠠ᠃ ᠣᠨᠴᠠᠭᠠᠶᠢᠯᠠᠨ ᠲᠠᠶᠢᠰᠣᠨ ᠤ ᠲᠤᠭ᠎ᠠ ᠬᠠᠷᠢᠴᠠᠯᠠᠰᠢ ᠦᠭᠡᠢ ᠣᠯᠠᠨ ᠪᠣᠯᠬᠤᠷ ᠲᠡᠮᠦᠷ | ᠤᠨ ᠴᠡᠷᠢᠭ ᠴᠦ ᠲᠣᠩ ᠵᠦᠳᠡᠷᠡᠵᠡᠢ᠃ | ᠡᠮᠢᠷ ᠲᠡᠮᠦᠷ ᠲᠣᠬᠠᠢ ᠶᠢᠨ ᠪᠠᠶᠢᠳᠠᠯ ᠢ ᠠᠵᠢᠵᠣ᠂ ᠵᠦᠪᠬᠡᠨ ᠪᠠᠭᠠᠳᠣᠷ ᠪᠠᠶᠢᠭᠠᠳ ᠠᠷᠭ᠎ᠠ ᠣᠬᠠᠭᠠᠨ ᠬᠡᠷᠡᠭᠯᠯᠡᠬᠦ | ᠦᠭᠡᠢ ᠶᠣᠮ ᠪᠣᠯ ᠲᠣᠭᠠᠨ ᠤ ᠲᠠᠪᠠᠭᠤᠯᠢᠭ ᠲᠠᠢ ᠲᠠᠶᠢᠰᠣᠨ ᠢ ᠠᠷᠭᠠᠴᠠᠵᠣ ᠴᠢᠳᠠᠬᠤ ᠦᠭᠡᠢ ᠭᠡᠳᠡᠭ ᠢ ᠮᠡᠳᠡᠵᠦ᠂ | ᠲᠡᠭᠦᠨ ᠤ ᠲᠠᠷᠢᠬᠢᠨ ᠳᠤ ᠨᠢᠭᠡᠨᠳᠡ ᠨᠢᠭᠡᠨ ᠣᠷᠠᠨ ᠠᠷᠭ᠎ᠠ ᠪᠠᠷ ᠲᠠᠶᠢᠰᠣᠨ ᠢᠶᠠᠨ ᠲᠠᠷᠣᠬᠤ ᠲᠦᠯᠦᠪᠯᠡᠭᠡ ᠪᠦᠷᠢᠳᠦᠪᠡ᠃ | | ᠲᠣᠰ ᠪᠦᠯᠦᠭ ᠤᠨ ᠲᠠᠶᠢᠯᠪᠣᠷᠢ | ① ᠲᠣᠰ ᠠᠶᠢᠮᠠᠭ ᠤᠨ ᠨᠡᠷ᠎ᠡ ᠶᠢ ᠪᠣᠷᠣᠯᠳᠠᠢ ︵Buruldei︶ ᠭᠡᠵᠦ ᠬᠡᠯᠡᠬᠦ ᠴᠦ ᠶᠣᠮ ᠦᠦ ᠳ᠋ᠠ︖ ᠠᠯᠢ | ᠭᠠᠯᠢᠭᠴᠢᠯᠠᠭ᠎ᠠ ᠨᠢ ᠴᠦ ᠲᠡᠶᠢᠮᠦ ᠵᠦᠪ ᠰᠠᠨᠠᠭᠳᠠᠭᠰᠠᠨ ᠦᠭᠡᠢ᠃ | ② ᠲᠠᠯᠢᠬᠠᠨ ︵Talikhan︶ ᠢ ᠪᠠᠰᠠ ᠲᠠᠯᠢᠺᠠᠨ ︵Talikan︶ ᠭᠡᠳᠡᠭ᠂ ᠬᠤᠷᠣᠽᠠᠨ ᠪᠠ ᠫᠧᠷᠰ ᠲᠤ ᠡᠶᠢᠮᠦ | ᠨᠡᠷ᠎ᠡ ᠲᠠᠢ ᠭᠠᠵᠠᠷ ᠨᠡᠯᠢᠶᠡᠳ ᠪᠠᠶᠢᠭ᠎ᠠ ᠶᠣᠮ᠃ ᠭᠡᠪᠡᠴᠦ ᠠᠳᠡ ᠬᠡᠯᠡᠵᠦ ᠪᠠᠶᠢᠭ᠎ᠠ ᠲᠠᠯᠢᠬᠠᠨ ᠪᠣᠯ ᠺᠦᠨᠳᠦᠱ ᠤᠨ | ᠵᠡᠬᠦᠨᠳᠡᠢ ᠲᠦᠴᠢᠨ ᠲᠦᠷᠪᠡᠨ ᠮᠢᠯ ᠭᠠᠵᠠᠷ ᠲᠤ ᠪᠠᠶᠢᠨ᠎ᠠ᠃ ᠺᠦᠳᠦᠯ ᠲᠠᠷᠣᠢ ᠺᠠᠲᠯᠠᠨ ᠠᠴᠠ ᠲᠣᠯᠣᠭᠠᠨ ᠦᠷᠳᠡᠭᠡ | ᠶᠢᠨ ᠵᠠᠢ᠂ ᠲᠠᠷᠣᠢ ᠬᠤᠷᠢᠨ ᠨᠠᠢᠮᠠᠨ ᠮᠢᠯ ᠳᠤ ᠪᠠᠶᠢᠳᠠᠭ ᠶᠣᠮ᠃ | ③ H · ᠶᠦᠯ ᠬᠡᠷᠬᠢᠮᠳᠡᠨ ᠤ ᠬᠡᠯᠡᠬᠦ ᠪᠠᠷ ᠠᠷᠬᠠᠨ ᠪᠣᠯ Arhang᠂ Arheng᠂ Arhend ᠭᠡᠵᠦ | ᠭᠠᠯᠢᠭᠴᠢᠯᠠᠨ ᠪᠢᠴᠢᠳᠡᠭ ᠨᠢᠭᠡ ᠨᠣᠳᠤᠭ ᠤᠨ ᠨᠡᠷ᠎ᠡ ᠪᠣᠯᠣᠨ᠎ᠠ᠃ ᠠᠷᠬᠠᠨ ᠨᠣᠳᠤᠭ ᠠᠮᠣᠳᠠᠷᠢᠶᠠ ᠮᠦᠷᠡᠨ ᠢ ᠠᠷᠣᠯᠠᠨ | ᠪᠠᠶᠢᠷᠢᠰᠢᠵᠣ ᠪᠠᠶᠢᠭ᠎ᠠ ᠨᠢᠭᠡ ᠨᠣᠳᠤᠭ ᠶᠣᠮ᠃ ᠠᠳᠡ ᠠᠩᠬᠠᠷᠬᠤ ᠨᠢ ᠠᠮᠣᠲᠠᠷᠢᠶ᠎ᠠ ᠮᠦᠷᠡᠨ ᠢ ᠭᠷᠢᠭ ᠬᠡᠯᠡᠨ ᠳᠤ | Oxus ᠭᠡᠳᠡᠭ ᠪᠣᠯᠬᠤᠷ ᠬᠢᠳᠠᠳ ᠰᠣᠷᠪᠣᠯᠵᠢ ᠳᠤ ᠦᠷᠬᠦᠯᠵᠢ ᠲᠡᠬᠦᠨ ᠢ ᠡᠣ ᠾᠣ᠋ ᠱᠦᠢ ᠭᠡᠳᠡᠭ ᠡᠰᠡᠬᠦᠯ᠎ᠡ ᠪᠠᠰᠠ | ᠲᠣᠪᠴᠢᠯᠠᠭᠠᠳ ᠭᠦᠢ ᠱᠦᠢ ︵妫 guī 水︶ ᠭᠡᠳᠡᠭ ᠶᠣᠮ᠃ ᠠᠮᠣᠲᠠᠷᠢᠶ᠎ᠠ ᠮᠦᠷᠡᠨ ᠪᠣᠯ ᠲᠣᠮᠳᠠᠳᠣ ᠠᠽᠢ | ᠳᠠᠭᠠᠨ ᠬᠠᠮᠤᠭ ᠲᠣᠮᠣ ᠮᠦᠷᠡᠨ ᠪᠣᠯᠣᠨ᠎ᠠ᠂ ᠲᠣᠰ ᠭᠤᠣᠯ ᠠᠹᠭᠠᠨᠢᠰᠲ᠋ᠠᠨ ᠪᠠ ᠺᠠᠱᠮᠢᠷ ᠤᠨ ᠬᠤᠭᠤᠷᠣᠨᠳᠣᠬᠢ | ᠦᠨᠳᠦᠷ ᠠᠭᠤᠯᠠᠰ ᠠᠴᠠ ᠡᠬᠢᠯᠡᠭᠰᠡᠨ ᠸᠠᠬᠠᠨ ᠭᠤᠣᠯ ᠪᠠ ᠫᠠᠮᠢᠷ ᠭᠤᠣᠯ ᠠᠴᠠ ᠡᠬᠢ ᠲᠠᠢ ᠭᠤᠣᠯ ᠪᠣᠯᠣᠨ᠎ᠠ᠃ | ᠠᠮᠣᠲᠠᠷᠢᠶ᠎ᠠ ︵Amu Darya︶ ᠶᠢᠨ ᠨᠡᠷ᠎ᠡ ᠶᠢᠨ ᠢᠷᠡᠯᠳᠡ ᠶᠢ ᠲᠣᠰ ᠭᠤᠣᠯ ᠢ ᠠᠷᠣᠯᠠᠨ ᠠᠮᠢᠳᠣᠷᠠᠵᠣ | ᠪᠠᠶᠢᠭᠰᠠᠨ ᠨᠣᠳᠤᠭ ᠤᠨ ᠢᠷᠭᠡᠳ ᠤᠨ ᠠᠶᠢᠮᠠᠭ ᠪᠦᠯᠦᠭ ᠤᠨ ᠨᠡᠷ᠎ᠡ ᠠᠴᠠ ᠢᠷᠡᠯᠳᠡ ᠲᠠᠢ ᠶᠠᠷᠢᠶ᠎ᠠ ᠪᠣᠢ᠃ ᠡᠨᠡᠬᠦ | ᠨᠣᠳᠤᠭ ᠤᠨ ᠢᠷᠭᠡᠳ ᠤᠨ ᠠᠶᠢᠮᠠᠭ ᠪᠦᠯᠦᠭ ᠨᠡᠷ᠎ᠡ ᠨᠢ ᠠᠮᠠᠷᠳ᠋ ᠭᠡᠳᠡᠭ ᠪᠣᠯᠬᠤᠷ ᠠᠮᠠᠷᠳ᠋ ︵Amard︶ | ᠶᠢᠨAmu ᠶᠢᠨ ᠬᠤᠶᠢᠨ᠎ᠠ ᠭᠤᠣᠯ ᠭᠡᠳᠡᠭ ᠣᠳᠬ᠎ᠠ ᠲᠠᠢ Darya ᠭᠡᠳᠡᠭ ᠦᠭᠡ ᠶᠢ ᠵᠠᠯᠭᠠᠨ ᠡᠨᠡᠬᠦ ᠭᠤᠣᠯ ᠤᠨ | ᠨᠡᠷ᠎ᠡ ᠪᠦᠳᠦᠯᠡ ᠭᠡᠯᠴᠡᠳᠡᠭ ᠶᠣᠮ᠃ | ④ ᠲᠠᠷᠣᠢ ᠣᠳᠣ ᠦᠶ᠎ᠡ ᠶᠢᠨ ᠭᠠᠵᠠᠷ ᠤᠨ ᠵᠢᠷᠤᠭ ᠲᠠᠬᠢ Baljuan ᠭᠡᠳᠡᠭ ᠭᠠᠵᠠᠷ ᠪᠣᠯᠣᠨ᠎ᠠ᠃ | | | ᠪᠡᠯᠡᠳᠬᠡᠭᠰᠡᠨ ᠨᠢ᠄ ᠡᠷᠳᠡᠨᠢᠬᠦᠦ | ᠨᠠᠶᠢᠷᠠᠭᠤᠯᠤᠭᠰᠠᠨ ᠨᠢ᠄ ᠨᠠᠮᠤᠷ | ᠬᠢᠨᠠᠭᠰᠠᠨ ᠨᠢ᠄ ᠤᠷᠢᠬᠠᠨ |