ᠬᠤᠷᠢᠳᠣᠭᠠᠷ ᠪᠦᠯᠦᠭ | ᠾᠢᠵᠢᠷ ᠲᠣᠭᠠᠯᠠᠯ ᠤᠨ777 ︵ᠨᠡᠶᠢᠳᠡ ᠶᠢᠨ ᠣᠨ ᠲᠣᠭᠠᠯᠠᠯ ᠤᠨ1375︶ ᠣᠨ᠂ ᠲᠠᠷᠣᠢ ᠲᠠᠲ᠋ᠠᠷ ᠤᠨ | ᠯᠣᠣ ᠵᠢᠯ ᠤᠨ ᠬᠠᠪᠣᠷ ᠤᠨ ᠡᠬᠢᠨ ᠢᠶᠠᠷ ᠡᠮᠢᠷ ᠲᠡᠮᠦᠷ᠂ ᠡᠭᠦᠨ ᠠᠴᠠ ᠡᠮᠦᠨᠡᠬᠢ ᠰᠠᠶᠢᠨ ᠵᠠᠶᠠᠭ᠎ᠠ ᠪᠣᠶᠠᠨ ᠤ ᠪᠠᠨ | ᠵᠣᠷᠢᠭᠵᠢᠭᠤᠯᠣᠯ ᠲᠣᠣᠷ᠎ᠠ ᠬᠤᠷᠣᠽᠧᠮ ᠢ ᠲᠠᠶᠢᠯᠠᠬᠤ ᠪᠠᠷ ᠪᠣᠯᠵᠠᠢ᠃ ᠲᠡᠷᠡ ᠪᠣᠯ ᠨᠠᠶᠢᠷ ᠬᠤᠷᠢᠮ ᠳᠤ ᠲᠣᠷ᠎ᠠ ᠦᠭᠡᠢ | ᠴᠡᠷᠢᠭ ᠲᠠᠶᠢᠨ ᠳᠤ ᠪᠠᠭ᠋ᠠᠳᠠᠢ ᠬᠦᠮᠦᠨ ᠶᠣᠮ᠃ | ᠡᠶᠢᠮᠦ ᠠᠴᠠ ᠲᠡᠷᠡ ᠡᠮᠢᠷ ᠠᠾ · ᠪᠣᠬ᠎ᠠ ᠶᠢ ᠰᠠᠮᠠᠷᠺᠠᠨᠳ᠋ ᠶᠢᠨ ᠵᠠᠬᠢᠷᠣᠭᠴᠢ ᠪᠠᠷ ᠲᠣᠮᠢᠯᠠᠨ᠂ ᠡᠮᠢᠷ ᠰᠠᠷ · | ᠪᠣᠬ᠎ᠠ᠂ ᠠᠳᠢᠯᠱᠠᠾ · ᠵᠠᠯᠠᠶᠢᠷ᠂ ᠬᠢᠳᠠᠨ · ᠪᠠᠭᠠᠳᠣᠷ᠂ ᠢᠯᠴᠢ · ᠪᠣᠬ᠎ᠠ ᠪᠣᠯᠣᠨ ᠪᠣᠰᠣᠳ ᠣᠯᠠᠨ ᠮᠢᠩᠭᠠᠳᠠᠨ ᠳᠤ | ᠭᠤᠷᠪᠠᠨ ᠲᠦᠮᠡᠨ ᠴᠡᠷᠢᠭ ᠦᠭᠴᠦ᠂ ᠴᠠᠭᠠᠳᠠᠢ ︵ᠮᠣᠩᠭᠤᠯᠰᠲ᠋ᠠᠨ︶ ᠵᠦᠭ ᠲᠠᠶᠢᠯᠠᠭᠤᠯᠬᠤ ᠪᠠᠷ ᠶᠠᠪᠣᠭᠤᠯᠪᠠ᠃ | ᠲᠡᠭᠡᠭᠡᠳ ᠲᠡᠳᠡᠨᠡᠷ ᠲᠤ ᠣᠨᠴᠠᠭᠠᠢ ᠵᠠᠷᠯᠢᠭ ᠦᠭᠭᠦᠭᠰᠡᠨ ᠨᠢ᠄ ᠴᠢᠳᠠᠬᠤ ᠶᠢᠨ ᠲᠣᠲᠣᠷ᠎ᠠ ᠬᠠᠮᠠᠷ ᠠᠳ᠋ᠳᠢᠨ ᠢ ᠡᠷᠢᠨ | ᠰᠣᠷᠠᠵᠣ᠂ ᠬᠡᠷᠪᠡ ᠭᠠᠷ ᠲᠠᠭᠠᠨ ᠣᠷᠣᠭᠤᠯᠵᠣ ᠴᠢᠳᠠᠪᠠᠯ ᠲᠡᠷᠡ ᠲᠣᠣᠷ᠎ᠠ ᠶᠢ ᠴᠠᠪᠴᠢᠨ ᠠᠯᠠᠳᠣᠭᠠᠢ ᠭᠡᠵᠡᠢ᠃ | ᠲᠡᠭᠡᠭᠡᠳ ᠰᠠᠶ᠋ᠢ ᠦᠪᠡᠷ ᠢᠶᠠᠨ ᠢᠯᠠᠭᠳᠠᠰᠢ ᠦᠭᠡᠢ ᠶᠡᠭᠡ ᠴᠡᠷᠢᠭ ᠢᠶᠠᠨ ᠲᠠᠶᠢᠴᠢᠯᠠᠨ ᠬᠤᠷᠣᠽᠧᠮ ᠵᠦᠭ ᠮᠣᠷᠳᠠᠨ | ᠭᠠᠷᠴᠠᠢ᠃ ᠲᠡᠳᠡ ᠵᠧᠬᠤᠨ ᠭᠤᠣᠯ ᠤᠨ ᠡᠷᠭᠢᠨ ᠳᠤ ᠪᠠᠶᠢᠭ᠎ᠠ ᠰᠢᠪᠠᠶᠠᠾ ᠭᠡᠳᠡᠭ ᠭᠠᠵᠠᠷ ᠬᠦᠷᠦᠭᠡᠳ᠂ ᠲᠣᠷᠬᠠᠨ · | ᠠᠷᠣᠯᠠᠳ ᠤᠨ ᠭᠤᠣᠯ ᠤᠨ ᠴᠠᠭᠠᠨ᠎ᠠ ᠢᠷᠡᠭᠡᠳ ᠪᠠᠶᠢᠭ᠎ᠠ ᠶᠢ ᠣᠯᠵᠣ ᠮᠡᠳᠡᠵᠡᠢ᠃ ᠭᠡᠪᠡᠴᠦ ᠲᠣᠷᠬᠠᠨ · ᠠᠷᠣᠯᠠᠳ | ᠦᠪᠡᠷ ᠤᠨ ᠡᠴᠦᠰ ᠤᠨ ᠴᠠᠭ ᠪᠣᠯᠣᠭᠰᠠᠨ ᠢᠶᠠᠨ ᠮᠡᠳᠡᠵᠦ᠂ ᠲᠠᠬᠢᠨ ᠣᠷᠣᠭᠰᠢᠯᠠᠵᠣ ᠪᠣᠯᠬᠤ ᠦᠭᠡᠢ ᠬᠡᠮᠡᠨ ᠴᠡᠷᠢᠭ | ᠮᠣᠷᠢ ᠪᠠᠨ ᠲᠠᠭᠠᠭᠤᠯᠵᠣ᠂ ᠬᠦᠰᠷᠦᠨ ᠵᠦᠭ ᠣᠬᠤᠷᠢᠪᠠ᠃ ᠡᠮᠢᠷ ᠲᠡᠮᠦᠷ᠂ ᠪᠣᠯᠣᠳ ᠢ ᠲᠣᠮᠢᠯᠠᠨ ᠴᠦᠬᠡᠨ ᠴᠡᠷᠢᠭ | ᠦᠭᠴᠦ ᠲᠡᠭᠦᠨ ᠢ ᠨᠡᠬᠡᠭᠦᠯᠪᠡ᠃ ᠲᠡᠳᠡ ᠡᠳᠦᠷ ᠰᠦᠨᠢ ᠢᠯᠭᠠᠯ ᠦᠭᠡᠢ ᠨᠡᠬᠡᠮᠵᠢᠯᠡᠨ ᠶᠠᠪᠣᠭᠰᠠᠭᠠᠷ ᠠᠨᠳᠠᠬᠤᠢ ᠶᠢᠨ | ᠹᠠᠷᠢᠶᠠᠪ ᠲᠤ ᠭᠦᠢᠴᠡᠨ ᠬᠦᠷᠪᠡ᠃ ᠲᠣᠰ ᠬᠤᠳᠠ ᠭᠤᠣᠯ ᠤᠨ ᠡᠷᠭᠢᠨ ᠳᠤ ᠪᠠᠶᠢᠭ᠎ᠠ ᠶᠣᠮ᠃ ᠲᠣᠷᠬᠠᠨ ᠪᠣᠯᠣᠨ | ᠲᠡᠭᠦᠨ ᠤ ᠲᠡᠭᠦᠥ ᠲᠣᠷᠮᠢᠱ ᠬᠤᠳᠠ ᠪᠠᠷ ᠲᠦᠰᠢᠯᠭᠡ ᠪᠣᠯᠭᠠᠨ ᠭᠤᠣᠯ ᠤᠨ ᠬᠦᠪᠡᠭᠡ ᠶᠢ ᠰᠠᠬᠢᠵᠣ ᠪᠢᠳᠡᠨ ᠲᠠᠢ | ᠲᠣᠯᠣᠯᠳᠣᠪᠠ᠃ ᠲᠠᠶᠢᠰᠣᠨ ᠡᠬᠢᠯᠡᠩᠭᠦᠳᠡ ᠮᠠᠰᠢ ᠪᠠᠭᠠᠳᠣᠷᠯᠢᠭ ᠢᠶᠠᠷ ᠡᠰᠡᠷᠭᠦᠴᠡᠨ ᠪᠠᠶᠢᠯᠳᠣᠵᠣ ᠪᠠᠶᠢᠪᠠ᠃ ᠭᠡᠪᠡᠴᠦ | ᠡᠴᠦᠰ ᠲᠡᠭᠡᠨ ᠲᠣᠯᠣᠯᠳᠣᠵᠣ ᠬᠦᠴᠦᠷᠬᠦ ᠦᠭᠡᠢ ᠪᠣᠯᠵᠣ ᠲᠣᠳᠠᠭᠠᠵᠠᠭᠠᠨ ᠡᠬᠢᠯᠡᠪᠡ᠃ ᠮᠠᠨ ᠤ ᠴᠡᠷᠢᠭ ᠲᠠᠷᠣᠨ | ᠣᠷᠣᠵᠣ ᠪᠣᠯᠣᠳ ᠦᠪᠡᠷ ᠢᠶᠠᠨ ᠲᠦᠷᠦᠭᠦᠯᠦᠨ ᠪᠠᠶᠢᠯᠳᠣᠵᠣ ᠴᠠᠪᠴᠢᠨ ᠣᠷᠣᠪᠠ᠃ ᠡᠨᠡ ᠦᠶ᠎ᠡ ᠪᠠᠷ ᠲᠣᠷᠬᠠᠨ ᠤ | ᠣᠨᠣᠭᠰᠠᠨ ᠮᠣᠷᠢ ᠨᠢ ᠡᠴᠡᠵᠦ᠂ ᠲᠡᠷᠡ ᠵᠦᠪᠬᠡᠨ ᠶᠠᠪᠠᠭᠠᠨ ᠢᠶᠠᠷ ᠪᠣᠷᠣᠭᠤᠯᠠᠨ ᠭᠦᠶᠦᠵᠡᠢ᠃ ᠲᠡᠷᠡ ᠪᠣᠷᠣᠭᠤᠯᠠᠬᠤ | ᠶᠢᠨ ᠲᠣᠮᠳᠠ ᠪᠠᠨ ᠡᠷᠭᠢᠵᠦ ᠨᠢᠭᠡ ᠰᠣᠮᠣ ᠬᠠᠷᠪᠣᠭᠰᠠᠨ ᠳᠤ ᠪᠣᠯᠣᠳ ᠤᠨ ᠮᠣᠷᠢ ᠣᠨᠣᠭᠳᠠᠨ᠂ ᠪᠣᠯᠣᠳ ᠮᠣᠷᠢᠨ | ᠠᠴᠠ ᠣᠨᠠᠪᠠ᠃ ᠪᠣᠯᠣᠳ ᠭᠦᠶᠦᠨ ᠪᠣᠰᠳᠠᠯ᠎ᠠ ᠲᠡᠷᠡ ᠲᠠᠬᠢᠨ ᠨᠢᠭᠡ ᠰᠣᠮᠣ ᠬᠠᠷᠪᠣᠭᠰᠠᠨ ᠳᠤ ᠵᠡᠪᠡ ᠨᠢ ᠪᠣᠯᠣᠳ ᠤᠨ | ᠲᠣᠭᠤᠯᠭ᠎ᠠ ᠶᠢᠨ ᠣᠷᠣᠢ ᠣᠨᠣᠭᠳᠠᠵᠣ ᠨᠡᠪᠳᠡ ᠬᠠᠷᠪᠣᠪᠠ᠃ ᠡᠨᠡ ᠦᠶ᠎ᠡ ᠳᠤ ᠪᠣᠯᠣᠳ① ᠶᠡᠬᠡᠳᠡ ᠬᠢᠯᠢᠩᠯᠡᠨ | ᠦᠨᠳᠦᠷ ᠲᠠᠭᠤ ᠪᠠᠷ ᠬᠠᠰᠬᠢᠷᠣᠨ ᠣᠷᠣᠵᠣ᠂ ᠲᠡᠳᠡ ᠬᠤᠶᠠᠭᠤᠯᠠ ᠲᠡᠪᠡᠷᠢᠯᠳᠣᠨ ᠠᠪᠣᠯᠴᠠᠪᠠ᠃ ᠮᠠᠰᠢ ᠣᠳᠠᠯ᠎ᠠ | ᠠᠪᠣᠯᠴᠠᠭᠰᠠᠨ ᠤ ᠰᠡᠬᠦᠯᠡᠷ ᠡᠴᠦᠰ ᠲᠡᠭᠡᠨ ᠪᠣᠯᠣᠳ ᠲᠠᠪᠠᠵᠣ ᠲᠡᠷᠡ᠄ ︽ᠡᠮᠢᠷ ᠲᠡᠮᠦᠷ ᠲᠦᠮᠡᠨ ᠨᠠᠰᠣᠯᠠᠳᠣᠭᠠᠦ︾ | ᠬᠡᠮᠡᠨ ᠬᠠᠰᠬᠢᠷᠴᠣ᠂ ᠨᠢᠭᠡᠯᠡ ᠲᠡᠭᠡᠷ᠎ᠡ ᠲᠣᠷᠬᠠᠨ ᠢ ᠵᠢᠳᠠᠯᠠᠨ ᠠᠯᠠᠪᠠ᠃ ᠲᠡᠭᠡᠭᠡᠳ ᠲᠡᠭᠦᠨ ᠤ ᠲᠡᠷᠢᠬᠦᠨ ᠢ | ᠣᠭᠳᠣᠯᠣᠨ ᠠᠪᠴᠣ᠂ ᠢᠯᠠᠯᠳᠠ ᠲᠠᠢ ᠪᠠᠷ ᠴᠡᠷᠢᠭ ᠪᠣᠴᠠᠪᠠ᠃ | ᠠᠮᠠᠨ · ᠰᠠᠷᠪᠠᠳᠠᠯ ᠡᠨᠡ ᠦᠶ᠎ᠡ ᠪᠠᠷ ᠲᠣᠷᠬᠠᠨ ᠤ ᠲᠡᠭᠦᠥ ᠲᠣᠷᠮᠢᠱ ᠢ ᠭᠦᠢᠴᠡᠨ ᠬᠦᠷᠴᠦ ᠴᠣᠬᠢᠨ ᠣᠨᠠᠭᠠᠭᠠᠳ | ᠲᠡᠷᠢᠬᠦᠨ ᠢ ᠨᠢ ᠣᠭᠳᠣᠯᠣᠨ ᠠᠪᠴᠠᠢ᠃ ᠲᠡᠭᠦᠨ ᠤ ᠬᠡᠬᠦᠷ ᠪᠡᠶ᠎ᠡ ᠨᠢ ᠴᠢᠨᠸ᠎ᠠ ᠰᠢᠷᠠᠨᠣᠳ ᠤᠨ ᠢᠳᠡᠰᠢ ᠪᠣᠯᠪᠠ᠃ | ᠡᠨᠡ ᠬᠤᠶᠠᠷ ᠬᠦᠮᠦᠨ ᠤ ᠲᠡᠷᠢᠬᠦᠨ ᠢ ᠡᠮᠢᠷ ᠲᠡᠮᠦᠷ ᠤᠨ ᠡᠮᠦᠨ᠎ᠡ ᠡᠷᠭᠦᠨ ᠪᠠᠷᠢᠪᠠ᠃ | ᠲᠡᠮᠦᠷ ᠤᠨ ᠴᠠᠭᠠᠳᠠᠢ ︵ᠮᠣᠩᠭᠤᠯᠰᠲ᠋ᠠᠨ︶ ᠳᠤ ᠳᠣᠮᠢᠯᠠᠨ ᠶᠠᠪᠣᠭᠤᠯᠣᠭᠰᠠᠨ ᠡᠮᠢᠷ ᠰᠠᠷ · ᠪᠣᠬ᠎ᠠ ᠪᠣᠯᠣᠨ ᠡᠮᠢᠷ | ᠠᠳᠢᠯᠱᠠᠾ ᠲᠡᠨᠳᠡ ᠬᠦᠷᠬᠦ ᠳᠤ ᠨᠢᠭᠡᠨᠳᠡ ᠲᠠᠶᠢᠰᠣᠨ ᠪᠣᠷᠣᠭᠤᠯᠠᠨ ᠶᠠᠪᠣᠵᠣ᠂ ᠨᠢᠭᠡᠴᠦ ᠬᠦᠮᠦᠨ ᠦᠭᠡᠢ ᠬᠤᠭᠤᠰᠣᠨ | ᠭᠠᠵᠠᠷ ᠪᠣᠯᠣᠭᠠᠳ ᠪᠠᠶᠢᠵᠠᠢ᠃ ᠲᠡᠭᠡᠭᠡᠳ ᠲᠡᠳᠡ ᠲᠡᠨᠳᠡ ᠨᠢᠭᠡᠨ ᠣᠪ ᠮᠡᠬᠡᠳᠦ ᠲᠦᠯᠦᠪᠯᠡᠭᠡ ᠵᠣᠬᠢᠶᠠᠨ ᠭᠠᠷᠭᠠᠵᠠᠢ᠃ | ᠲᠡᠳᠡ ᠬᠢᠳᠠᠨ · ᠪᠠᠭᠠᠳᠣᠷ ᠪᠣᠯᠣᠨ ᠢᠯᠴᠢ · ᠪᠣᠬ᠎ᠠ ᠶᠢ ᠪᠠᠷᠢᠪᠴᠢᠯᠠᠨ ᠠᠪᠴᠣ᠂ ᠡᠨᠡ ᠦᠶ᠎ᠡ ᠪᠠᠷ ᠡᠮᠢᠷ ᠲᠡᠮᠦᠷ ᠤᠨ | ᠲᠣᠮᠢᠯᠠᠭᠰᠠᠨ ᠠᠨᠳᠢᠵᠠᠨ ᠤ ᠵᠠᠬᠢᠷᠣᠭᠴᠢ ᠨᠣᠶᠠᠨ ᠬᠠᠮᠠᠳᠢ ᠴᠦ ᠲᠡᠳᠡ ᠨᠡᠷ ᠲᠠᠢ ᠵᠦᠪᠯᠡᠯ ᠨᠡᠶᠢᠯᠡᠨ ᠬᠤᠯᠪᠣᠭ᠎ᠠ | ᠲᠣᠭᠳᠠᠵᠠᠢ②᠃ ᠢᠩᠬᠢᠭᠡᠳ ᠲᠡᠳᠡ ᠦᠪᠡᠷ ᠤᠨ ᠴᠡᠷᠢᠭ ᠮᠣᠷᠢ᠂ ᠲᠠᠷᠣᠢ ᠪᠠᠾᠷᠠᠮ ᠵᠠᠯᠠᠶᠢᠷ ᠤᠨ ᠴᠡᠷᠢᠭ ᠪᠠ | ᠬᠢᠪᠴᠠᠭ ᠴᠡᠷᠢᠭ ᠢᠶᠠᠨ ᠲᠠᠭᠠᠭᠤᠯᠣᠨ ᠰᠠᠮᠠᠷᠺᠠᠨᠳ᠋ ᠢ ᠪᠦᠰᠡᠯᠡᠨ ᠪᠠᠶᠢᠯᠳᠣᠪᠠ᠃ ᠭᠡᠪᠡᠴᠦ ᠲᠣᠰ ᠬᠤᠳᠠ ᠶᠢᠨ ᠠᠷᠠᠳ | ᠢᠷᠭᠡᠳ ᠨᠣᠮᠣ ᠰᠣᠮᠣ ᠪᠣᠯᠣᠨ ᠣᠷᠳᠣ ᠵᠢᠳᠠ ᠪᠠᠷ ᠦᠪᠡᠷ ᠢ ᠪᠠᠨ ᠬᠠᠮᠠᠭᠠᠯᠠᠨ ᠡᠷᠡᠰ ᠰᠢᠭᠤᠷᠬᠠᠢ ᠡᠰᠡᠷᠭᠦᠴᠡᠨ | ᠪᠠᠶᠢᠯᠳᠣᠵᠣ ᠬᠤᠳᠠ ᠶᠢ ᠪᠦᠰᠡᠯᠡᠬᠦᠯᠬᠦ ᠦᠭᠡᠢ ᠪᠠᠶᠢᠯ᠎ᠠ᠃ ᠬᠤᠳᠠ ᠶᠢᠨ ᠵᠠᠬᠢᠷᠣᠭᠴᠢ ᠠᠾ · ᠪᠣᠬ᠎ᠠ ᠴᠦ ᠲᠡᠷᠦᠢ | ᠲᠦᠷᠭᠡᠨ ᠮᠡᠳᠡᠭᠦᠯᠦᠯᠳᠡ ᠶᠢᠨ ᠪᠢᠴᠢᠭ ᠪᠢᠴᠢᠵᠦ᠂ ᠭᠠᠯ ᠮᠡᠳᠦ ᠲᠦᠷᠭᠡᠨ ᠢᠶᠠᠷ ᠡᠮᠢᠷ ᠲᠡᠮᠦᠷ ᠲᠤ ᠬᠦᠷᠭᠡᠪᠡ᠃ ᠡᠮᠢᠷ | ᠲᠡᠮᠦᠷ ᠡᠨᠡ ᠦᠶ᠎ᠡ ᠳᠤ ᠶᠠᠭ ᠰᠠᠶᠢᠬᠠᠨ ᠠᠲᠢ ᠶᠢ ᠦᠩᠭᠡᠷᠡᠨ ᠬᠠᠰ ᠲᠤ ᠬᠦᠷᠦᠭᠡᠳ ᠪᠠᠶᠢᠵᠠᠢ᠃ ᠲᠡᠷᠡ ᠴᠢᠮᠡᠭᠡ | ᠣᠯᠣᠮᠠᠭᠴᠠ ᠪᠠᠨ ᠬᠦᠪᠡᠭᠦᠨ ᠵᠢᠬᠠᠨᠬᠢᠷ ᠲᠤ ᠬᠤᠰᠢᠭᠤᠴᠢ ᠴᠡᠷᠢᠭ ᠢᠶᠠᠨ ᠵᠠᠬᠢᠷᠠᠭᠤᠯᠣᠨ ᠭᠡᠳᠡᠷᠭᠦ ᠪᠣᠴᠠᠭᠠᠨ᠂ ᠦᠪᠡᠷ | ᠢᠶᠠᠨ ᠶᠡᠭᠡ ᠴᠡᠷᠢᠭ ᠢᠶᠠᠨ ᠲᠠᠶᠢᠴᠢᠯᠠᠨ ᠰᠠᠮᠠᠷᠺᠠᠨᠳ᠋ ᠢ ᠴᠢᠭᠯᠡᠪᠡ᠃ ᠲᠡᠷᠡ ᠪᠦᠬᠠᠷ᠎ᠠ ᠬᠦᠷᠦᠮᠡᠭᠴᠡ ᠪᠠᠨ ᠵᠢᠬᠰᠠᠭᠠᠯ | ᠢᠶᠠᠨ ᠵᠠᠰᠠᠵᠣ ᠴᠡᠷᠢᠭ ᠣᠷᠣᠭᠰᠢᠯᠠᠪᠠ᠃ ᠲᠡᠷᠡ ᠦᠪᠡᠷ ᠤᠨ ᠪᠡᠶ᠎ᠡ ᠨᠢ ᠮᠧᠯᠢᠺ ᠴᠠᠶᠢᠵᠠ ᠳᠤ ᠴᠡᠷᠢᠭ ᠪᠠᠭᠤᠪᠠ᠃ | ᠸᠠᠩ ᠬᠦᠪᠡᠭᠦᠨ ᠵᠢᠬᠠᠨᠬᠢᠷ᠂ ᠬᠠᠷᠮᠢᠨᠠ ᠭᠡᠳᠡᠭ ᠭᠠᠵᠠᠷ ᠲᠤ ᠲᠠᠶᠢᠰᠣᠨ ᠲᠠᠢ ᠭᠡᠨᠡᠳᠳᠡ ᠬᠠᠷᠭᠤᠨ᠂ ᠨᠢᠭᠡᠨ | ᠣᠳᠠᠭᠠᠨ ᠤ ᠶᠡᠭᠡ ᠲᠣᠯᠣᠯᠳᠣᠭᠠᠨ ᠪᠣᠯᠪᠠ᠃ ᠲᠠᠶᠢᠨ ᠤ ᠬᠡᠩᠭᠡᠷᠭᠡ ᠲᠦᠩᠭᠢᠨᠡᠨ᠂ ᠴᠢᠰᠣᠨ ᠮᠦᠷᠡᠨ ᠬᠠᠯᠬᠢᠯᠠᠵᠣ᠂ | ᠸᠠᠩ ᠬᠦᠪᠡᠭᠦᠨ ᠵᠢᠬᠠᠨᠬᠢᠷ ᠠᠯᠯᠠᠾ ᠲᠡᠭᠷᠢ ᠶᠢᠨ ᠠᠪᠣᠷᠠᠯ ᠢᠶᠠᠷ ᠲᠠᠶᠢᠰᠣᠨ ᠢᠶᠠᠨ ᠲᠠᠷᠣᠪᠠ᠃ ᠲᠠᠶᠢᠰᠣᠨ ᠬᠢᠪᠴᠠᠭ | ᠤᠨ ᠲᠠᠯ᠎ᠠ ᠨᠣᠳᠤᠭ ᠲᠤ ᠲᠣᠳᠠᠭᠠᠨ ᠣᠷᠣᠵᠣ᠂ ᠲᠡᠨᠳᠡᠬᠢ ᠣᠯᠣᠰ ᠬᠠᠭᠠᠨ ᠤ ᠬᠠᠮᠠᠭᠠᠯᠠᠯ ᠳᠤ ᠣᠷᠣᠪᠠ᠃ ᠲᠡᠮᠦᠷ | ᠪᠠᠬᠢ ︵ᠡᠮᠢᠷ ᠲᠡᠮᠦᠷ︶ ᠢᠯᠠᠯᠳᠠ ᠣᠯᠵᠣ ᠠᠮᠣᠷ ᠲᠦᠪᠰᠢᠨ ᠢᠶᠠᠷ ᠨᠡᠶᠢᠰᠯᠡᠯ ᠬᠤᠳᠠ ᠲᠠᠭᠠᠨᠨ ᠪᠣᠴᠠᠪᠠ᠃ ᠲᠠᠷᠠᠭ᠎ᠠ | ᠨᠢ ᠲᠡᠷᠡ ᠵᠠᠯᠠᠶᠢᠷ ᠠᠶᠢᠮᠠᠭ ᠢ ᠦᠪᠡᠷ ᠤᠨ ᠣᠯᠠᠨ ᠡᠮᠢᠷ ᠨᠡᠷ ᠲᠠᠭᠠᠨ ᠬᠤᠪᠢᠶᠠᠨ ᠦᠭᠭᠦᠪᠡ᠃ ᠲᠡᠭᠡᠭᠡᠳ ᠦᠪᠡᠷ | ᠤᠨ ᠬᠦᠪᠡᠭᠦᠨ ᠣᠮᠠᠷ · ᠱᠠᠾ · ᠮᠢᠷᠽᠠ③ ᠶᠢ ᠠᠨᠳᠢᠵᠠᠨ ᠤ ᠵᠠᠬᠢᠷᠣᠭᠴᠢ ᠪᠠᠷ ᠲᠣᠮᠢᠯᠠᠭᠰᠠᠨ ᠶᠣᠮ᠃ | ᠠᠳᠢᠯᠱᠠᠾ ᠪᠣᠯᠣᠨ ᠰᠠᠷ · ᠪᠣᠬ᠎ᠠ ᠬᠤᠶᠠᠭᠤᠯᠠ ᠣᠯᠣᠰ ᠬᠠᠭᠠᠨ ᠤ ᠴᠡᠴᠡᠷ ᠤᠨ ᠲᠣᠣᠷ᠎ᠠ ᠬᠦᠴᠦᠨ ᠵᠢᠳᠭᠦᠵᠡᠢ | ᠃ ᠭᠡᠪᠡᠴᠦ ᠲᠡᠳᠡ ᠬᠤᠵᠢᠮ ᠨᠢ ᠲᠠᠬᠢᠨ ᠣᠷᠪᠠᠭ᠋ᠣ ᠰᠠᠨᠠᠭ᠎ᠠ ᠲᠦᠷᠦᠪᠡ᠃ ᠲᠡᠳᠡ ᠡᠨᠡ ᠣᠳᠠᠭ᠎ᠠ ᠣᠯᠣᠰ ᠬᠠᠭᠠᠨ ᠤ | ᠲᠡᠷᠢᠭᠦᠨ ᠳᠦᠰᠢᠮᠡᠯ ᠦᠴᠢᠪᠢ ᠲᠠᠢ ᠦᠰᠢᠶᠡᠯᠡᠯᠳᠦᠨ᠂ ᠣᠯᠣᠰ ᠬᠠᠭᠠᠨ ᠢ ᠵᠣᠰᠠᠯᠠᠩ ᠲᠠᠭᠠᠨ ᠶᠠᠪᠣᠭᠰᠠᠨ ᠢ ᠵᠠᠪᠰᠢᠨ | ᠦᠴᠢᠪᠢ ᠲᠠᠢ ᠲᠠᠶᠢᠯᠠᠯᠳᠣᠨ ᠲᠠᠷᠣᠵᠣ ᠲᠡᠭᠦᠨ ᠢ ᠠᠯᠠᠪᠠ᠃ ᠲᠡᠭᠡᠭᠡᠳ ᠲᠡᠳᠡ ᠬᠤᠶᠠᠭᠤᠯᠠ ᠠᠳᠡ ᠠᠴᠠ ᠲᠣᠳᠠᠭᠠᠨ | ᠭᠠᠷᠴᠣ᠂ ᠮᠣᠩᠭᠤᠯᠰᠲ᠋ᠠᠨ ᠤ ᠨᠦᠬᠦᠭᠡ ᠲᠠᠯ᠎ᠠ ᠳᠤ ᠪᠠᠶᠢᠭ᠎ᠠ ᠬᠠᠮᠠᠷ ᠠᠳ᠋ᠳᠢᠨ ᠢ ᠲᠦᠰᠢᠬᠦ ᠪᠠᠷ ᠣᠴᠢᠵᠠᠢ᠃ ᠲᠡᠳᠡ | ᠲᠡᠨᠳᠡ ᠪᠠᠨ ᠪᠠᠰᠠ ᠠᠮᠠᠷ ᠪᠠᠶᠢᠭᠰᠠᠨ ᠦᠭᠡᠢ ᠵᠦᠭᠡᠷ ᠯᠠ ᠣᠷᠪᠠᠯᠭᠠᠨ ᠰᠠᠮᠠᠭᠤᠷᠠᠯ ᠡᠳᠦᠵᠦ ᠪᠠᠶᠢᠪᠠ ᠃ | ᠲᠣᠰ ᠪᠦᠯᠦᠭ ᠤᠨ ᠲᠠᠶᠢᠯᠪᠣᠷᠢ | ① ᠪᠣᠯᠣᠳ ᠭᠡᠳᠡᠭ ᠦᠭᠡ ᠪᠣᠯ ᠮᠣᠩᠭᠤᠯ ᠲᠦᠷᠺ ᠬᠡᠯᠡᠨ ᠳᠤ ᠨᠢᠬᠡᠨ ᠠᠳᠠᠯᠢ ᠣᠳᠬ᠎ᠠ ᠲᠠᠢ ᠨᠡᠶᠢᠳᠡ ᠶᠢᠨ ᠦᠭᠡ | ᠪᠣᠯᠣᠨ᠎ᠠ᠃ ᠠᠳᠡ ᠣᠣᠯ ᠣᠳᠬ᠎ᠠ ᠨᠢ ᠪᠣᠯᠣᠳ ᠲᠡᠮᠦᠷ ᠬᠦᠮᠦᠨ ᠭᠡᠳᠡᠭ ᠵᠦᠢᠷᠯᠡᠯ ᠢᠶᠠᠷ ᠪᠣᠯᠣᠳᠢᠲ᠋ᠠᠷ ᠭᠡᠵᠦ | ᠪᠢᠴᠢᠵᠡᠢ᠃ | ② ᠡᠨᠡ ᠣᠳᠠᠭᠠᠨ ᠤ ᠣᠷᠪᠠᠯᠭᠠᠨ ᠪᠣᠯ ᠮᠣᠩᠭᠤᠯᠴᠣᠳ ᠣᠨᠴᠠᠭᠠᠶᠢᠯᠠᠨ ᠵᠠᠯᠠᠶᠢᠷ ᠠᠶᠢᠮᠠᠭ ᠲᠦᠷᠦᠭᠦᠳᠡᠢ ᠲᠡᠮᠦᠷ ᠤᠨ | ᠲᠣᠣᠷᠠᠬᠢ ᠮᠣᠩᠭᠤᠯᠴᠣᠳ ᠠᠴᠠ ᠲᠡᠮᠦᠷ ᠤᠨ ᠨᠣᠶᠠᠷᠬᠠᠯ ᠢ ᠡᠰᠡᠷᠭᠦᠴᠡᠭᠰᠡᠨ ᠨᠢᠭᠡ ᠣᠳᠠᠭᠠᠨ ᠤ ᠪᠣᠰᠣᠯᠭ᠎ᠠ ᠪᠣᠯᠣᠨ᠎ᠠ | ᠃ ᠡᠶᠢᠮᠦ ᠠᠴᠠ ᠲᠡᠳᠡ ᠮᠣᠩᠭᠤᠯᠰᠲ᠋ᠠᠨ ᠳᠤ ᠣᠷᠣᠵᠣ ᠲᠣᠬᠠᠢ ᠶᠢᠨ ᠦᠶ᠎ᠡ ᠶᠢᠨ ᠴᠠᠭᠠᠳᠠᠢ ᠬᠠᠭᠠᠨ ᠣᠯᠣᠰ ᠪᠣᠬ᠎ᠠ | ᠶᠢᠨ ᠬᠠᠮᠠᠭᠠᠯᠠᠯ ᠳᠤ ᠰᠢᠷᠭᠤᠪᠠ᠃ | ③ ᠣᠮᠠᠷ · ᠱᠠᠾ · ᠮᠢᠷᠽᠠ ᠪᠣᠯ ᠲᠡᠮᠦᠷ ᠤᠨ ᠬᠦᠪᠡᠭᠦᠨ ᠶᠣᠮ᠃ ᠲᠡᠣᠬᠡᠨ ᠳᠤ ᠲᠡᠭᠦᠨ ᠢ ᠪᠠᠰᠠ ᠣᠮᠠᠷ · ᠱᠠᠾ · | ᠮᠢᠷᠽᠠ ᠨᠢᠭᠡᠳᠦᠭᠡᠷ ᠭᠡᠳᠡᠭ᠃ ᠣᠴᠢᠷ ᠨᠢ ᠬᠤᠵᠢᠮ ᠤᠨ ᠲᠡᠮᠦᠷ ᠬᠠᠭᠠᠨᠳᠣ ᠣᠯᠣᠰ ᠤᠨ ᠬᠠᠭᠠᠨ ᠪᠣᠰᠠᠶ᠋ᠢᠨ ᠤ | ᠬᠦᠪᠡᠭᠦᠨ ᠮᠦᠨ ᠣᠮᠠᠷ · ᠱᠠᠾ · ᠮᠢᠷᠽᠠ ᠭᠡᠳᠡᠭ ᠨᠡᠷ᠎ᠡ ᠲᠠᠢ ᠪᠠᠶᠢᠵᠠᠢ᠃ ᠡᠨᠡ ᠣᠮᠠᠷ · ᠱᠠᠾ · ᠮᠢᠷᠽᠠ ᠶᠢ | ᠬᠦᠮᠦᠰ ᠪᠦᠷ ᠣᠮᠠᠷ · ᠱᠠᠾ · ᠮᠢᠷᠽᠠ ᠬᠤᠶᠠᠳᠣᠭᠠᠷ ᠭᠡᠳᠡᠭ ᠶᠣᠮ᠃ ᠡᠨᠡ ᠣᠮᠠᠷ · ᠱᠠᠾ · ᠮᠢᠷᠽᠠ ᠬᠤᠶᠠᠳᠣᠭᠠᠷ | ᠪᠣᠯ ᠲᠠᠷᠣᠢ ᠡᠨᠡᠳᠬᠡᠭ ᠤᠨ ᠮᠣᠭᠤᠯ ᠬᠠᠭᠠᠨᠳᠣ ᠣᠯᠣᠰ ᠢ ᠴᠣᠭᠴᠠᠯᠠᠭᠴᠢ ᠶᠡᠭᠡ ᠬᠠᠭᠠᠨ ᠪᠠᠪᠣᠷ ᠤᠨ ᠡᠴᠢᠭᠡ ᠨᠢ | ᠪᠣᠯᠣᠨ᠎ᠠ᠃ | | | ᠪᠡᠯᠡᠳᠬᠡᠭᠰᠡᠨ ᠨᠢ᠄ ᠡᠷᠳᠡᠨᠢᠬᠦᠦ | ᠨᠠᠶᠢᠷᠠᠭᠤᠯᠤᠭᠰᠠᠨ ᠨᠢ᠄ ᠨᠠᠮᠤᠷ | ᠬᠢᠨᠠᠭᠰᠠᠨ ᠨᠢ᠄ ᠤᠷᠢᠬᠠᠨ |