ᠠᠷᠪᠠᠨ ᠲᠣᠯᠣᠳᠣᠭᠠᠷ ᠪᠦᠯᠦᠭ | ᠪᠢᠳᠡ ᠲᠡᠭᠡᠷ᠎ᠡ ᠬᠡᠯᠡᠵᠦ ᠦᠩᠭᠡᠷᠡᠭᠰᠡᠨ ᠢᠶᠠᠷ ᠬᠠᠮᠠᠷ ᠠᠳ᠋ᠳᠢᠨ ᠬᠠᠮᠤᠭ ᠲᠡᠭᠡᠳᠦ ᠡᠷᠬᠡ ᠶᠢ ᠪᠣᠯᠢᠶᠠᠨ ᠠᠪᠬᠤ ᠪᠠᠷ | ᠣᠷᠣᠯᠳᠣᠭᠰᠠᠨ ᠪᠣᠯᠪᠠᠴᠣ᠂ ᠣᠯᠠᠨ ᠡᠮᠢᠷ ᠤᠨ ᠡᠷᠡᠰ ᠡᠰᠡᠷᠭᠦᠴᠡᠯ ᠳᠤ ᠣᠴᠠᠷᠠᠪᠠ᠃ ᠡᠶᠢᠮᠦ ᠪᠠᠶᠢᠳᠠᠯ ᠲᠣᠣᠷ᠎ᠠ | ᠬᠤᠮᠵᠠ ᠪᠣᠯᠣᠨ ᠦᠽᠪᠧᠭ · ᠲᠡᠮᠦᠷ ︵ᠲᠡᠷᠡ ᠪᠣᠯ ᠬᠡᠷᠡᠶᠢᠳ ᠠᠶᠢᠮᠠᠭ ᠤᠨ ᠬᠦᠮᠦᠨ ᠶᠣᠮ︶ ᠬᠤᠶᠠᠭᠤᠯᠠ ᠬᠠᠮᠳᠣ | ᠪᠠᠷ ᠡᠮᠢᠷ ᠲᠡᠮᠦᠷ ᠢ ᠲᠦᠰᠢᠬᠦ ᠪᠠᠷ ᠶᠠᠪᠣᠪᠠ᠃ ᠵᠠᠯᠭᠠᠭᠠᠳ ᠡᠮᠢᠷ ᠲᠡᠮᠦᠷ ᠴᠡᠷᠢᠭ ᠡᠭᠦᠰᠭᠡᠨ ᠬᠠᠮᠠᠷ ᠠᠳ᠋ᠳᠢᠨ ᠲᠠᠢ | ᠪᠠᠶᠢᠯᠳᠣᠷ᠎ᠠ ᠢᠷᠡᠪᠡ᠃ ᠲᠡᠷᠡ ᠦᠪᠡᠷ ᠢᠶᠠᠨ ᠣᠣᠯ ᠨᠣᠳᠤᠭ ᠳᠠᠭᠠᠨ ᠰᠠᠭᠤᠵᠣ ᠬᠦᠳᠡᠯᠦᠭᠰᠡᠨ ᠦᠭᠡᠢ᠂ ᠵᠦᠪᠬᠡᠨ | ᠪᠠᠾᠷᠠᠮ · ᠵᠠᠯᠠᠶᠢᠷ · ᠬᠢᠳᠠᠨ · ᠪᠠᠭᠠᠳᠣᠷ ᠪᠣᠯᠣᠨ ᠱᠠᠾ · ᠠᠯᠢ · ᠪᠠᠭᠠᠳᠣᠷ ᠢ ᠲᠣᠮᠢᠯᠠᠨ ᠠᠯᠠᠮᠳᠣ ① ᠶᠢᠨ ᠬᠢᠵᠠᠭᠠᠷ | ᠲᠤ ᠴᠡᠷᠢᠭ ᠣᠷᠣᠭᠤᠯᠪᠠ᠃ ᠲᠡᠳᠡ ᠠᠶᠢᠱᠠ ᠬᠠᠳᠣᠨ ᠤ ᠭᠤᠣᠯ ᠤᠨ ᠬᠦᠪᠡᠭᠡᠨ ᠳᠤ ᠬᠦᠷᠦᠭᠡᠳ᠂ ᠬᠡᠷᠡᠶᠢᠳ ② | ᠬᠦᠮᠦᠨ ᠢ ᠲᠠᠭᠠᠷᠢᠨ ᠲᠣᠪᠳᠣᠯᠪᠠ᠃ ᠲᠠᠶᠢᠨ ᠵᠣᠭᠰᠣᠭᠠᠳ ᠲᠡᠳᠡ ᠡᠪᠰᠡᠨ ᠪᠣᠴᠠᠪᠠ᠃ ᠭᠡᠪᠡᠴᠦ ᠡᠮᠢᠷ ᠲᠡᠮᠦᠷ ᠡᠨᠡᠬᠦ | ᠡᠪᠰᠡᠯ ᠢ ᠬᠦᠯᠢᠶᠡᠨ ᠵᠦᠪᠰᠢᠶᠡᠷᠬᠦ ᠲᠣᠷ᠎ᠠ ᠦᠭᠡᠢ ᠪᠣᠯᠬᠤᠷ ᠦᠪᠡᠷ ᠤᠨ ᠪᠡᠶ᠎ᠡ ᠪᠠᠷ ᠢᠶᠠᠨ ᠲᠠᠬᠢᠨ ᠴᠡᠷᠢᠭ ᠲᠠᠶᠢᠴᠢᠯᠠᠨ | ᠢᠷᠡᠵᠦ ᠡᠨᠡᠬᠦ ᠣᠯᠣᠰ ᠲᠤ ᠲᠦᠷᠢᠮᠡᠬᠡᠶᠢᠯᠡᠨ ᠣᠷᠣᠪᠠ᠃ ︽ᠲᠡᠮᠦᠷ ᠤᠨ ᠲᠠᠶᠢᠨ ᠤ ᠭᠠᠪᠢᠶ᠎ᠠ ᠶᠢᠨ ᠲᠡᠮᠳᠡᠭᠯᠡᠯ︾ | ᠨᠣᠮ ᠳᠤ ᠬᠡᠯᠡᠭᠰᠡᠨ ᠨᠢ ᠲᠣᠣᠷᠠᠬᠢ ᠮᠡᠳᠦ᠄ | ᠰᠠᠨᠠᠭᠰᠠᠨ ᠬᠡᠷᠡᠭ ᠢᠶᠠᠨ ᠵᠠᠪᠠᠯ ᠪᠡᠶᠡᠯᠡᠭᠦᠯᠳᠡᠭ ᠡᠮᠢᠷ ᠲᠡᠮᠦᠷ ᠬᠡᠷᠪᠡ ᠨᠢᠭᠡᠨᠳᠡ ᠭᠠᠷ ᠬᠦᠳᠡᠯᠦᠨ ᠨᠢᠭᠡᠨ ᠶᠠᠭᠤᠮ᠎ᠠ | ᠶᠢ ᠬᠢᠬᠦ ᠪᠠᠷ ᠣᠷᠣᠯᠳᠣᠳᠠᠭ ᠪᠣᠯ ᠬᠠᠷᠠᠯᠳᠠ ᠲᠠᠭᠠᠨ ᠬᠦᠷᠬᠦ ᠦᠭᠡᠢ ᠪᠣᠯ ᠲᠠᠯᠪᠢᠬᠤ ᠦᠭᠡᠢ ᠵᠠᠩ ᠲᠠᠢ ᠬᠦᠮᠦᠨ ᠶᠣᠮ | ᠃ ᠲᠡᠷᠡ ᠦᠪᠡᠷ ᠤᠨ ᠵᠠᠩᠵᠣᠨ ᠨᠡᠷ ᠲᠠᠭᠠᠨ ᠮᠠᠰᠢ ᠲᠣᠷ᠎ᠠ ᠦᠭᠡᠶᠢᠴᠡᠨ᠂ ᠡᠶᠢᠮᠦ ᠠᠮᠠᠷᠬᠠᠨ ᠢᠶᠠᠷ ᠡᠯᠬᠡ ᠲᠠᠶᠢᠪᠤ ᠤᠨ | ᠬᠤᠷ᠎ᠠ ᠪᠠᠷ ᠲᠠᠶᠢᠯᠠᠨ ᠲᠠᠭᠠᠭᠤᠯᠬᠤ ᠦᠢᠯᠡ ᠶᠢ ᠣᠷᠣᠯᠠᠪᠠ ᠬᠡᠮᠡᠨ ᠣᠨᠳᠣᠭᠤᠴᠠᠵᠣ᠂ ᠡᠯ᠎ᠡ ᠵᠦᠭ ᠲᠤ ᠵᠠᠷ | ᠲᠠᠷᠬᠠᠭᠠᠨ ᠴᠡᠷᠢᠭ ᠮᠣᠷᠢ ᠪᠠᠨ ᠶᠡᠬᠡᠪᠡᠷ ᠴᠣᠭᠯᠠᠭᠤᠯᠵᠣ ᠡᠬᠢᠯᠡᠪᠡ᠃ ᠢᠩᠬᠢᠭᠡᠳ ᠨᠢᠭᠡᠨ ᠣᠷᠳᠣ ᠬᠤᠭᠤᠴᠠᠭ᠎ᠠ ᠪᠠᠷ | ᠲᠠᠶᠢᠨ ᠲᠠᠵᠢᠨ ᠳᠤ ᠲᠠᠪᠳᠠᠭᠳᠠᠨ ᠪᠣᠯᠪᠠᠰᠣᠷᠠᠭᠰᠠᠨ ᠯᠣᠳᠣ ᠲᠣᠮᠣ ᠴᠡᠷᠢᠭ ᠠᠩᠬᠢ ᠪᠦᠷᠢᠯᠳᠦᠵᠦ᠂ ᠲᠡᠭᠦᠨ ᠤ ᠬᠠᠭᠠᠨ | ᠣᠷᠳᠣᠨ ᠤ ᠡᠮᠦᠨ᠎ᠡ ᠬᠤᠷᠠᠨ ᠴᠣᠭᠯᠠᠷᠠᠪᠠ᠃ ᠲᠡᠭᠦᠨ ᠤ ᠴᠡᠷᠢᠭ ᠤᠨ ᠲᠤᠭ᠎ᠠ ᠶᠢᠨ ᠣᠯᠠᠨ ᠨᠢ ᠲᠠᠯ᠎ᠠ ᠶᠢᠨ ᠡᠯᠡᠰᠦ | ᠮᠡᠳᠦ ᠪᠠᠶᠢᠵᠣ ᠮᠣᠷᠳᠠᠨ ᠭᠠᠷᠣᠯ᠎ᠠ᠃ ᠲᠡᠷᠡ ᠢᠯᠠᠯᠳᠠ ᠶᠢᠨ ᠪᠡᠯᠭᠡᠳᠡᠯ ᠪᠣᠯᠣᠭᠰᠠᠨ ᠲᠠᠶᠢᠨ ᠤ ᠲᠤᠭ ᠢᠶᠠᠨ ᠦᠨᠳᠦᠷ | ᠮᠠᠨᠳᠣᠭᠤᠯᠵᠣ ᠠᠮᠣᠷ ᠲᠦᠪᠰᠢᠨ ᠢᠶᠠᠷ ᠰᠠᠶᠢᠷᠠᠮ ᠪᠣᠯᠣᠨ ᠶᠠᠩᠭᠢ ③ ︵Yangi︶ ᠬᠦᠷᠬᠦ ᠳᠤ ᠲᠠᠶᠢᠰᠣᠨ | ᠡᠳᠡᠭᠡᠳ ᠰᠠᠯᠬᠢᠨ ᠤ ᠠᠶ᠎ᠠ ᠪᠠᠷ ᠪᠣᠷᠣᠭᠤᠯᠠᠨ ᠲᠣᠳᠠᠭᠠᠪᠠ᠃ ᠵᠠᠯᠭᠠᠭᠠᠳ ᠲᠡᠳᠡ ᠰᠠᠩᠭᠠᠷᠬᠠᠵ ︵Sangarghaj | ︶ ᠬᠦᠷᠬᠦ ᠦᠶ᠎ᠡ ᠳᠤ ᠲᠡᠭᠦᠨ ᠤ ᠴᠡᠷᠢᠭ ᠤᠨ ᠣᠯᠵᠠᠯᠠᠭᠰᠠᠨ ᠲᠠᠶᠢᠨ ᠤ ᠣᠯᠵᠠ ᠨᠢᠭᠡᠨᠳᠡ ᠮᠠᠰᠢ ᠣᠯᠠᠨ ᠪᠣᠯᠪᠠ᠃ | ᠠᠳᠣᠨ · ᠬᠤᠷᠢ ︵ᠠᠳᠣᠭᠤᠨ ᠬᠤᠷᠢᠭ︖︶ ᠬᠦᠷᠬᠦ ᠦᠶ᠎ᠡ ᠳᠤ ᠡᠮᠢᠷ ᠮᠦᠰᠠ ᠪᠣᠯᠣᠨ ᠵᠠᠨᠳᠠ · ᠬᠠᠱᠧᠨ | ᠬᠡᠳᠦᠶᠢᠪᠡᠷ ᠡᠮᠢᠷ ᠲᠡᠮᠦᠷ ᠤᠨ ᠦᠷᠦᠰᠢᠶᠡᠯ ᠬᠡᠰᠢᠭ ᠲᠤ ᠬᠦᠷᠳᠡᠵᠦ ᠦᠩᠭᠡᠷᠡᠭᠰᠡᠨ ᠪᠣᠯᠪᠠᠴᠣ᠂ ᠡᠨᠡ ᠦᠶ᠎ᠡ ᠪᠠᠷ | ᠬᠠᠷᠢᠨ ᠣᠷᠪᠠᠭ᠋ᠣ ᠪᠠᠷ ᠬᠤᠣᠪᠢᠯᠳᠣᠵᠣ᠂ ᠲᠡᠳᠡ ᠪᠠᠰᠠ ᠾᠢᠳᠢᠷ · ᠶᠠᠰᠷᠢ ᠶᠢᠨ ᠬᠦᠪᠡᠭᠦᠨ ᠠᠪᠣᠯ · ᠢᠱᠠᠾ ᠲᠠᠢ | ᠬᠠᠮᠳᠣ ᠵᠦᠪᠯᠡᠯᠳᠦᠨ ᠲᠡᠭᠦᠨ ᠳᠤ ᠬᠠᠮᠤᠭ ᠨᠢᠭᠤᠴᠠ ᠪᠠᠨ ᠪᠦᠷ ᠮᠡᠳᠡᠭᠳᠡᠵᠡᠢ᠃ ᠲᠡᠳᠡᠨᠡᠷ ᠮᠠᠰᠢ ᠦᠨᠡᠨᠴᠢ ᠪᠠᠷ | ᠲᠠᠩᠭᠠᠷᠭᠯᠠᠵᠣ ᠬᠡᠯᠡᠭᠰᠡᠨ ᠨᠢ᠄ ︽ᠬᠠᠷ᠎ᠠ ᠰᠠᠮᠠᠨ ᠳᠤ ᠬᠦᠷᠦᠭᠰᠡᠨ ᠤ ᠬᠤᠶᠢᠨ᠎ᠠ ᠯᠠᠪᠳᠠᠢ ᠠᠪᠠ ᠬᠢᠵᠦ ᠬᠤᠮᠣᠷᠭᠠᠯᠠᠵᠣ | ᠪᠠᠶᠢᠭ᠎ᠠ ᠦᠶ᠎ᠡ ᠳᠤ ᠠᠷᠭ᠎ᠠ ᠭᠠᠷᠭᠠᠨ ᠡᠮᠢᠷ ᠲᠡᠮᠦᠷ ᠢ ᠪᠠᠷᠢᠪᠴᠢᠯᠠᠨ ᠠᠪᠣᠨ᠎ᠠ ᠭᠡᠵᠡᠢ᠃ ᠲᠡᠳᠡ ᠡᠨᠡᠬᠦ ᠲᠦᠯᠦᠪᠯᠡᠭᠡ | ᠪᠠᠨ ᠪᠣᠳᠣᠬᠤ ᠲᠣᠰᠣᠮ ᠪᠠᠶᠠᠷᠯᠠᠨ ᠬᠦᠭᠡᠷᠦᠵᠦ ᠬᠦᠭᠰᠡᠵᠡᠭᠡᠳᠡᠭ ᠪᠣᠯᠵᠠᠢ᠃ ᠡᠮᠢᠷ ᠲᠡᠮᠦᠷ ᠣᠣᠯ ᠲᠠᠭᠠᠨ ᠲᠠᠷᠣᠢ | ᠬᠤᠶᠠᠷ ᠬᠦᠮᠦᠨ ᠲᠠᠢ ᠮᠠᠭᠤᠳᠠᠯᠴᠠᠭᠠᠳ ᠵᠠᠪᠰᠠᠷ ᠲᠠᠢ ᠪᠠᠶᠢᠵᠠᠢ᠃ ᠡᠨᠡ ᠬᠤᠶᠠᠷ ᠬᠦᠮᠦᠨ ᠤ ᠨᠢᠭᠡ ᠨᠢ ᠪᠣᠯ ᠲᠠᠷᠣᠢ | ᠬᠠᠨᠵᠠᠳᠠ · ᠠᠪᠣᠯ · ᠮᠠᠶᠢᠶᠠᠷᠢ · ᠲᠣᠷᠮᠠᠳ᠋ ᠭᠡᠵᠦ᠂ ᠨᠦᠬᠦᠭᠡ ᠨᠢᠭᠡ ᠨᠢ ᠰᠠᠮᠠᠷᠺᠠᠨᠳ᠋ ᠶᠢᠨ ᠱᠠᠾ · ᠷᠠᠶᠢᠰ ᠭᠡᠳᠡᠭ | ᠬᠦᠮᠦᠨ ᠪᠠᠶᠢᠪᠠ᠃ ᠡᠨᠡ ᠬᠤᠶᠠᠷ ᠬᠦᠮᠦᠨ ᠡᠨᠡ ᠦᠶ᠎ᠡ ᠪᠠᠷ ᠮᠦᠨ ᠡᠨᠡ ᠬᠤᠣᠪᠢᠯᠳᠣᠯᠭᠠᠨ ᠳᠤ ᠣᠷᠣᠯᠴᠠᠵᠣ | ᠣᠷᠪᠠᠭ᠋ᠣ ᠪᠠᠷ ᠪᠣᠯᠵᠣᠵᠠᠢ᠃ | ᠭᠡᠪᠡᠴᠦ ᠵᠠᠷᠢᠮ ᠬᠦᠮᠦᠨ ᠡᠨᠡᠬᠦ ᠴᠢᠮᠡᠭᠡ ᠶᠢ ᠣᠯᠵᠣ ᠮᠡᠳᠡᠭᠡᠳ ᠡᠮᠢᠷ ᠲᠡᠮᠦᠷ ᠲᠤ ᠮᠡᠳᠡᠭᠦᠯᠪᠡ᠃ ᠲᠡᠭᠡᠭᠡᠳ ᠡᠮᠢᠷ | ᠲᠡᠮᠦᠷ ᠡᠨᠡ ᠬᠡᠳᠦᠭᠦᠯᠡ ᠶᠢ ᠲᠠᠭᠤᠳᠠᠨ ᠠᠪᠴᠢᠷᠠᠵᠣ᠂ ᠰᠦᠭᠦᠳᠭᠡᠵᠦ ᠪᠠᠶᠢᠭᠠᠳ ᠰᠢᠭᠦᠨ ᠠᠰᠠᠭᠤᠭᠰᠠᠨ᠎ᠠ ᠲᠡᠳᠡᠨ ᠤ | ᠦᠨᠡᠨ ᠬᠡᠷᠡᠭ ᠨᠢ ᠢᠯᠡᠷᠡᠵᠦ ᠣᠷᠪᠠᠭ᠋ᠣ ᠶᠠᠯ᠎ᠠ ᠨᠢ ᠲᠣᠲᠣᠷᠠᠪᠠ᠃ | ᠭᠡᠪᠡᠴᠦ ᠰᠠᠷᠠᠢ · ᠮᠦᠯᠧᠺ · ᠬᠠᠨᠢᠮ ④ ᠪᠣᠯ ᠮᠦᠰᠠ ᠶᠢᠨ ᠠᠬ᠎ᠠ ᠶᠢᠨ ᠬᠡᠣᠬᠡᠨ ᠪᠠᠶᠢᠭᠰᠠᠨ ᠪᠦᠭᠡᠳ ᠡᠭᠦᠨ ᠤ | ᠬᠠᠮᠳᠣ ᠠᠷᠢᠭᠤᠨ ᠲᠠᠬᠢᠮᠳᠠᠭᠤ ᠠᠭ᠎ᠠ · ᠪᠠᠬᠢ ᠭᠦᠩᠵᠦ ᠶᠢ ᠲᠡᠭᠦᠨ ᠳᠤ ᠡᠬᠡᠨᠡᠷ ᠪᠣᠯᠭᠠᠨ ᠬᠤᠯᠪᠣᠭᠰᠠᠨ ᠲᠣᠯᠠᠳᠠ | ᠡᠮᠢᠷ ᠲᠡᠮᠦᠷ ᠲᠡᠭᠦᠨ ᠳᠤ ᠦᠬᠦᠯᠡᠷᠦᠨ᠄ ︽ᠬᠡᠳᠦᠶᠢᠪᠡᠷ ᠴᠢᠨᠦ ᠶᠠᠯ᠎ᠠ ᠮᠠᠰᠢ ᠬᠦᠨᠳᠦ ᠪᠣᠯᠪᠠᠴᠣ᠂ ᠪᠢᠳᠡ ᠬᠤᠶᠠᠭᠤᠯᠠ | ᠰᠠᠳᠣᠨ ᠪᠣᠯᠬᠤ ᠶᠢᠨ ᠲᠣᠯᠠᠳᠠ ᠪᠢ ᠴᠢᠮᠠᠢ ᠠᠯᠠᠬᠤ ᠦᠭᠡᠢ ᠲᠠᠯᠪᠢᠶ᠎ᠠ᠃ ᠴᠢ ᠪᠢᠳᠡᠨ ᠣᠷᠤᠭ ᠰᠠᠳᠣᠨ ᠤ | ᠬᠠᠷᠢᠴᠠᠭ᠎ᠠ ᠲᠠᠢ ᠪᠠ ᠴᠢᠨᠦ ᠴᠠᠭᠠᠨ ᠪᠣᠭᠤᠷᠣᠯ ᠲᠣᠯᠣᠭᠠᠢ ᠶᠢ ᠴᠢᠨᠢ ᠪᠣᠳᠣᠵᠣ ᠡᠨᠡ ᠣᠳᠠᠭ᠎ᠠ ᠠᠭᠤᠴᠢᠯᠠᠶ᠎ᠠ᠃ | ᠡᠰᠡᠪᠦᠭᠡᠰᠦ ᠴᠢᠮ᠎ᠠ ᠶᠢ ᠠᠯᠠᠬᠤ ᠪᠠᠷ ᠰᠢᠢᠳᠭᠡᠨ ᠲᠣᠯᠣᠭᠠᠢ ᠶᠢ ᠴᠢᠨᠢ ᠴᠠᠪᠴᠢᠨ ᠣᠨᠠᠭᠠᠬᠤ ᠨᠢ ᠵᠦᠢ ᠶᠣᠰᠣᠨ ᠤ | ᠬᠡᠷᠡᠭ ᠶᠣᠮ︾ ᠭᠡᠪᠡ᠃ ᠡᠮᠢᠷ ᠲᠡᠮᠦᠷ ᠬᠠᠨᠵᠠᠳᠠ ᠳᠤ ᠬᠡᠯᠡᠭᠰᠡᠨ ᠨᠢ᠄ ︽ᠴᠢᠮ᠎ᠠ ᠶᠢ ᠮᠦᠬᠠᠮᠦᠳ᠋ ᠪᠣᠭᠳᠠ ᠶᠢᠨ | ᠬᠤᠶᠢᠴᠢᠰ ᠲᠠᠢ ᠰᠠᠳᠣᠨ ᠲᠦᠷᠦᠯ ᠪᠣᠯᠬᠤ ᠶᠢ ᠪᠣᠳᠣᠵᠣ ᠪᠢ ᠪᠣᠰᠣᠳ ᠢᠶᠠᠷ ᠴᠢᠮ᠎ᠠ ᠶᠢ ᠲᠣᠷᠣᠮᠵᠢᠯᠠᠭᠤᠯᠬᠤ ᠦᠭᠡᠢ᠂ | ᠭᠡᠪᠡᠴᠦ ᠴᠢ ᠵᠠᠪᠠᠯ ᠡᠨᠡ ᠣᠯᠣᠰ ᠠᠴᠠ ᠠᠩᠬᠢᠵᠢᠷᠠᠬᠤ ᠬᠡᠷᠡᠭᠳᠡᠢ︾ ᠭᠡᠵᠦ ᠬᠡᠯᠡᠭᠡᠳ ᠲᠡᠬᠦᠨ ᠢ ᠬᠠᠨᠵ ᠳᠤ | ᠮᠦᠷᠬᠦᠯ ᠬᠢᠯᠭᠡᠬᠦ ᠪᠠᠷ ᠶᠠᠪᠣᠭᠤᠯᠪᠠ᠃ ᠾᠢᠳᠢᠷ · ᠶᠠᠰᠠᠷᠢ ᠶᠢᠨ ᠬᠦᠪᠡᠭᠦᠨ ᠨᠢ ᠡᠮᠢᠷ ᠰᠠᠶᠢᠹᠳᠢᠨ ᠤ ᠬᠠᠳᠠᠮ ᠠᠬ᠎ᠠ | ᠪᠣᠯᠣᠭᠰᠠᠨ ᠢᠶᠠᠷ ᠢᠶᠠᠨ ᠶᠠᠯ᠎ᠠ ᠪᠠᠨ ᠮᠡᠳᠡᠷᠡᠵᠦ᠂ ᠠᠭᠤᠴᠢᠯᠠᠬᠤ ᠭᠤᠶᠣᠴᠢᠯᠠᠯ ᠬᠦᠰᠡᠭᠰᠡᠨ ᠢᠶᠠᠷ ᠠᠭᠤᠴᠢᠯᠠᠭᠳᠠᠵᠣ᠂ | ᠡᠨᠡᠬᠦ ᠵᠣᠪᠠᠯᠠᠩ ᠠᠴᠠ ᠭᠡᠳᠦᠯᠵᠦ ᠴᠢᠳᠠᠵᠠᠢ᠃ ᠢᠩᠬᠢᠭᠡᠳ ᠡᠵᠡᠳ ᠬᠠᠭᠠᠳ ᠤᠨ ᠡᠨᠡᠷᠢᠯ ᠬᠡᠰᠢᠭ ᠢᠶᠠᠷ ᠡᠳᠡᠭᠡᠷ | ᠬᠦᠮᠦᠰ ᠤᠨ ᠶᠠᠯ᠎ᠠ ᠨᠢᠭᠦᠯᠳᠦ ᠰᠡᠳᠬᠢᠯ ᠢ ᠠᠷᠢᠭᠤᠰᠬᠠᠨ ᠴᠡᠪᠡᠷᠯᠡᠪᠡ᠃ ᠡᠮᠢᠷ ᠲᠡᠮᠦᠷ ᠨᠢᠭᠡᠨ ᠵᠠᠷᠯᠢᠭ ᠨᠡᠶᠢᠳᠡᠯᠡᠨ᠂ | ᠵᠠᠨᠳᠠ · ᠬᠠᠱᠧᠨ ᠢ ᠰᠠᠮᠠᠷᠺᠠᠨᠳ᠋ ᠲᠤ ᠬᠦᠷᠭᠡᠨ ᠴᠢᠩᠭᠠᠳᠠ ᠬᠠᠷᠠᠵᠣ ᠰᠠᠬᠢᠭᠤᠯᠪᠠ᠃ ᠡᠮᠢᠷ ᠲᠡᠮᠦᠷ ᠦᠪᠡᠷ ᠤᠨ | ᠨᠡᠶᠢᠰᠯᠡᠯ ᠰᠠᠮᠠᠷᠺᠠᠨᠳ᠋ ᠳᠠᠭᠠᠨ ᠬᠠᠷᠢᠭᠰᠠᠨ ᠤ ᠲᠠᠷᠠᠭ᠎ᠠ ᠵᠠᠷᠯᠢᠭ ᠭᠠᠷᠭᠠᠨ ᠠᠬ᠎ᠠ · ᠪᠣᠬ᠎ᠠ ᠶᠢᠨ ᠬᠦᠪᠡᠭᠦᠨ ᠪᠠᠶᠠᠨ · | ᠲᠡᠮᠦᠷ ᠢ ᠰᠢᠪᠠᠷᠭᠠᠨ ᠤ ᠵᠠᠬᠢᠷᠣᠭᠴᠢ ᠪᠠᠷ ᠲᠣᠮᠢᠯᠠᠪᠠ᠃ ᠣᠣᠯ ᠨᠢ ᠵᠠᠨᠳᠠ · ᠬᠠᠱᠧᠨ ᠰᠢᠪᠠᠷᠭᠠᠨ ᠤ ᠵᠠᠬᠢᠷᠣᠭᠴᠢ | ᠪᠠᠶᠢᠭᠰᠠᠨ ᠶᠣᠮ᠃ | ᠲᠣᠰ ᠪᠦᠯᠦᠭ ᠤᠨ ᠲᠠᠶᠢᠯᠪᠣᠷᠢ | ① ᠠᠯᠠᠮᠳᠣ ᠭᠡᠳᠡᠭ ᠨᠢ ᠣᠳᠣᠬᠢ ᠬᠠᠰᠠᠭᠰᠲ᠋ᠠᠨ ᠤ ᠠᠯᠠᠮᠳᠣ ᠪᠣᠯᠣᠨ᠎ᠠ᠂ ᠭᠡᠪᠡᠴᠦ ᠠᠯᠠᠮᠳᠣ ᠳᠤ ᠬᠦᠷᠦᠯ᠎ᠡ ᠭᠡᠰᠡᠨ | ᠦᠭᠡ ᠪᠢᠰᠢ᠂ ᠵᠦᠪᠬᠡᠨ ᠲᠡᠭᠦᠨ ᠤ ᠬᠢᠵᠠᠭᠠᠷ ᠲᠤ ᠣᠷᠣᠪᠠ ᠭᠡᠰᠡᠨ ᠦᠭᠡ ᠶᠣᠮ᠃ | ② ᠠᠩᠭ᠍ᠯᠢᠴᠢᠯᠠᠭᠴᠢ ᠬᠡᠷᠡᠢ ᠪᠣᠶᠣ ᠬᠡᠷᠡᠶᠢᠳ ᠭᠡᠳᠡᠭ ᠦᠭᠡᠨ ᠳᠤ ᠲᠣᠲᠣᠷᠬᠠᠢ ᠲᠠᠨᠢᠯᠳᠠ ᠦᠭᠡᠢ ᠪᠣᠯᠣᠯᠳᠠᠢ᠂ | ᠡᠶᠢᠮᠦ ᠠᠴᠠ ᠲᠡᠷᠡ ᠬᠡᠷᠡᠢ ᠪᠣᠯ ᠪᠠᠷᠤᠭ ᠨᠢᠭᠡ ᠠᠶᠢᠮᠠᠭ ᠤᠨ ᠨᠡᠷ᠎ᠡ ᠪᠣᠯᠣᠨ᠎ᠠ ᠭᠡᠵᠦ ᠲᠠᠶᠢᠯᠪᠣᠷᠢᠯᠠᠭᠠᠳ᠂ kerei | kereit gerei gereit kherei khereit ᠵᠡᠷᠭᠡ ᠶᠢ ᠪᠦᠷ ᠵᠢᠬᠰᠠᠭᠠᠨ ᠪᠢᠴᠢᠭᠡᠳ ᠨᠢᠭᠡ ᠨᠡᠷ᠎ᠡ ᠶᠢᠨ | ᠣᠯᠠᠨ ᠵᠦᠢᠯ ᠤᠨ ᠪᠢᠴᠢᠯᠭᠡ ᠭᠡᠵᠦ ᠲᠣᠲᠣᠯᠠᠨ ᠲᠠᠶᠢᠯᠪᠣᠷᠢᠯᠠᠭᠠᠳ᠂ ᠬᠤᠶᠢᠨᠠᠬᠢ t ᠨᠢ ᠮᠣᠩᠭᠤᠯ ᠬᠡᠯᠡᠨ ᠤ ᠣᠯᠠᠨ | ᠲᠤᠭ᠎ᠠ ᠶᠢ ᠢᠯᠡᠳᠭᠡᠨ᠎ᠡ ᠭᠡᠵᠦ ᠵᠦᠪ ᠲᠠᠶᠢᠯᠪᠣᠷᠢᠯᠠᠵᠠᠢ᠃ ᠭᠡᠪᠡᠴᠦ ᠲᠡᠷᠡ ᠬᠡᠷᠡᠶᠢᠳ ᠭᠡᠳᠡᠭ ᠠᠶᠢᠮᠠᠭ ᠲᠤ | ᠲᠣᠲᠣᠷᠠᠬᠠᠢ ᠲᠠᠨᠢᠯᠳᠠ ᠦᠭᠡᠢ ᠪᠣᠯᠬᠤᠷ ᠬᠡᠷᠡᠶᠢᠳ ᠲᠠᠢ ᠬᠠᠮᠢᠶ᠎ᠠ ᠦᠭᠡᠢ Kazait ᠭᠡᠳᠡᠭ ᠦᠭᠡ ᠲᠠᠢ ᠬᠤᠳᠬᠤᠨ | ᠂ ᠡᠯ᠎ᠡ ᠵᠦᠢᠯ ᠤᠨ ᠨᠣᠮ ᠪᠢᠴᠢᠭ ᠠᠴᠠ ᠡᠰᠢ ᠲᠠᠲᠠᠨ ᠲᠠᠶᠢᠯᠪᠣᠷᠢᠯᠠᠬᠤ ᠪᠠᠷ ᠣᠷᠣᠯᠳᠣᠭᠰᠠᠨ ᠪᠠᠶᠢᠨ᠎ᠠ᠃ | ③ ᠶᠠᠩᠭᠢ ᠶᠢ ᠪᠠᠰᠠ ᠲᠠᠩᠬᠢ ᠭᠡᠬᠦ ᠪᠣᠶᠣ ᠫᠠᠩᠬᠢ ᠭᠡᠳᠡᠭ᠂ ᠬᠡᠯᠡᠯᠬᠡᠨ ᠦᠭᠡᠢ ᠡᠨᠡ ᠭᠠᠵᠠᠷ ᠪᠣᠯ ᠣᠳᠣᠬᠢ ᠳᠠᠯᠠᠰ | ᠮᠦᠨ᠃ ᠲᠡᠭᠦᠨ ᠢ ᠶᠠᠩᠭᠢ ᠭᠡᠵᠦ ᠪᠠᠶᠢᠬᠤ ᠨᠢ ᠰᠢᠨ᠎ᠡ ᠬᠤᠳᠠ ᠭᠡᠳᠡᠭ ᠣᠳᠬ᠎ᠠ ᠲᠠᠢ ᠦᠭᠡ ᠶᠠᠩᠭᠢᠺᠠᠨᠳ᠋ ᠶᠢᠨ | ᠲᠣᠪᠴᠢᠯᠠᠯ ᠨᠡᠷ᠎ᠡ ᠪᠣᠯᠣᠨ᠎ᠠ᠃ ᠡᠨᠡ ᠭᠠᠵᠠᠷ ᠰᠠᠶᠢᠷᠠᠮ ᠠᠴᠠ ᠵᠡᠬᠦᠨ ᠬᠤᠶᠢᠰᠢ ᠭᠤᠷᠪᠠᠨ ᠵᠠᠭᠤ ᠵᠢᠷᠠᠨ ᠭᠠᠵᠠᠷ | ᠣᠷᠴᠢᠮ ᠳᠤ ᠪᠠᠶᠢᠳᠠᠭ᠃ | ④ ᠰᠠᠷᠠᠢ · ᠮᠦᠯᠧᠺ · ᠬᠠᠨᠢᠮ ᠪᠣᠯ ᠲᠡᠮᠦᠷ ᠤᠨ ᠨᠢᠭᠡ ᠬᠠᠳᠣᠨ ᠨᠢ ᠪᠣᠯᠣᠨ᠎ᠠ᠃ ᠲᠡᠭᠦᠨ ᠤ ᠲᠦᠷᠦᠭᠰᠡᠨ | ᠬᠦᠪᠡᠭᠦᠨ ᠪᠣᠯ ᠲᠡᠮᠦᠷ ᠤᠨ ᠬᠦᠪᠡᠭᠦᠨ ᠱᠠᠬᠠᠷᠤᠭ ᠶᠣᠮ᠂ ᠱᠠᠬᠠᠷᠤᠭ ᠬᠤᠵᠢᠮ ᠲᠡᠮᠦᠷ ᠬᠠᠭᠠᠨᠳᠣ ᠣᠯᠣᠰ ᠲᠤ | ᠬᠠᠭᠠᠨ ᠰᠠᠭᠤᠵᠣ ᠦᠩᠭᠡᠷᠡᠵᠡᠢ᠃ ᠲᠠᠷᠠᠭ᠎ᠠ ᠦᠬᠦᠯᠡᠭᠳᠡᠬᠦ ᠠᠬ᠎ᠠ · ᠪᠠᠬᠢ ᠭᠦᠩᠵᠦ ᠭᠡᠳᠡᠭ ᠨᠢ ᠲᠡᠮᠦᠷ ᠤᠨ ᠣᠳᠣᠮ | ᠤᠨ ᠬᠡᠣᠬᠡᠨ ᠪᠣᠯᠣᠨ᠎ᠠ᠃ | | | ᠪᠡᠯᠡᠳᠬᠡᠭᠰᠡᠨ ᠨᠢ᠄ ᠡᠷᠳᠡᠨᠢᠬᠦᠦ | ᠨᠠᠶᠢᠷᠠᠭᠤᠯᠤᠭᠰᠠᠨ ᠨᠢ᠄ ᠨᠠᠮᠤᠷ | ᠬᠢᠨᠠᠭᠰᠠᠨ ᠨᠢ᠄ ᠤᠷᠢᠬᠠᠨ |