ᠠᠷᠪᠠ ᠶᠢᠰᠦᠳᠦᠭᠡᠷ ᠪᠦᠯᠦᠭ | ᠡᠮᠢᠷ ᠲᠡᠮᠦᠷ ᠳ᠋ᠢᠯᠱᠠ · ᠠᠬ᠎ᠠ ᠶᠢ ᠬᠠᠶᠢᠷᠠᠯᠠᠵᠣ ᠰᠠᠨᠠᠬᠤ ᠶᠢᠨ ᠡᠷᠭᠡᠨ ᠳᠤ ︽ᠺᠣᠷᠠᠨ ᠰᠣᠳᠣᠷ︾ ᠲᠣᠲᠣᠷᠠᠬᠢ | ︽ᠲᠠ ᠨᠡᠷ ᠦᠪᠡᠷ ᠤᠨ ᠬᠠᠶᠢᠷᠠᠯᠠᠵᠣ ᠰᠠᠨᠠᠭᠰᠠᠨ ᠬᠡᠣᠬᠡᠨᠴᠣᠳ ᠢ ᠪᠣᠭᠳᠣᠯᠠᠨ ᠠᠪᠴᠣ ᠁ ᠨᠡᠶᠢᠳᠡ ᠲᠦᠷᠪᠡᠨ | ᠡᠬᠡᠨᠡᠷ ᠠᠪᠴᠣ ᠪᠣᠯᠣᠨ᠎ᠠ︾ ᠭᠡᠳᠡᠭ ᠵᠢᠭᠠᠪᠣᠷᠢ ᠶᠣᠰᠣ ᠶᠢ ᠵᠢᠷᠣᠮᠯᠠᠵᠣ᠂ ᠳ᠋ᠢᠯᠱᠠ · ᠠᠬ᠎ᠠ ᠶᠢ ᠪᠣᠭᠳᠣᠯᠠᠨ ᠠᠪᠴᠠᠢ᠃ | ᠲᠣᠲᠣᠭᠠᠳᠣ ᠣᠷᠳᠣᠨ ᠤ ᠨᠣᠶᠠᠳ ᠲᠠᠷᠣᠭᠠᠰ ᠤᠨ ᠲᠣᠬᠢᠷᠠᠭᠤᠯᠭ᠎ᠠ ᠲᠣᠣᠷ᠎ᠠ ᠬᠤᠷᠢᠮ ᠤᠨ ᠶᠣᠰᠣᠯᠠᠯ ᠦᠪᠡᠳᠡᠭᠰᠢ | ᠶᠡᠬᠡᠪᠡᠷ ᠶᠠᠪᠣᠭᠳᠠᠪᠠ᠃ ᠠᠮᠳᠠᠳᠣ ᠠᠷᠢᠬᠢ᠂ ᠠᠶᠠᠯᠭᠤᠳᠣ ᠬᠦᠭᠵᠢᠮ ᠠᠯᠢ ᠠᠯᠢ ᠨᠢ ᠴᠦ ᠡᠯᠪᠡᠭ ᠲᠡᠯᠪᠡᠭ ᠪᠣᠯᠵᠣ᠂ | ᠲᠦᠷᠢᠮ ᠶᠣᠰᠣᠯᠠᠯ ᠤᠨ ᠦᠪᠡᠳᠡᠭᠰᠢ ᠡᠷᠬᠢᠮᠰᠦᠭ ᠲᠦᠢᠯ ᠳᠤ ᠲᠣᠯᠵᠠᠢ᠃ ᠬᠤᠷᠢᠮ ᠶᠣᠰᠣᠯᠠᠯ ᠲᠡᠭᠦᠰᠦᠭᠡᠳ ᠡᠮᠢᠷ | ᠲᠡᠮᠦᠷ ᠴᠡᠷᠢᠭ ᠬᠦᠳᠡᠯᠦᠨ ᠭᠠᠷᠴᠣ᠂ ᠶᠠᠴᠢ ᠶᠢᠨ ᠲᠠᠪᠠᠭ᠎ᠠ ᠪᠠᠷ ᠦᠩᠭᠡᠷᠡᠨ᠂ ᠦᠽᠺᠠᠨᠳ᠋ ᠲᠤ ᠬᠦᠷᠴᠦ ᠲᠡᠨᠳᠡ | ᠶᠠᠪᠣᠭᠤᠯ ᠣᠷᠳᠣᠨ ᠢᠶᠠᠨ ᠪᠣᠰᠬᠠᠪᠠ᠃ ᠡᠨᠡ ᠦᠶ᠎ᠡ ᠪᠠᠷ ᠲᠡᠭᠦᠨ ᠤ ᠡᠭᠡᠴᠢ ᠬᠤᠲ᠋ᠣᠯᠤᠭ · ᠲᠣᠷᠬᠠᠨ · ᠠᠬ᠎ᠠ ᠣᠯᠠᠨ | ᠸᠠᠩ ᠭᠥᠩ ᠢᠵᠠᠭᠤᠷᠳᠠᠨ ᠨᠡᠷ ᠤᠨ ᠪᠠᠷ᠎ᠠ ᠪᠣᠯᠣᠯᠤᠭ᠎ᠠ ᠲᠠᠢ ᠪᠠᠷ ᠰᠠᠮᠠᠷᠺᠠᠨᠳ᠋ ᠠᠴᠠ ᠠᠳᠡ ᠣᠭᠳᠣᠨ ᠢᠷᠡᠵᠠᠢ᠃ | ᠲᠡᠷᠡ ᠦᠩᠭᠡ ᠭᠡᠷᠡᠯ ᠲᠠᠢ ᠪᠠᠷ ᠡᠮᠢᠷ ᠲᠡᠮᠦᠷ ᠤᠨ ᠦᠯᠮᠡᠢ ᠶᠢ ᠦᠨᠦᠰᠦᠪᠡ᠃ ᠣᠷᠳᠣᠨ ᠳᠣᠳᠣᠷ᠎ᠠ ᠲᠠᠬᠢᠨ ᠯᠠᠪᠠᠷᠢ | ᠡᠯᠭᠦᠨ ᠵᠣᠯᠠ ᠭᠡᠷᠡᠯᠳᠦᠬᠦᠯᠵᠦ ᠬᠤᠷᠢᠮ ᠲᠠᠯᠪᠢᠨ ᠲᠡᠳᠡᠨᠡᠷ ᠤᠨ ᠲᠣᠭᠤᠰᠣ ᠶᠢ ᠨᠢ ᠭᠦᠪᠢᠵᠦ ᠦᠭᠴᠡᠢ᠃ ᠲᠠᠷᠠᠭ᠎ᠠ | ᠨᠢ ᠰᠠᠶ᠋ᠢ ᠦᠽᠺᠠᠨᠳ᠋ ᠠᠴᠠ ᠬᠦᠳᠡᠯᠣᠨ ᠭᠠᠷᠴᠣ ᠬᠤᠵᠠᠨᠲ ᠢ ᠵᠣᠷᠢᠪᠠ᠃ ᠡᠨᠡ ᠦᠶ᠎ᠡ ᠪᠠᠷ ᠳ᠋ᠢᠯᠱᠠ · ᠠᠬ᠎ᠠ ᠡᠮᠢᠷ | ᠲᠡᠮᠦᠷ ᠤᠨ ᠰᠠᠨᠠᠭ᠎ᠠ ᠶᠢ ᠲᠠᠭᠠᠬᠤ ᠪᠠᠨ ᠢᠯᠡᠳᠭᠡᠬᠦ ᠦᠭᠡᠢ ᠪᠠᠶᠢᠬᠤ ᠶᠢᠨ ᠠᠷᠭ᠎ᠠ ᠦᠭᠡᠢ ᠪᠣᠯᠵᠣ᠂ ᠲᠠᠭᠠᠬᠤ ᠪᠠᠨ | ᠢᠯᠡᠳᠭᠡᠭᠰᠡᠨᠬᠤᠷᠢᠮ ᠨᠠᠶᠢᠷ ᠡᠭᠦᠰᠭᠡᠨ᠂ ᠡᠮᠢᠷ ᠲᠡᠮᠦᠷ ᠢ ᠵᠠᠯᠠᠵᠣ᠂ ᠦᠯᠡᠮᠵᠢ ᠲᠣᠭᠠᠨ ᠤ ᠠᠭᠳᠠ ᠮᠷᠢᠳ ᠬᠦᠷᠭᠡᠪᠡ | ᠃ ᠲᠡᠷᠡ ᠡᠭᠦᠨ ᠢᠶᠠᠷ ᠢᠶᠠᠨ ᠡᠮᠢᠷ ᠲᠡᠮᠦᠷ ᠤᠨ ᠮᠠᠭᠳᠠᠭᠠᠯ ᠢ ᠣᠯᠬᠤ ᠭᠡᠰᠡᠨ ᠠᠵᠠᠢ᠃ ᠭᠡᠪᠡᠴᠦ ᠲᠡᠭᠦᠨ ᠤ ᠲᠣᠲᠣᠷ᠎ᠠ | ᠨᠢᠭᠡᠨᠳᠡ ᠪᠣᠳᠣᠵᠣ ᠲᠣᠭᠳᠠᠭᠰᠠᠨ ᠪᠣᠯᠢᠬᠠᠢ ᠣᠬᠠᠭᠠᠨ ᠨᠢᠭᠤᠭᠳᠠᠵᠣ ᠪᠠᠶᠢᠵᠠᠢ᠃ ᠣᠴᠢᠷ ᠨᠢ ᠲᠡᠷᠡ ᠨᠢᠭᠡᠨᠳᠡ | ᠲᠣᠬᠢᠷᠠᠭᠤᠯᠵᠣ ᠪᠠᠷᠠᠭᠰᠠᠨ ᠬᠤᠷᠢᠮ ᠤᠨ ᠲᠣᠮᠳᠠ ᠬᠦᠮᠦᠨ ᠪᠦᠭᠬᠦᠬᠦᠯᠦᠨ ᠭᠡᠨᠡᠳᠳᠡ ᠪᠠᠷ ᠭᠠᠷ ᠬᠦᠳᠡᠯᠣᠨ ᠡᠮᠢᠷ | ᠲᠡᠮᠦᠷ ᠢ ᠪᠠᠷᠢᠵᠣ ᠠᠪᠬᠤ ᠪᠠᠷ ᠪᠡᠯᠡᠳᠭᠡᠵᠦ ᠪᠠᠶᠢᠭᠰᠠᠨ ᠠᠵᠠᠢ᠃ ᠭᠡᠶ᠎ᠡ ᠡᠮᠢᠷ ᠲᠡᠮᠦᠷ ᠢ ᠠᠯᠯᠠᠾ ᠠᠪᠣᠷᠠᠵᠣ ᠪᠠᠶᠢᠭ᠎ᠠ | ᠲᠣᠯᠠ ᠲᠡᠷᠡ ᠵᠠᠪᠰᠢᠶᠠᠨ ᠢᠶᠠᠷ ᠡᠨᠡᠬᠦ ᠣᠪ ᠮᠡᠭᠡ ᠶᠢ ᠰᠡᠷᠡᠵᠦ ᠮᠡᠳᠡᠭᠡᠳ᠂ ᠣᠨᠴᠠᠭᠠᠶᠢᠯᠠᠨ ᠡᠳᠡᠭᠡᠷ ᠬᠦᠮᠦᠰ ᠤᠨ | ᠬᠦᠳᠡᠯᠦᠯ ᠠᠴᠠ ᠨᠢᠭᠤᠴᠠ ᠶᠢ ᠨᠢ ᠪᠠᠷᠣᠭᠯᠠᠵᠣ᠂ ᠰᠠᠭᠤᠳᠠᠯ ᠠᠴᠠ ᠪᠣᠰᠴᠣ ᠭᠠᠳᠠᠨ᠎ᠠ ᠭᠠᠷᠴᠣ ᠦᠪᠡᠷ ᠤᠨ ᠮᠣᠷᠢᠨ | ᠲᠠᠭᠠᠨ ᠮᠣᠷᠳᠠᠨ ᠦᠪᠡᠷ ᠤᠨ ᠴᠡᠷᠢᠭ ᠤᠨ ᠬᠦᠷᠢᠶ᠎ᠡ ᠳᠡᠭᠡᠨ ᠪᠣᠴᠠᠪᠠ᠃ | ᠡᠮᠢᠷ ᠲᠡᠮᠦᠷ ᠬᠠᠮᠠᠷ ᠠᠳ᠋ᠳᠢᠨ ᠢ ᠲᠣᠪᠳᠣᠯᠬᠤ ᠪᠠᠷ ᠢᠷᠡᠬᠦ ᠦᠶ᠎ᠡ ᠳᠤ ᠱᠠᠾ · ᠮᠠᠬᠠᠮᠠᠳ᠋ · ᠪᠠᠶᠠᠨ · ᠰᠦᠯᠳᠦᠰ᠂ | ᠠᠳᠢᠯᠱᠠᠾ · ᠵᠠᠯᠠᠶᠢᠷ ᠪᠣᠯᠣᠨ ᠲᠣᠷᠬᠠᠨ · ᠠᠷᠣᠯᠠᠳ ᠵᠡᠷᠭᠡ ᠶᠢᠨ ᠬᠦᠮᠦᠰ ᠨᠢᠭᠤᠴᠠ ᠪᠠᠷ ᠵᠦᠪᠯᠡᠨ ᠲᠣᠭᠳᠠᠵᠣ᠂ | ᠲᠣᠬᠢᠷᠠᠮᠵᠢᠳᠡᠢ ᠴᠠᠭ ᠪᠣᠯᠣᠭᠰᠠᠭᠠᠷ ᠡᠮᠢᠷ ᠲᠡᠮᠦᠷ ᠢ ᠪᠠᠷᠢᠵᠣ ᠠᠪᠬᠤ ᠪᠠᠷ ᠪᠡᠯᠡᠳᠭᠡᠵᠡᠢ᠃ ᠭᠡᠪᠡᠴᠦ ᠲᠡᠳᠡᠨᠡᠷ ᠤᠨ ᠣᠪ | ᠮᠡᠭᠡ ᠠᠯᠯᠠᠾ ᠲᠡᠭᠷᠢ ᠶᠢᠨ ᠦᠨᠢᠳᠡ ᠶᠢᠨ ᠠᠪᠣᠷᠠᠯ ᠢ ᠬᠦᠷᠳᠡᠵᠦ ᠪᠠᠶᠢᠭ᠎ᠠ ᠬᠦᠮᠦᠨ ᠢ ᠶᠠᠭᠠᠬᠢᠵᠣ ᠴᠦ ᠴᠢᠳᠠᠬᠤ | ᠦᠭᠡᠢ ᠶᠣᠮ᠃ ᠡᠶᠢᠮᠦ ᠠᠴᠠ᠂ ᠡᠮᠢᠷ ᠲᠡᠮᠦᠷ ᠶᠠᠮᠠᠷᠴᠣ ᠠᠶᠣᠯ ᠦᠭᠡᠢ ᠪᠠᠷ ᠠᠮᠣᠷ ᠲᠦᠪᠰᠢᠨ ᠢᠶᠠᠷ ᠦᠪᠡᠷ ᠤᠨ | ᠨᠡᠶᠢᠰᠯᠡᠯ ᠲᠡᠭᠡᠨ ᠬᠠᠷᠢᠵᠠᠢ᠃ ᠲᠡᠭᠡᠭᠡᠳ ᠲᠡᠷᠡ ᠵᠠᠷᠯᠢᠭ ᠲᠠᠷᠬᠠᠭᠠᠨ ᠴᠡᠷᠢᠭ ᠮᠣᠷᠢ ᠪᠠᠨ ᠲᠠᠷᠬᠠᠭᠠᠵᠣ᠂ ᠦᠪᠡᠷ ᠤᠨ | ᠪᠡᠶ᠎ᠡ ᠨᠢ ᠵᠠᠨᠵᠢᠷ · ᠰᠠᠷᠠᠢ ᠳᠤ ᠡᠪᠦᠯᠵᠢᠬᠦ ᠪᠠᠷ ᠶᠠᠪᠣᠪᠠ᠃ ᠵᠠᠨᠵᠢᠷ · ᠰᠠᠷᠠᠢ ᠪᠣᠯ ᠬᠠᠷᠰᠢ ᠬᠤᠳᠠ ᠶᠢᠨ ᠪᠠᠷᠠᠭᠤᠨ ᠳᠤ | ᠬᠤᠶᠠᠷ ᠡᠳᠦᠷ ᠤᠨ ᠵᠠᠮ ᠵᠠᠶᠢᠳᠠᠢ ᠭᠠᠵᠠᠷ ᠲᠤ ᠪᠠᠶᠢᠨ᠎ᠠ᠃ ᠡᠪᠦᠯ ᠤᠨ ᠣᠯᠠᠷᠢᠯ ᠳᠤ ᠠᠳᠢᠯᠱᠠᠾ ᠠᠳᠡ ᠢᠷᠡᠵᠦ᠂ | ᠲᠡᠮᠦᠷ ᠤᠨ ᠶᠠᠪᠣᠭᠤᠯ ᠣᠷᠳᠣᠨ ᠳᠤ ᠣᠷᠣᠵᠣ ᠲᠡᠮᠦᠷ ᠲᠤ ᠪᠠᠷᠠᠭᠠᠳᠠᠭᠰᠠᠨ ᠤ ᠰᠡᠬᠦᠯᠡᠷ᠂ ᠦᠪᠡᠷ ᠤᠨ ᠭᠠᠷ | ᠲᠣᠣᠷᠠᠬᠢ ᠬᠦᠮᠦᠰ ᠲᠠᠢ ᠨᠢᠭᠤᠴᠠ ᠪᠠᠷ ᠵᠦᠪᠯᠡᠯᠳᠦᠭᠰᠡᠨ ᠶᠠᠯᠠᠳᠣ ᠠᠵᠢᠯᠯᠠᠭ᠎ᠠ ᠪᠠᠨ ᠨᠢᠭᠡᠳ ᠨᠢᠭᠡ ᠪᠠᠷ ᠦᠴᠢᠭᠯᠡᠨ | ᠮᠡᠳᠡᠷᠡᠵᠡᠢ᠃ ᠡᠮᠢᠷ ᠲᠡᠮᠦᠷ ᠮᠠᠰᠢ ᠬᠤᠷᠴᠠ ᠣᠬᠠᠭᠠᠨ ᠲᠠᠢ ᠲᠣᠯᠠ ᠶᠠᠮᠠᠷᠴᠣ ᠶᠠᠭᠤᠮ᠎ᠠ ᠪᠣᠯᠤᠭ᠎ᠠ ᠦᠭᠡᠢ ᠶᠣᠮ ᠰᠢᠭ | ᠢᠶᠠᠷ ᠲᠡᠭᠦᠨ ᠢ ᠰᠠᠶᠢᠳᠣᠷ ᠵᠣᠴᠢᠯᠠᠨ ᠨᠠᠶᠢᠷᠠᠯᠠᠵᠣ᠂ ᠬᠦᠨᠳᠦ ᠪᠡᠯᠡᠭ ᠬᠦᠷᠭᠡᠵᠡᠢ᠃ ᠡᠪᠦᠯ ᠦᠩᠬᠡᠷᠡᠭᠡᠳ ᠲᠡᠷᠡ ᠲᠠᠬᠢᠨ | ᠵᠠᠷᠯᠢᠭ ᠨᠡᠶᠢᠳᠡᠯᠡᠨ ᠶᠡᠭᠡ ᠴᠡᠷᠢᠭ ᠢᠶᠠᠨ ᠴᠣᠭᠯᠠᠭᠤᠯᠪᠠ᠃ ᠲᠡᠭᠦᠨ ᠤ ᠬᠠᠷᠠᠯᠳᠠ ᠪᠣᠯ ᠬᠤᠷᠣᠽᠧᠮ ᠵᠦᠭ | ᠲᠣᠪᠳᠣᠯᠣᠨ ᠣᠷᠣᠬᠤ ᠪᠣᠯᠣᠨ᠎ᠠ᠃ ᠪᠦᠬᠦ ᠵᠠᠩᠵᠣᠨ ᠪᠠᠭᠠᠳᠣᠷᠴᠣᠳ ᠪᠠ ᠸᠠᠩ ᠭᠥᠩ ᠪᠦᠷ ᠦᠪᠡᠷ ᠤᠨ ᠬᠠᠷᠢᠶᠠᠳᠣ | ᠴᠡᠷᠢᠭ ᠮᠣᠷᠢ ᠪᠠᠨ ᠲᠠᠭᠠᠭᠤᠯᠣᠨ ᠢᠷᠡᠵᠦ᠂ ᠡᠮᠢᠷ ᠲᠡᠮᠦᠷ ᠤᠨ ᠶᠠᠪᠣᠭᠤᠯ ᠣᠷᠳᠣᠨ ᠣᠷᠴᠢᠮ ᠬᠤᠷᠠᠨ ᠴᠣᠭᠯᠠᠷᠠᠪᠠ᠃ | ᠡᠨᠡ ᠦᠶ᠎ᠡ ᠪᠠᠷ ᠡᠮᠢᠷ ᠲᠡᠮᠦᠷ ᠵᠠᠷᠯᠢᠭ ᠭᠠᠷᠭᠠᠨ ᠱᠠᠾ · ᠮᠠᠬᠠᠮᠠᠳ᠋ · ᠪᠠᠶᠠᠨ · ᠰᠦᠯᠳᠦᠰ ᠢ ᠪᠠᠷᠢᠪᠴᠢᠯᠠᠨ ᠠᠪᠴᠣ | ᠰᠢᠬᠦᠭᠰᠡᠨᠡ᠂ ᠲᠡᠷᠡ ᠦᠨᠡᠨ ᠢᠶᠠᠨ ᠬᠡᠯᠡᠵᠦ ᠦᠪᠡᠷ ᠤᠨ ᠶᠠᠯ᠎ᠠ ᠪᠠᠨ ᠮᠡᠳᠡᠷᠡᠪᠡ᠃ ᠶᠠᠯ᠎ᠠ ᠨᠢ ᠲᠣᠲᠣᠷᠬᠠᠢ ᠪᠣᠯᠣᠭᠰᠠᠨ | ᠤ ᠲᠠᠷᠠᠭ᠎ᠠ ᠲᠡᠭᠦᠨ ᠢ ᠲᠡᠭᠦᠨ ᠤ ᠰᠠᠳᠣᠨ ᠲᠦᠷᠦᠯ ᠪᠣᠯᠬᠤ ᠬᠠᠯᠢᠮᠦᠯᠧᠺ · ᠰᠦᠯᠳᠦᠰ ᠤᠨ ᠠᠬ᠎ᠠ ᠲᠡᠭᠦᠥ ᠨᠡᠷ ᠲᠤ | ᠲᠣᠰᠢᠶᠠᠨ ᠦᠭᠭᠦᠪᠡ᠃ ᠬᠠᠯᠢᠮᠦᠯᠧᠺ · ᠰᠦᠯᠳᠦᠰ ᠪᠣᠯ ᠪᠠᠶᠠᠨ ᠰᠦᠯᠳᠦᠰ ᠲᠤ ᠬᠢᠯᠢᠰ ᠢᠶᠠᠷ ᠠᠯᠠᠭᠳᠠᠭᠰᠠᠨ ᠶᠣᠮ᠃ | ᠡᠶᠢᠮᠦ ᠠᠴᠠ ᠲᠡᠭᠦᠨ ᠤ ᠠᠬ᠎ᠠ ᠲᠡᠭᠦᠥ ᠨᠡᠷ ᠨᠢ ᠴᠦ ᠪᠠᠶᠠᠨ ᠰᠦᠯᠳᠦᠰ ᠢ ᠴᠦ ᠠᠯᠠᠵᠣ ᠣᠷᠬᠢᠨ ᠬᠠᠯᠢᠮᠦᠯᠧᠺ · | ᠰᠦᠯᠳᠦᠰ ᠲᠤ ᠦᠰᠢᠶ᠎ᠡ ᠠᠪᠴᠣ ᠦᠭᠴᠡᠢ᠃ ᠪᠠᠶᠠᠵᠢᠳ᠋ · ᠵᠠᠯᠠᠶᠢᠷ ᠤᠨ ᠬᠦᠪᠡᠭᠦᠨ ᠠᠯᠢ · ᠳ᠋ᠧᠷᠸᠢᠱ ᠶᠠᠯ᠎ᠠ ᠲᠠᠢ | ᠪᠠᠨ ᠢᠯᠠᠴᠢᠯᠡᠭᠳᠡᠵᠦ ᠠᠯᠠᠭᠳᠠᠪᠠ᠃ ᠰᠦᠯᠳᠦᠰ ᠤᠨ ᠲᠦᠮᠡᠨ ᠤ ᠨᠣᠶᠠᠨ ᠤ ᠣᠷᠳᠣᠨ ᠪᠠ ᠵᠢᠴᠢ ᠲᠡᠭᠦᠨ ᠤ ᠬᠠᠣᠯᠢ | ᠴᠠᠭᠠᠵᠠ ᠪᠣᠯᠣᠨ ᠴᠠᠭᠳᠠᠭᠠᠨ ᠡᠷᠬᠡ ᠶᠢ ᠨᠢ ᠪᠦᠷ ᠬᠤᠷᠢᠶᠠᠮᠵᠢᠯᠠᠨ ᠠᠪᠴᠣ᠂ ᠡᠷᠡᠯᠬᠡᠭ ᠪᠠᠭᠠᠳᠣᠷ ᠠᠩᠺ · ᠲᠡᠮᠦᠷ · | ᠪᠠᠭᠠᠳᠣᠷ ᠲᠤ ᠱᠠᠩᠨᠠᠵᠠᠢ᠃ | | | ᠪᠡᠯᠡᠳᠬᠡᠭᠰᠡᠨ ᠨᠢ᠄ ᠡᠷᠳᠡᠨᠢᠬᠦᠦ | ᠨᠠᠶᠢᠷᠠᠭᠤᠯᠤᠭᠰᠠᠨ ᠨᠢ᠄ ᠨᠠᠮᠤᠷ | ᠬᠢᠨᠠᠭᠰᠠᠨ ᠨᠢ᠄ ᠤᠷᠢᠬᠠᠨ | | |