ᠠᠷᠪᠠᠨ ᠬᠤᠶᠠᠳᠣᠭᠠᠷ ᠪᠦᠯᠦᠭ | ᠡᠮᠢᠷ ᠬᠤᠰᠢᠨ ᠪᠠ ᠡᠮᠢᠷ ᠲᠡᠮᠦᠷ ᠣᠯᠠᠨ ᠫᠠᠳᠢᠱᠠᠾ ᠤᠨ ᠫᠠᠳᠢᠱᠠᠾ ︵ᠲᠡᠭᠦᠨ ᠤ ᠨᠡᠷ᠎ᠡ ᠠᠯᠳᠠᠷ ᠪᠣᠯ ᠲᠦᠢᠯ ᠤᠨ | ᠡᠷᠬᠢᠮᠰᠦᠭ ᠶᠣᠮ︶ ᠲᠤ ᠮᠠᠭᠳᠠᠭᠠᠯ ᠪᠠ ᠨᠠᠮᠠᠨᠴᠢᠯᠠᠯ ᠬᠢᠭᠰᠡᠨ ᠤ ᠲᠠᠷᠠᠭ᠎ᠠ ᠲᠠᠶᠢᠨ ᠤ ᠠᠭᠳᠠ ᠲᠠᠭᠠᠨ ᠮᠣᠷᠳᠠᠵᠣ᠂ | ᠲᠠᠶᠢᠯᠠᠯᠳᠣᠬᠤ ᠪᠠᠷ ᠪᠡᠯᠡᠳᠭᠡᠪᠡ᠃ ᠲᠡᠳᠡ ᠴᠡᠷᠢᠭ ᠠᠩᠬᠢ ᠪᠠᠨ ᠬᠤᠶᠠᠷ ᠬᠤᠪᠢᠶᠠᠨ᠂ ᠡᠮᠢᠷ ᠬᠤᠰᠢᠨ ᠪᠠᠷᠠᠭᠤᠨ | ᠵᠢᠭᠦᠷ ᠢ ᠵᠠᠬᠢᠷᠴᠣ᠂ ᠢᠯᠠᠯᠳᠠ ᠶᠢᠨ ᠲᠤᠭ ᠢᠶᠠᠨ ᠦᠨᠳᠦᠷ ᠮᠠᠨᠳᠣᠭᠤᠯᠵᠠᠢ᠃ ᠡᠮᠢᠷ ᠲᠡᠮᠦᠷ ᠦᠪᠡᠷ ᠤᠨ ᠢᠯᠠᠭᠳᠠᠰᠢ | ᠦᠭᠡᠢ ᠴᠡᠷᠢᠭ ᠢᠶᠠᠨ ᠣᠳᠣᠷᠢᠳᠣᠨ᠂ ᠵᠡᠭᠦᠨ ᠵᠢᠭᠦᠷ ᠪᠣᠯᠪᠠ᠃ ᠲᠡᠳᠡ ᠡᠳᠡᠭᠡᠷ ᠴᠡᠷᠢᠭ ᠢᠶᠠᠨ ᠪᠠᠶᠢᠷᠢᠰᠢᠯᠠᠭᠤᠯᠵᠣ | ᠪᠠᠷᠠᠭᠠᠳ ᠣᠷᠣᠭᠰᠢᠯᠠᠨ ᠣᠷᠣᠪᠠ᠃ | ᠡᠨᠡ ᠦᠶ᠎ᠡ ᠳᠤ ᠲᠠᠶᠢᠰᠣᠨ ᠲᠠᠱ ᠠᠷᠢᠬᠢ ᠳᠤ ᠰᠠᠭᠤᠵᠣ ᠪᠠᠶᠢᠪᠠ᠃ ᠲᠡᠳᠡ ᠴᠦ ᠴᠡᠷᠢᠭ ᠢᠶᠠᠨ ᠬᠤᠶᠠᠷ ᠬᠤᠪᠢᠶᠠᠨ | ᠢᠯᠢᠶᠠᠰ ᠬᠤᠵᠠ ᠬᠠᠭᠠᠨ ᠪᠣᠯᠣᠨ ᠡᠮᠢᠷ ᠬᠠᠮᠢᠳ᠋ ᠵᠡᠭᠦᠨ ᠵᠢᠭᠦᠷ ᠢ ᠵᠠᠬᠢᠷᠣᠨ᠂ ᠡᠮᠢᠷ ᠲᠤᠭ · ᠲᠡᠮᠦᠷ ᠪᠠ ᠡᠮᠢᠷ | ᠪᠠᠬᠢᠵᠢᠺ ᠪᠠᠨᠭᠤᠨ ᠵᠢᠭᠦᠷ ᠢ ᠵᠠᠬᠢᠷᠴᠠᠢ᠃ ᠬᠤᠶᠠᠷ ᠲᠠᠯ᠎ᠠ ᠪᠠᠷ ᠢᠶᠠᠨ ᠵᠢᠬᠰᠠᠭᠠᠯ ᠢᠶᠠᠨ ᠪᠠᠶᠢᠷᠢᠰᠢᠯᠠᠭᠤᠯᠵᠣ ᠪᠠᠷᠠᠮᠠᠭᠴᠠ | ᠲᠠᠶᠢᠯᠠᠯᠳᠣᠵᠣ ᠡᠬᠢᠯᠡᠪᠡ᠃ | ᠰᠢᠯᠦᠭ᠄ ᠴᠠᠭ ᠦᠶ᠎ᠡ ᠶᠢᠨ ᠬᠠᠮᠠᠭᠠᠯᠠᠭᠴᠢ ᠰᠠᠬᠢᠭᠤᠰᠣ ᠪᠠᠭᠠᠳᠣᠷᠴᠣᠳ ᠢ ᠢᠪᠡᠬᠡᠨ᠂ | ᠴᠠᠭᠯᠠᠰᠢ ᠦᠭᠡᠢ ᠡᠷᠡᠮᠡᠬᠡᠢ ᠵᠣᠷᠢᠭ ᠬᠦᠪᠴᠢᠨ ᠲᠡᠯᠡᠬᠡᠢ ᠶᠢ ᠨᠦᠮᠦᠷᠢᠪᠡᠢ᠃ | ᠲᠠᠶᠢᠴᠢᠨ ᠰᠦᠷ ᠤᠨ ᠭᠡᠷᠡᠯ ᠬᠢᠯᠪᠠᠭ᠎ᠠ ᠲᠦᠷᠪᠡᠨ ᠵᠦᠭ ᠢ ᠭᠡᠷᠡᠯᠳᠦᠯᠡᠬᠦᠶ ᠠᠨᠣ | ᠲᠢᠪ ᠭᠡᠷᠡᠯᠳᠦᠯᠦᠭᠴᠢ ᠨᠠᠷᠠᠨ ᠰᠠᠷᠠᠨ ᠲᠡᠭᠷᠢ ᠳᠤ ᠡᠯᠬᠦᠭᠳᠡᠭᠰᠡᠨ ᠮᠡᠳᠦ᠃ | ᠴᠡᠷᠢᠭ ᠡᠷᠡᠰ ᠤᠨ ᠣᠣᠬᠠᠶᠢᠯᠠᠬᠤ ᠲᠠᠭᠤᠨ ᠳᠤ ᠭᠠᠵᠠᠷ ᠲᠡᠷᠪᠡᠨ ᠴᠡᠴᠡᠷᠬᠢᠯᠡᠵᠦ | ᠵᠢᠳᠠ ᠢᠯᠳᠦ ᠶᠢᠨ ᠵᠢᠭᠡᠬᠦᠨ ᠬᠡᠷᠡᠯ ᠡᠭᠦᠯᠡ ᠨᠡᠪᠳᠡᠯᠡᠨ ᠬᠢᠯᠠᠯᠵᠠᠮᠣᠢ᠃ | ᠬᠤᠶᠠᠷ ᠲᠠᠯ᠎ᠠ ᠶᠢᠨ ᠴᠡᠷᠢᠭ ᠺᠠᠳᠠ · ᠮᠠᠳᠠᠨ ᠭᠡᠳᠡᠭ ᠭᠠᠵᠠᠷ ᠲᠤ ᠵᠣᠯᠭᠠᠯᠳᠣᠨ ᠪᠠᠶᠢᠯᠳᠣᠵᠣ᠂ ᠬᠠᠰᠬᠢᠷᠣᠯᠳᠣᠬᠤ | ᠲᠠᠭᠤᠨ ᠲᠡᠭᠷᠢ ᠲᠣᠯᠵᠠᠢ᠃ ᠡᠮᠢᠷ ᠲᠡᠮᠦᠷ ᠤᠨ ᠴᠡᠷᠢᠭ ᠬᠠᠮᠤᠭ ᠣᠷᠢᠳᠠᠪᠠᠷ ᠲᠠᠶᠢᠰᠣᠨ ᠤ ᠲᠠᠭᠠᠷᠢᠯᠳᠠ ᠳᠤ | ᠦᠷᠳᠦᠵᠦ᠂ ᠲᠠᠶᠢᠰᠣᠨ ᠦᠪᠡᠷ ᠤᠨ ᠬᠦᠮᠦᠨ ᠣᠯᠠᠨ ᠳᠠᠭᠠᠨ ᠡᠷᠳᠦᠵᠦ ᠣᠷᠣᠭᠰᠢ ᠲᠠᠭᠠᠷᠢᠨ ᠢᠷᠡᠯ᠎ᠡ᠃ | ᠭᠡᠪᠡᠴᠦ ᠡᠮᠢᠷ ᠲᠡᠮᠦᠷ ᠤᠨ ᠴᠡᠷᠢᠭ ᠠᠭᠤᠯᠠ ᠮᠡᠳᠦ ᠰᠦᠨᠳᠡᠷᠯᠡᠨ ᠦᠪᠡᠷ ᠤᠨ ᠵᠢᠬᠰᠠᠭᠠᠯ ᠢᠶᠠᠨ ᠪᠠᠳᠣ ᠰᠠᠬᠢᠨ | ᠵᠣᠭᠰᠣᠪᠠ᠃ ᠶᠠᠭ ᠰᠠᠶᠢᠬᠠᠨ ᠲᠡᠭᠦᠨ ᠤ ᠸᠠᠩᠳᠣ ᠣᠯᠣᠰ ᠮᠡᠳᠦ ᠪᠠᠷ ᠲᠡᠮᠦᠷ ᠮᠡᠳᠦ ᠪᠠᠳᠣ ᠰᠠᠭᠤᠷᠢ ᠲᠠᠢ ᠪᠠᠶᠢᠯ᠎ᠠ᠃ | ᠲᠡᠷᠡ ᠡᠨᠡ ᠮᠡᠳᠦ ᠪᠠᠶᠢᠳᠠᠯ ᠢᠶᠠᠷ ᠰᠣᠮᠣ ᠣᠨᠢᠯᠠᠨ ᠨᠣᠮᠣ ᠲᠠᠳᠠᠵᠣ ᠵᠡᠭᠦᠨ ᠭᠠᠷ ᠣᠷᠣᠭᠰᠢ ᠠᠭᠤᠯᠠ ᠶᠢ ᠶᠡᠭᠦᠷᠡᠬᠦᠯᠬᠦ | ᠬᠦᠴᠦᠨ ᠢᠶᠠᠷ ᠲᠦᠯᠬᠢᠵᠦ᠂ ᠪᠠᠷᠠᠭᠤᠨ ᠭᠠᠷ ᠬᠦᠪᠴᠢ ᠪᠠᠨ ᠲᠠᠲᠠᠵᠣ ᠨᠣᠮᠣ ᠭᠡᠳᠡᠭ ᠴᠢᠨᠢ ᠰᠠᠷᠠᠨ ᠮᠡᠳᠦ ᠲᠦᠷᠭᠦᠷᠢᠭ | ᠪᠣᠯᠳᠠᠯ᠎ᠠ ᠲᠠᠲᠠᠭᠠᠳ᠂ ᠬᠤᠭᠤᠰᠣᠨ ᠰᠣᠮᠣ ᠨᠢᠭᠡᠴᠦ ᠬᠠᠷᠪᠣᠬᠤ ᠦᠭᠡᠢ ᠪᠠᠶᠢᠯ᠎ᠠ᠃ ᠴᠡᠷᠢᠭ ᠲᠠᠶᠢᠴᠢᠳ ᠴᠦ ᠦᠪᠡᠷ | ᠤᠨ ᠡᠵᠡᠨ ᠸᠠᠩ ᠤᠨ ᠢᠶᠠᠨ ᠮᠡᠳᠦ ᠡᠷᠡᠰ ᠪᠠᠳᠣ ᠯᠠᠪᠳᠠᠭᠤᠨ ᠲᠣᠭᠳᠠᠬᠤᠨ ᠢᠶᠠᠷ ᠲᠠᠶᠢᠰᠣᠨ ᠤ ᠠᠮᠢᠨ ᠴᠢᠬᠤᠯᠠ | ᠭᠠᠵᠠᠷ ᠵᠦᠭ ᠲᠤ ᠪᠣᠷᠣᠭᠠᠨ ᠣᠷᠣᠬᠤ ᠮᠡᠳᠦ ᠪᠠᠷ ᠰᠣᠮᠣ ᠬᠠᠷᠪᠣᠯᠴᠠᠪᠠ᠃ ᠲᠡᠳᠡ ᠶᠠᠭ ᠯᠠ ᠲᠡᠭᠷᠢ ᠶᠢᠨ ᠣᠷᠳᠣᠨ ᠤ | ᠣᠯᠠᠨ ᠵᠠᠩᠵᠣᠨ ᠮᠡᠳᠦ ᠠᠭᠠᠷ ᠲᠦᠭᠦᠷᠡᠩ ᠰᠣᠯᠢᠷ ᠬᠠᠷᠪᠣᠬᠤ ᠮᠡᠳᠦ ᠬᠠᠷᠪᠣᠯᠴᠠᠵᠠᠢ᠃ ᠲᠡᠳᠡ ᠪᠦᠬᠦᠨ ᠠᠯᠯᠠᠾ | ᠲᠡᠭᠷᠢ ᠶᠢᠨ ᠬᠡᠯᠡᠭᠰᠡᠨ᠄ ︽ᠪᠢ ᠲᠡᠭᠦᠨ ᠢ ᠮᠠᠭᠤ ᠬᠦᠮᠦᠨ ᠤ ᠡᠰᠡᠷᠭᠦ ᠬᠠᠷᠪᠣᠭᠰᠠᠨ ᠰᠣᠮᠣ ᠪᠣᠯᠭᠠᠪᠠ︾ ᠭᠡᠰᠡᠨ ᠲᠠᠢ | ᠨᠢᠭᠡᠨ ᠠᠳᠠᠯᠢ ᠪᠠᠷ ᠵᠡᠪᠡ ᠰᠣᠮᠣ ᠪᠠᠷ ᠪᠢᠷ ᠪᠣᠯᠭᠠᠨ ᠲᠠᠶᠢᠰᠣᠨ ᠤ ᠴᠢᠰᠣ ᠪᠠᠷ ᠪᠣᠳᠤᠭ ᠪᠣᠯᠭᠠᠨ ᠲᠠᠶᠢᠨ ᠤ ᠲᠡᠣᠬᠡ | ᠶᠢ ᠪᠢᠴᠢᠭᠯᠡᠪᠡ᠃ ᠲᠠᠶᠢᠰᠣᠨ ᠤ ᠬᠤᠰᠢᠭᠤᠴᠢ ᠴᠡᠷᠢᠭ ᠨᠢᠭᠡᠴᠦ ᠬᠦᠮᠦᠨ ᠠᠮᠢ ᠮᠡᠨᠳᠦ ᠦᠯᠡᠳᠡᠭᠰᠡᠨ ᠦᠭᠡᠢ᠃ | ᠠᠯᠠᠭᠳᠠᠭᠰᠠᠨ ᠬᠦᠮᠦᠰ ᠲᠣᠲᠣᠷ᠎ᠠ ᠪᠠᠬᠢᠵᠢᠺ ᠤᠨ ᠲᠡᠭᠦᠥ ᠲᠤᠭ · ᠲᠡᠮᠦᠷ ᠴᠦ ᠪᠠᠶᠢᠵᠠᠢ᠃ ᠲᠡᠷᠡ ᠪᠣᠯ ᠨᠢᠭᠡ ᠪᠠᠬᠢ | ᠶᠣᠮ᠃ ᠡᠭᠦᠨ ᠠᠴᠠ ᠭᠠᠳᠠᠨ᠎ᠠ ᠪᠠᠰᠠ ᠲᠠᠣᠯᠠᠱᠠ ᠪᠣᠯᠣᠨ ᠪᠣᠰᠣᠳ ᠪᠠᠰᠠ ᠬᠤᠶᠠᠷ ᠲᠦᠷᠦᠯ ᠤᠨ ᠸᠠᠩ ᠪᠠᠶᠢᠯᠴᠠᠵᠠᠢ | ᠃ ᠡᠳᠡᠭᠡᠷ ᠬᠦᠮᠦᠰ ᠪᠣᠯ ᠪᠦᠷ ᠲᠠᠶᠢᠰᠣᠨ ᠤ ᠴᠡᠷᠢᠭ ᠤᠨ ᠣᠳᠣᠷᠢᠳᠣᠭᠴᠢ ᠵᠠᠩᠵᠣᠨ ᠨᠡᠷ ᠪᠣᠯᠣᠨ᠎ᠠ᠃ | ᠲᠠᠶᠢᠰᠣᠨ ᠤ ᠴᠡᠷᠢᠭ ᠬᠢᠶᠠᠷᠠᠳᠠᠯ᠎ᠠ ᠴᠣᠬᠢᠭᠳᠠᠨ | ᠲᠠᠶᠢᠨ ᠳᠤ ᠦᠬᠦᠭᠰᠡᠳ ᠲᠠᠯ᠎ᠠ ᠶᠢ ᠪᠦᠷᠬᠦᠪᠡᠢ᠃ | ᠵᠠᠯᠭᠠᠭᠠᠳ ᠬᠤᠶᠠᠷ ᠲᠠᠯ᠎ᠠ ᠶᠢᠨ ᠭᠤᠣᠯ ᠴᠡᠷᠢᠭ ᠵᠣᠯᠭᠠᠯᠳᠣᠨ ᠪᠠᠶᠢᠯᠳᠣᠵᠣ᠂ ᠲᠠᠶᠢᠰᠣᠨ ᠤ ᠴᠢᠰᠦ ᠭᠤᠣᠯ ᠮᠡᠳᠦ | ᠣᠷᠣᠰᠣᠨ᠂ ᠬᠡᠬᠦᠷ ᠶᠠᠰᠣ ᠠᠭᠤᠯᠠ ᠮᠡᠳᠦ ᠣᠪᠣᠭᠠᠷᠠᠪᠠ᠃ | ᠲᠠᠶᠢᠨ ᠤ ᠲᠣᠭᠤᠰᠣᠨᠠ ᠠᠯᠳᠠᠨ ᠨᠠᠷᠠᠨ ᠪᠣᠳᠣᠩᠭᠤᠶᠢᠷᠠᠨ ᠬᠠᠷᠠᠩᠭᠤᠶᠢᠯᠠᠪᠠ | ᠲᠠᠶᠢᠰᠣᠨ ᠤ ᠴᠢᠰᠣᠨ ᠳᠤ ᠰᠢᠷᠭᠠᠯ ᠡᠯᠡᠰᠦ ᠣᠯᠠᠭᠠᠨ ᠦᠩᠭᠡ ᠪᠠᠷ ᠲᠣᠯᠬᠢᠶᠠᠯᠠᠪᠠ᠃ | ᠠᠭᠠᠷ ᠤᠨ ᠨᠠᠷᠠᠨ ᠠᠴᠠ ᠶᠠᠭᠤᠨ ᠳᠤ ᠢᠩᠬᠢᠵᠦ ᠣᠯᠠᠶᠢᠪᠠ ᠬᠡᠮᠡᠨ ᠠᠰᠠᠭᠤᠬᠤᠯᠠ | ᠠᠯᠳᠠᠨᠵᠣᠯᠠ ᠴᠡᠴᠡᠭ ᠲᠡᠯᠡᠬᠡᠢ ᠪᠦᠷᠬᠦᠨ ᠲᠡᠯᠭᠡᠷᠡᠭᠰᠡᠨ ᠤ ᠬᠢ ᠭᠡᠵᠡᠢ᠃ | ᠡᠳᠡᠭᠡᠷ ᠣᠷᠳᠣ ᠬᠤᠭᠤᠴᠠᠭᠠᠨ᠎ᠠ ᠲᠠᠶᠢᠨ ᠲᠠᠵᠢᠨ ᠳᠤ ᠰᠢᠯᠭᠠᠷᠠᠭᠰᠠᠨ ᠪᠠᠭᠠᠳᠣᠷᠴᠣᠳ ᠲᠠᠶᠢᠨ ᠤ ᠵᠠᠪᠰᠢᠶᠠᠨ ᠢ | ᠠᠮᠵᠢᠨ ᠲᠠᠶᠢᠨ ᠤ ᠲᠠᠯᠠᠢ ᠳᠣᠳᠣᠷ᠎ᠠ ᠲᠠᠪᠠᠯᠭᠠᠨ ᠰᠦᠷᠦᠭᠴᠢᠳ ᠮᠡᠳᠦ ᠣᠷᠣᠭᠰᠢᠯᠠᠪᠠ᠃ ᠡᠮᠢᠷ ᠲᠡᠮᠦᠷ ᠠᠯᠯᠠᠾ ᠶᠢᠨ | ᠦᠯᠵᠡᠢ ᠪᠡᠯᠭᠡᠳᠦ ᠦᠭᠡᠰ ᠢ ᠪᠡᠶᠡᠯᠡᠭᠦᠯᠵᠦ᠂ ᠲᠠᠶᠢᠰᠣᠨ ᠤ ᠯᠣᠳᠣ ᠲᠣᠮᠣ ᠴᠡᠷᠢᠭ ᠠᠩᠬᠢ ᠶᠢ ᠢᠯᠠᠨ ᠲᠠᠷᠣᠯ᠎ᠠ᠃ | ᠭᠡᠳᠡᠯ᠎ᠡ ᠲᠡᠭᠦᠨ ᠤ ᠴᠡᠷᠢᠭ ᠮᠣᠷᠢ ᠶᠢᠨ ᠲᠤᠭ᠎ᠠ ᠬᠡᠮᠵᠢᠶ᠎ᠡ ᠲᠠᠶᠢᠰᠣᠨ ᠤ ᠴᠡᠷᠢᠭ ᠲᠠᠢ ᠬᠠᠷᠢᠴᠠᠭᠤᠯᠪᠠ ᠲᠠᠯᠠᠢ ᠪᠣᠯᠣᠨ | ᠲᠣᠰᠣᠯ ᠮᠡᠳᠦ ᠪᠠᠶᠢᠵᠣ ᠬᠦᠮᠦᠨ ᠤ ᠲᠤᠭ᠎ᠠ ᠮᠠᠰᠢ ᠴᠦᠬᠡᠨ ᠪᠠᠶᠢᠭᠰᠠᠨ ᠶᠣᠮ᠃ ᠬᠡᠷᠪᠡ ᠠᠯᠯᠠᠾ ᠠᠪᠣᠷᠠᠯ | ᠬᠠᠶᠢᠷᠠᠯᠠᠭᠰᠠᠨ ᠦᠭᠡᠢ ᠪᠣᠯ ᠬᠡᠨ ᠡᠶᠢᠮᠦ ᠶᠡᠭᠡ ᠢᠯᠠᠯᠳᠠ ᠶᠢ ᠪᠠᠶᠢᠭᠤᠯᠵᠣ ᠲᠡᠶᠢᠯᠦᠬᠦ ᠪᠣᠢ︖ | ᠢᠯᠢᠶᠠᠰ ᠬᠤᠵᠠ ᠬᠠᠭᠠᠨ᠂ ᠡᠮᠢᠷ ᠪᠡᠬᠡᠵᠢᠺ᠂ ᠢᠰᠺᠠᠨᠳᠠᠷ ᠣᠾᠯᠠᠨ᠂ ᠡᠮᠢᠷ ᠬᠠᠮᠢᠳ᠋᠂ ᠪᠣᠯᠣᠨ ᠡᠮᠢᠷ ᠢᠰᠦᠪ ᠪᠦᠷ | ᠠᠮᠢᠳᠣ ᠪᠠᠷ ᠣᠯᠵᠠᠯᠠᠭᠳᠠᠵᠠᠢ᠃ ᠭᠡᠪᠡᠴᠦ ᠲᠦᠷᠺ ᠬᠦᠮᠦᠨ ᠤ ᠲᠦᠷᠦᠯᠬᠢ ᠶᠢᠨ ᠦᠷᠦᠰᠢᠶᠡᠯᠳᠣ ᠴᠢᠨᠡᠷ ᠠᠴᠠ | ᠢᠯᠢᠶᠠᠰ ᠬᠤᠵᠠ ᠬᠠᠭᠠᠨ ᠵᠣᠯ ᠢᠶᠠᠷ ᠠᠮᠢ ᠮᠡᠨᠳᠦ ᠭᠠᠷᠴᠠᠢ᠃ ᠰᠢᠯᠳᠠᠭᠠᠨ ᠨᠢ ᠭᠡᠪᠡᠯ ᠲᠡᠭᠦᠨ ᠢ ᠣᠯᠵᠠᠯᠠᠭᠰᠠᠨ | ᠴᠡᠷᠢᠭ ᠡᠷ᠎ᠡ ᠲᠡᠭᠦᠨ ᠢ ᠲᠠᠨᠢᠵᠣ᠂ ᠢᠯᠢᠶᠠᠰ ᠬᠤᠵᠠ ᠬᠠᠭᠠᠨ ᠪᠠ ᠡᠮᠢᠷ ᠪᠡᠬᠡᠵᠢᠺ ᠢ ᠮᠣᠷᠢᠨ ᠳᠤ ᠮᠣᠷᠳᠠᠭᠤᠯᠣᠨ | ᠲᠠᠯᠪᠢᠨ ᠢᠯᠡᠭᠡᠵᠦ᠂ ᠦᠪᠡᠷ ᠤᠨ ᠲᠠᠷᠤᠭ᠎ᠠ ᠲᠠᠭᠠᠨ ᠮᠡᠳᠡᠭᠦᠯᠦᠭᠰᠡᠨ ᠦᠭᠡᠢ ᠠᠵᠠᠢ᠃ ᠪᠣᠰᠣᠳ ᠬᠦᠮᠦᠰ ᠢ | ᠲᠠᠯᠪᠢᠵᠣ ᠶᠠᠪᠣᠭᠤᠯᠣᠭᠰᠠᠨ ᠦᠭᠡᠢ ᠬᠠᠷᠢᠨ ᠪᠦᠬᠦᠨ ᠢ ᠬᠦᠯᠢᠵᠦ ᠠᠪᠴᠢᠷᠠᠪᠠ᠃ ᠲᠡᠷᠡ ᠰᠦᠨᠢ ᠡᠮᠢᠷ ᠲᠡᠮᠦᠷ | ᠦᠷᠬᠦᠯᠵᠢᠯᠡᠨ ᠲᠠᠶᠢᠰᠣᠨ ᠢᠶᠠᠨ ᠨᠡᠬᠡᠮᠵᠢᠯᠡᠵᠦ ᠰᠢᠭᠤᠳ ᠵᠠᠮ ᠭᠡᠳᠡᠭ ᠭᠠᠵᠠᠷ ᠬᠦᠷᠴᠦ ᠲᠠᠶᠢᠰᠣᠨ ᠤ ᠲᠣᠳᠠᠭᠠᠬᠤ ᠵᠠᠮ | ᠢ ᠲᠠᠰᠣᠯᠠᠬᠤ ᠪᠠᠷ ᠣᠴᠢᠪᠠ᠃ ᠲᠡᠭᠡᠭᠡᠳ ᠲᠡᠨᠳᠡ ᠴᠦ ᠮᠠᠰᠢ ᠣᠯᠠᠨ ᠲᠠᠶᠢᠰᠣᠨ ᠢ ᠠᠮᠠᠳᠠᠨ ᠲᠣᠰᠴᠣ ᠴᠣᠬᠢᠭᠠᠳ | ᠠᠯᠠᠵᠣ ᠣᠰᠠᠳᠬᠠᠪᠠ᠃ | ᠲᠡᠭᠦᠨ ᠤ ᠭᠠᠷ ᠲᠣᠣᠷᠠᠬᠢ ᠡᠮᠢᠷ ᠴᠠᠬᠤ ᠪᠠ ᠡᠮᠢᠷ ᠰᠠᠶᠢᠹᠳᠢᠨ ᠲᠡᠭᠦᠨ ᠤ ᠵᠠᠷᠯᠢᠭ ᠶᠣᠰᠣᠭᠠᠷ ᠰᠠᠮᠠᠷᠺᠠᠨᠳ᠋ ᠢ | ᠲᠣᠪᠳᠣᠯᠬᠤ ᠪᠠᠷ ᠶᠠᠪᠣᠪᠠ᠃ ᠲᠡᠳᠡ ᠾᠢᠵᠢᠷ ᠲᠣᠭᠠᠯᠠᠯ ᠤᠨ765 ᠣᠨ ︵ᠨᠡᠶᠢᠳᠡ ᠶᠢᠨ ᠣᠨ ᠲᠣᠭᠠᠯᠠᠯ | ᠤᠨ1363 ᠣᠨ︶ ᠪᠠᠷ ᠡᠬᠢ ᠪᠠᠷ ᠲᠣᠰ ᠬᠤᠳᠠ ᠶᠢ ᠡᠵᠡᠯᠡᠨ ᠠᠪᠴᠠᠢ᠃ ᠡᠨᠡ ᠵᠢᠯ ᠨᠢ ᠶᠠᠭ ᠰᠠᠶᠢᠬᠠᠨ ᠲᠠᠲ᠋ᠠᠷ | ᠲᠣᠭᠠᠯᠠᠯ ᠤᠨ ᠮᠠᠲᠠᠷ ᠵᠢᠯ① ᠪᠣᠯᠣᠨ᠎ᠠ᠃ | ᠦᠢᠯᠡ ᠪᠦᠬᠦᠨ ᠢᠶᠠᠨ ᠪᠦᠳᠦᠭᠡᠨ᠂ ᠦᠭᠡ ᠪᠦᠬᠦᠨ ᠳᠡᠭᠡᠨ ᠬᠦᠷᠳᠡᠭ ᠡᠮᠢᠷ ᠲᠡᠮᠦᠷ ᠲᠡᠷᠡ ᠲᠣᠣᠷ᠎ᠠ ᠪᠠᠨ ᠡᠮᠢᠷ | ᠬᠤᠰᠢᠨ ᠪᠠ ᠡᠮᠢᠷ ᠰᠢᠷ ᠪᠠᠾᠷᠠᠮ ᠲᠠᠢ ᠵᠦᠪᠳᠡᠨ᠂ ᠵᠠᠯᠭᠠᠭᠠᠳ ᠲᠠᠶᠢᠰᠣᠨ ᠢ ᠨᠡᠬᠡᠮᠵᠢᠯᠡᠬᠦ ᠪᠠᠷ ᠪᠣᠯᠵᠣ᠂ ᠲᠡᠷᠡ | ᠬᠤᠵᠠᠨᠲ ᠢᠶᠠᠷ ᠭᠤᠣᠯ ᠭᠠᠳᠣᠯᠣᠨ᠂ ᠲᠠᠱᠺᠠᠨᠳ᠋ ᠬᠦᠷᠴᠦ ᠴᠡᠷᠢᠭ ᠪᠠᠭᠤᠵᠠᠢ᠃ ᠲᠡᠷᠡ ᠲᠡᠨᠳᠡ ᠬᠡᠳᠦᠨ ᠡᠳᠦᠷ ᠪᠡᠶ᠎ᠡ | ᠡᠪᠡᠳᠴᠦ ᠠᠮᠠᠷᠠᠪᠠ᠃ ᠡᠭᠦᠨ ᠢ ︽ᠲᠡᠭᠡᠳᠦ ᠲᠡᠭᠷᠢ ᠠᠴᠠ ᠰᠡᠪ ᠲᠠᠢ ᠵᠣᠬᠢᠶᠠᠭᠰᠠᠨ ᠪᠣᠯᠬᠤᠷ᠂ ᠲᠡᠯᠡᠬᠡᠢ ᠳᠤ ᠪᠦᠳᠦᠨ | ᠰᠠᠶᠢᠨ ᠬᠦᠮᠦᠨ ᠦᠭᠡᠢ︾ ᠭᠡᠳᠡᠭ ᠶᠣᠮ᠃ | ᠲᠡᠨᠳᠡ ᠡᠮᠢᠷ ᠲᠡᠮᠦᠷ ᠪᠠ ᠡᠮᠢᠷ ᠬᠤᠰᠢᠨ ᠪᠦᠷ ᠵᠢᠭᠠᠬᠠᠨ ᠡᠪᠡᠳᠴᠦ ᠬᠡᠳᠦᠨ ᠡᠳᠦᠷ ᠢᠶᠠᠷ ᠠᠮᠠᠷᠠᠪᠠ᠃ ᠭᠡᠪᠡᠴᠦ ᠪᠦᠷ | ᠮᠠᠰᠢ ᠲᠦᠷᠭᠡᠨ ᠢᠶᠠᠷ ᠡᠷᠡᠭᠦᠯᠰᠢᠪᠡ᠃ ᠡᠨᠡ ᠦᠶ᠎ᠡ ᠪᠠᠷ ᠡᠷᠬᠢᠮ ᠬᠠᠳᠣᠭᠳᠠᠢ ᠦᠯᠵᠡᠢ · ᠲᠣᠷᠬᠠᠨ ᠭᠦᠩᠵᠦ ᠬᠠᠷ | ᠠᠴᠠ ᠠᠳᠡ ᠢᠷᠡᠪᠡ᠃ ᠡᠨᠡ ᠦᠨᠡᠬᠡᠷ ᠪᠢᠷᠣᠭᠧᠰ ᠬᠠᠳᠣᠨ ᠤ ᠰᠣᠯᠠᠶᠢᠮᠠᠨ ᠳᠤ ᠢᠷᠡᠵᠦ ᠨᠡᠶᠢᠯᠡᠭᠰᠡᠨ ᠦᠯᠢᠭᠡᠷ② | ᠪᠣᠯᠪᠠ᠃ | ᠵᠠᠯᠭᠠᠭᠠᠳ ᠡᠮᠢᠷ ᠲᠡᠮᠦᠷ ᠴᠡᠷᠢᠭ ᠪᠣᠴᠠᠬᠤ ᠪᠠᠷ ᠲᠣᠭᠳᠠᠪᠠ᠃ ᠲᠡᠷᠡ ᠲᠠᠬᠢᠨ ᠬᠤᠵᠠᠨᠲ ᠭᠤᠣᠯ ᠢ ᠭᠠᠳᠣᠯᠠᠪᠠ᠃ | ᠡᠨᠡ ᠦᠶ᠎ᠡ ᠪᠠᠷ ᠲᠡᠷᠡ ᠠᠪᠠ ᠲᠠᠯᠪᠢᠬᠤ ᠪᠠᠷ ᠶᠡᠬᠡᠳᠡ ᠲᠣᠷᠠᠯᠠᠵᠣ᠂ ᠨᠢᠭᠡᠨ ᠮᠠᠰᠢ ᠶᠡᠭᠡ ᠭᠠᠵᠠᠷ ᠢ ᠪᠠᠭᠳᠠᠭᠠᠭᠰᠠᠨ | ᠬᠦᠷᠢᠶ᠎ᠡ ᠠᠪᠠ ᠲᠠᠯᠪᠢᠪᠠ᠃ ᠡᠮᠢᠷ ᠬᠤᠰᠢᠨ ᠴᠦ ᠳ᠋ᠠᠵᠠᠺ · ᠪᠦᠯᠪᠦᠯ ︵Dazak Bulbul︶ ᠭᠡᠳᠡᠭ ᠭᠠᠵᠠᠷ ᠲᠤ | ᠶᠡᠭᠡ ᠠᠪᠠ ᠲᠠᠯᠪᠢᠵᠠᠢ᠃ ᠲᠡᠳᠡ ᠬᠤᠶᠠᠭᠤᠯᠠ ᠡᠰᠡᠷᠭᠦ ᠡᠰᠡᠷᠭᠦ ᠪᠠᠨ ᠮᠣᠷᠢᠯᠠᠨ᠂ ᠠᠺᠠᠷ · ᠺᠠᠮᠠᠷ ︵Akar | Kamar︶ ᠭᠡᠳᠡᠭ ᠭᠠᠵᠠᠷ ᠢ ᠴᠢᠭᠯᠡᠪᠡ᠃ ᠺᠣᠷᠠᠨ ᠰᠣᠳᠣᠷ ᠲᠤ ᠬᠡᠯᠡᠭᠰᠡᠨᠴᠢᠯᠡᠨ᠄ ︽ᠴᠢᠳᠠᠬᠤ ᠦᠶ᠎ᠡ ᠶᠢᠨ | ᠪᠣᠯᠣᠯᠴᠠᠭ᠎ᠠ ᠪᠦᠬᠦᠨ ᠢ ᠵᠠᠪᠠᠯ ᠰᠠᠶᠢᠳᠣᠷ ᠠᠳᠬᠤᠵᠣ ᠪᠠᠶᠢᠬᠤ ᠬᠡᠷᠡᠭᠳᠡᠢ︾ ᠭᠡᠳᠡᠭ ᠢᠶᠠᠷ ᠲᠡᠳᠡ ᠠᠳᠡ ᠰᠡᠳᠬᠢᠯ | ᠢᠶᠠᠨ ᠰᠡᠷᠭᠦᠳᠡᠯ᠎ᠡ ᠴᠡᠩᠬᠡᠪᠡ᠃ ᠲᠡᠭᠡᠭᠡᠳ ᠰᠠᠶ᠋ᠢ ᠠᠮᠣᠷ ᠲᠦᠪᠰᠢᠨ ᠢᠶᠠᠷ ᠰᠠᠮᠠᠷᠺᠠᠨᠳ᠋ ᠲᠤ ᠪᠣᠴᠠᠪᠠ᠃ | ᠡᠨᠡᠬᠦ ᠣᠯᠣᠰ ᠭᠡᠷ ᠢᠶᠠᠨ ᠪᠣᠶᠠᠨ ᠬᠡᠶᠢᠮᠣᠷᠢ ᠪᠠᠷ ᠪᠠᠳᠠᠷᠭᠠᠵᠣ ᠴᠢᠳᠠᠬᠤ ᠡᠵᠡᠨ ᠬᠦᠮᠦᠨ ᠪᠠᠶᠠᠷ ᠬᠦᠷ ᠲᠠᠢ ᠪᠣᠴᠠᠵᠣ | ᠢᠷᠡᠬᠦ ᠦᠶ᠎ᠡ ᠳᠤ᠂ ᠲᠡᠭᠦᠨ ᠤ ᠦᠩᠭᠡ ᠬᠢᠯᠪᠠᠭ᠎ᠠ ᠳᠤ ᠪᠦᠬᠦᠶᠢᠯᠡ ᠣᠯᠣᠰ ᠣᠷᠣᠨ ᠭᠡᠷᠡᠯᠳᠦᠪᠡ᠃ ᠡᠨᠡ ᠮᠡᠳᠦ ᠪᠠᠷ | ᠲᠡᠭᠡᠷ᠎ᠡ ᠲᠣᠣᠷᠠᠬᠢᠨ ᠡᠬᠢᠮ ᠢᠵᠠᠭᠤᠷᠳᠠᠨ ᠠᠴᠠ ᠡᠭᠡᠯ ᠠᠷᠠᠳ ᠬᠦᠷᠳᠡᠯ᠎ᠡ ᠡᠯ᠎ᠡ ᠵᠦᠢᠯ ᠤᠨ ᠭᠠᠰᠠᠯᠠᠩ ᠵᠣᠪᠠᠭᠤᠷᠢ ᠶᠢ | ᠠᠮᠰᠠᠵᠣ ᠭᠦᠢᠴᠭᠰᠡᠨ ᠬᠦᠮᠦᠰ᠂ ᠪᠦᠷ ᠲᠡᠭᠦᠨ ᠤ ᠠᠭᠤᠯᠠ ᠮᠡᠳᠦ ᠦᠨᠳᠦᠷ ᠲᠠᠯᠠᠢ ᠮᠡᠳᠦ ᠬᠦᠨ ᠦᠷᠦᠰᠢᠶᠡᠯ | ᠢᠪᠡᠭᠡᠯ ᠳᠤ ᠵᠢᠷᠭᠠᠨ ᠴᠠᠩᠬᠡᠪᠡ᠃ | ᠲᠣᠰ ᠪᠦᠯᠦᠭ ᠤᠨ ᠲᠠᠶᠢᠯᠪᠣᠷᠢ ① ᠮᠠᠲᠠᠷ ᠵᠢᠯ ᠭᠡᠳᠡᠭ ᠨᠢ ᠬᠡᠯᠡᠯᠭᠡᠨ ᠦᠭᠡᠢ ᠯᠣᠣ ᠵᠢᠯ ᠪᠣᠯᠣᠨ᠎ᠠ᠃ ᠬᠠᠶᠢᠳᠠᠷ · | ᠮᠢᠷᠽᠠ ᠶᠢᠨ ᠣᠣᠯ ᠨᠣᠮ ᠳᠤ ᠪᠢᠴᠢᠭᠰᠡᠨ ᠢᠶᠠᠷ ᠦᠵᠡᠬᠦᠯ᠎ᠡ ᠲᠠᠷᠣᠢ ᠯᠣᠣ ᠵᠢᠯ ᠮᠦᠨ᠃ ᠲᠡᠭᠦᠨ ᠢ ᠠᠩᠭ᠍ᠯᠢ | ᠣᠷᠴᠢᠭᠤᠯᠣᠭᠴᠢ ᠠᠴᠠ Lui ᠵᠢᠯ ᠭᠡᠵᠦ ᠭᠠᠯᠢᠭᠴᠢᠯᠠᠨ᠂ ᠠᠩᠭ᠍ᠯᠢ ᠣᠩᠰᠢᠭᠴᠢᠳ ᠤᠨ ᠣᠶᠢᠯᠭᠠᠯᠳᠠ ᠪᠠᠷ ᠮᠠᠲᠠᠷ | ᠵᠢᠯ ᠭᠡᠳᠡᠭ ᠨᠡᠷ᠎ᠡ ᠦᠭᠴᠡᠢ — ᠮᠣᠩᠭᠤᠯᠴᠢᠯᠠᠭᠴᠢ ᠠᠴᠠ᠃ ② ᠠᠳᠡ ᠠᠷᠠᠪ ᠫᠧᠷᠰ ᠤᠨ ᠦᠯᠢᠭᠡᠷ ᠲᠤ ᠭᠠᠷᠳᠠᠭ | ᠡᠷᠳᠡᠨ ᠤ ᠪᠣᠭᠳᠠ ᠬᠦᠮᠦᠨ ᠰᠣᠯᠠᠶᠢᠮᠠᠨ ᠪᠣᠯᠣᠨ ᠲᠡᠭᠦᠨ ᠤ ᠡᠬᠡᠨᠡᠷ ᠤᠨ ᠠᠭᠤᠯᠵᠠᠭᠰᠠᠨ ᠬᠡᠷᠡᠭ ᠢᠶᠠᠷ ᠲᠡᠮᠦᠷ ᠢ | ᠡᠷᠭᠦᠨ ᠮᠠᠭᠳᠠᠭᠰᠠᠨ ᠪᠠᠶᠢᠨ᠎ᠠ — ᠮᠣᠩᠭᠤᠯᠴᠢᠯᠠᠭᠴᠢ ᠠᠴᠠ᠃ | | | ᠪᠡᠯᠡᠳᠬᠡᠭᠰᠡᠨ ᠨᠢ᠄ ᠡᠷᠳᠡᠨᠢᠬᠦᠦ | ᠨᠠᠶᠢᠷᠠᠭᠤᠯᠤᠭᠰᠠᠨ ᠨᠢ᠄ ᠨᠠᠮᠤᠷ | ᠬᠢᠨᠠᠭᠰᠠᠨ ᠨᠢ᠄ ᠤᠷᠢᠬᠠᠨ |