ᠠᠷᠪᠠᠨ ᠨᠠᠢᠮᠠᠳᠣᠭᠠᠷ ᠪᠦᠯᠦᠭ | | ᠾᠢᠵᠢᠷ ᠲᠣᠭᠠᠯᠠᠯ ᠤᠨ 776 ᠣᠨ ︵1375 ᠣᠨ︶ ᠤ ᠱᠠᠪᠠᠨ ᠰᠠᠷ᠎ᠠ ᠶᠢᠨ ᠰᠢᠨ᠎ᠠ ᠶᠢᠨ ᠨᠢᠭᠡᠨ᠂ ᠭᠠᠷᠠᠭ | ᠤᠨ ᠲᠦᠷᠪᠡᠨ ᠳᠤ ᠡᠮᠢᠷ ᠲᠡᠮᠦᠷ ᠨᠢᠭᠡᠨ ᠰᠠᠯᠠᠭ᠎ᠠ ᠴᠡᠷᠢᠭ ᠮᠣᠷᠢ ᠵᠣᠬᠢᠶᠠᠨ ᠪᠠᠶᠢᠭᠤᠯᠵᠣ᠂ ᠴᠠᠭᠠᠳᠠᠢ ᠶᠢᠨ ᠣᠯᠣᠰ | ᠲᠠᠷᠣᠢ ᠮᠣᠩᠭᠤᠯᠰᠲ᠋ᠠᠨ ᠢ ᠲᠣᠪᠳᠣᠯᠬᠤ ᠪᠠᠷ ᠮᠣᠷᠳᠠᠨ ᠭᠠᠷᠪᠠ᠃ ᠵᠠᠮ ᠳᠠᠭᠠᠨ ᠲᠡᠳᠡ ᠷᠠᠪᠠᠲ · ᠺᠠᠳᠠᠨ ᠭᠡᠳᠡᠭ | ᠭᠠᠵᠠᠷ ᠲᠤ ᠬᠦᠷᠢᠶ᠎ᠡ ᠪᠠᠭᠤᠵᠠᠢ᠃ ᠲᠣᠬᠠᠢ ᠶᠢᠨ ᠦᠶ᠎ᠡ ᠳᠤ ᠲᠡᠭᠷᠢ ᠭᠡᠨᠡᠳᠳᠡ ᠪᠠᠷ ᠬᠦᠢᠳᠡᠷᠡᠵᠦ ᠡᠭᠦᠯᠡᠳᠦᠨ | ᠵᠣᠳᠯᠠᠵᠣ ᠪᠣᠷᠣᠭᠠᠨ ᠴᠠᠰᠣ ᠰᠢᠭᠤᠷᠠᠭᠰᠠᠨ ᠢ ᠬᠡᠯᠡᠬᠦ ᠶᠢᠨ ᠠᠷᠭ᠎ᠠ ᠦᠭᠡᠢ ᠪᠣᠯᠪᠠ᠃ ᠰᠢᠯᠦᠭ ᠲᠤ ᠦᠬᠦᠯᠡᠭᠰᠡᠨ ᠢᠶᠠᠷ | ᠄ ᠬᠡᠨ ᠬᠦᠮᠦᠨ ᠡᠶᠢᠮᠦ ᠶᠡᠭᠡ ᠵᠣᠳ ᠰᠢᠭᠤᠷᠭᠠᠨ ᠢ ᠦᠵᠡᠪᠡᠢ︖ | ᠬᠦᠮᠦᠨ ᠤ ᠶᠢᠷᠲᠢᠨᠴᠦ ᠶᠢ ᠬᠤᠷᠣᠮᠬᠠᠨ ᠵᠠᠭᠤᠷ᠎ᠠ ᠲᠠᠷᠣᠵᠣ ᠬᠠᠶᠠᠯ᠎ᠠ ᠭᠡᠵᠡᠢ᠃ | ᠴᠠᠰᠣ ᠵᠣᠳ ᠲᠤ ᠬᠦᠮᠦᠰ ᠭᠠᠷᠴᠣ ᠶᠠᠪᠣᠪᠠᠯ ᠡᠷᠬᠢᠵᠦ ᠢᠷᠡᠵᠦ ᠴᠢᠳᠠᠬᠤ ᠦᠭᠡᠢ ᠪᠣᠯᠵᠣ᠂ ᠬᠦᠯᠦᠭ ᠮᠣᠷᠢᠳ ᠢ | ᠬᠠᠷᠠᠵᠣ ᠠᠩᠬᠠᠷᠬᠤ ᠬᠦᠮᠦᠨ ᠦᠭᠡᠢ ᠪᠣᠯᠣᠭᠠᠳ ᠬᠦᠮᠦᠨ ᠮᠣᠷᠢᠨ ᠤ ᠰᠦᠢᠳᠦᠭᠰᠡᠨ ᠨᠢ ᠲᠣᠭᠠᠯᠠᠰᠢ ᠦᠭᠡᠢ ᠣᠯᠠᠨ | ᠪᠣᠯᠪᠠ᠃ ᠡᠮᠢᠷ ᠲᠡᠮᠦᠷ ᠡᠨᠡᠬᠦ ᠬᠠᠷᠠᠰᠠᠯᠳᠣ ᠪᠠᠶᠢᠳᠠᠯ ᠳᠤ ᠦᠷᠦᠪᠴᠢ ᠰᠡᠳᠬᠢᠯ ᠡᠭᠦᠰᠦᠨ ᠵᠠᠷᠯᠢᠭ ᠲᠠᠷᠬᠠᠭᠠᠨ | ᠰᠠᠮᠠᠷᠺᠠᠨᠳ᠋ ᠵᠦᠭ ᠢᠶᠠᠨ ᠴᠡᠷᠢᠭ ᠡᠷᠭᠢᠪᠡ᠃ ᠰᠠᠮᠠᠷᠺᠠᠨᠳ᠋ ᠬᠦᠷᠴᠦ ᠬᠤᠶᠠᠷ ᠰᠠᠷ᠎ᠠ ᠠᠮᠠᠷᠠᠨ ᠴᠡᠭᠴᠡᠯᠡᠭᠡᠳ ᠬᠦᠢᠳᠡᠨ ᠤ | ᠭᠤᠣᠯ ᠦᠩᠭᠡᠷᠡᠬᠦ ᠶᠢ ᠬᠦᠯᠡᠶᠡᠯᠡ᠃ ᠲᠠᠣᠯᠠᠢ ᠵᠢᠯ ᠤᠨ ᠡᠬᠢᠨ ᠤ ᠱᠠᠸᠠᠯ ᠰᠠᠷ᠎ᠠ ᠶᠢᠨ ᠰᠢᠨ᠎ᠡ ᠶᠢᠨ ᠨᠢᠭᠡᠨ᠂ ᠭᠠᠷᠠᠭ | ᠤᠨ ᠨᠢᠭᠡᠨ ᠳᠤ ᠲᠠᠷᠡ ᠲᠠᠬᠢᠨ ᠮᠣᠩᠭᠤᠯᠰᠲ᠋ᠠᠨ ᠵᠦᠭ ᠴᠡᠷᠢᠭᠯᠡᠵᠡᠢ᠃ | ᠲᠡᠷᠡ ᠡᠮᠢᠷ ᠵᠠᠳᠠ · ᠵᠢᠬᠠᠨᠬᠢᠷ ᠢ ᠲᠣᠷᠰᠢᠭᠤᠯ ᠳᠤ ᠭᠠᠷᠭᠠᠨ᠂ ᠱᠠᠾ · ᠮᠠᠬᠠᠮᠠᠳ᠋ · ᠪᠠᠶᠠᠨ · ᠰᠦᠯᠳᠦᠰ ᠪᠣᠯᠣᠨ | ᠠᠳᠢᠯᠱᠠᠾ ᠲᠠᠢ ᠬᠠᠮᠳᠣ ᠶᠠᠪᠣᠭᠤᠯᠪᠠ᠃ ᠠᠳᠢᠯᠱᠠᠭᠾ ᠪᠣᠯ ᠪᠠᠾᠷᠠᠮ · ᠵᠠᠯᠠᠶᠢᠷ ᠤᠨ ᠬᠦᠪᠡᠭᠦᠨ ᠶᠣᠮ᠃ ᠪᠠᠾᠷᠠᠮ · | ᠵᠠᠯᠠᠶᠢᠷ ᠨᠠᠰᠣ ᠪᠠᠷᠠᠭᠠᠳ ᠡᠮᠢᠷ ᠲᠡᠮᠦᠷ ᠲᠡᠭᠦᠨ ᠤ ᠬᠦᠪᠡᠭᠦᠨ ᠢᠶᠠᠷ ᠵᠠᠯᠠᠶᠢᠷ ᠠᠶᠢᠮᠠᠭ ᠤᠨ ᠠᠬᠠᠯᠠᠭᠴᠢ ᠪᠣᠯᠭᠠᠪᠠ᠃ | ᠲᠡᠳᠡᠨᠡᠷ ᠰᠠᠶᠢᠷᠠᠮ ᠢ ᠦᠩᠭᠡᠷᠡᠭᠡᠳ ᠨᠢᠭᠡ ᠵᠠᠷᠣᠨ ᠭᠡᠳᠡᠭ ᠭᠠᠵᠠᠷ ᠬᠦᠷᠴᠦ᠂ ᠲᠡᠨᠳᠡ ᠠᠴᠠ ᠨᠢᠭᠡ ᠴᠠᠭᠠᠳᠠᠢ ᠶᠢᠨ | ᠴᠡᠷᠢᠭ ᠢ ᠣᠯᠵᠠᠯᠠᠨ ᠪᠠᠷᠢᠪᠴᠢᠯᠠᠪᠠ᠃ ᠲᠡᠭᠡᠭᠡᠳ ᠲᠡᠭᠦᠨ ᠢ , ᠮᠢᠷ ᠲᠡᠮᠦᠷ ᠤᠨ ᠡᠮᠦᠨ᠎ᠡ ᠬᠦᠷᠭᠡᠵᠦ ᠢᠷᠡᠭᠡᠳ᠂ | ᠰᠢᠭᠦᠨ ᠠᠰᠠᠭᠤᠵᠣ᠂ ᠲᠣᠬᠤᠷᠠᠭᠤᠳ ᠠᠶᠢᠮᠠᠭ ᠤᠨ ᠬᠠᠮᠠᠷ ᠠᠳ᠋ᠳᠢᠨ ᠤ ᠬᠠᠮᠢᠭ᠎ᠠ ᠪᠠᠶᠢᠭ᠎ᠠ ᠰᠣᠷᠠᠭ ᠢ ᠣᠯᠪᠠ᠃ ᠡᠨᠡ | ᠦᠶ᠎ᠡ ᠪᠠᠷ ᠬᠠᠮᠠᠷ ᠠᠳ᠋ᠳᠢᠨ ᠶᠠᠭ ᠰᠠᠶᠢᠬᠠᠨ ᠨᠢᠭᠡ ᠰᠠᠯᠠᠭ᠎ᠠ ᠴᠡᠷᠢᠭ ᠴᠣᠭᠯᠠᠭᠤᠯᠣᠨ᠂ ᠬᠦᠬᠡ ᠲᠡᠪᠡᠭᠡ ① ᠭᠡᠳᠡᠭ | ᠭᠠᠵᠠᠷ ᠬᠠᠵᠢ · ᠪᠠᠬᠢ ᠶᠢ ᠬᠦᠯᠢᠶᠡᠵᠦ ᠪᠠᠶᠢᠭ᠎ᠠ ᠠᠵᠠᠢ᠃ ᠲᠡᠷᠡ ᠲᠡᠮᠦᠷ ᠤᠨ ᠢᠷᠡᠭᠰᠡᠨ ᠴᠢᠮᠡᠭᠡ ᠶᠢ ᠬᠠᠷᠬᠠᠨ ᠣᠯᠵᠣ | ᠰᠣᠨᠣᠰᠣᠭᠠᠳᠣᠢ ᠪᠠᠶᠢᠪᠠ᠃ ᠲᠡᠭᠡᠭᠡᠳ ᠡᠮᠢᠷ ᠲᠡᠮᠦᠷ ᠬᠤᠰᠢᠭᠤᠴᠢ ᠴᠡᠷᠢᠭ ᠢᠶᠠᠨ ᠲᠦᠷᠭᠡᠨ ᠮᠣᠷᠳᠠᠭᠤᠯᠵᠣ᠂ | ᠦᠪᠡᠷᠳᠡᠭᠨ ᠬᠤᠶᠢᠨ᠎ᠠ ᠠᠴᠠ ᠨᠢ ᠱᠠᠯᠠᠪᠳᠠᠨ ᠮᠣᠷᠳᠠᠪᠠ᠃ ᠬᠠᠮᠠᠷ ᠠᠳ᠋ᠳᠢᠨ ᠲᠡᠭᠦᠨ ᠤ ᠴᠢᠮᠡᠭᠡ ᠶᠢ ᠣᠯᠣᠮᠠᠭᠴᠠ ᠪᠠᠨ | ᠬᠦᠮᠦᠨ ᠮᠣᠷᠢ ᠪᠠᠨ ᠲᠠᠭᠠᠭᠤᠯᠣᠨ ᠨᠢᠭᠡ ᠰᠠᠬᠢᠬᠤ ᠬᠢᠯᠪᠡᠷ ᠲᠣᠪᠳᠣᠯᠬᠤ ᠳᠤ ᠪᠡᠷᠬᠡ ᠭᠠᠵᠠᠷ ᠣᠯᠵᠣ ᠣᠬᠤᠷᠢᠨ | ᠰᠠᠬᠢᠵᠠᠢ᠃ ᠡᠨᠡ ᠭᠠᠵᠠᠷ ᠢ ᠨᠢ ᠪᠢᠷᠬᠠ ᠬᠦᠷᠢᠶᠡᠨ ② ᠭᠡᠳᠡᠭ ᠶᠣᠮ᠃ ᠡᠨᠡ ᠭᠠᠵᠠᠷ ᠲᠤ ᠭᠤᠷᠪᠠᠨ ᠶᠡᠭᠡ ᠮᠠᠰᠢ | ᠭᠦᠨ ᠠᠭᠤᠯᠠᠨ ᠬᠦᠨᠳᠡᠢ ᠪᠠᠶᠢᠵᠣ᠂ ᠬᠦᠨᠳᠡᠢ ᠪᠦᠷᠢ ᠳᠤᠨᠢ ᠪᠦᠷ ᠨᠢᠭᠡᠨ ᠵᠣᠷᠪᠣᠰ ᠭᠤᠣᠯ ᠲᠠᠢ ᠠᠵᠠᠢ᠃ ᠬᠠᠮᠠᠷ | ᠠᠳ᠋ᠳᠢᠨ ᠲᠡᠭᠦᠨ ᠤ ᠬᠤᠶᠠᠷ ᠵᠣᠷᠪᠣᠰ ᠭᠤᠣᠯ ᠢ ᠭᠠᠳᠣᠯᠣᠨ ᠭᠠᠷᠴᠣ ᠭᠤᠷᠪᠠᠳᠠᠬᠢ ᠠᠭᠤᠯᠠᠨ ᠬᠦᠨᠳᠡᠢ ᠳᠤ ᠴᠡᠷᠢᠭ | ᠪᠠᠭᠤᠨ ᠰᠢᠪᠡᠭᠡ ᠪᠣᠰᠬᠠᠨ ᠬᠦᠷᠢᠶᠡᠯᠡᠨ ᠰᠠᠬᠢᠵᠠᠢ᠃ ᠬᠦᠨᠳᠡᠢ ᠳᠤ ᠣᠷᠣᠬᠤ ᠵᠠᠮ ᠪᠦᠬᠦᠨ ᠢ ᠪᠦᠷ ᠪᠦᠭᠯᠡᠨ | ᠬᠠᠯᠬᠠᠪᠴᠢ ᠪᠡᠯᠡᠳᠭᠡᠨ ᠰᠠᠬᠢᠵᠣ ᠰᠠᠭᠤᠪᠠ᠃ | ᠸᠠᠩ ᠬᠦᠪᠡᠭᠦᠨ ᠵᠢᠬᠠᠨᠬᠢᠷ ︵ᠲᠡᠮᠦᠷ ᠤᠨ ᠠᠬᠠᠮᠠᠳ ᠬᠦᠪᠡᠭᠦᠨ︶ ᠲᠡᠬᠦᠨ ᠤ ᠲᠠᠶᠢᠨ ᠳᠤ ᠰᠢᠯᠭᠠᠷᠠᠭᠰᠠᠨ | ᠭᠠᠷᠮᠠᠭᠠᠢ ᠲᠠᠶᠢᠴᠢᠳ ᠢᠶᠠᠨ ᠲᠠᠭᠠᠭᠤᠯᠣᠨ ᠭᠡᠩᠭᠡᠷᠬᠡ ᠪᠦᠷᠢᠶ᠎ᠡ ᠶᠢᠨ ᠲᠠᠭᠤᠨ ᠤ ᠲᠣᠮᠳᠠᠭᠤᠷ ᠲᠠᠶᠢᠰᠣᠨ ᠤ ᠵᠦᠭ | ᠠᠯᠠᠨ ᠣᠷᠣᠯ᠎ᠠ᠃ ᠬᠤᠮᠣᠷᠬᠠᠨ ᠵᠠᠭᠤᠷ᠎ᠠ ᠮᠠᠨ ᠤ ᠴᠡᠷᠢᠭ ᠤᠨ ᠲᠦᠮᠡᠨ ᠵᠡᠪᠡ ᠵᠡᠷᠭᠡᠪᠡᠷ ᠨᠢᠰᠦᠯᠴᠡᠨ ᠲᠠᠶᠢᠰᠣᠨ ᠤ | ᠴᠡᠷᠢᠭ ᠢ ᠶᠡᠬᠡᠪᠡᠷ ᠠᠯᠠᠨ ᠣᠰᠠᠳᠬᠠᠯᠠ᠃ ᠲᠣᠯᠣᠯᠳᠣᠨ ᠠᠯᠠᠯᠴᠠᠭᠰᠠᠭᠠᠷ ᠬᠤᠶᠠᠷ ᠲᠠᠯ᠎ᠠ ᠶᠢᠨ ᠴᠡᠷᠢᠭ ᠣᠶᠢᠷᠠᠳᠬᠤ | ᠶᠢᠨ ᠦᠶ᠎ᠡ ᠪᠣᠯᠬᠤ ᠳᠤ ᠨᠢᠭᠡᠨᠳᠡ ᠲᠡᠭᠷᠢ ᠬᠠᠷᠠᠩᠭᠤᠢ ᠪᠣᠯᠵᠠᠢ᠃ ᠰᠦᠨᠢ ᠶᠢᠨ ᠭᠦᠨ ᠪᠣᠯᠣᠭᠠᠳ ᠲᠠᠶᠢᠰᠣᠨ ᠨᠤᠭᠤᠳ | ᠦᠪᠡᠷ ᠤᠨ ᠵᠢᠬᠰᠠᠭᠠᠯ ᠤᠨ ᠭᠠᠵᠠᠷ ᠠᠴᠠ ᠪᠠᠨ ᠰᠡᠮᠬᠡᠨ ᠣᠷᠭᠤᠨ ᠭᠠᠷᠴᠣ ᠲᠣᠳᠠᠭᠠᠨ ᠶᠠᠪᠣᠵᠠᠭᠠᠪᠠ᠃ ᠡᠶᠢᠮᠦ ᠠᠴᠠ | ᠲᠠᠷᠠᠭ᠎ᠠ ᠡᠷᠳᠡ ᠨᠢ ᠲᠡᠭᠷᠢ ᠭᠡᠭᠡᠷᠡᠬᠦ ᠦᠶ᠎ᠡ ᠳᠤ ᠮᠠᠨ ᠤ ᠴᠡᠷᠢᠭ ᠰᠠᠶ᠋ᠢ ᠴᠠᠭᠠᠳᠠᠢ ᠶᠢᠨ ᠴᠡᠷᠢᠭ — ᠮᠣᠩᠭᠤᠯᠰᠲ᠋ᠠᠨ ᠤ | ᠴᠡᠷᠢᠭ ᠤᠨ ᠬᠦᠷᠢᠶ᠎ᠡ ᠳᠤ ᠨᠢᠭᠡᠴᠦ ᠬᠦᠮᠦᠨ ᠦᠭᠡᠢ ᠪᠣᠯᠣᠭᠰᠠᠨ ᠢ ᠦᠵᠡᠭᠡᠳ᠂ ᠮᠠᠨᠠᠶᠢᠬᠢᠳ ᠲᠡᠶᠢᠯᠦᠭᠰᠡᠨ ᠡᠷᠴᠢᠨ | ᠲᠡᠭᠡᠷ᠎ᠡ ᠪᠠᠨ ᠲᠠᠶᠢᠰᠣᠨ ᠢ ᠰᠡᠬᠦᠯᠳᠡᠨ ᠨᠡᠬᠡᠵᠦ᠂ ᠭᠠᠵᠢᠭᠤ ᠱᠠᠰᠢᠨᠳᠠᠨ ᠢ ᠮᠠᠰᠢ ᠣᠯᠠᠨ ᠠᠯᠠᠵᠣ ᠣᠰᠠᠳᠬᠠᠯᠠ᠃ | ᠨᠠᠷᠠᠨ ᠮᠠᠨᠳᠣᠬᠤ ᠦᠶ᠎ᠡ ᠪᠠᠷ ᠡᠮᠢᠷ ᠲᠡᠮᠦᠷ ᠭᠤᠣᠯ ᠴᠡᠷᠢᠭ ᠢᠶᠠᠨ ᠲᠠᠭᠠᠭᠤᠯᠣᠨ ᠢᠷᠡᠵᠦ ᠡᠨᠡᠬᠦ ᠪᠠᠶᠢᠳᠠᠯ ᠢ ᠦᠵᠡᠭᠡᠳ | ᠪᠠᠷᠢᠨ ᠲᠣᠣᠷ᠎ᠠ ᠪᠠᠨ ᠡᠮᠢᠷ ᠰᠠᠶ᠋ᠢᠳ᠋ · ᠳᠠᠬᠤᠳ᠋ ᠪᠣᠯᠣᠨ ᠬᠤᠰᠢᠨ ᠪᠠ ᠦᠴᠢᠬᠠᠷᠠ · ᠪᠠᠭᠠᠳᠣᠷ ᠢ ᠲᠣᠮᠢᠯᠠᠨ | ᠲᠠᠶᠢᠰᠣᠨ ᠢ ᠨᠡᠬᠡᠮᠵᠢᠯᠡᠭᠦᠯᠪᠡ᠃ ᠲᠡᠳᠡ ᠵᠠᠷᠯᠢᠭ ᠶᠣᠰᠣᠭᠠᠷ ᠭᠤᠣᠯ ᠦᠭᠰᠦᠨ ᠨᠡᠬᠡᠮᠵᠢᠯᠡᠨ ᠪᠠᠶᠢᠯᠳᠣᠵᠣ ᠪᠠᠶᠢᠭᠠᠳ᠂ | ᠬᠤᠰᠢᠨ ᠭᠤᠣᠯ ᠳᠤ ᠣᠨᠠᠵᠣ ᠴᠠᠴᠠᠨ ᠦᠬᠦᠵᠡᠢ᠃ ᠲᠡᠳᠡ ᠲᠠᠶᠢᠰᠣᠨ ᠤ ᠣᠯᠣᠰ ᠳᠣᠳᠣᠷ᠎ᠠ ᠣᠷᠣᠭᠰᠠᠨ ᠤ ᠲᠠᠷᠠᠭ᠎ᠠ | ᠨᠡᠩ ᠶᠡᠬᠡᠪᠡᠷ ᠪᠣᠯᠢᠶᠠᠨ ᠲᠠᠯᠠᠵᠣ᠂ ᠮᠠᠰᠢ ᠣᠯᠠᠨ ᠠᠳᠣᠭᠤ ᠣᠯᠵᠠᠯᠠᠵᠣ ᠢᠷᠡᠪᠡ᠃ ᠭᠡᠪᠡᠴᠦ ᠪᠠᠭᠤᠵᠣ ᠦᠭᠭᠦᠭᠰᠡᠨ | ᠬᠠᠵᠠᠷ᠎ᠠ ᠬᠦᠮᠦᠨ ᠢ ᠠᠯᠠᠵᠣ ᠬᠦᠨᠦᠭᠡᠭᠰᠡᠨ ᠦᠭᠡᠢ᠃ ᠵᠦᠪᠬᠡᠨ ᠲᠡᠳᠡᠨᠡᠷ ᠤᠨ ᠵᠡᠪᠰᠡᠭ ᠢ ᠬᠤᠷᠢᠶᠠᠨ ᠠᠪᠣᠭᠠᠳ | ᠰᠠᠮᠠᠷᠺᠠᠨᠳ᠋ ᠵᠦᠭ ᠲᠤ ᠬᠦᠷᠭᠡᠪᠡ᠃ ᠡᠮᠢᠷ ᠲᠡᠮᠦᠷ ᠰᠢᠭᠤᠳ ᠨᠡᠬᠡᠮᠵᠢᠯᠡᠭᠰᠡᠭᠡᠷ ᠪᠠᠶᠢᠲ᠋ᠠᠺ ᠲᠤ ᠬᠦᠷᠴᠦ᠂ ᠲᠠᠶᠢᠰᠣᠨ ᠢ | ᠠᠮᠠᠳᠠᠨ ᠲᠣᠰᠪᠠ ᠡᠭᠦᠨ ᠤ ᠬᠠᠮᠳᠣ ᠵᠠᠳᠠ · ᠵᠢᠬᠠᠨᠬᠢᠷ ᠢ ᠵᠠᠷᠯᠢᠭᠳᠠᠨ ᠨᠢᠭᠡ ᠬᠤᠰᠢᠭᠤ ᠴᠡᠷᠢᠭ ᠲᠠᠭᠠᠭᠤᠯᠣᠨ ᠬᠠᠮᠠᠷ | ᠠᠳ᠋ᠳᠢᠨ ᠢ ᠰᠣᠷᠠᠭᠯᠠᠨ ᠨᠡᠬᠡᠮᠵᠢᠯᠡᠬᠦᠯᠵᠦ᠂ ᠴᠢᠳᠠᠪᠠᠯ ᠲᠡᠭᠦᠨ ᠢ ᠠᠮᠢᠳᠣ ᠪᠠᠷ ᠪᠠᠷᠢᠪᠴᠢᠯᠠᠵᠣ᠂ ᠶᠠᠳᠠᠪᠠᠯ ᠲᠡᠭᠦᠨ ᠤ | ᠲᠠᠭᠠᠭᠰᠠᠳ ᠢ ᠪᠣᠳᠠ ᠨᠢᠷᠭᠡᠳᠦᠭᠡᠢ ᠭᠡᠵᠡᠢ᠃ ᠡᠨᠡᠬᠦ ᠲᠦᠷᠦᠯ ᠤᠨ ᠸᠠᠩ ᠵᠠᠷᠯᠢᠭ ᠶᠣᠰᠣᠭᠠᠷ ᠨᠢᠭᠡᠨ ᠰᠠᠯᠠᠭ᠎ᠠ ᠴᠡᠷᠢᠭ | ᠢᠶᠠᠨ ᠲᠠᠭᠠᠭᠤᠯᠣᠨ ᠮᠣᠷᠳᠠᠨ ᠭᠠᠷᠴᠣ᠂ ᠦᠴ ᠪᠠ ᠹᠢᠷᠮᠠᠨ ᠵᠡᠷᠭᠡ ᠶᠢᠨ ᠨᠣᠳᠤᠭ ᠢ ᠲᠠᠯᠠᠭᠳᠣᠨ᠂ ᠭᠦᠨ ᠠᠭᠤᠯᠠᠨ | ᠳᠤ ᠬᠠᠮᠠᠷ ᠠᠳ᠋ᠳᠢᠨ ᠲᠠᠢ ᠵᠣᠯᠭᠠᠨ ᠪᠠᠶᠢᠯᠳᠣᠵᠣ ᠲᠡᠭᠦᠨ ᠢ ᠴᠢᠨᠠᠭᠰᠢ ᠬᠦᠭᠡᠭᠡᠭᠰᠡᠭᠡᠷ ᠲᠡᠭᠦᠨ ᠤ ᠣᠯᠣᠰ ᠤᠨ ᠬᠢᠯᠢ | ᠶᠢᠨ ᠴᠢᠨᠠᠳᠣ ᠭᠠᠷᠳᠠᠯ᠎ᠠ ᠨᠡᠬᠡᠮᠵᠢᠯᠡᠵᠡᠢ᠃ ᠲᠡᠳᠡᠨᠡᠷ ᠤᠨ ᠣᠯᠵᠠᠯᠠᠭᠰᠠᠳ ᠲᠣᠩ ᠣᠯᠠᠨ ᠪᠠᠶᠢᠯ᠎ᠠ᠃ ᠣᠯᠵᠠᠯᠠᠭᠰᠠᠳ | ᠲᠤ ᠬᠠᠮᠠᠷ ᠠᠳ᠋ᠳᠢᠨ ᠤ ᠬᠠᠳᠣᠨ ᠲᠦᠮᠡᠨ · ᠠᠬ᠎ᠠ ᠪᠠ ᠲᠡᠭᠦᠨ ᠤ ᠬᠡᠣᠬᠡᠨ ᠳ᠋ᠢᠯᠱᠠ · ᠠᠬ᠎ᠠ ᠪᠦᠷ ᠪᠠᠶᠢᠵᠠᠢ᠃ ᠡᠨᠡᠬᠦ | ᠲᠦᠷᠦᠯ ᠤᠨ ᠸᠠᠩ ᠡᠮᠢᠷ ᠲᠡᠮᠦᠷ ᠲᠤ ᠢᠯᠠᠯᠳᠠ ᠶᠢᠨ ᠴᠢᠮᠡᠭᠡ ᠪᠠᠨ ᠭᠦᠷᠭᠡᠪᠡ᠃ ᠡᠨᠡᠬᠦ ᠲᠠᠪᠢᠨ ᠭᠤᠷᠪᠠᠨ ᠡᠳᠦᠷ | ᠲᠣᠲᠣᠷ᠎ᠠ ᠡᠮᠢᠷ ᠲᠡᠮᠦᠷ ᠪᠠᠶᠢᠲ᠋ᠠᠺ ᠠᠴᠠ ᠰᠢᠯᠵᠢᠭᠰᠡᠨ ᠦᠭᠡᠢ᠃ ᠭᠡᠪᠡᠴᠦ ᠲᠡᠷᠡ ᠡᠨᠡᠬᠦ ᠬᠦᠮᠦᠰ ᠤᠨ ᠰᠡᠳᠬᠢᠯ ᠢ | ᠬᠦᠳᠡᠯᠭᠡᠮ᠎ᠡ ᠢᠯᠠᠯᠳᠠ ᠶᠢᠨ ᠴᠢᠮᠡᠭᠡ ᠶᠢ ᠰᠣᠨᠣᠰᠣᠭᠠᠳ᠂ ᠪᠠᠷᠢᠨ ᠲᠣᠣᠷ᠎ᠠ ᠪᠠᠨ ᠮᠣᠷᠳᠠᠨ ᠭᠠᠷᠴᠣ ᠬᠠᠷ᠎ᠠ · ᠬᠠᠰᠠᠮᠠᠺ | ᠠᠭᠤᠯᠠᠨ ᠳᠤ ᠬᠦᠷᠴᠦ᠂ ᠴᠭᠤᠯᠠᠨ ᠣᠷᠭᠢᠯ ᠳᠤ ᠠᠪᠠᠷᠢᠨ ᠭᠠᠷᠴᠣ ᠬᠦᠪᠡᠭᠦᠨ ᠵᠢᠬᠠᠨᠬᠢᠷ ᠤᠨ ᠢᠶᠠᠨ ᠢᠯᠠᠯᠳᠠ ᠲᠠᠢ | ᠪᠠᠷ ᠪᠣᠴᠠᠵᠣ ᠢᠷᠡᠬᠦ ᠶᠢ ᠣᠭᠳᠣᠨ ᠬᠦᠯᠢᠶᠡᠪᠡ᠃ ᠵᠢᠬᠠᠨᠬᠢᠷ ᠪᠣᠴᠠᠵᠣ ᠢᠷᠡᠭᠡᠳ ᠮᠠᠰᠢᠳᠠ ᠬᠦᠨᠳᠦᠳᠭᠡᠯ ᠲᠠᠢ ᠪᠠᠷ | ᠡᠴᠢᠭᠡ ᠶᠢᠨ ᠢᠶᠠᠨ ᠦᠯᠮᠡᠢ ᠶᠢ ᠦᠨᠦᠰᠴᠦ᠂ ᠲᠠᠶᠢᠨ ᠤ ᠣᠯᠵᠠ᠂ ᠠᠭᠳᠠ ᠬᠦᠯᠦᠭ᠂ ᠬᠤᠨᠢ ᠦᠬᠡᠷ ᠪᠠᠨ ᠡᠷᠭᠦᠨ | ᠪᠠᠷᠢᠵᠠᠢ᠃ ᠡᠭᠦᠨ ᠤ ᠲᠠᠷᠠᠭ᠎ᠠ ᠪᠠᠷ ᠳ᠋ᠢᠯᠱᠠ · ᠠᠬ᠎ᠠ ᠶᠢ ᠡᠨᠡᠬᠦ ᠶᠡᠭᠡ ᠬᠠᠭᠠᠨ ᠳᠤ ᠬᠦᠷᠭᠡᠨ ᠠᠭᠤᠯᠵᠠᠭᠤᠯᠪᠠ᠃ | ᠡᠮᠢᠷ ᠲᠡᠮᠦᠷ ᠠᠳᠡᠬᠢ ᠴᠡᠷᠢᠭ ᠤᠨ ᠬᠦᠷᠢᠶ᠎ᠡ ᠠᠴᠠ ᠪᠠᠨ ᠰᠢᠯᠵᠢᠵᠦ᠂ ᠠᠳ᠋ᠪᠠᠱ ᠲᠤ ᠬᠦᠷᠪᠡ᠃ ᠲᠠᠬᠢᠨ ᠲᠡᠨᠳᠡ | ᠠᠴᠠ ᠭᠠᠷᠣᠭᠠᠳ ᠠᠷᠫᠠ · ᠶᠠᠴᠢ ᠳᠤ ᠬᠦᠷᠴᠡᠢ᠃ ᠲᠡᠭᠡᠭᠡᠳ ᠲᠡᠨᠳᠡ ᠶᠡᠭᠡ ᠬᠤᠷᠢᠮ ᠲᠠᠯᠪᠢᠨ᠂ ᠬᠡᠳᠦᠨ ᠡᠳᠦᠷ | ᠢᠶᠠᠷ ᠨᠠᠶᠢᠷᠠᠯᠠᠪᠠ᠃ ᠡᠮᠢᠷ ᠲᠡᠮᠦᠷ ᠤᠨ ᠬᠠᠭᠤᠴᠢᠨ ᠨᠠᠶᠢᠵᠠ ᠮᠣᠪᠠᠷᠠᠭ ᠱᠠᠾ · ᠮᠧᠯᠢᠺ ︵ᠲᠡᠷᠡ ᠪᠣᠯ ᠶᠢᠰᠦᠨ | ᠮᠢᠩᠭᠠᠳᠠᠨ ᠤ ᠶᠡᠭᠡ ᠨᠣᠶᠠᠨ ᠪᠢᠯᠡ︶ ᠴᠦ ᠲᠡᠭᠦᠨ ᠢ ᠶᠡᠭᠡ ᠬᠤᠷᠢᠮ ᠪᠡᠯᠡᠳᠭᠡᠨ ᠵᠣᠴᠢᠯᠠᠪᠠ᠃ ᠡᠮᠢᠷ ᠲᠡᠮᠦᠷ ᠲᠡᠭᠦᠨ | ᠳᠤ ᠡᠨᠡᠷᠢᠯ ᠬᠡᠰᠢᠭ ᠢᠶᠠᠨ ᠶᠡᠬᠡᠳᠡ ᠬᠦᠷᠳᠡᠭᠡᠨ᠂ ᠲᠡᠭᠦᠨ ᠤ ᠬᠦᠪᠡᠭᠦᠨ ᠬᠤᠳᠠᠶᠢᠳᠠ ᠪᠠᠷ ᠡᠨᠡ ᠣᠳᠠᠭᠠᠨ ᠤ ᠲᠠᠶᠢᠨ | ᠳᠤ ᠨᠦᠭᠴᠢᠭᠰᠡᠨ ᠰᠠᠯᠠᠷ · ᠣᠾᠯᠠᠨ ᠪᠣᠯᠣᠨ ᠬᠤᠰᠢᠨ ᠤ ᠦᠩᠭᠡ ᠭᠡᠷᠡᠯ ᠢ ᠵᠠᠯᠭᠠᠮᠵᠢᠯᠠᠭᠤᠯᠪᠠ᠃ | ᠲᠣᠰ ᠪᠦᠯᠦᠭ ᠤᠨ ᠲᠠᠶᠢᠯᠪᠣᠷᠢ | ① ᠡᠨᠡ ᠨᠡᠷ᠎ᠡ ᠬᠡᠯᠡᠯᠬᠡᠨ ᠦᠭᠡᠢ ᠬᠦᠬᠡ ᠲᠡᠪᠡᠭᠡ ᠭᠡᠳᠡᠭ ᠮᠣᠩᠭᠤᠯ ᠦᠭᠡ ᠪᠣᠯᠣᠨ᠎ᠠ᠃ ᠲᠡᠭᠦᠨ ᠤ ᠯᠠᠲ᠋ᠢᠨ | ᠠᠪᠢᠶᠠᠴᠢᠯᠠᠯᠭᠠ ᠨᠢ Kuk tipa ᠭᠡᠵᠦ᠂ ᠬᠢᠳᠠᠳ ᠢᠶᠠᠷ ᠪᠠᠰᠠ ᠬᠦᠭᠡ ᠲᠣᠪᠣᠷᠬᠠᠭ ᠭᠡᠵᠦ ᠲᠡᠮᠳᠡᠭᠯᠡᠵᠡᠢ᠃ | ᠲᠡᠭᠡᠭᠡᠳ ᠠᠩᠭ᠍ᠯᠢᠴᠢᠯᠠᠭᠴᠢ ᠠᠴᠠ ᠡᠨᠡᠬᠦ ᠭᠠᠵᠠᠷ ᠤᠨ ᠨᠡᠷ᠎ᠡ ᠶᠢ ᠣᠯᠠᠨ ᠭᠠᠵᠠᠷ ᠤᠨ ᠵᠢᠷᠤᠭ ᠠᠴᠠ ᠪᠦᠷ ᠬᠠᠶᠢᠵᠣ | ᠣᠯᠣᠭᠰᠠᠨ ᠦᠭᠡᠢ ᠭᠡᠵᠦ ᠲᠡᠮᠳᠡᠭᠯᠡᠪᠡ᠃ ᠦᠨᠡᠨᠳᠡᠭᠡᠨ ᠲᠣᠬᠠᠢ ᠶᠢᠨ ᠦᠶ᠎ᠡ ᠶᠢᠨ ᠮᠣᠩᠭᠤᠯ ᠨᠡᠷ᠎ᠡ ᠨᠢ ᠭᠡᠭᠡᠭᠳᠡᠵᠦ᠂ | ᠪᠣᠰᠣᠳ ᠣᠭᠰᠠᠭᠠᠳᠠᠨ ᠤ ᠬᠡᠯᠡ ᠪᠠᠷ ᠰᠣᠯᠢᠭᠳᠠᠭᠰᠠᠨ ᠲᠠᠢ ᠬᠤᠯᠪᠣᠭ᠎ᠠ ᠲᠠᠢ ᠶᠣᠮ᠃ ᠲᠣᠮᠳᠠᠳᠣ ᠠᠽᠢ ᠳᠤ | ᠡᠶᠢᠮᠦᠷᠬᠦ ᠪᠠᠶᠢᠳᠠᠯ ᠮᠣᠩ ᠦᠭᠡᠢ ᠲᠣᠬᠢᠶᠠᠯᠳᠣᠨ᠎ᠠ᠃ ᠨᠢᠭᠡ ᠭᠠᠵᠠᠷ ᠤᠨ ᠨᠡᠷ᠎ᠡ ᠶᠢ ᠵᠠᠷᠢᠮ ᠬᠦᠮᠦᠨ ᠲᠡᠭᠦᠨ ᠤ ᠭᠷᠢᠭ | ᠨᠡᠷ᠎ᠡ ᠶᠢ ᠭᠡᠷᠡᠭᠯᠡᠵᠦ ᠪᠠᠶᠢᠳᠠᠯ᠎ᠠ᠂ ᠵᠠᠷᠢᠮ ᠨᠢ ᠠᠷᠠᠪ ᠨᠡᠷ᠎ᠡ ᠬᠡᠷᠡᠭᠯᠡᠵᠦ᠂ ᠪᠠᠰᠠ ᠵᠠᠷᠢᠮ ᠨᠢ ᠡᠨᠡᠳᠬᠡᠭ ᠨᠡᠷ᠎ᠡ᠂ ᠲᠦᠷᠺ | ᠨᠡᠷ᠎ᠡ᠂ ᠮᠣᠩᠭᠤᠯ ᠨᠡᠷ᠎ᠡ ᠵᠡᠷᠭᠡ ᠶᠢ ᠬᠡᠷᠡᠭᠯᠡᠵᠦ᠂ ᠬᠠᠶᠠ ᠵᠠᠷᠢᠮ ᠨᠢ ᠪᠠᠰᠠ ᠬᠠᠷ᠎ᠠ ᠬᠢᠳᠠᠨ ᠨᠡᠷ᠎ᠡ ᠬᠡᠷᠡᠭᠯᠡᠬᠦ ᠦᠵᠡᠭᠳᠡᠯ | ᠪᠠᠶᠢᠳᠠᠭ ᠪᠣᠯᠬᠤᠷ ᠮᠠᠰᠢ ᠪᠣᠳᠣᠯᠢᠶᠠᠨ ᠲᠠᠢ ᠪᠣᠯᠳᠠᠭ ᠶᠣᠮ᠃ ᠡᠳᠡᠭᠡᠷ ᠨᠡᠷ᠎ᠡ ᠪᠦᠬᠦᠨ ᠭᠠᠵᠠᠷ ᠤᠨ ᠵᠢᠷᠤᠭ ᠠᠴᠠ | ᠣᠯᠳᠠᠳᠠᠭ ᠦᠭᠡᠢ ᠨᠢ ᠵᠦᠢ ᠶᠣᠰᠣᠨ ᠤ ᠦᠵᠡᠭᠳᠡᠯ ᠪᠣᠯᠵᠠᠢ — ᠮᠣᠩᠭᠤᠯᠴᠢᠯᠠᠭᠴᠢ ᠠᠴᠠ᠃ ② ᠡᠨᠡᠬᠦ ᠨᠡᠷ᠎ᠡ | ᠦᠭᠡ ᠪᠣᠯ ᠦᠨᠡᠨᠳᠡᠭᠡᠨ ᠪᠡᠷᠬᠡ ᠬᠦᠷᠢᠶᠡᠨ ᠭᠡᠳᠡᠭ ᠭᠠᠵᠠᠷ ᠤᠨ ᠨᠡᠷ᠎ᠡ ᠪᠣᠯᠣᠨ᠎ᠠ᠃ ᠲᠡᠭᠦᠨ ᠤ ᠯᠠᠲ᠋ᠢᠨ ᠭᠠᠯᠢᠭᠴᠢᠯᠠᠭ᠎ᠠ | ᠳᠤ Birkah-i-Ghurian ᠭᠡᠵᠡᠢ᠃ ᠪᠡᠷᠬᠡ ᠬᠦᠷᠢᠶᠡᠨ ᠪᠣᠯ ᠭᠤᠷᠪᠠᠨ ᠵᠣᠷᠪᠣᠰ ᠬᠦᠨᠳᠡᠢ ᠪᠠᠷ ᠪᠦᠷᠢᠯᠳᠦᠨ | ᠬᠦᠨᠳᠡᠢ ᠪᠦᠷᠢ ᠳᠤᠨᠢ ᠪᠦᠷ ᠨᠢᠭᠡ ᠶᠡᠭᠡ ᠭᠤᠣᠯ ᠲᠠᠢ ᠠᠵᠠᠢ᠃ ᠡᠶᠢᠮᠦ ᠠᠴᠠ ᠡᠨᠡᠬᠦ ᠭᠠᠵᠠᠷ ᠤᠨ ᠪᠠᠶᠢᠴᠠ ᠮᠠᠰᠢ | ᠪᠡᠷᠬᠡ ᠪᠠᠯᠠᠷ ᠲᠠᠢ ᠭᠠᠵᠠᠷ ᠪᠣᠯᠬᠤᠷ ᠴᠡᠷᠢᠭ ᠮᠣᠷᠢ ᠣᠷᠣᠬᠤ ᠳᠤ ᠪᠡᠷᠬᠡᠳᠡᠢ ᠠᠵᠠᠢ᠃ | | | ᠪᠡᠯᠡᠳᠬᠡᠭᠰᠡᠨ ᠨᠢ᠄ ᠡᠷᠳᠡᠨᠢᠬᠦᠦ | ᠨᠠᠶᠢᠷᠠᠭᠤᠯᠤᠭᠰᠠᠨ ᠨᠢ᠄ ᠨᠠᠮᠤᠷ | ᠬᠢᠨᠠᠭᠰᠠᠨ ᠨᠢ᠄ ᠤᠷᠢᠬᠠᠨ | |