ᠬᠤᠷᠢᠨ ᠨᠢᠭᠡᠳᠦᠭᠡᠷ ᠪᠦᠯᠦᠭ | ᠰᠠᠷ · ᠪᠣᠬ᠎ᠠ ᠪᠣᠯᠣᠨ ᠠᠳᠢᠯᠱᠠᠾ ᠬᠤᠶᠠᠭᠤᠯᠠ ᠬᠠᠮᠠᠷ ᠠᠳ᠋ᠳᠢᠨ ᠤ ᠲᠣᠣᠷ᠎ᠠ ᠰᠢᠷᠭᠤᠭᠰᠠᠨ ᠤ ᠰᠡᠬᠦᠯᠡᠷ᠂ | ᠲᠡᠳᠡ ᠠᠷᠭ᠎ᠠ ᠪᠦᠬᠦᠨ ᠢ ᠰᠦᠪᠡᠭᠴᠢᠯᠡᠨ ᠬᠠᠮᠠᠷ ᠠᠳ᠋ᠳᠢᠨ ᠤ ᠰᠡᠳᠭᠢᠯ ᠳᠤ ᠬᠤᠷᠣᠰᠣᠯ ᠵᠠᠨᠣᠯ ᠤᠨ ᠭᠠᠯ ᠢ | ᠦᠷᠪᠢᠰᠭᠡᠵᠡᠢ᠃ ᠬᠠᠮᠠᠷ ᠠᠳ᠋ᠳᠢᠨ ᠡᠴᠦᠰ ᠲᠡᠭᠡᠨ ᠲᠡᠳᠡᠨ ᠤ ᠦᠭᠡ ᠪᠠᠷ ᠨᠢᠭᠡ ᠰᠠᠯᠠᠭ᠎ᠠ ᠴᠡᠷᠢᠭ ᠲᠠᠭᠠᠭᠤᠯᠣᠨ | ᠭᠠᠷᠴᠣ᠂ ᠠᠨᠳᠠᠺᠠᠨ① ᠣᠷᠣᠨ ᠳᠤ ᠲᠣᠪᠳᠣᠯᠣᠨ ᠣᠷᠣᠪᠠ᠃ ᠲᠡᠨᠳᠡᠬᠢ ᠬᠤᠳᠳᠤᠭ ᠭᠡᠳᠡᠭ ᠭᠠᠵᠠᠷ ᠲᠤ | ᠪᠠᠶᠢᠭᠰᠠᠨ ᠬᠠᠵᠠᠷ᠎ᠠ② ᠬᠦᠮᠦᠰ ᠣᠮᠠᠷ · ᠱᠠᠾ · ᠮᠢᠷᠽᠠ ᠠᠴᠠ ᠣᠷᠪᠠᠵᠣ ᠲᠠᠶᠢᠰᠣᠨ ᠤ ᠲᠠᠯ᠎ᠠ ᠳᠤ ᠣᠷᠣᠪᠠ᠃ | ᠣᠮᠠᠷ · ᠱᠠᠾ · ᠮᠢᠷᠽᠠ ᠭᠦᠨ ᠠᠭᠤᠯᠠᠨ ᠳᠤ ᠰᠢᠷᠭᠤᠨ ᠨᠢᠭᠡᠨ ᠪᠠᠬᠢᠯᠡᠯᠳᠡ ᠶᠢ ᠡᠵᠡᠯᠡᠨ ᠠᠪᠴᠣ᠂ ᠰᠠᠬᠢᠭᠠᠳ | ᠰᠠᠶ᠋ᠢ ᠲᠦᠷᠭᠡᠨ ᠡᠯᠴᠢ ᠲᠣᠪᠳᠣᠯᠭᠠᠨ ᠡᠴᠢᠭᠡ ᠲᠡᠭᠡᠨ ᠲᠠᠶᠢᠰᠣᠨ ᠤ ᠶᠡᠭᠡ ᠴᠡᠷᠢᠭ ᠲᠦᠷᠢᠮᠡᠬᠡᠶᠢᠯᠡᠨ ᠢᠷᠡᠭᠰᠡᠨ | ᠮᠡᠳᠡᠭᠡ ᠶᠢ ᠬᠦᠷᠭᠡᠪᠡ᠃ ᠡᠮᠢᠷ ᠲᠡᠮᠦᠷ ᠡᠨᠡ ᠮᠡᠳᠡᠭᠡ ᠶᠢ ᠰᠣᠨᠣᠰᠣᠭᠠᠳ ᠮᠠᠰᠢᠳᠠ ᠬᠢᠯᠢᠩᠯᠡᠨ᠂ ᠭᠠᠯ ᠮᠡᠳᠦ ᠲᠦᠷᠭᠡᠨ | ᠢᠶᠠᠷ ᠴᠡᠷᠢᠭ ᠮᠣᠷᠳᠠᠨ ᠭᠠᠷᠪᠠ᠃ ᠬᠠᠮᠠᠷ ᠠᠳ᠋ᠳᠢᠨ᠂ ᠡᠮᠢᠷ ᠲᠡᠮᠦᠷ ᠤᠨ ᠶᠡᠭᠡ ᠴᠡᠷᠢᠭ ᠲᠠᠶᠢᠴᠢᠯᠠᠨ ᠢᠷᠡᠭᠰᠡᠨ ᠴᠢᠮᠡᠭᠡ | ᠶᠢ ᠣᠯᠣᠭᠠᠳ᠂ ᠦᠪᠡᠷ ᠤᠨ ᠴᠡᠷᠢᠭ ᠤᠨ ᠬᠦᠷᠢᠶ᠎ᠡ ᠪᠠᠨ ᠬᠤᠶᠢᠰᠢ ᠣᠬᠤᠷᠢᠭᠤᠯᠣᠨ᠂ ᠠᠶᠢᠮᠠᠭ ᠣᠯᠠᠨ ᠭᠡᠷ | ᠬᠤᠳᠠᠯᠠᠭᠠᠷ ᠢᠶᠠᠨ ᠠᠲᠪᠠᠱ ᠠᠴᠠ ᠣᠮᠠᠷᠠᠰᠢ ᠵᠠᠶᠢᠯᠠᠭᠤᠯᠣᠨ᠂ ᠦᠪᠡᠷ ᠢᠶᠠᠨ ᠲᠦᠷᠪᠡᠨ ᠮᠢᠩᠭᠠᠨ ᠮᠣᠷᠢᠳᠣ ᠴᠡᠷᠢᠭ | ᠲᠠᠭᠠᠭᠤᠯᠣᠨ ᠨᠢᠭᠡᠨ ᠭᠠᠵᠠᠷ ᠲᠤ ᠪᠦᠭᠭᠦᠨ ᠡᠮᠢᠷ ᠲᠡᠮᠦᠷ ᠢ ᠬᠦᠯᠢᠶᠡᠵᠡᠢ᠃ ᠡᠮᠢᠷ ᠲᠡᠮᠦᠷ ᠠᠳᠡ ᠢᠷᠡᠭᠡᠳ ᠬᠠᠮᠠᠷ | ᠠᠳ᠋ᠳᠢᠨ ᠤ ᠪᠦᠭᠬᠦᠯᠳᠡ ᠶᠢ ᠰᠡᠷᠡᠵᠦ ᠮᠡᠳᠡᠭᠰᠡᠨ ᠦᠭᠡᠢ ᠪᠣᠯᠬᠤᠷ ᠶᠡᠭᠡ ᠴᠡᠷᠢᠭ ᠤᠨ ᠣᠯᠠᠩᠬᠢ ᠬᠦᠮᠦᠰ ᠢ ᠪᠦᠷ | ᠭᠠᠳᠠᠭᠰᠢ ᠲᠣᠮᠢᠯᠠᠨ᠂ ᠲᠠᠶᠢᠰᠣᠨ ᠢ ᠨᠡᠬᠡᠭᠦᠯᠬᠦ ᠪᠠᠷ ᠭᠠᠷᠭᠠᠪᠠ᠃ | ᠲᠠᠭᠦᠨ ᠤ ᠪᠡᠶ᠎ᠡ ᠶᠢᠨ ᠬᠠᠵᠠᠭᠤ ᠳᠤ ᠦᠯᠡᠳᠡᠭᠰᠡᠨ ᠴᠡᠷᠢᠭ ᠤᠨ ᠲᠤᠭ᠎ᠠ ᠵᠦᠳᠡᠵᠦ ᠲᠠᠪᠣᠨ ᠮᠢᠩᠭᠠᠬᠠᠨ ᠮᠣᠷᠢᠳᠣ | ᠴᠡᠷᠢᠭ ᠪᠠ ᠬᠡᠳᠦᠨ ᠪᠠᠭᠠᠳᠣᠷ ᠵᠠᠩᠵᠣᠨ ᠨᠡᠷ ᠨᠢ ᠪᠠᠶᠢᠪᠠ᠃ ᠲᠠᠷᠣᠢ ᠡᠮᠢᠷ · ᠮᠣᠶᠠᠳᠢ᠂ ᠬᠢᠳᠠᠨ · ᠪᠠᠭᠠᠳᠣᠷ᠂ ᠱᠠᠾ | · ᠠᠯᠢ · ᠪᠠᠭᠠᠳᠣᠷ ᠪᠣᠯᠣᠨ ᠠᠩᠺ · ᠲᠡᠮᠦᠷ · ᠪᠠᠭᠠᠳᠣᠷ ᠵᠡᠷᠭᠡ ᠪᠠᠶᠢᠯ᠎ᠠ᠃ ᠡᠳᠡᠨᠡᠷ ᠲᠣᠲᠣᠷ᠎ᠠ ᠬᠢᠳᠠᠨ · ᠪᠠᠭᠠᠳᠣᠷ | ᠪᠣᠯᠣᠨ ᠱᠠᠾ · ᠠᠯᠢ · ᠪᠠᠭᠠᠳᠣᠷ ᠬᠤᠶᠠᠭᠤᠯᠠ ᠵᠦᠪᠯᠡᠨ ᠲᠣᠭᠳᠠᠵᠣ᠂ ᠬᠠᠮᠤᠭ ᠶᠡᠭᠡ ᠰᠦᠰᠦ ᠵᠣᠷᠢᠭ ᠪᠠᠭᠠᠳᠣᠷ | ᠰᠠᠨᠠᠭ᠎ᠠ ᠪᠠᠷ ᠲᠠᠶᠢᠰᠣᠨ ᠢ ᠲᠦᠷᠭᠡᠯᠡᠨ ᠨᠡᠬᠡᠮᠵᠢᠯᠡᠪᠡᠰᠦ ᠪᠠᠷᠤᠭ ᠶᠡᠭᠡ ᠭᠠᠪᠢᠶ᠎ᠠ ᠨᠡᠷ᠎ᠡ ᠶᠢ ᠪᠦᠳᠦᠭᠡᠵᠦ ᠪᠣᠯᠣᠮᠣᠢ ᠬᠡᠮᠡᠨ | ᠴᠡᠷᠢᠭ ᠢᠶᠠᠨ ᠲᠠᠭᠠᠣᠯᠵᠣ ᠲᠠᠶᠢᠰᠣᠨ ᠤ ᠬᠤᠶᠢᠨ᠎ᠠ ᠠᠴᠠ ᠨᠡᠬᠡᠮᠵᠢᠯᠡᠨ ᠶᠠᠪᠣᠪᠠ᠃ ᠢᠩᠭᠢᠭᠰᠡᠨ ᠴᠢᠨᠢ ᠡᠮᠢᠷ ᠲᠡᠮᠦᠷ | ᠤᠨ ᠬᠠᠵᠠᠭᠤ ᠳᠤ ᠵᠦᠳᠡᠵᠦ ᠠᠷᠠᠢ ᠬᠤᠶᠠᠷ ᠵᠠᠭᠤᠨ ᠬᠦᠮᠦᠨ ᠬᠦᠷᠬᠦ ᠴᠡᠷᠢᠭ ᠲᠠᠶᠢᠴᠢᠳ ᠯᠠ ᠦᠯᠡᠳᠡᠵᠡᠢ᠃ | ᠲᠡᠭᠡᠭᠡᠳ ᠬᠠᠮᠠᠷ ᠠᠳ᠋ᠳᠢᠨ ᠡᠨᠡᠬᠦ ᠲᠣᠬᠢᠶᠠᠯ ᠢ ᠠᠮᠵᠢᠨ ᠲᠦᠷᠪᠡᠨ ᠮᠢᠩᠭᠠᠨ ᠮᠣᠷᠢᠳᠣ ᠴᠡᠷᠢᠭ ᠢᠶᠠᠨ ᠲᠠᠭᠠᠭᠤᠯᠣᠨ | ᠂ ᠢᠯᠳᠦ ᠵᠢᠳᠠ ᠪᠠᠨ ᠲᠠᠯᠠᠶᠢᠵᠣ᠂ ᠪᠦᠭᠬᠦᠵᠦ ᠪᠠᠶᠢᠭᠰᠠᠨ ᠭᠠᠵᠠᠷ ᠠᠴᠠ ᠪᠠᠨ ᠭᠠᠷᠴᠣ ᠢᠷᠡᠯ᠎ᠡ᠃ ᠲᠡᠳᠡ ᠨᠢᠭᠡᠯᠡ | ᠰᠡᠳᠭᠢᠯ ᠢᠶᠠᠷ ᠡᠮᠢᠷ ᠲᠡᠮᠦᠷ ᠢ ᠭᠠᠷ ᠲᠠᠭᠠᠨ ᠣᠷᠣᠭᠤᠯᠵᠣ ᠦᠰᠢᠶ᠎ᠡ ᠪᠠᠨ ᠠᠪᠬᠤ ᠪᠠᠷ ᠢᠷᠡᠭᠰᠡᠨ ᠠᠵᠠᠢ᠃ ᠭᠡᠪᠡᠴᠦ | ᠡᠮᠢᠷ ᠲᠡᠮᠦᠷ ᠺᠣᠷᠠᠨ ᠰᠣᠳᠣᠷ ᠲᠤ ᠬᠡᠯᠡᠭᠰᠡᠨᠴᠢᠯᠡᠨ᠄ ︽ᠠᠯᠯᠠᠾ ᠶᠢᠨ ᠬᠠᠪᠰᠣᠷᠣᠯᠭ᠎ᠠ ᠪᠠᠶᠢᠳᠠᠭ ᠯᠠ ᠶᠣᠮ ᠪᠣᠯ | ᠬᠡᠴᠢᠨᠡᠨ ᠣᠯᠠᠨ ᠲᠠᠶᠢᠰᠣᠨ ᠲᠠᠢ ᠬᠠᠷᠭᠤᠭᠰᠠᠨ ᠴᠦ ᠶᠡᠭᠡ ᠢᠯᠡᠯᠳᠡ ᠶᠢ ᠣᠯᠬᠤ ᠶᠣᠮ︾ ᠭᠡᠳᠡᠭ ᠦᠭᠡ ᠶᠢ ᠰᠠᠨᠠᠵᠣ | ᠣᠯᠣᠭᠠᠳ᠂ ᠲᠡᠷᠡ ᠨᠢᠭᠡᠴᠦ ᠠᠶᠣᠵᠣ ᠲᠡᠪᠳᠦᠯ ᠦᠭᠡᠢ ᠪᠠᠷ᠂ ᠲᠣᠣᠷᠠᠬᠢ ᠬᠦᠮᠦᠰ ᠲᠡᠭᠡᠨ ᠬᠡᠯᠡᠭᠰᠡᠨ ᠨᠢ᠄ ︽ | ᠢᠯᠠᠯᠳᠠ ᠪᠣᠯ ᠠᠯᠢᠪᠠ ᠶᠢ ᠰᠣᠶᠣᠷᠬᠠᠳᠠᠭ ᠠᠯᠯᠠᠾ ᠶᠢᠨ ᠠᠪᠣᠷᠠᠯ ᠠᠴᠠ ᠯᠠ ᠢᠷᠡᠳᠡᠭ ᠶᠣᠮ᠃ ᠬᠠᠷᠢᠨ ᠲᠠᠶᠢᠰᠣᠨ ᠤ | ᠬᠦᠮᠦᠨ ᠮᠣᠷᠢ ᠶᠢᠨ ᠣᠯᠠᠨ ᠴᠦᠬᠡᠨ ᠳᠤ ᠪᠠᠶᠢᠭ᠎ᠠ ᠪᠢᠰᠢ᠃ ᠲᠠ ᠨᠡᠷ ᠬᠡᠷᠪᠡ ᠡᠷ᠎ᠡ ᠬᠦᠮᠦᠨ ᠤ ᠣᠮᠤᠭ ᠵᠣᠷᠢᠭ ᠢᠶᠠᠨ | ᠪᠠᠳᠠᠷᠠᠭᠤᠯᠪᠠᠯ᠂ ᠲᠠᠶᠢᠰᠣᠨ ᠲᠠᠷᠣᠢ ᠢᠯᠠᠭᠳᠠᠬᠤ ᠪᠣᠯᠣᠨ᠎ᠠ︾ ᠭᠡᠪᠡ᠃ | ᠲᠡᠷᠡ ᠡᠨᠡ ᠦᠭᠡ ᠪᠠᠨ ᠬᠡᠯᠡᠵᠦ ᠪᠠᠷᠠᠭᠠᠳ ᠮᠣᠷᠢᠨ ᠵᠢᠯᠣᠭᠤ ᠡᠷᠭᠢᠭᠦᠯᠦᠨ᠂ ᠠᠯᠯᠠᠾ ᠮᠡᠳᠡᠳᠦᠭᠡᠢ ᠬᠡᠮᠡᠨ | ᠲᠠᠶᠢᠰᠣᠨ ᠤ ᠵᠦᠭ ᠲᠤ ᠠᠯᠠᠨ ᠣᠷᠣᠪᠠ᠃ | ᠲᠠᠶᠢᠨ ᠲᠠᠭᠤᠰᠣᠨ ᠡᠮᠢᠷ ᠲᠡᠮᠦᠷ ᠬᠡᠯᠡᠭᠰᠡᠨ ᠨᠢ᠄ ︽ᠡᠶᠢᠮᠦ ᠬᠡᠳᠦᠬᠡᠨ ᠬᠦᠮᠦᠨ ᠢᠶᠠᠷ ᠢᠶᠠᠨ ᠲᠠᠶᠢᠰᠣᠨ ᠤ | ᠦᠰᠢᠶ᠎ᠡ ᠠᠪᠬᠤ ᠪᠠᠷ ᠰᠢᠭᠤᠳᠣᠭᠰᠠᠨ ᠲᠦᠷᠪᠡᠨ ᠮᠢᠩᠭᠠᠨ ᠮᠣᠷᠢᠳᠣ ᠴᠡᠷᠢᠭ ᠢ ᠨᠢᠴᠣᠭᠠᠨᠠ ᠭᠡᠳᠡᠭ ᠴᠢᠨᠢ᠂ ᠵᠦᠪᠬᠡᠨ | ᠠᠯᠯᠠᠾ ᠶᠢᠨ ᠠᠪᠣᠷᠠᠯ ᠮᠡᠳᠡᠭᠰᠡᠨ ᠬᠡᠷᠡᠭ ᠶᠣᠮ︾ ᠬᠡᠵᠡᠢ᠃ | ᠡᠨᠡᠬᠦ ᠲᠠᠶᠢᠨ ᠤ ᠲᠠᠷᠠᠭ᠎ᠠ ᠨᠢᠭᠡᠨ ᠡᠳᠦᠷ ᠡᠮᠢᠷ ᠲᠡᠮᠦᠷ ᠨᠣᠶᠢᠷᠮᠣᠭᠯᠠᠵᠣ ᠪᠠᠶᠢᠭᠰᠠᠭᠠᠷ ᠵᠡᠭᠦᠳᠦ ᠵᠡᠭᠦᠳᠦᠯᠡᠨ᠂ | ᠱᠠᠾ · ᠪᠣᠷᠬᠠᠨ — ᠠᠳ᠋ᠳᠢᠨ · ᠭᠢᠷᠢᠴᠢ ︵ᠠᠯᠯᠠᠾ ᠲᠡᠭᠷᠢ ᠲᠡᠭᠦᠨ ᠢ ᠡᠨᠡᠷᠢᠬᠦ ᠪᠣᠯᠳᠣᠭᠠᠢ︶ ᠲᠠᠢ ᠠᠭᠤᠯᠵᠠᠪᠠ᠃ | ᠡᠮᠢᠷ ᠲᠡᠮᠦᠷ ᠮᠠᠰᠢ ᠬᠦᠨᠳᠦᠳᠭᠡᠯ ᠲᠠᠢ ᠪᠠᠷ ᠣᠷᠣᠭᠰᠢ ᠠᠯᠬᠤᠨ ᠣᠴᠢᠵᠣ᠂ ᠰᠠᠮᠠᠷᠺᠠᠨᠳ᠋ ᠲᠤ ᠡᠪᠡᠳᠴᠢᠯᠡᠨ ᠬᠡᠪᠳᠡᠷᠢ | ᠳᠤ ᠣᠷᠣᠭᠠᠳ ᠪᠠᠶᠢᠭ᠎ᠠ ᠬᠦᠪᠡᠭᠦᠨ ᠵᠢᠬᠠᠨᠬᠢᠷ ᠤᠨ ᠢᠶᠠᠨ ᠲᠦᠯᠦᠭᠡ᠂ ᠲᠡᠭᠦᠨ ᠢ ᠮᠢᠨᠢ ᠡᠷᠡᠭᠦᠯᠵᠢᠯᠡᠭᠦᠯᠬᠦ ᠪᠣᠯᠳᠣᠭᠠᠢ | ᠬᠡᠮᠡᠨ ᠲᠠᠭᠠᠳᠬᠠᠪᠠ᠃ ᠱᠠᠾ ᠬᠠᠷᠢᠭᠤ ᠦᠬᠦᠯᠡᠭᠰᠡᠨ ᠨᠢ᠄ ︽ᠠᠯᠯᠠᠾ ᠲᠠᠨ ᠢ ᠢᠪᠡᠭᠡᠬᠦ ᠶᠣᠮ︾ ᠭᠡᠵᠦ ᠬᠡᠯᠡᠭᠡᠳ | ᠲᠡᠭᠦᠨ ᠤ ᠬᠦᠪᠡᠭᠦᠨ ᠤ ᠲᠣᠬᠠᠢ ᠶᠠᠭᠤ ᠴᠦ ᠬᠡᠯᠡᠭᠰᠡᠨ ᠦᠭᠡᠢ᠃ ᠡᠮᠢᠷ ᠲᠡᠮᠦᠷ ᠵᠡᠭᠦᠳᠦᠨ ᠠᠴᠠ ᠰᠡᠷᠢᠭᠡᠳ ᠦᠪᠡᠷ | ᠤᠨ ᠬᠦᠪᠡᠭᠦᠨ ᠤ ᠲᠣᠬᠠᠢ ᠲᠠᠭᠠᠳᠬᠠᠯ ᠪᠡᠶᠡᠯᠡᠭᠰᠡᠨ ᠦᠭᠡᠢ ᠳᠤ ᠮᠠᠰᠢᠳᠠ ᠭᠦᠨ ᠬᠠᠷᠠᠮᠰᠠᠵᠠᠢ᠃ ᠬᠦᠪᠡᠭᠦᠨ ᠨᠢ | ᠡᠪᠡᠳᠦᠭᠰᠡᠨ ᠤ ᠰᠡᠬᠦᠯᠡᠷ᠂ ᠲᠡᠷᠡ ᠡᠨᠡᠬᠦ ᠬᠦᠡᠪᠡᠭᠦᠨ ᠢᠶᠠᠨ ᠠᠯᠳᠠᠭᠤᠵᠠᠢ ᠬᠡᠮᠡᠨ ᠠᠶᠣᠳᠠᠭ ᠪᠣᠯᠬᠤᠷ᠂ ᠦᠪᠡᠷ ᠤᠨ | ᠪᠢᠴᠢᠭᠡᠴᠢ ᠪᠦ᠋ · ᠬᠤᠲ᠋ᠣᠯᠤᠭ ᠢ ᠢᠯᠡᠭᠡᠨ ᠨᠢᠭᠡᠨ ᠬᠤᠪᠢ ᠵᠠᠬᠢᠳᠠᠯ ᠬᠦᠷᠭᠡᠯᠭᠡᠨ᠂ ᠬᠦᠪᠡᠭᠦᠨ ᠤ ᠪᠠᠨ ᠡᠪᠡᠳᠴᠢᠨ ᠤ | ᠪᠠᠶᠢᠳᠠᠯ ᠢ ᠣᠶᠢᠯᠭᠠᠬᠤ ᠭᠡᠪᠡ᠃ ᠡᠨᠡ ᠪᠢᠴᠢᠭᠡᠴᠢ ᠶᠠᠪᠣᠭᠰᠠᠨ ᠤ ᠲᠠᠷᠠᠭ᠎ᠠ ᠪᠠᠷ ᠲᠡᠷᠡ ᠬᠦᠪᠡᠭᠦᠨ ᠤ ᠪᠠᠨ ᠲᠣᠬᠠᠢ | ᠲᠠᠬᠢᠨ ᠨᠢᠭᠡ ᠮᠠᠭᠤ ᠵᠡᠭᠦᠳᠦ ᠵᠡᠭᠦᠳᠦᠯᠡᠪᠡ᠃ ᠲᠡᠭᠡᠭᠡᠳ ᠲᠡᠷᠡ ᠣᠯᠠᠮ ᠵᠣᠪᠠᠵᠣ᠂ ᠲᠣᠣᠷᠠᠬᠢ ᠲᠦᠰᠢᠮᠡᠳ ᠲᠡᠭᠡᠨ | ᠦᠬᠦᠯᠡᠷᠦᠨ᠄ ︽ᠪᠢ ᠬᠦᠪᠡᠭᠦᠨ ᠲᠠᠢ ᠪᠠᠨ ᠦᠨᠢᠳᠡ ᠰᠠᠯᠬᠤ ᠠᠴᠠ ᠲᠣᠩ ᠵᠣᠪᠠᠵᠣ ᠪᠠᠶᠢᠨ᠎ᠠ᠃ ᠲᠠ ᠨᠡᠷ ᠦᠨᠡᠨ | ᠴᠢᠮᠡᠭᠡ ᠶᠢ ᠨᠠᠳᠠ ᠠᠴᠠ ᠨᠢᠭᠤᠵᠣ ᠪᠣᠯᠬᠤ ᠦᠭᠡᠢ︾ ᠭᠡᠪᠡ᠃ ᠣᠯᠠᠨ ᠲᠦᠰᠢᠮᠡᠳ ᠨᠢ ᠬᠦᠰᠡᠷ ᠰᠦᠳᠦᠳᠴᠡᠭᠡᠨ | ᠨᠢᠭᠡᠨ ᠲᠠᠭᠤ ᠪᠠᠷ᠄ ︽ᠪᠣᠭᠤᠯᠴᠣᠳ ᠪᠢᠳᠡ ᠦᠨᠡᠬᠡᠷ ᠡᠨᠡ ᠲᠣᠬᠠᠢ ᠶᠠᠮᠠᠷᠴᠣ ᠴᠢᠮᠡᠭᠡ ᠣᠯᠣᠭᠠᠳᠣᠢ︾ ᠭᠡᠵᠡᠭᠡᠪᠡ᠃ | ᠠᠳᠡ ᠠᠴᠠ ᠰᠠᠯᠣᠭᠠᠳ ᠰᠠᠩ ᠽᠢᠬᠠᠵᠢ ᠲᠤ ᠬᠦᠷᠴᠦ ᠬᠠᠮᠠᠷ ᠠᠳ᠋ᠳᠢᠨ ᠤ ᠴᠡᠷᠢᠭ ᠲᠠᠢ ᠲᠠᠬᠢᠨ ᠨᠢᠭᠡ ᠣᠳᠠᠭ᠎ᠠ | ᠬᠠᠷᠭᠤᠨ ᠲᠣᠯᠣᠯᠳᠣᠵᠣ᠂ ᠬᠠᠮᠠᠷ ᠠᠳ᠋ᠳᠢᠨ ᠶᠡᠬᠡᠳᠡ ᠢᠯᠠᠭᠳᠠᠨ ᠪᠣᠷᠣᠭᠤᠯᠠᠪᠠ᠃ ᠡᠮᠢᠷ · ᠦᠴᠢ · ᠬᠠᠷ᠎ᠠ ᠲᠠᠯᠪᠢᠯ | ᠦᠭᠡᠢ ᠨᠡᠬᠡᠮᠵᠢᠯᠡᠨ᠂ ᠲᠡᠮᠡᠢ ᠬᠤᠯᠠ ᠭᠠᠷᠣᠭᠰᠠᠨ ᠦᠭᠡᠢ ᠬᠠᠮᠠᠷ ᠠᠳ᠋ᠳᠢᠨ ᠤ ᠬᠠᠵᠠᠭᠤ ᠳᠤ ᠵᠦᠪᠬᠡᠨ ᠨᠠᠢᠮᠠᠬᠠᠨ | ᠬᠦᠮᠦᠨ ᠦᠯᠡᠳᠡᠵᠦ᠂ ᠪᠢᠳᠡᠨ ᠤ ᠴᠡᠷᠢᠭ ᠲᠤ ᠲᠠᠪᠬᠤᠷ ᠲᠠᠪᠬᠤᠷ ᠪᠦᠰᠡᠯᠡᠭᠳᠡᠪᠡ᠃ ᠶᠠᠭ ᠡᠨᠡ ᠦᠶ᠎ᠡ ᠪᠠᠷ ᠬᠠᠮᠠᠷ | ᠠᠳ᠋ᠳᠢᠨ ᠤ ᠣᠨᠣᠭᠰᠠᠨ ᠮᠣᠷᠢᠨ ᠰᠠᠮᠠᠭᠤᠨ ᠵᠡᠪᠡ ᠳᠤ ᠣᠨᠣᠭᠳᠠᠨ ᠣᠨᠠᠭᠰᠠᠨ ᠳᠤ ᠲᠡᠷᠡ ᠶᠠᠪᠠᠭᠠᠨ ᠢᠶᠠᠷ ᠬᠦᠶᠦᠵᠦ | ᠭᠠᠭᠴᠠ ᠪᠡᠶ᠎ᠡ ᠪᠠᠷ ᠲᠣᠳᠠᠭᠠᠨ ᠭᠠᠷᠪᠠ᠃ ᠡᠨᠡ ᠣᠳᠠᠭᠠᠨ ᠤ ᠲᠠᠶᠢᠨ ᠳᠤ ᠪᠣᠯᠣᠳ ᠤᠨ ᠭᠠᠷ ᠵᠡᠪᠡ ᠳᠤ ᠣᠨᠣᠭᠳᠠᠨ | ᠰᠢᠷᠠᠭᠳᠣᠵᠣ᠂ ᠵᠡᠪᠡ ᠶᠢ ᠭᠠᠷᠭᠠᠵᠣ ᠠᠪᠬᠤ ᠬᠡᠮᠡᠨ ᠪᠠᠶᠢᠳᠠᠯ᠎ᠠ ᠶᠡᠭᠡ ᠭᠠᠯ ᠲᠦᠷᠡᠯᠵᠡᠨ ᠢᠷᠡᠵᠦ᠂ ᠲᠡᠷᠡ ᠭᠠᠯ ᠢ | ᠣᠨᠳᠠᠷᠭᠠᠳᠠᠯᠠ ᠵᠡᠪᠡ ᠶᠢᠨ ᠰᠢᠷᠬ᠎ᠠ ᠦᠳᠡᠭᠡᠷᠴᠦ ᠲᠡᠷᠡ ᠨᠠᠰᠣ ᠪᠠᠷᠠᠵᠠᠢ᠃ | ᠲᠣᠰ ᠪᠦᠯᠦᠭ ᠤᠨ ᠲᠠᠶᠢᠯᠪᠣᠷᠢ | ① ᠡᠨᠡ ᠠᠨᠳᠠᠺᠠᠨ᠂ ᠠᠨᠳᠢᠺᠠᠨ ᠭᠡᠬᠦ ᠪᠣᠶᠣ ᠠᠨᠳᠢᠵᠠᠨ ᠭᠡᠬᠦ ᠡᠰᠡᠬᠦᠯ᠎ᠡ ᠠᠨᠵᠢᠶᠠᠨ ᠭᠡᠬᠦ ᠵᠡᠷᠭᠡ ᠣᠯᠠᠨ ᠨᠡᠷ᠎ᠡ ᠪᠠᠷ | ᠨᠡᠷᠡᠯᠡᠳᠡᠭ ᠭᠠᠵᠠᠷ ᠤᠨ ᠨᠡᠷ᠎ᠡ ᠪᠣᠯ ᠪᠦᠷ ᠨᠢᠭᠡᠯᠡ ᠭᠠᠵᠠᠷ ᠤᠨ ᠨᠡᠷ᠎ᠡ ᠶᠢᠨ ᠣᠯᠠᠨ ᠶᠠᠩᠵᠣ ᠶᠢᠨ ᠪᠢᠴᠢᠯᠭᠡ ᠪᠣᠯᠣᠨ᠎ᠠ᠃ | ᠲᠠᠷᠣᠢ ᠪᠦᠷ ᠹᠢᠷᠭᠠᠨᠠ ᠶᠢᠨ ᠲᠦᠪ ᠪᠣᠯᠣᠭᠰᠠᠨ ᠨᠡᠶᠢᠰᠯᠡᠯ ᠬᠤᠳᠠ ᠠᠨᠳᠢᠵᠠᠨ ᠢ ᠵᠢᠭᠠᠵᠣ ᠪᠠᠶᠢᠨ᠎ᠠ᠃ | ② ᠲᠣᠰ ᠲᠡᠣᠬᠡᠨ ᠨᠣᠮ ᠳᠤ ᠮᠠᠰᠢ ᠣᠯᠠᠨ ᠣᠳᠠᠭ᠎ᠠ ᠬᠠᠵᠠᠷ᠎ᠠ ᠬᠦᠮᠦᠨ ᠤ ᠲᠣᠬᠠᠢ ᠬᠡᠷᠡᠭ ᠣᠴᠢᠷ ᠭᠠᠷᠴᠣ | ᠪᠠᠶᠢᠨ᠎ᠠ᠃ ᠭᠡᠪᠡᠴᠦ ᠵᠣᠬᠢᠶᠠᠭᠴᠢ ᠠᠴᠠ ᠠᠯᠢ ᠠᠯᠢᠨ ᠲᠤᠨᠢ ᠴᠦ ᠲᠠᠶᠢᠯᠪᠣᠷᠢ ᠪᠣᠶᠣ ᠲᠣᠲᠣᠷᠬᠠᠶᠢᠯᠠᠯ ᠬᠢᠭᠰᠡᠨ ᠦᠭᠡᠢ | ᠨᠢ ᠲᠣᠩ ᠬᠠᠷᠠᠮᠰᠠᠯ ᠲᠠᠢ ᠰᠠᠨᠠᠭᠳᠠᠬᠤ ᠶᠣᠮ᠃ ᠡᠭᠦᠨ ᠠᠴᠠ ᠦᠵᠡᠪᠡᠯ ᠬᠠᠵᠠᠷ᠎ᠠ ᠬᠦᠮᠦᠰ ᠵᠦᠪᠬᠡᠨ ᠠᠹᠭᠠᠨᠢᠰᠲ᠋ᠠᠨ | ᠫᠠᠺᠢᠰᠲ᠋ᠠᠨ ᠢᠶᠠᠷ ᠯᠠ ᠪᠠᠶᠢᠭᠰᠠᠨ ᠪᠢᠰᠢ᠂ ᠬᠠᠷᠢᠨ ᠨᠡᠩ ᠡᠷᠳᠡ ᠦᠶ᠎ᠡ ᠳᠡᠭᠡᠨ ᠲᠣᠮᠳᠠᠳᠣ ᠠᠽᠢ᠂ ᠹᠢᠷᠭᠠᠨᠠ᠂ | ᠠᠹᠭᠠᠨᠢᠰᠲ᠋ᠠᠨ᠂ ᠫᠠᠺᠢᠰᠲ᠋ᠠᠨ᠂ ᠡᠨᠡᠳᠬᠡᠭ ᠵᠡᠷᠭᠡ ᠭᠠᠵᠠᠷ ᠣᠷᠣᠨ ᠢᠶᠠᠷ ᠮᠠᠰᠢ ᠦᠷᠭᠡᠨ ᠢᠶᠠᠷ ᠲᠠᠷᠬᠠᠵᠣ ᠪᠠᠶᠢᠭᠰᠠᠨ | ᠲᠦᠯᠦᠪᠳᠡᠢ ᠪᠠᠶᠢᠨ᠎ᠠ᠃ ᠮᠣᠩᠭᠤᠯ ᠬᠡᠯᠡᠳᠡᠨ ᠭᠡᠬᠦ ᠪᠣᠶᠣ ᠮᠣᠩᠭᠤᠯ ᠲᠦᠷᠦᠯ ᠬᠡᠯᠡᠳᠡᠨ ᠨᠦᠭᠦᠳ ᠲᠣᠮᠳᠠᠳᠣ ᠠᠽᠢ ᠳᠤ | ᠣᠷᠣᠭᠰᠠᠨ ᠨᠢ ᠪᠠᠷᠤᠭ ᠠᠯᠢ ᠡᠷᠳᠡᠨ ᠠᠴᠠ ᠲᠡᠣᠬᠡᠨ ᠣᠯᠪᠠᠭ᠎ᠠ ᠲᠠᠢ ᠪᠠᠶᠢᠭᠰᠠᠨ ᠨᠢ ᠲᠠᠮᠵᠢᠭ ᠦᠭᠡᠢ ᠦᠨᠡᠨ ᠣᠴᠢᠷ | ᠶᠣᠮ᠃ ᠡᠭᠦᠨ ᠤ ᠲᠣᠬᠠᠢ ᠮᠢᠨᠦ ᠨᠢᠭᠡᠨ ᠣᠬᠤᠷ ᠦᠬᠦᠯᠡᠯ — ᠮᠣᠩᠭᠤᠯᠴᠣᠳ ᠪᠠ ᠪᠠᠷᠠᠭᠤᠨ ᠣᠷᠣᠨ ᠭᠡᠳᠡᠭ | ᠵᠣᠬᠢᠶᠠᠯ ᠳᠤ ᠲᠣᠷᠠᠳᠴᠣ ᠦᠩᠭᠡᠷᠡᠪᠡ᠃ ᠲᠡᠭᠦᠨ ᠤ ᠭᠤᠣᠯ ᠠᠭᠤᠯᠭ᠎ᠠ ᠶᠢ ᠲᠣᠪᠴᠢᠯᠠᠪᠠᠯ ᠦᠨᠢ ᠡᠷᠳᠡᠨ ᠤ ᠦᠶ᠎ᠡ | ᠠᠴᠠ ᠡᠬᠢᠯᠡᠨ ᠮᠣᠩᠭᠤᠯ ᠤᠨ ᠦᠨᠳᠦᠷᠯᠢᠭ ᠠᠴᠠ ᠭᠠᠳᠠᠭᠰᠢ ᠨᠡᠭᠦᠳᠡᠯᠯᠡᠨ ᠭᠠᠷᠳᠠᠭ ᠮᠣᠩᠭᠤᠯᠴᠣᠳ ᠪᠣᠯ ᠶᠡᠷᠦᠩᠬᠡᠢ | ᠳ᠋ᠦᠨᠢ ᠦᠵᠡᠪᠡᠯ ᠬᠤᠶᠠᠷ ᠬᠡᠯᠪᠡᠷᠢ ᠪᠠᠶᠢᠵᠣ᠂ ᠨᠢᠭᠡ ᠨᠢ ᠪᠢᠯᠬᠠᠷᠠᠨ ᠭᠠᠳᠠᠭᠰᠢ ᠨᠡᠭᠦᠳᠡᠯᠯᠡᠬᠦ᠂ ᠲᠠᠷᠣᠢ ᠬᠦᠮᠦᠨ ᠠᠮᠠᠨ | ᠲᠤᠭ᠎ᠠ ᠨᠡᠮᠡᠭᠳᠡᠬᠦ ᠶᠢ ᠲᠠᠭᠠᠯᠳᠣᠨ ᠲᠡᠳᠡᠨᠡᠷ ᠭᠠᠳᠠᠭᠰᠢ ᠨᠡᠭᠦᠳᠡᠯᠯᠡᠬᠦ᠂ ᠨᠦᠬᠦᠭᠡ ᠨᠢ ᠲᠠᠶᠢᠵᠢᠨ ᠨᠡᠭᠦᠳᠡᠯᠯᠡᠬᠦ᠂ ᠡᠭᠦᠨ | ᠤ ᠲᠣᠳᠣᠷ᠎ᠠ ᠴᠦ ᠬᠤᠶᠠᠷ ᠬᠡᠯᠪᠡᠷᠢ ᠪᠠᠶᠢᠵᠣ᠂ ᠨᠢᠭᠡ ᠨᠢ ᠲᠠᠶᠢᠨ ᠲᠠᠵᠢᠨ ᠠᠴᠠ ᠵᠠᠶᠢᠯᠠᠨ ᠭᠠᠳᠠᠭᠰᠢ ᠲᠦᠷᠪᠡᠬᠦ᠂ | ᠨᠦᠬᠦᠭᠡ ᠨᠢ ᠭᠠᠳᠠᠭᠰᠢ ᠲᠦᠷᠢᠭᠦ ᠲᠠᠶᠢᠨ ᠢᠶᠠᠷ ᠨᠡᠭᠦᠳᠡᠯᠯᠡᠨ ᠶᠠᠪᠣᠬᠤ ᠵᠡᠷᠭᠡ ᠪᠣᠯᠣᠨ᠎ᠠ᠃ ᠲᠠᠶᠢᠨ ᠲᠠᠵᠢᠨ ᠠᠴᠠ | ᠲᠦᠷᠪᠡᠵᠦ ᠭᠠᠷᠣᠭᠰᠠᠨ ᠬᠦᠮᠦᠰ ᠶᠡᠷᠦᠩᠬᠡᠢ ᠳᠡᠭᠡᠨ ᠪᠦᠷ ᠲᠣᠮᠳᠠᠳᠣ ᠠᠽᠢ ᠵᠦᠭ ᠲᠤ ᠪᠣᠷᠣᠭᠤᠯᠠᠬᠤ ᠨᠢ ᠲᠣᠩ | ᠣᠯᠠᠨ ᠪᠠᠶᠢᠵᠠᠢ᠃ ᠲᠡᠳᠡ ᠪᠣᠯ ᠪᠦᠷ ᠮᠣᠷᠢᠳᠠᠨ ᠦᠨᠳᠦᠰᠦᠳᠡᠨ ᠪᠣᠯᠬᠤᠷ᠂ ᠮᠣᠩᠭᠤᠯ ᠤᠨ ᠦᠨᠳᠦᠷᠯᠢᠭ ᠠᠴᠠ | ᠲᠣᠳᠠᠭᠠᠨ ᠭᠠᠷᠪᠠᠯ ᠨᠠᠭᠠᠳᠣ ᠵᠠᠬ᠎ᠠ ᠨᠢ ᠮᠣᠷᠢ ᠲᠠᠢ ᠬᠦᠮᠦᠨ ᠠᠷᠪᠠ ᠬᠤᠷᠢᠨ ᠡᠳᠦᠷ ᠢᠶᠠᠷ ᠠᠶᠠᠯᠠᠬᠤ ᠬᠤᠯᠠ ᠵᠠᠮ ᠤᠨ | ᠵᠠᠢ ᠳᠤ ᠲᠣᠳᠠᠭᠠᠨ ᠬᠦᠷᠬᠦ ᠦᠭᠡᠢ ᠪᠣᠯ ᠲᠡᠭᠦᠨ ᠤ ᠠᠮᠣᠷ ᠲᠦᠪᠰᠢᠨ ᠨᠢ ᠪᠠᠳᠣᠯᠭ᠎ᠠ ᠦᠭᠡᠢ ᠪᠠᠶᠢᠭᠰᠠᠨ ᠪᠣᠯᠬᠤᠷ᠂ | ᠲᠡᠳᠡ ᠨᠡᠶᠢᠳᠡᠮ ᠲᠡᠭᠡᠨ ᠲᠣᠮᠳᠠᠳᠣ ᠠᠽᠢ ᠨᠠᠭᠠᠳᠣ ᠵᠠᠬ᠎ᠠ ᠨᠢ ᠶᠧᠨᠢᠰᠠᠢ ᠮᠦᠷᠡᠨ ᠤ ᠴᠠᠭᠠᠨ᠎ᠠ᠂ ᠡᠰᠡᠬᠦᠯ᠎ᠡ ᠣᠶᠢᠭᠤᠷ᠂ | ᠪᠠᠷᠠᠭᠤᠨ ᠰᠢᠶᠠ ᠮᠡᠳᠦ ᠶᠢᠨ ᠵᠡᠷᠭᠡᠯᠳᠡᠭᠡ ᠣᠯᠣᠰ ᠣᠷᠣᠨᠵᠡᠷᠭᠡ ᠭᠠᠵᠠᠷ ᠢᠶᠠᠷ ᠬᠦᠷᠴᠦ ᠬᠤᠷᠭᠤᠳᠠᠵᠣ ᠪᠠᠶᠢᠪᠠ᠃ | ᠨᠡᠯᠢᠶᠡᠳ ᠣᠶᠢᠷ᠎ᠠ ᠦᠶ᠎ᠡ ᠠᠴᠠ ᠵᠢᠱᠢᠶᠡᠯᠡᠪᠡᠯ᠂ ᠬᠢᠳᠠᠨᠴᠣᠳ ᠤᠨ ᠪᠠᠷᠠᠭᠤᠨ ᠯᠢᠶᠣᠣ ᠣᠯᠣᠰ᠂ ᠮᠡᠷᠭᠢᠳᠴᠣᠳ᠂ | ᠨᠠᠢᠮᠠᠨᠴᠣᠳ᠂ ᠬᠡᠷᠡᠶᠢᠳᠴᠣᠳ ᠤᠨ ᠢᠯᠠᠭᠳᠠᠯ ᠠᠴᠠ ᠪᠣᠯᠣᠭᠰᠠᠨ ᠦᠷᠦᠨᠡᠰᠢ ᠨᠡᠭᠦᠳᠡᠯᠯᠡᠭᠰᠡᠨ ᠨᠡᠭᠦᠳᠡᠯ ᠭᠡᠵᠦ ᠠᠯᠢ | ᠶᠢ ᠨᠢ ᠨᠢᠭᠡᠳ ᠨᠨᠢᠭᠡ ᠪᠠᠷ ᠦᠬᠦᠯᠡᠭᠡᠳ ᠪᠠᠷᠠᠬᠤ ᠪᠣᠢ᠃ ᠲᠡᠭᠦᠨ ᠠᠴᠠ ᠨᠡᠩ ᠡᠷᠳᠡᠨ ᠤ ᠬᠢ ᠶᠢ ᠬᠡᠯᠡᠪᠡᠯ | ᠾᠦᠩᠨᠦᠴᠦᠳ᠂ ᠷᠸᠣᠷᠠᠨᠴᠣᠳ ᠠᠴᠠ ᠡᠬᠢᠯᠡᠭᠡᠳ ᠪᠦᠷ ᠡᠶᠢᠮᠦᠷᠬᠦ ᠦᠵᠡᠭᠳᠡᠯ ᠲᠡᠣᠬᠡᠨ ᠳᠤ ᠲᠠᠬᠢᠨ ᠲᠠᠪᠳᠠᠨ | ᠢᠯᠡᠷᠡᠵᠦ ᠯᠠ ᠪᠠᠶᠢᠭᠰᠠᠨ ᠶᠣᠮ᠃ ᠲᠡᠳᠡᠭᠡᠷ ᠬᠦᠮᠦᠰ ᠤᠨ ᠬᠤᠶᠢᠴᠢᠰ ᠲᠣᠮᠳᠠᠳᠣ ᠠᠽᠢ ᠳᠤ ᠦᠯᠡᠳᠡᠭᠳᠡᠵᠦ ᠢᠷᠡᠬᠦ | ᠨᠢ ᠵᠦᠢ ᠶᠣᠰᠣᠨ ᠤ ᠬᠡᠷᠡᠭ ᠪᠢᠰᠢᠥ᠃ ᠡᠨᠡ ᠪᠣᠯ ᠠᠯᠢ ᠡᠷᠳᠡ ᠠᠴᠠ ᠲᠣᠮᠳᠠᠳᠣ ᠠᠽᠢ ᠳᠤ ᠮᠣᠩᠭᠤᠯᠴᠣᠳ | ᠪᠠᠶᠢᠭᠰᠠᠨ ᠤ ᠲᠡᠣᠬᠡᠨ ᠰᠦᠪᠡᠭᠴᠢ ᠪᠠ ᠭᠡᠷᠡᠴᠢ ᠪᠣᠯᠬᠤ ᠶᠣᠮ᠃ ᠣᠳᠣ ᠪᠣᠯ ᠪᠢᠳᠡ ᠬᠠᠵᠠᠷ᠎ᠠ ᠭᠡᠳᠡᠭ ᠮᠣᠩᠭᠤᠯ | ᠣᠭᠰᠠᠭᠠᠨ ᠤ ᠬᠦᠮᠦᠰ ᠢ ᠴᠢᠩᠬᠢᠰ ᠤᠨ ᠨᠢᠭᠡᠨ ᠮᠢᠩᠭᠠᠳᠣ ᠤᠨ ᠬᠤᠶᠢᠴᠢᠰ ᠠᠴᠠ ᠪᠦᠷᠢᠯᠳᠦᠭᠰᠡᠨ ᠠᠶᠢᠮᠠᠭ | ᠣᠭᠰᠠᠭ᠎ᠠ ᠭᠡᠵᠦ ᠲᠠᠶᠢᠯᠪᠣᠷᠢᠯᠠᠭᠠᠳ ᠰᠡᠳᠬᠢᠯ ᠬᠠᠨᠣᠮᠵᠢᠳᠡᠢ ᠰᠠᠭᠤᠵᠣ ᠪᠠᠶᠢᠨ᠎ᠠ᠃ ᠦᠨᠡᠨᠳᠡᠭᠡᠨ ᠡᠶᠢᠮᠦ ᠯᠡ | ᠲᠦᠭᠦᠮᠬᠡᠨ ᠣᠴᠢᠷ ᠪᠢᠰᠢ ᠶᠣᠮ᠃ ᠳ᠋ᠠᠩ ᠭᠠᠭᠴᠠ ᠣᠳᠣᠬᠢ ᠠᠹᠭᠠᠨᠢᠰᠲ᠋ᠠᠨ ᠳᠤ ᠪᠠᠶᠢᠭ᠎ᠠ ᠬᠠᠵᠠᠷ᠎ᠠ ᠬᠦᠮᠦᠨ ᠭᠡᠵᠦ | ᠲᠣᠬᠠᠢ ᠶᠢᠨ ᠭᠠᠵᠠᠷ ᠤᠨ ᠵᠠᠰᠠᠭ ᠲᠦᠷᠦ ᠳᠤ ᠮᠡᠳᠡᠷᠡᠭᠳᠡᠵᠦ ᠪᠠᠶᠢᠭ᠎ᠠ ᠬᠠᠵᠠᠷᠠᠴᠣᠳ ᠤᠨ ᠬᠦᠮᠦᠨ ᠠᠮᠠᠨ ᠲᠤᠭ᠎ᠠ ᠨᠢ | ᠨᠢᠭᠡᠨᠳᠡ ᠬᠤᠶᠠᠷ ᠵᠠᠭᠤᠨ ᠲᠦᠮᠡᠨ ᠶᠢ ᠲᠠᠪᠠᠵᠣ ᠪᠠᠶᠢᠭ᠎ᠠ ᠶᠣᠮ᠃ ᠬᠡᠷᠪᠡ ᠬᠠᠵᠠᠷ᠎ᠠ ᠬᠦᠮᠦᠨ ᠭᠡᠵᠦ ᠦᠪᠡᠷ ᠢ ᠪᠠᠨ | ᠠᠶᠣᠵᠣ ᠨᠡᠷᠡᠯᠡᠵᠣ ᠴᠢᠳᠠᠬᠤ ᠦᠭᠡᠢ ᠪᠣᠯᠣᠭᠰᠠᠨ ᠬᠠᠵᠠᠷᠠᠴᠣᠳ᠂ ᠵᠢᠴᠢ ᠪᠠᠰᠠ ᠪᠣᠰᠣᠳ ᠶᠠᠮᠠᠷ ᠨᠢᠭᠡᠨ | ᠦᠨᠳᠦᠰᠦᠳᠡᠨ ᠣᠭᠰᠠᠭᠠᠳᠠᠨ ᠤ ᠨᠡᠷ᠎ᠡ ᠶᠢ ᠦᠭᠴᠦ ᠬᠠᠵᠠᠷ᠎ᠠ ᠨᠡᠷ ᠠᠴᠠ ᠵᠠᠲᠠᠷᠠᠭᠤᠯᠣᠨ ᠰᠠᠯᠭᠠᠭᠠᠳ ᠪᠠᠶᠢᠭ᠎ᠠ | ᠬᠠᠵᠠᠷ᠎ᠠ ᠬᠦᠮᠦᠨ ᠵᠡᠷᠭᠡ ᠶᠢ ᠨᠡᠮᠡᠪᠡᠯ ᠨᠠᠭᠠᠳᠣ ᠵᠠᠬ᠎ᠠ ᠨᠢ ᠠᠹᠭᠠᠨᠢᠰᠲ᠋ᠠᠨ ᠳᠤ ᠲᠣᠯᠣᠭᠠᠨ ᠵᠠᠭᠤᠨ ᠲᠦᠮᠡᠨ ᠬᠠᠵᠠᠷ᠎ᠠ | ᠬᠦᠮᠦᠰ ᠪᠠᠶᠢᠳᠠᠭ ᠭᠡᠬᠦ ᠶᠢ ᠬᠠᠵᠠᠷ᠎ᠠ ᠰᠡᠳᠦᠪ ᠢ ᠰᠣᠳᠣᠯᠣᠳᠠᠭ ᠵᠠᠷᠢᠮ ᠡᠷᠳᠡᠮᠳᠡᠳ ᠪᠦᠷ ᠢᠳᠡᠭᠡᠵᠡᠭᠡᠵᠦ ᠪᠣᠢ᠃ | ᠴᠢᠩᠬᠢᠰ ᠠᠴᠠ ᠬᠤᠵᠢᠮ ᠣᠳᠣ ᠪᠣᠯᠳᠠᠯ᠎ᠠ ᠪᠦᠬᠦ ᠮᠣᠩᠭᠤᠯᠴᠣᠳ ᠠᠷᠠᠢ ᠭᠡᠵᠦ ᠨᠢᠭᠡ ᠮᠢᠩᠭᠠᠨ ᠲᠦᠮᠡ ᠶᠢ ᠲᠠᠪᠠᠵᠣ | ᠪᠠᠶᠢᠬᠤ ᠦᠨᠦᠳᠦᠷ᠂ ᠴᠢᠩᠬᠢᠰ ᠤᠨ ᠨᠢᠭᠡᠯᠡ ᠮᠢᠩᠭᠠᠨ ᠨᠢ ᠶᠠᠭᠠᠬᠢᠵᠣ ᠦᠷᠡᠵᠢᠭᠡᠳ ᠡᠶᠢᠮᠦ ᠣᠯᠠᠨ ᠬᠦᠮᠦᠨ ᠠᠮᠠ | ᠲᠠᠢ ᠬᠠᠵᠠᠷᠠᠴᠣᠳ ᠪᠣᠯᠴᠢᠬᠠᠭᠰᠠᠨ ᠪᠣᠢ︖ ᠰᠣᠨᠢᠷᠬᠠᠯ ᠲᠠᠢ ᠠᠰᠠᠭᠤᠳᠠᠯ ᠪᠢᠰᠢ ᠭᠡᠵᠦ ᠦᠦ︖ — | ᠮᠣᠩᠭᠤᠴᠢᠯᠠᠭᠴᠢ ᠠᠴᠠ᠃ | | | ᠪᠡᠯᠡᠳᠬᠡᠭᠰᠡᠨ ᠨᠢ᠄ ᠡᠷᠳᠡᠨᠢᠬᠦᠦ | ᠨᠠᠶᠢᠷᠠᠭᠤᠯᠤᠭᠰᠠᠨ ᠨᠢ᠄ ᠨᠠᠮᠤᠷ | ᠬᠢᠨᠠᠭᠰᠠᠨ ᠨᠢ᠄ ᠤᠷᠢᠬᠠᠨ | | |