ᠠᠷᠪᠠᠨ ᠵᠢᠷᠭᠤᠳᠣᠭᠠᠷ ᠪᠦᠯᠦᠭ | ᠮᠣᠩᠭᠤᠯ ᠬᠦᠮᠦᠨ ᠤ ᠣᠯᠠᠮᠵᠢᠯᠠᠯ ᠶᠠᠷᠢᠶ᠎ᠠ ᠳᠤ ᠢᠯᠢᠶᠠᠰ ᠬᠤᠵᠠ ᠬᠠᠭᠠᠨ ᠤ ᠲᠣᠬᠠᠢ ᠲᠡᠮᠡᠢ ᠶᠠᠭᠤᠮ᠎ᠠ ᠦᠯᠡᠳᠡᠭᠰᠡᠨ | ᠦᠭᠡᠢ ᠪᠣᠯᠣᠯᠳᠠᠢ᠃ ᠭᠡᠪᠡᠴᠦ ᠪᠢᠳᠡ ︽ᠲᠡᠮᠦᠷ ᠤᠨ ᠲᠠᠶᠢᠨ ᠤ ᠭᠠᠪᠢᠶ᠎ᠠ ᠶᠢᠨ ᠲᠡᠮᠳᠡᠭᠯᠡᠯ︾ ᠠᠴᠠ ᠣᠯᠵᠣ | ᠦᠵᠡᠭᠰᠡᠨ ᠢᠶᠠᠷ ᠲᠣᠬᠤᠯᠭ᠎ᠠ ᠲᠡᠮᠦᠷ ᠬᠠᠭᠠᠨ ᠨᠠᠰᠣ ᠪᠠᠷᠠᠭᠰᠠᠨ ᠤ ᠲᠠᠷᠠᠭ᠎ᠠ ᠲᠡᠷᠡ ᠡᠴᠢᠭᠡ ᠶᠢᠨ ᠢᠶᠠᠨ ᠬᠠᠭᠠᠨ ᠣᠷᠣ | ᠶᠢ ᠨᠢ ᠵᠠᠯᠭᠠᠮᠵᠢᠯᠠᠵᠠᠢ᠃ ᠲᠡᠷᠡ ᠬᠠᠭᠠᠨ ᠰᠠᠭᠤᠷᠢᠨ ᠳᠤ ᠪᠠᠶᠢᠭ᠎ᠠ ᠦᠶ᠎ᠡ ᠲᠡᠭᠡᠨ ᠨᠠᠮᠤᠭ ᠭᠠᠵᠠᠷ ᠤᠨ ᠲᠠᠶᠢᠨ ᠤ | ᠢᠯᠠᠯᠳᠠ ᠶᠢ ᠣᠯᠵᠣ᠂ ᠪᠠᠰᠠ ᠰᠠᠮᠠᠷᠺᠠᠨᠳ᠋ ᠬᠤᠳᠠ ᠶᠢ ᠪᠦᠰᠡᠯᠡᠨ ᠪᠠᠶᠢᠯᠳᠣᠵᠣ ᠪᠠᠶᠢᠪᠠ᠃ ᠭᠡᠪᠡᠴᠦ ᠴᠡᠷᠢᠭ ᠤᠨ | ᠠᠭᠳᠠ ᠲᠤᠨᠢ ᠶᠡᠭᠡ ᠬᠢᠵᠢᠭ ᠲᠡᠯᠭᠡᠷᠡᠨ ᠪᠦᠰᠡᠯᠡᠯᠳᠡ ᠪᠠᠨ ᠲᠠᠶᠢᠯᠠᠵᠣ ᠣᠯᠣᠰ ᠲᠠᠭᠠᠨ ᠬᠠᠷᠢᠭᠰᠠᠨ ᠶᠣᠮ᠃ ᠡᠳᠡᠭᠡᠷ | ᠬᠡᠷᠡᠭ ᠤᠨ ᠲᠠᠷᠠᠭ᠎ᠠ ᠣᠳᠠᠯ ᠦᠭᠡᠢ ᠢᠯᠢᠶᠠᠰ ᠬᠤᠵᠠ ᠬᠠᠭᠠᠨ ᠨᠠᠰᠣ ᠪᠠᠷᠠᠪᠠ᠃ ᠭᠡᠪᠡᠴᠦ ᠲᠣᠷᠣᠭᠰᠢ | ᠮᠣᠩᠭᠤᠯᠴᠣᠳ ᠤᠨ ᠠᠮᠠᠨ ᠣᠯᠠᠮᠵᠢᠯᠠᠯ ᠢ ᠦᠨᠳᠦᠰᠦᠯᠡᠵᠦ᠂ ᠲᠣᠬᠤᠯᠭ᠎ᠠ ᠲᠡᠮᠦᠷ ᠬᠠᠭᠠᠨ ᠨᠠᠰᠣ ᠪᠠᠷᠠᠭᠰᠠᠨ ᠤ | ᠲᠠᠷᠠᠭ᠎ᠠ ᠶᠢᠨ ᠬᠡᠷᠡᠭ ᠢ ᠦᠬᠦᠯᠡᠶ᠎ᠡ᠃ ᠣᠴᠢᠷ ᠨᠢ ᠢᠯᠢᠶᠠᠰ ᠬᠤᠵᠠ ᠬᠠᠭᠠᠨ ᠤ ᠨᠠᠰᠣ ᠪᠠᠷᠠᠭᠰᠠᠨ ᠤ ᠲᠠᠷᠠᠭ᠎ᠠ | ᠡᠭᠦᠰᠦᠭᠰᠡᠨ ᠬᠡᠷᠡᠭ ᠣᠴᠢᠷ ᠢ ᠬᠡᠨ ᠴᠦ ᠮᠡᠳᠡᠬᠦ ᠦᠭᠡᠢ ᠪᠣᠯᠵᠣ ᠵᠦᠪᠬᠡᠨ ᠠᠯᠯᠠᠾ ᠯᠠ ᠮᠡᠳᠡᠭᠰᠡᠨ ᠬᠡᠷᠡᠭ ᠪᠣᠯᠵᠣ | ᠬᠤᠴᠣᠷᠪᠠ᠃ ᠲᠣᠬᠤᠯᠭ᠎ᠠ ᠲᠡᠮᠦᠷ ᠬᠠᠭᠠᠨ ᠨᠠᠰᠣ ᠪᠠᠷᠠᠭᠰᠠᠨ ᠤ ᠲᠠᠷᠠᠭ᠎ᠠ ᠡᠭᠦᠰᠦᠭᠰᠡᠨ ᠬᠡᠷᠡᠭ ᠢ ᠪᠣᠯ ᠣᠳᠣ ᠪᠠᠷ | ᠢᠶᠠᠨ ᠮᠡᠳᠡᠵᠦ ᠪᠠᠶᠢᠭ᠎ᠠ ᠬᠦᠮᠦᠨ ᠮᠠᠰᠢ ᠣᠯᠠᠨ ᠪᠠᠶᠢᠭ᠎ᠠ ᠶᠣᠮ᠃ ᠡᠭᠦᠨ ᠠᠴᠠ ᠣᠯᠵᠣ ᠮᠡᠳᠡᠭᠰᠡᠨ ᠬᠡᠷᠡᠭ ᠪᠣᠯ᠄ | ᠲᠣᠬᠠᠢ ᠶᠢᠨ ᠦᠶ᠎ᠡ ᠳᠤ ︵ᠲᠣᠬᠤᠷᠠᠭᠤᠳ ᠠᠶᠢᠮᠠᠭ ᠤᠨ ᠠᠬᠠᠯᠠᠭᠴᠢ ᠪᠠᠷ︶ ᠠᠬ᠎ᠠ ᠲᠡᠭᠦᠥ ᠲᠠᠪᠣᠭᠤᠯᠠ② ᠪᠠᠶᠢᠵᠠᠢ | ᠃⑴ ᠡᠮᠢᠷ ᠲᠣᠯᠭ᠎ᠠ᠂ ᠲᠣᠬᠤᠯᠭ᠎ᠠ ᠲᠡᠮᠦᠷ ᠬᠠᠭᠠᠨ ᠢᠰᠯᠠᠮ ᠱᠠᠰᠢᠨ ᠰᠢᠳᠦᠬᠦ ᠦᠶ᠎ᠡ ᠳᠤ ᠲᠡᠬᠦᠨ ᠢ ᠲᠣᠷᠠᠳᠴᠣ | ᠦᠩᠬᠡᠷᠡᠪᠡ᠃⑵ ᠡᠮᠢᠷ ᠪᠣᠷᠣᠯᠵᠢ᠃⑶ ᠵᠠᠮᠰ ᠠᠳ᠋ᠳᠢᠨ᠂ ︽ᠲᠡᠮᠦᠷ ᠤᠨ ᠲᠠᠶᠢᠨ ᠤ ᠭᠠᠪᠢᠶ᠎ᠠ ᠶᠢᠨ ᠲᠡᠮᠳᠡᠭᠯᠡᠯ︾ | ᠳᠤ ᠲᠡᠭᠦᠨ ᠤ ᠨᠠᠮᠤᠭ ᠭᠠᠵᠠᠷ ᠤᠨ ᠲᠠᠶᠢᠨ ᠳᠤ ᠣᠷᠣᠯᠴᠠᠵᠣ ᠦᠩᠭᠡᠷᠡᠭᠰᠡᠨ ᠢ ᠬᠡᠯᠡᠵᠦ ᠦᠩᠬᠡᠷᠡᠪᠡ᠃⑷ ᠡᠮᠢᠷ | ᠬᠠᠮᠠᠷ ᠠᠳ᠋ᠳᠢᠨ᠂ ᠲᠡᠭᠦᠨ ᠤ ᠪᠠᠶᠢᠳᠠᠯ ᠢ ᠪᠢ ᠲᠣᠷᠣᠭᠰᠢ ᠦᠬᠦᠯᠡᠬᠦ ᠪᠠᠷ ᠪᠠᠶᠢᠨ᠎ᠠ᠃⑸ ᠡᠮᠢᠷ ᠱᠠᠾ ᠳ᠋ᠠᠣᠯᠠ③᠂ | ᠡᠨᠡ ᠬᠦᠮᠦᠨ ᠲᠡᠣᠬᠡᠨ ᠳᠤ ᠶᠠᠮᠠᠷ ᠴᠦ ᠲᠡᠮᠳᠡᠭᠯᠡᠯ ᠦᠯᠡᠳᠡᠭᠡᠭᠰᠡᠨ ᠦᠭᠡᠢ ᠪᠣᠯᠣᠯᠳᠠᠢ᠃ | ᠡᠮᠢᠷ ᠲᠣᠯᠭ᠎ᠠ ᠨᠠᠰᠣ ᠪᠠᠷᠠᠭᠰᠠᠨ ᠤ ᠲᠠᠷᠠᠭ᠎ᠠ ᠣᠯᠣᠰ ᠪᠠᠬᠢ ᠶᠢᠨ ᠬᠡᠷᠬᠢᠮ ᠢ ᠡᠮᠢᠷ ᠪᠣᠷᠣᠯᠵᠢ ᠳᠤ ᠵᠠᠯᠭᠠᠮᠵᠢᠯᠠᠭᠤᠯᠪᠠ᠃ | ᠭᠡᠳᠡᠯ᠎ᠡ ᠡᠮᠢᠷ ᠪᠣᠷᠣᠯᠵᠢ ᠠᠬ᠎ᠠ ᠶᠢᠨ ᠢᠶᠠᠨ ᠬᠡᠷᠬᠢᠮ ᠢ ᠵᠠᠯᠭᠠᠮᠵᠢᠯᠠᠬᠰᠠᠨ ᠤ ᠲᠠᠷᠠᠭ᠎ᠠ ᠣᠳᠠᠯ ᠦᠭᠡᠢ ᠨᠠᠰᠣ ᠪᠠᠷᠠᠵᠣ | ᠣᠯᠣᠰ ᠪᠠᠬᠢ ᠶᠢᠨ ᠳᠣᠰᠢᠶᠠᠯ ᠢ ᠲᠡᠭᠦᠨ ᠤ ᠲᠣᠯᠣᠭᠠᠬᠠᠨ ᠨᠠᠰᠣᠳᠠᠢ ᠬᠦᠪᠡᠭᠦᠨ ᠬᠤᠳᠠᠶᠢᠳᠠ ᠳᠤ ᠵᠠᠯᠭᠠᠮᠵᠢᠯᠠᠭᠤᠯᠪᠠ᠃ | ᠭᠡᠪᠡᠴᠦ ᠡᠮᠢᠷ ᠬᠠᠮᠠᠷ ᠠᠳ᠋ᠳᠢᠨ ᠬᠠᠭᠠᠨ ᠤ ᠡᠮᠦᠨ᠎ᠡ ᠰᠦᠭᠦᠳᠴᠦ ᠭᠤᠶᠣᠴᠢᠯᠠᠨ ᠬᠡᠯᠡᠭᠰᠡᠨ ᠨᠢ᠄ ︽ᠮᠢᠨᠦ ᠠᠬ᠎ᠠ | ᠶᠢᠨ ᠵᠡᠷᠭᠡ ᠬᠡᠷᠬᠢᠮ ᠢ ᠡᠷᠬᠡᠪᠰᠢ ᠨᠠᠳᠠ ᠳᠤ ᠦᠭᠬᠦ ᠶᠣᠰᠣᠳᠠᠢ ᠶᠣᠮ᠂ ᠣᠴᠢᠷ ᠨᠢ ᠲᠡᠭᠦᠨ ᠤ ᠬᠦᠪᠡᠭᠦᠨ ᠨᠠᠰᠣ ᠪᠠᠷ | ᠬᠡᠳᠦᠷᠭᠡᠢ ᠪᠠᠭ᠎ᠠ᠂ ᠰᠠᠶ᠋ᠢ ᠲᠣᠯᠣᠭᠠᠬᠠᠨ ᠨᠠᠰᠣ ᠲᠠᠢ ᠲᠣᠯᠠ ᠣᠯᠣᠰ ᠪᠠᠬᠢ ᠶᠢᠨ ᠳᠣᠰᠢᠶᠠᠯ ᠢ ᠡᠭᠦᠷᠭᠡᠯᠡᠵᠦ ᠲᠡᠶᠢᠯᠬᠦ | ᠦᠭᠡᠢ ᠶᠣᠮ︾ ᠭᠡᠪᠡ᠃ ᠭᠡᠳᠡᠯ᠎ᠡ ᠲᠣᠬᠤᠯᠭ᠎ᠠ ᠲᠡᠮᠦᠷ ᠬᠠᠭᠠᠨ ᠲᠡᠭᠦᠨ ᠤ ᠭᠤᠶᠣᠴᠢᠯᠠᠯ ᠢ ᠶᠠᠭᠤ ᠪᠠᠷ ᠴᠦ | ᠪᠣᠳᠣᠭᠰᠠᠨ ᠦᠭᠡᠢ᠃ ᠰᠢᠭᠤᠳ ᠲᠣᠯᠣᠭᠠᠨ ᠨᠠᠰᠣᠳᠠᠢ ᠬᠤᠳᠠᠶᠢᠳᠠ ᠳᠤ ᠣᠯᠣᠰ ᠪᠠᠬᠢ ᠶᠢᠨ ᠵᠡᠷᠭᠡ ᠶᠢ | ᠵᠠᠯᠭᠠᠮᠵᠢᠯᠠᠭᠤᠯᠪᠠ᠃ ᠡᠮᠢᠷ ᠬᠠᠮᠠᠷ ᠠᠳ᠋ᠳᠢᠨ ᠪᠣᠯ ᠲᠣᠭᠰᠢᠨ ᠰᠦᠷᠭᠦ ᠬᠦᠮᠦᠨ ᠶᠣᠮ᠃ ᠲᠡᠷᠡ ᠦᠪᠡᠷ ᠢᠶᠠᠨ ᠨᠢᠭᠡ | ᠲᠣᠯᠣᠭᠠᠬᠠᠨ ᠨᠠᠰᠣᠳᠠᠢ ᠦᠴᠦᠬᠡᠨ ᠬᠦᠪᠡᠭᠦᠨ ᠤ ᠲᠣᠣᠷ᠎ᠠ ᠠᠵᠢᠯᠯᠠᠬᠤ ᠨᠢ ᠢᠴᠢᠭᠦᠷᠢ ᠬᠡᠮᠡᠨ ᠦᠵᠡᠪᠡᠴᠦ᠂ ᠲᠣᠬᠠᠢ | ᠶᠢᠨ ᠦᠶ᠎ᠡ ᠳᠤ ᠶᠠᠮᠠᠷ ᠴᠦ ᠠᠷᠭ᠎ᠠ ᠦᠭᠡᠢ ᠪᠠᠶᠢᠵᠠᠢ᠃ ᠢᠩᠬᠢᠭᠡᠳ ᠲᠡᠷᠡ ᠲᠣᠬᠤᠯᠭ᠎ᠠ ᠲᠡᠮᠦᠷ ᠬᠠᠭᠠᠨ ᠢ ᠨᠠᠰᠣ | ᠪᠠᠷᠠᠮᠠᠭᠴᠠ ᠣᠷᠪᠠᠭ᠋ᠣ ᠪᠠᠷ ᠪᠡᠯᠡᠳᠭᠡᠵᠡᠢ᠃ ᠭᠡᠶ᠎ᠡ ︽ᠲᠡᠮᠦᠷ ᠤᠨ ᠲᠠᠶᠢᠨ ᠤ ᠭᠠᠪᠢᠶ᠎ᠠ ᠶᠢᠨ ᠲᠡᠮᠳᠡᠭᠯᠡᠯ︾ ᠤᠨ ᠬᠡᠯᠡᠬᠦ | ᠪᠠᠷ ᠪᠣᠯ ᠲᠡᠷᠡ ᠢᠯᠢᠶᠠᠰ ᠬᠤᠵᠠ ᠬᠠᠭᠠᠨ ᠨᠠᠰᠣ ᠪᠠᠷᠠᠭᠰᠠᠨ ᠤ ᠲᠠᠷᠠᠭ᠎ᠠ ᠣᠷᠪᠠᠵᠠᠢ ᠭᠡᠳᠡᠭ ᠶᠣᠮ᠃ ᠶᠠᠮᠠᠷ | ᠪᠠᠶᠢᠭᠰᠠᠨ ᠴᠦ ᠲᠣᠬᠤᠯᠭ᠎ᠠ ᠲᠡᠮᠦᠷ ᠬᠠᠭᠠᠨ ᠨᠠᠰᠣ ᠪᠠᠷᠠᠮᠠᠭᠴᠠ ᠬᠠᠮᠠᠷ ᠠᠳ᠋ᠳᠢᠨ ᠤ ᠰᠡᠳᠬᠢᠯ ᠤᠨ ᠬᠦᠨ ᠳᠤ | ᠨᠢᠭᠡᠨᠳᠡ ᠬᠠᠭᠠᠨ ᠠᠴᠠ ᠪᠠᠨ ᠣᠷᠪᠠᠵᠣ ᠦᠰᠢᠶ᠎ᠡ ᠠᠪᠬᠤ ᠪᠠᠷ ᠰᠡᠳᠬᠢᠯ ᠰᠢᠭᠤᠳᠣᠵᠠᠢ᠃ ︵ᠮᠣᠩᠭᠤᠯᠴᠣᠳ ᠤᠨ | ᠣᠯᠠᠮᠵᠢᠯᠠᠯ ᠬᠡᠯᠡᠯᠭᠡ ᠪᠠᠷ ᠪᠣᠯ︶ ᠲᠡᠷᠡ ᠨᠢᠭᠡᠯᠡ ᠡᠳᠦᠷ ᠲᠣᠲᠣᠷ᠎ᠠ ᠬᠠᠭᠠᠨ ᠤ ᠠᠷᠪᠠᠨ ᠨᠠᠢᠮᠠᠨ ᠬᠦᠪᠡᠭᠦᠳ ᠢ | ᠬᠢᠳᠣᠵᠣ᠂ ᠦᠪᠡᠷ ᠢ ᠪᠠᠨ ᠬᠠᠭᠠᠨ ᠡᠷᠭᠦᠮᠵᠢᠯᠡᠪᠡ ᠭᠡᠳᠡᠭ᠃ ᠢᠩᠬᠢᠭᠡᠳ ᠮᠣᠩᠭᠤᠯ ᠣᠯᠣᠰ ᠲᠣᠲᠣᠷ᠎ᠠ ᠣᠷᠪᠠᠯᠭᠠᠨ | ᠲᠦᠷᠪᠡᠭᠡᠨ ᠣᠯᠠᠮ ᠢᠯᠡᠭᠦᠥ ᠡᠭᠦᠰᠬᠦ ᠪᠣᠯᠵᠣ ᠨᠡᠶᠢᠭᠡᠮ ᠨᠡᠶᠢᠳᠡ ᠰᠠᠮᠠᠭᠤᠷᠠᠯ ᠤᠨ ᠬᠦᠪ ᠲᠤ ᠵᠢᠪᠪᠦᠵᠡᠢ᠃ | ᠲᠣᠬᠤᠯᠭ᠎ᠠ ᠲᠡᠮᠦᠷ ᠬᠠᠭᠠᠨ ᠤ ᠨᠢᠭᠡᠨ ᠬᠦᠪᠡᠭᠦᠨ ᠨᠢ ᠲᠣᠬᠠᠢ ᠶᠢᠨ ᠦᠶ᠎ᠡ ᠳᠤ ᠰᠠᠶ᠋ᠢ ᠦᠯᠦᠭᠡᠢ ᠲᠣᠲᠣᠷ᠎ᠠ ᠪᠠᠶᠢᠵᠣ᠂ | ᠡᠮᠢᠷ ᠬᠤᠳᠠᠶᠢᠳᠠ ᠪᠠ ᠲᠡᠬᠦᠨ ᠤ ᠡᠬᠡ ᠮᠢᠷ · ᠠᠬ᠎ᠠ ︵ᠠᠭ᠎ᠠ︶ ᠶᠢᠨ ᠨᠢᠭᠤᠴᠠ ᠬᠠᠮᠠᠭᠠᠯᠠᠯ ᠲᠣᠣᠷ᠎ᠠ ᠠᠮᠢ ᠮᠡᠨᠳᠦ | ᠦᠯᠡᠳᠡᠭᠰᠡᠨ ᠶᠣᠮ᠃ ᠬᠠᠮᠠᠷ ᠠᠳ᠋ᠳᠢᠨ ᠬᠡᠳᠦᠶᠢᠪᠡᠷ ᠡᠨᠡ ᠬᠦᠪᠡᠭᠦᠨ ᠢ ᠲᠠᠬᠢᠨ ᠲᠠᠪᠳᠠᠨ ᠡᠷᠢᠨ ᠰᠣᠷᠠᠭᠯᠠᠵᠣ | ᠪᠠᠶᠢᠭᠰᠠᠨ ᠪᠣᠯᠪᠠᠴᠣ᠂ ᠬᠤᠳᠠᠶᠢᠳᠠ ᠡᠬᠡ ᠬᠦᠪᠡᠭᠦᠨ ᠤ ᠬᠠᠮᠠᠭᠠᠯᠠᠯ ᠤᠨ ᠨᠢᠭᠤᠴᠠ ᠶᠢᠨ ᠰᠠᠶᠢᠨ ᠢᠶᠠᠷ ᠲᠡᠭᠦᠨ ᠳᠤ | ᠰᠡᠷᠡᠭᠳᠡᠭᠰᠡᠨ ᠦᠭᠡᠢ ᠦᠩᠭᠡᠷᠡᠵᠡᠢ᠃ | ᠬᠠᠮᠠᠷ ᠠᠳ᠋ᠳᠢᠨ ᠬᠡᠳᠦᠶᠢᠪᠡᠷ ︵ᠬᠠᠭᠠᠨ ᠰᠠᠭᠤᠭᠠᠳ︶ ᠠᠯᠢ ᠴᠢᠳᠠᠬᠤ ᠪᠠᠷ ᠴᠢᠷᠮᠠᠶᠢᠨ ᠠᠵᠢᠯᠯᠠᠭᠰᠠᠨ ᠪᠣᠯᠪᠠᠴᠣ᠂ | ᠣᠯᠠᠨ ᠡᠮᠢᠷ ᠨᠡᠷ ᠲᠡᠭᠦᠨ ᠲᠠᠢ ᠡᠰᠡᠷᠭᠦᠴᠡᠯᠳᠦᠨ᠂ ᠣᠯᠣᠰ ᠤᠨ ᠲᠣᠲᠣᠭᠠᠳᠣ ᠳᠤ ᠵᠦᠷᠢᠴᠡᠯ ᠮᠠᠷᠭᠤᠯᠳᠣᠭᠠᠨ ᠢᠶᠠᠷ | ᠲᠦᠭᠦᠷᠴᠦ ᠰᠠᠮᠠᠭᠤᠷᠠᠨ ᠲᠡᠪᠵᠢᠶᠡᠷᠡᠵᠦ ᠪᠠᠶᠢᠪᠠ᠃ ᠡᠭᠦᠨ ᠠᠴᠠ ᠭᠠᠳᠠᠨ᠎ᠠ ᠡᠮᠢᠷ ᠲᠡᠮᠦᠷ ᠡᠨᠡ ᠦᠶ᠎ᠡ ᠪᠠᠷ ᠴᠡᠷᠢᠭ | ᠲᠠᠶᠢᠴᠢᠯᠠᠨ ᠢᠷᠡᠵᠦ ᠮᠣᠩᠭᠤᠯᠰᠲ᠋ᠠᠨ ᠢ ᠲᠦᠷᠢᠮᠡᠬᠡᠶᠢᠯᠡᠭᠰᠡᠨ ᠵᠡᠷᠭᠡ ᠠᠴᠠ ᠪᠣᠯᠵᠣ᠂ ᠲᠡᠭᠦᠨ ᠤ ᠣᠯᠣᠰ ᠤᠨ | ᠲᠣᠲᠣᠭᠠᠳᠣ ᠪᠠᠨ ᠵᠠᠰᠠᠵᠣ ᠲᠦᠪᠰᠢᠷᠡᠭᠦᠯᠬᠦ ᠠᠵᠢᠯ ᠣᠷᠣᠭᠰᠢ ᠮᠠᠭᠤᠳᠠᠢ ᠪᠣᠯᠵᠣ ᠬᠤᠴᠣᠷᠴᠠᠢ᠃ ᠡᠨᠡ ᠦᠶ᠎ᠡ ᠪᠠᠷ | ᠡᠮᠢᠷ ᠬᠤᠳᠠᠶᠢᠳᠠ ︵ᠲᠡᠷᠡᠭᠦ ᠨᠢᠭᠤᠵᠣ ᠬᠠᠮᠠᠭᠠᠯᠠᠭᠰᠠᠨ ᠬᠠᠭᠠᠨ ᠤ ᠬᠦᠪᠡᠭᠦᠨ︶ ᠾᠢᠳᠢᠷ ᠬᠤᠵᠠ ᠬᠠᠨ④ ᠢ | ᠺᠠᠱᠭᠠᠷ ᠠᠴᠠ ᠪᠠᠳᠠᠺᠱᠠᠨ ᠬᠦᠷᠬᠦ ᠠᠭᠤᠯᠠᠷᠬᠠᠭ ᠣᠷᠣᠨ ᠳᠤ ᠨᠢᠭᠤᠨ ᠬᠦᠷᠭᠡᠵᠦ᠂ ᠬᠠᠮᠠᠷ ᠠᠳ᠋ᠳᠢᠨ ᠤ ᠬᠤᠣᠷᠯᠠᠯ | ᠠᠴᠠ ᠠᠷᠭᠠᠯᠠᠨ ᠰᠠᠯᠭᠠᠭᠰᠠᠨ ᠪᠠᠶᠢᠨ᠎ᠠ᠃ ᠡᠨᠡᠬᠦ ᠪᠠᠶᠢᠳᠠᠯ ᠢ ᠮᠦᠳᠳᠦ ᠦᠬᠦᠯᠡᠬᠦ ᠪᠣᠯᠪᠠᠴᠣ᠂ ᠣᠷᠢᠳᠠᠪᠠᠷ ᠬᠠᠮᠠᠷ | ᠠᠳ᠋ᠳᠢᠨ ᠤ ᠲᠣᠬᠠᠢ ᠶᠢᠨ ᠦᠶ᠎ᠡ ᠶᠢᠨ ᠪᠠᠶᠢᠳᠠᠯ ᠢ ᠶᠠᠷᠢᠶ᠎ᠠ᠃ | ᠲᠣᠰ ᠪᠦᠯᠦᠭ ᠤᠨ ᠲᠠᠶᠢᠯᠪᠣᠷᠢ | ᠢᠯᠢᠶᠠᠰ ᠬᠤᠵᠠ ᠬᠠᠭᠠᠨ ᠤ ᠡᠴᠦᠰ ᠤᠨ ᠡᠳᠦᠷ ᠬᠤᠨᠤᠭ᠂ ᠵᠢᠴᠢ ᠲᠡᠭᠦᠨ ᠤ ᠨᠠᠰᠣ ᠪᠠᠷᠠᠭᠰᠠᠨ① ᠤ ᠰᠡᠭᠦᠯᠡᠷᠬᠢ | ᠡᠭᠦᠰᠦᠭᠰᠡᠨ ᠬᠡᠷᠡᠭ ᠣᠴᠢᠷ᠂ ᠲᠠᠷᠣᠢ ᠬᠠᠮᠠᠷ — ᠠᠳ᠋ᠳᠢᠨ ᠤ ᠨᠣᠶᠠᠷᠬᠠᠯ | ① ᠢᠯᠢᠶᠠᠰ ᠬᠤᠵᠠ ᠬᠠᠭᠠᠨ ᠤ ᠨᠠᠰᠣ ᠪᠠᠷᠠᠭᠰᠠᠨ ᠲᠣᠬᠠᠢ ᠬᠠᠶᠢᠳᠠᠷ ᠶᠠᠭᠤ ᠴᠦ ᠦᠯᠡᠳᠡᠭᠡᠭᠰᠡᠨ ᠦᠭᠡᠢ᠂ ᠭᠡᠳᠡᠯ᠎ᠡ | ᠪᠠᠷᠲ᠋ᠣᠯᠢᠲ ᠤᠨ ᠬᠡᠯᠡᠬᠦ ᠪᠠᠷ ᠢᠯᠢᠶᠠᠰ ᠬᠤᠵᠠ ᠬᠠᠭᠠᠨ ᠪᠣᠯ ᠬᠠᠮᠠᠷ ᠠᠳ᠋ᠳᠢᠨ ᠣᠷᠪᠠᠯᠭᠠᠨ ᠭᠠᠷᠭᠠᠵᠣ ᠢᠯᠢᠶᠠᠰ | ᠬᠤᠵᠠ ᠬᠠᠭᠠᠨ ᠢ ᠠᠯᠠᠭᠰᠠᠨ ᠭᠡᠳᠡᠭ ᠶᠣᠮ᠃ ︽ᠪᠠᠷᠲ᠋ᠣᠯᠢᠲ ᠤᠨ ᠵᠣᠬᠢᠶᠠᠯ ᠤᠨ ᠡᠮᠬᠢᠳᠭᠡᠯ︾ ᠣᠷᠣᠰ ᠬᠡᠯᠡᠨ ᠤ | ᠬᠡᠪᠯᠡᠯ ᠤᠨ ᠲᠠᠪᠣᠳᠣᠭᠠᠷ ᠪᠣᠳᠢ ᠶᠢᠨ530 ᠳ᠋ᠣᠭᠠᠷ ᠨᠢᠭᠤᠷ ᠲᠤ ᠦᠵᠡᠭᠡᠷᠡᠢ᠃ ② ᠬᠠᠭᠠᠯᠳᠠ ᠳᠤ ᠪᠠᠶᠢᠭ᠎ᠠ | ᠲᠣᠬᠤᠷᠠᠭᠤᠳ ᠠᠶᠢᠮᠠᠭ ᠤᠨ ᠠᠬ᠎ᠠ ᠲᠡᠭᠦᠥ ᠲᠠᠪᠣᠭᠤᠯᠠ ᠭᠡᠳᠡᠭ ᠦᠭᠡ ᠶᠢ ᠮᠣᠩᠭᠤᠯᠴᠢᠯᠠᠭᠴᠢ ᠨᠡᠮᠡᠵᠡᠢ᠃ ᠠᠳᠡ | ᠬᠠᠶᠢᠳᠠᠷ ᠤᠨ ᠣᠣᠯ ᠨᠣᠮ ᠳᠤ ᠲᠠᠷᠣᠢ ᠡᠨᠡ ᠠᠬ᠎ᠠ ᠲᠠᠪᠣᠭᠤᠯᠠ ᠶᠢ ᠲᠣᠲᠣᠳᠬᠠᠨ ᠪᠢᠴᠢᠭᠰᠡᠨ ᠦᠭᠡᠢ ᠪᠠᠶᠢᠵᠠᠢ᠃ | ᠠᠳᠡ ᠮᠣᠩᠭᠤᠯᠴᠢᠯᠠᠭᠴᠢ ᠠᠴᠠ ᠶᠠᠷᠢᠬᠤ ᠭᠡᠵᠦ ᠪᠠᠶᠢᠭ᠎ᠠ ᠨᠢᠭᠡᠨ ᠬᠡᠷᠡᠭ ᠪᠣᠯ ᠬᠠᠶᠢᠳᠠᠷ · ᠮᠢᠷᠽᠠ ᠵᠣᠬᠢᠶᠠᠭᠴᠢ ᠶᠢᠨ | ᠬᠤᠪᠢ ᠠᠴᠠ ᠦᠪᠡᠷ ᠤᠨ ᠡᠴᠢᠭᠡ ᠲᠡᠭᠡᠳᠦ ᠶᠢᠨ ᠢᠶᠠᠨ ᠵᠠᠷᠢᠮ ᠮᠠᠭᠤ ᠬᠡᠷᠡᠭ ᠢ ᠨᠢᠭᠤᠵᠣ ᠲᠠᠷᠣᠭᠰᠠᠨ ᠪᠠ ᠲᠡᠭᠦᠨ ᠤ | ᠲᠡᠭᠡᠳᠦᠰ ᠪᠣᠯᠬᠤ ᠬᠠᠮᠠᠷ ᠠᠳ᠋ᠳᠢᠨ ᠤ ᠬᠡᠷᠡᠭ ᠢ ᠴᠦ ᠨᠢᠭᠤᠵᠣ ᠬᠠᠯᠬᠠᠯᠠᠭᠰᠠᠨ ᠪᠣᠯᠣᠯᠴᠠᠭ᠎ᠠ ᠪᠠᠶᠢᠨ᠎ᠠ᠃ | ᠴᠢᠨᠠᠭᠰᠢᠯᠠᠪᠠᠯ ᠦᠪᠡᠷ ᠤᠨ ᠡᠴᠢᠭᠡ ᠶᠢᠨ ᠢᠶᠠᠨ ᠵᠠᠷᠢᠮ ᠮᠠᠭᠤ ᠮᠠᠭᠤᠬᠠᠢ ᠵᠠᠩ ᠴᠢᠨᠠᠷ ᠢ ᠬᠦᠷᠳᠡᠯ᠎ᠡ ᠨᠢᠭᠤᠵᠣ | ᠪᠠᠶᠢᠭᠰᠠᠨ ᠨᠢ ᠦᠨᠡᠨᠳᠡᠢ ᠶᠣᠮ᠃ ᠲᠡᠭᠦᠨ ᠤ ᠡᠴᠢᠭᠡ ᠨᠢ ᠪᠠᠪᠣᠷ ᠬᠠᠭᠠᠨ ᠤ ᠭᠠᠷ ᠲᠣᠣᠷ᠎ᠠ ᠪᠠᠶᠢᠬᠤ ᠲᠠᠭᠠᠨ ᠲᠠᠷᠣᠢ | ᠣᠪ ᠮᠡᠭᠡ ᠭᠠᠷᠭᠠᠨ ᠣᠯᠠᠨ ᠢ ᠣᠷᠪᠠᠭᠤᠯᠬᠤ ᠠᠵᠢᠯ ᠬᠢᠵᠦ ᠪᠠᠪᠣᠷ ᠬᠠᠭᠠᠨ ᠳᠤ ᠬᠦᠭᠡᠭᠡᠭᠳᠡᠨ ᠶᠠᠪᠣᠭᠰᠠᠨ ᠲᠡᠣᠬᠡ | ᠲᠠᠢ ᠪᠦᠭᠡᠳ ᠬᠠᠮᠤᠭ ᠡᠴᠦᠰ ᠲᠡᠭᠡᠨ ᠦᠽᠪᠧᠭ ᠤᠨ ᠰᠢᠪᠠᠨᠢ ᠬᠠᠭᠠᠨ ᠤ ᠲᠣᠣᠷ᠎ᠠ ᠰᠢᠷᠭᠤᠨ ᠠᠮᠢ ᠪᠠᠨ ᠠᠷᠭᠠᠴᠠᠬᠤ | ᠭᠡᠰᠡᠨ ᠪᠣᠯᠪᠠᠴᠣ᠂ ᠰᠢᠪᠠᠨᠢ ᠬᠠᠭᠠᠨ ᠲᠡᠭᠦᠨ ᠢ ᠣᠪ ᠮᠡᠬᠡᠳᠡᠨ᠂ ᠣᠷᠪᠠᠭᠴᠢ᠂ ᠲᠣᠭᠳᠠᠪᠣᠷᠢ ᠦᠭᠡᠢ ᠬᠦᠮᠦᠨ ᠭᠡᠬᠦ | ᠮᠡᠳᠦ ᠪᠠᠷ ᠦᠵᠡᠵᠦ᠂ ᠬᠡᠳᠦᠶᠢᠪᠡᠷ ᠨᠢᠳᠣᠨ ᠲᠠᠯᠳᠠ ᠪᠠᠶᠢᠪᠠᠴᠣ ᠬᠤᠵᠢᠮ ᠨᠢᠭᠡ ᠠᠶᠣᠮᠰᠢᠭ ᠲᠠᠢ ᠪᠣᠯᠢᠬᠠᠢ ᠬᠦᠮᠦᠨ | ᠪᠣᠯᠣᠨ᠎ᠠ ᠬᠡᠮᠡᠨ ᠦᠵᠡᠵᠦ ᠲᠡᠭᠦᠨ ᠢ ᠠᠯᠠᠵᠣ ᠣᠷᠬᠢᠭᠰᠠᠨ ᠪᠢᠯᠡ᠃ ᠦᠭᠡᠢ ᠪᠣᠯ ᠰᠢᠪᠡᠨᠢ ᠬᠠᠭᠠᠨ ᠶᠠᠭᠤᠨ ᠳᠤ | ᠦᠪᠡᠷ ᠤᠨ ᠠᠬ᠎ᠠ ᠶᠢᠨ ᠬᠦᠪᠡᠭᠦᠨ ᠣᠪᠠᠶᠢᠳᠣᠯᠠ ︵ᠬᠤᠵᠢᠮ ᠤᠨ ᠦᠽᠪᠧᠭ ᠤᠨ ᠬᠠᠭᠠᠨ︶ ᠳᠤ ᠵᠠᠷᠯᠢᠭ ᠦᠭᠴᠦ | ᠬᠠᠳᠠᠮ ᠡᠴᠢᠭᠡ ᠪᠠᠨ ᠮᠢᠨᠦ ᠲᠣᠮᠢᠯᠠᠭᠰᠠᠨ ᠡᠯᠴᠢᠳ ᠲᠤ ᠲᠣᠰᠢᠶᠠᠨ ᠦᠭᠴᠦ ᠠᠯᠠᠭᠤᠯᠳᠣᠭᠠᠢ ᠬᠡᠮᠡᠨ ᠠᠯᠠᠭᠤᠯᠬᠤ | ᠶᠣᠰᠣᠨ ᠠᠮᠣᠢ ᠦᠦ︖ ᠬᠠᠶᠢᠳᠠᠷ ᠮᠢᠷᠽᠠ ᠡᠳᠡᠭᠡᠷ ᠬᠡᠷᠡᠭ ᠤᠨ ᠣᠯᠠᠩᠬᠢ ᠶᠢ ᠨᠢ ᠪᠦᠷ ᠨᠢᠭᠤᠨ ᠲᠠᠯᠳᠠᠯᠠᠵᠣ ᠢᠯᠡ | ᠪᠠᠷ ᠬᠡᠯᠡᠭᠰᠡᠨ ᠦᠭᠡᠢ ᠶᠣᠮ — ᠮᠣᠩᠭᠤᠯᠴᠢᠯᠠᠭᠴᠢ ᠠᠴᠠ᠃ ③ ︽ᠲᠡᠮᠦᠷ ᠤᠨ ᠲᠠᠶᠢᠨ ᠤ ᠭᠠᠪᠢᠶ᠎ᠠ ᠶᠢᠨ | ᠲᠡᠮᠳᠡᠭᠯᠡᠯ︾ ᠳᠤ ᠬᠠᠮᠠᠷ ᠠᠳ᠋ᠳᠢᠨ ᠤ ᠲᠡᠭᠦᠥ ᠬᠤᠲᠣᠪ ᠦᠳ᠋ᠳᠢᠨ ᠭᠡᠵᠦ ᠭᠠᠷᠳᠠᠭ ᠶᠣᠮ᠃ ᠡᠨᠡᠬᠦ ᠬᠦᠮᠦᠨ | ᠤ1393 ᠣᠨ ᠢᠶᠠᠷ ᠲᠡᠮᠦᠷ ᠤᠨ ᠭᠠᠷ ᠲᠣᠣᠷ᠎ᠠ ᠳᠣᠰᠢᠶᠠᠯ ᠬᠠᠷᠢᠭᠤᠴᠠᠨ ᠢᠷᠠᠺ ᠢ ᠲᠠᠶᠢᠯᠠᠬᠤ ᠲᠠᠶᠢᠨ ᠳᠤ | ᠬᠦᠷᠳᠡᠯ᠎ᠡ ᠣᠷᠣᠯᠴᠠᠵᠣ ᠪᠠᠶᠢᠭᠰᠠᠨ ᠮᠡᠳᠡᠭᠡ ᠪᠠᠶᠢᠭ᠎ᠠ ᠶᠣᠮ᠃ ④ ᠬᠤᠳᠠᠶᠢᠳᠠ ᠶᠢᠨ ᠲᠣᠬᠠᠢ ︽ᠮᠢᠩ ᠣᠯᠣᠰ ᠤᠨ | ᠮᠠᠭᠠᠳ ᠲᠡᠮᠳᠡᠭᠯᠡᠯ︾ ᠤᠨ ︽ᠶᠦᠩ ᠯᠧ ᠶᠢᠨ ᠮᠠᠭᠠᠳ ᠲᠡᠮᠳᠡᠭᠯᠡᠯ︾ ᠤᠨ ᠨᠢᠭᠡᠳᠦᠭᠡᠷ ᠪᠣᠳᠢ ᠳᠤ᠄ ︽ᠪᠢᠱᠪᠠᠯᠢᠭ | ᠤᠨ ᠲᠦᠷᠦᠭᠦᠥ ᠬᠤᠳᠠᠶᠢᠳᠠ ᠲᠦᠷᠪᠡᠨ ᠦᠶ᠎ᠡ ᠶᠢᠨ ᠡᠵᠡᠨ ᠳᠡᠭᠡᠨ ᠰᠢᠳᠣᠷᠭᠤ ᠪᠠᠷ ᠦᠢᠯᠡᠴᠢᠯᠡᠵᠦ᠂ ᠣᠯᠣᠰ ᠤᠨ | ᠬᠦᠮᠦᠰ ᠨᠢ ᠮᠠᠰᠢᠳᠠ ᠪᠢᠰᠢᠷᠡᠳᠡᠭ ᠬᠡᠮᠡᠮᠣᠢ᠃ ᠡᠳᠦᠬᠡ ᠲᠡᠷᠡ ᠪᠠᠷ ᠨᠠᠾᠱ ᠵᠢᠬᠠᠨ ︵ᠬᠠᠭᠠᠨ ᠢᠶᠠᠨ︶ ᠢ ᠲᠡᠮᠵᠢᠨ | ᠵᠠᠰᠠᠭ ᠲᠤᠨᠢ ᠲᠣᠰᠠᠯᠠᠵᠣ ᠪᠠᠶᠢᠮᠣᠢ᠂ ᠡᠳᠦᠬᠡ ᠲᠡᠭᠦᠨ ᠳᠤ ᠲᠠᠮᠠᠭ᠎ᠠ ᠲᠣᠣᠱᠣ ᠠᠯᠳᠠᠳᠣ ᠬᠡᠮᠡᠷᠯᠢᠭ ᠵᠣᠭᠤᠰ ᠮᠦᠩᠭᠦ | ᠵᠡᠷᠭᠡ ᠪᠠᠷ ᠱᠠᠩᠨᠠᠵᠣᠬᠤᠢ︾ ᠬᠡᠮᠡᠭᠰᠡᠨ ᠲᠡᠮᠳᠡᠭᠯᠡᠯ ᠪᠠᠶᠢᠮᠣᠢ᠃ ᠮᠢᠩ ᠣᠯᠣᠰ ᠤᠨ ᠲᠡᠣᠬᠡ ᠶᠢᠨ ᠲᠡᠮᠳᠡᠭᠯᠡᠯ ᠳᠤ | ᠪᠠᠶᠢᠭ᠎ᠠ ᠠᠭᠤᠯᠭ᠎ᠠ ᠠᠴᠠ ᠦᠵᠡᠪᠡᠯ ᠬᠤᠳᠠᠶᠢᠳᠠ᠂ ᠾᠢᠳᠢᠷ ᠬᠤᠵᠠ ᠬᠠᠭᠠᠨ ᠠᠴᠠ ᠡᠬᠢᠯᠡᠨ᠂ ᠱᠠᠾ ᠮᠢᠴᠠᠬᠠᠨ᠂ | ᠮᠠᠬᠠᠮᠣᠳ᠋᠂ ᠨᠠᠾᠱ ᠵᠢᠬᠠᠨ ᠬᠦᠷᠳᠡᠯ᠎ᠡ ᠦᠨᠡᠬᠡᠷ ᠲᠦᠷᠪᠡᠨ ᠦᠶ᠎ᠡ ᠶᠢᠨ ᠬᠠᠭᠠᠨ ᠳᠤ ᠦᠢᠯᠡᠴᠢᠯᠡᠭᠰᠡᠨ ᠪᠠᠶᠢᠨ᠎ᠠ᠃ | ᠭᠡᠪᠡᠴᠦ ᠮᠢᠩ ᠣᠯᠣᠰ ᠤᠨ ᠲᠡᠣᠬᠡᠨ ᠲᠡᠮᠳᠡᠭᠯᠡᠯ ᠨᠢ ᠮᠢᠷᠽᠠ · ᠬᠠᠶᠢᠳᠠᠷ ᠤᠨ ᠵᠣᠬᠢᠶᠠᠯ ︽ᠷᠠᠰᠢᠳ᠋ ᠶᠢᠨ ᠲᠡᠣᠬᠡ︾ | ᠲᠠᠢ ᠵᠢᠭᠠᠬᠠᠨ ᠠᠳᠠᠯᠢ ᠦᠭᠡᠢ ᠭᠠᠵᠠᠷ ᠪᠠᠶᠢᠳᠠᠭ ᠪᠣᠯᠪᠠᠴᠣ᠂ ᠾᠢᠳᠢᠷ ᠬᠤᠵᠠ ᠬᠠᠭᠠᠨ ᠠᠴᠠ ᠡᠬᠢᠯᠡᠨ ᠵᠦᠷᠢᠶ᠎ᠡ | ᠦᠭᠡᠢ ᠪᠣᠯᠳᠠᠭ ᠶᠣᠮ᠃ | | | ᠪᠡᠯᠡᠳᠬᠡᠭᠰᠡᠨ ᠨᠢ᠄ ᠡᠷᠳᠡᠨᠢᠬᠦᠦ | ᠨᠠᠶᠢᠷᠠᠭᠤᠯᠤᠭᠰᠠᠨ ᠨᠢ᠄ ᠨᠠᠮᠤᠷ | ᠬᠢᠨᠠᠭᠰᠠᠨ ᠨᠢ᠄ ᠤᠷᠢᠬᠠᠨ |