ᠬᠤᠷᠢᠨ ᠭᠤᠷᠪᠠᠳᠣᠭᠠᠷ ᠪᠦᠯᠦᠭ ① | ᠡᠮᠢᠷ ᠲᠡᠮᠦᠷ ᠬᠦᠪᠡᠭᠦᠨ ᠢᠶᠠᠨ ᠠᠯᠳᠠᠭᠠᠳ ᠲᠣᠩ ᠡᠮᠭᠡᠨᠢᠨ᠂ ᠣᠯᠣᠰ ᠤᠨ ᠬᠡᠷᠡᠭ ᠢᠶᠠᠨ ᠬᠦᠷᠳᠡᠯ᠎ᠡ ᠣᠭᠤᠷᠬᠤ ᠳᠤ | ᠬᠦᠷᠪᠡ᠃ | ᠳ᠋ᠧᠪᠡᠵᠠᠨ ᠲᠠᠢ ᠠᠳᠠᠯᠢᠳᠬᠠᠪᠠᠯ ᠬᠦᠮᠦᠨ ᠤ ᠶᠢᠷᠲᠢᠨᠴᠦ ᠶᠠᠭᠤ ᠯᠠ ᠪᠠᠶᠢᠬᠤᠪ᠂ | ᠡᠪᠬᠡᠷᠡᠬᠦ ᠰᠡᠳᠭᠢᠯ ᠮᠢᠨᠢ ᠨᠢᠭᠡᠨᠳᠡ ᠨᠦᠬᠦᠭᠡ ᠶᠢᠷᠲᠢᠨᠴᠦ ᠶᠢ ᠵᠣᠷᠢᠪᠠᠢ᠃ | ᠡᠭᠡᠨᠡᠭᠳᠡ ᠮᠡᠬᠦᠰ ᠪᠢ ᠡᠨᠡ ᠲᠡᠯᠡᠬᠡᠢ ᠪᠠᠷ ᠶᠠᠭᠤ ᠬᠢᠬᠦᠪ︖ | ᠦᠪᠡᠷ ᠤᠨ ᠰᠦᠨᠡᠰᠦ ᠪᠠᠨ ᠭᠢᠨᠵᠢᠯᠡᠨ ᠬᠤᠷᠢᠬᠤ ᠣᠳᠬ᠎ᠠ ᠶᠠᠭᠤᠨ︖ | ᠬᠤᠷᠣᠮᠬᠠᠨ ᠵᠠᠭᠤᠷ᠎ᠠ ᠬᠤᠷᠣᠭᠤ ᠢᠨᠴᠢᠳᠬᠦ ᠶᠢᠨ ᠲᠡᠳᠦᠢ ᠨᠢᠭᠡᠨ ᠨᠠᠰᠣ ᠪᠠᠷ | ᠬᠠᠮᠤᠭ ᠣᠯᠣᠰ ᠢ ᠬᠤᠷᠢᠶᠠᠰᠣ ᠬᠡᠮᠡᠬᠦ ᠬᠡᠨ ᠤ ᠲᠦᠯᠦᠭᠡ ᠪᠣᠢ︖ | ᠭᠡᠪᠡᠴᠦ ᠡᠷᠬᠢᠮ ᠢᠵᠠᠭᠤᠷᠳᠠᠨ ᠸᠠᠩ ᠭᠦᠩ ᠵᠡᠷᠭᠡ ᠴᠢᠬᠤᠯᠠ ᠬᠦᠮᠦᠰ ᠪᠦᠷ ᠣᠷᠳᠣᠨ ᠳᠤ ᠴᠣᠭᠯᠠᠷᠠᠨ᠂ ᠬᠠᠷᠰᠢ ᠳᠤ | ᠠᠪᠠᠷᠢᠨ ᠬᠠᠭᠠᠨ ᠡᠵᠡᠨ ᠢᠶᠠᠨ ᠢᠳᠬᠠᠨ ᠦᠬᠦᠯᠡᠷᠦᠨ᠄ ︽ᠲᠦᠮᠡᠨ ᠪᠣᠳᠠᠰ ᠢ ᠲᠦᠯᠵᠢᠭᠦᠯᠦᠨ᠂ ᠲᠢᠪ ᠲᠡᠯᠡᠬᠡᠢ ᠶᠢᠨ | ᠬᠠᠮᠤᠭ ᠢ ᠮᠡᠳᠡᠭᠴᠢ ᠬᠠᠮᠤᠭ ᠢ ᠴᠢᠳᠠᠭᠴᠢ ᠠᠯᠯᠠᠾ ᠲᠡᠭᠷᠢ ᠡᠵᠡᠨ ᠬᠠᠭᠠᠨ ᠲᠠᠨ ᠢ ᠡᠭᠡᠯ ᠲᠡᠯᠡᠬᠡᠢ ᠶᠢᠨ ᠠᠷᠠᠳ | ᠢᠷᠭᠡᠳ ᠢ ᠡᠨᠡᠷᠢᠨ ᠠᠰᠠᠷᠠᠳᠣᠭᠠᠢ ᠬᠡᠮᠡᠨ ᠶᠠᠪᠣᠭᠤᠯᠭᠰᠠᠨ ᠢ ᠰᠡᠳᠬᠢᠵᠦ᠂ ᠲᠦᠷᠦ ᠶᠢᠨ ᠬᠡᠷᠡᠭ ᠢᠶᠠᠨ ᠲᠡᠭᠰᠢᠳᠡ | ᠵᠠᠰᠠᠮᠣ︾ ᠬᠡᠮᠡᠨ ᠭᠤᠶᠣᠵᠠᠭᠠᠪᠠ᠃ ᠰᠢᠯᠦᠭ ᠲᠤ ᠦᠭᠦᠯᠡᠭᠰᠡᠨ ᠠᠨᠣ᠄ | ᠬᠠᠭᠠᠳ ᠬᠡᠷᠪᠡ ᠠᠮᠳᠠᠰᠢᠨ ᠨᠣᠶᠢᠷᠰᠣᠪᠠᠰᠣ | ᠬᠠᠮᠤᠭ ᠣᠯᠣᠰ ᠰᠠᠷᠨᠢᠨ ᠪᠣᠳᠠᠷᠠᠮᠣᠢ᠃ | ᠡᠵᠡᠨ ᠤ ᠢᠯᠳᠦ ᠵᠢᠪᠡᠷᠡᠨ ᠣᠳᠣᠪᠠᠰᠣ | ᠡᠷᠬᠡᠳᠦ ᠣᠯᠣᠰ ᠦᠩᠭᠡ ᠠᠯᠳᠠᠮᠣᠢ | ᠡᠵᠡᠨ ᠬᠡᠮᠡᠭᠴᠢ ᠠᠯᠯᠠᠾ ᠶᠢᠨ ᠲᠦᠯᠦᠭᠡᠯᠡᠭᠴᠢ | ᠡᠨᠡ ᠶᠢᠷᠲᠢᠨᠴᠦ ᠶᠢᠨ ᠭᠡᠷᠡᠯ ᠪᠣᠯᠣᠨ ᠢᠯᠴᠢ ᠪᠢᠰᠢᠥ ᠬᠡᠮᠡᠵᠦᠬᠦᠢ᠃ | ᠬᠡᠷᠪᠡ ᠪᠣᠭᠳᠠ ᠮᠡᠷᠭᠡᠳ ᠡᠵᠡᠳ ᠬᠠᠭᠠᠳ ᠠᠯᠯᠠᠾ ᠲᠡᠭᠷᠢ ᠶᠢ ᠪᠠᠶᠠᠰᠬᠠᠶ᠎ᠠ ᠭᠡᠪᠡᠯ᠂ ᠲᠦᠪ ᠭᠤᠣᠯᠴᠢ ᠪᠠᠷ ᠵᠠᠰᠠᠭ | ᠶᠠᠪᠣᠭᠤᠯᠵᠣ᠂ ᠲᠦᠰᠢᠮᠡᠳ ᠢᠷᠭᠡᠳ ᠢᠶᠠᠨ ᠬᠠᠮᠠᠭᠠᠯᠠᠵᠣ ᠪᠠᠶᠢᠪᠠᠯ ᠲᠠᠷᠣᠢ ︽ᠬᠦᠮᠦᠨ ᠲᠦᠷᠦᠯᠬᠢᠳᠡᠨ ᠤ | ᠬᠠᠮᠠᠭᠠᠯᠠᠭᠴᠢ ᠪᠣᠯᠣᠭᠰᠠᠨ ᠬᠡᠷᠡᠭ ᠶᠣᠮ︾ ᠭᠡᠵᠦ ᠬᠠᠮᠤᠭ ᠰᠠᠶᠢᠨ ᠮᠠᠭᠳᠠᠭᠠᠯ ᠰᠠᠶᠢᠰᠢᠶᠠᠯ ᠢ ᠣᠯᠬᠤ ᠪᠣᠯᠣᠨ᠎ᠠ᠃ | ᠰᠢᠯᠳᠠᠭᠠᠨ ᠨᠢ ᠬᠠᠮᠤᠭ ᠪᠦᠷᠢᠨ ᠪᠦᠳᠦᠨ ᠪᠣᠭᠳᠠ ᠬᠦᠮᠦᠨ ᠮᠦᠬᠠᠮᠦᠳ᠋ ︵ᠬᠠᠮᠤᠭ ᠰᠠᠶᠢᠨ ᠮᠠᠭᠳᠠᠭᠠᠯ ᠲᠠᠭᠠᠳᠬᠠᠯ | ᠪᠦᠷ ᠲᠡᠭᠦᠨ ᠤ ᠬᠢ︶ ᠬᠡᠯᠡᠭᠰᠡᠨ ᠢᠶᠠᠷ ᠲᠡᠷᠡ ᠨᠢᠭᠡᠨ ᠨᠠᠰᠣᠨ ᠳᠠᠭᠠᠨ ᠲᠣᠷᠠᠲᠠᠶᠢᠶᠠ ᠨᠢᠭᠡᠨ ᠴᠠᠭ ᠲᠦᠪ ᠭᠤᠣᠯᠴᠢ | ᠲᠦᠷᠦ ᠵᠠᠰᠠᠬᠤ ᠠᠴᠠ ᠪᠢᠰᠢ ᠵᠢᠷᠠ ᠲᠠᠯᠠᠨ ᠵᠢᠯ ᠢᠶᠠᠷ ᠲᠠᠭᠠᠳᠬᠠᠯ ᠨᠠᠮᠠᠨᠴᠢᠯᠠᠯ ᠣᠩᠰᠢᠬᠤ ᠲᠣᠷ᠎ᠠ ᠦᠭᠡᠢ ᠭᠡᠵᠡᠢ᠃ | ᠡᠮᠢᠷ ᠲᠡᠮᠦᠷ ᠲᠦᠰᠢᠮᠡᠳ ᠰᠠᠶᠢᠳ ᠤᠨ ᠢᠶᠠᠨ ᠦᠨᠡᠨᠴᠢ ᠰᠠᠨᠠᠯ ᠢ ᠮᠠᠭᠳᠠᠨ ᠰᠣᠨᠣᠰᠴᠣ᠂ ᠲᠡᠳᠡᠨᠡᠷ ᠤᠨ ᠦᠭᠡ ᠪᠣᠯ | ᠦᠨᠡᠬᠡᠷ ᠣᠯᠣᠰ ᠭᠡᠷ ᠢᠶᠠᠨ ᠬᠠᠶᠢᠷᠠᠯᠠᠬᠤ᠂ ᠡᠵᠡᠳ ᠬᠠᠭᠠᠳ ᠲᠠᠭᠠᠨ ᠦᠨᠡᠨᠴᠢ ᠪᠠᠷ ᠵᠢᠳᠬᠦᠭᠦ ᠰᠠᠨᠠᠭᠠᠨ ᠠᠴᠠ | ᠭᠠᠷᠣᠭᠰᠠᠨ ᠦᠭᠡ ᠬᠡᠮᠡᠨ ᠰᠠᠶᠢᠰᠢᠶᠠᠵᠣ᠂ ᠣᠯᠣᠰ ᠲᠦᠷᠦ ᠶᠢᠨ ᠶᠡᠭᠡ ᠬᠡᠷᠡᠭ ᠢᠶᠠᠨ ᠰᠢᠢᠳᠭᠡᠵᠦ ᠡᠬᠢᠯᠡᠪᠡ᠃ ᠲᠡᠷᠡ | ᠲᠠᠬᠢᠨ ᠴᠡᠷᠢᠭ ᠮᠣᠷᠢ ᠪᠠᠨ ᠴᠣᠭᠯᠠᠭᠤᠯᠣᠨ ᠠᠯᠣᠰ ᠲᠠᠶᠢᠯᠠᠬᠤ ᠪᠡᠯᠡᠳᠭᠡᠯ ᠬᠢᠪᠡ᠃ | ᠡᠨᠡ ᠦᠶ᠎ᠡ ᠪᠠᠷ ᠴᠢᠮᠡᠭᠡ ᠢᠷᠡᠵᠦ᠂ ᠠᠳᠢᠯᠱᠠᠾ · ᠵᠠᠯᠠᠶᠢᠷ ᠪᠣᠯᠣᠨ ᠲᠡᠭᠦᠨ ᠤ ᠬᠡᠳᠦᠨ ᠨᠦᠬᠦᠳ ᠬᠠᠷᠠᠵᠢᠺ ᠤᠨ | ᠠᠭᠤᠯᠠᠨ ᠣᠷᠣᠨ ᠢᠶᠠᠷ ᠰᠢᠷᠭᠤᠨ ᠲᠡᠨᠦᠭᠦᠴᠢᠯᠡᠵᠦ ᠪᠠᠶᠢᠨ᠎ᠠ ᠭᠡᠪᠡ᠃ ᠡᠮᠢᠷ ᠲᠡᠮᠦᠷ ᠪᠠᠷᠠᠲ · ᠬᠤᠵᠠ · | ᠬᠦᠬᠡᠯᠲᠠᠱ② ᠪᠣᠯᠣᠨ ᠢᠯᠴᠢ · ᠪᠣᠬ᠎ᠠ ᠬᠤᠶᠠᠭᠤᠯᠠ ᠳᠤ ᠠᠷᠪᠠᠨ ᠲᠠᠪᠣᠨ ᠰᠢᠯᠢᠳᠡᠭ ᠮᠣᠷᠢᠳᠣ ᠲᠠᠶᠢᠴᠢᠳ ᠦᠭᠴᠦ᠂ | ᠠᠳᠢᠯᠱᠠᠾ ᠪᠠ ᠲᠡᠭᠦᠨ ᠤ ᠨᠠᠮᠳᠠᠨ ᠢ ᠨᠡᠬᠡᠮᠵᠢᠯᠡᠨ ᠡᠷᠢᠬᠦᠯᠬᠦ ᠪᠠᠷ ᠶᠠᠪᠣᠭᠤᠯᠪᠠ᠃ ᠲᠡᠳᠡ ᠰᠦᠨᠢ ᠲᠦᠯᠢᠭᠦᠯᠦᠨ | ᠰᠠᠮᠠᠷᠺᠠᠨᠳ᠋ ᠠᠴᠠ ᠮᠣᠷᠳᠠᠨ ᠭᠠᠷᠴᠣ᠂ ᠣᠲᠷᠠᠷ ᠬᠦᠷᠦᠭᠡᠳ ᠬᠡᠳᠦᠨ ᠭᠠᠷᠮᠠᠭᠠᠢ ᠬᠦᠮᠦᠨ ᠢᠶᠠᠨ ᠰᠣᠩᠭᠤᠨ ᠭᠠᠷᠭᠠᠵᠣ | ᠠᠭᠤᠯᠠᠨ ᠳᠤ ᠣᠷᠣᠭᠤᠯᠵᠣ ᠠᠳᠢᠯᠱᠠᠾ ᠢ ᠰᠣᠷᠠᠭᠯᠠᠨ ᠡᠷᠢᠭᠦᠯᠪᠡ᠃ ᠡᠴᠦᠰ ᠲᠡᠭᠡᠨ ᠲᠡᠳᠡ ᠠᠺᠰᠣᠮ ᠭᠡᠳᠡᠭ | ᠭᠠᠵᠠᠷ ᠲᠡᠳᠡᠨᠡᠷ ᠢ ᠣᠯᠵᠣ ᠠᠪᠣᠭᠠᠳ ᠪᠠᠷᠢᠪᠴᠢᠯᠠᠭᠰᠠᠨ ᠤ ᠰᠡᠭᠦᠯᠡᠷ ᠲᠡᠷᠡ ᠲᠣᠣᠷ᠎ᠠ ᠪᠠᠨ ᠵᠠᠰᠠᠭ ᠶᠣᠰᠣᠭᠠᠷ ᠠᠯᠠᠨ | ᠰᠢᠢᠳᠭᠡᠪᠡ᠃ ᠠᠺᠰᠣᠮ ᠪᠣᠯ ᠬᠠᠷ᠎ᠠ ᠵᠢᠺ ᠠᠭᠤᠯᠠᠨ ᠤ ᠣᠷᠣᠢ ᠳᠤ ᠪᠠᠶᠢᠭᠤᠯᠣᠭᠰᠠᠨ ᠨᠢᠭᠡ ᠪᠦᠭᠡᠷᠡᠩᠬᠡᠢ ᠪᠠᠭᠠᠨ | ᠬᠡᠯᠪᠡᠷᠢ ᠲᠠᠢ ᠪᠠᠷᠢᠯᠭ᠎ᠠ ᠶᠣᠮ᠃ ᠡᠭᠦᠨ ᠢ ᠶᠡᠷᠦ ᠨᠢ ᠬᠠᠷᠠᠭᠤᠯ ᠤᠨ ᠭᠠᠵᠠᠷ ᠪᠣᠯᠭᠠᠨ ᠬᠡᠷᠡᠭᠯᠡᠵᠦ ᠬᠢᠪᠴᠠᠭ ᠤᠨ ᠲᠠᠯ᠎ᠠ | ᠨᠣᠳᠤᠭ ᠢ ᠬᠠᠷᠠᠭᠤᠯᠳᠠᠵᠣ ᠪᠠᠶᠢᠳᠠᠭ③᠃ | ᠲᠡᠭᠡᠭᠡᠳ ᠰᠠᠷ · ᠪᠣᠬ᠎ᠠ ᠪᠣᠯ ᠠᠳᠡᠭᠦᠷᠡᠵᠦ ᠲᠡᠳᠡᠨᠡᠷ ᠲᠠᠢ ᠬᠠᠮᠳᠣ ᠵᠦᠪᠯᠡᠯ ᠨᠡᠶᠢᠯᠡᠨ ᠣᠷᠪᠠᠭᠰᠠᠨ ᠪᠦᠭᠡᠳ | ᠢᠯᠠᠭᠳᠠᠭᠰᠠᠨ ᠤ ᠲᠠᠷᠠᠭ᠎ᠠ ᠲᠣᠳᠠᠭᠠᠨ ᠪᠣᠷᠣᠭᠤᠯᠠᠭᠰᠠᠨ ᠶᠣᠮ ᠪᠢᠯᠡ᠃ ᠡᠳᠦᠬᠡ ᠲᠡᠷᠡ ᠮᠦᠷ ᠰᠣᠷᠠᠭ ᠦᠭᠡᠢ | ᠲᠣᠳᠠᠭᠠᠨ ᠶᠠᠪᠣᠭᠠᠳ ᠬᠤᠶᠠᠷ ᠵᠢᠯ ᠪᠣᠯᠣᠭᠰᠠᠨ ᠤ ᠲᠠᠷᠠᠭ᠎ᠠ ᠪᠠᠷ ᠠᠯᠳᠠᠭ᠎ᠠ ᠪᠣᠷᠣᠭᠤ ᠪᠠᠨ ᠣᠬᠠᠭᠠᠷᠠᠨ ᠮᠡᠳᠡᠵᠦ᠂ | ᠬᠠᠭᠠᠨ ᠣᠷᠳᠣᠨ ᠳᠤ ᠪᠣᠴᠠᠵᠣ ᠢᠷᠡᠪᠡ᠃ ᠲᠡᠷᠡ ᠦᠷᠭᠡᠨ ᠦᠷᠦᠰᠢᠶᠡᠯ ᠦᠯᠡᠮᠵᠢ ᠡᠨᠡᠷᠢᠯ ᠲᠠᠢ ᠡᠵᠡᠨ ᠬᠠᠭᠠᠨ ᠤ | ᠪᠠᠨ ᠠᠭᠤᠴᠢᠯᠠᠯ ᠢ ᠬᠦᠷᠳᠡᠵᠦ᠂ ᠣᠣᠯ ᠤᠨ ᠨᠣᠳᠤᠭ ᠣᠰᠣ ᠶᠢ ᠨᠢ ᠲᠡᠭᠦᠨ ᠳᠤ ᠪᠣᠴᠠᠭᠠᠨ ᠦᠭᠴᠦ᠂ ᠣᠣᠯ ᠤᠨ | ᠠᠷᠠᠳ ᠢᠷᠭᠡᠳ ᠢᠶᠠᠨ ᠵᠠᠬᠢᠷᠠᠳᠣᠭᠠᠢ ᠬᠡᠮᠡᠨ ᠵᠠᠷᠯᠢᠭᠳᠠᠪᠠ᠃ | ᠡᠭᠦᠨ ᠤ ᠲᠠᠷᠠᠭ᠎ᠠ ᠪᠠᠷ ᠣᠳᠠᠯ ᠦᠭᠡᠢ᠂ ᠡᠮᠢᠷ ᠲᠡᠮᠦᠷ ᠨᠢᠭᠡᠨᠳᠡ ᠴᠠᠭ ᠪᠣᠯᠣᠭᠰᠠᠨ ᠭᠡᠵᠦ ᠦᠵᠡᠭᠡᠳ ᠦᠪᠡᠷ ᠤᠨ | ᠬᠦᠪᠡᠭᠦᠨ ᠣᠮᠠᠷ︕ ᠱᠠᠾ ᠢᠶᠠᠨ ᠲᠣᠮᠢᠯᠠᠨ ᠬᠠᠮᠠᠷ ᠠᠳ᠋ᠳᠢᠨ ᠢ ᠲᠠᠶᠢᠯᠠᠭᠤᠯᠬᠤ ᠪᠠᠷ ᠶᠠᠪᠣᠭᠤᠯᠵᠠᠢ᠃ ᠲᠡᠭᠦᠨ ᠳᠤ | ᠡᠮᠢᠷ ᠠᠯᠢ · ᠪᠣᠬ᠎ᠠ᠂ ᠬᠢᠳᠠᠨ · ᠪᠠᠭᠠᠳᠣᠷ ᠪᠣᠯᠣᠨ ᠪᠣᠰᠣᠳ ᠬᠡᠳᠦᠨ ᠡᠮᠢᠷ ᠨᠡᠷ ᠢ ᠲᠠᠭᠠᠭᠤᠯᠣᠨ ᠢᠯᠡᠭᠡᠪᠡ᠃ | ᠲᠡᠭᠡᠭᠡᠳ ᠲᠡᠳᠡ ᠨᠡᠷ ᠢ ᠵᠠᠪᠠᠯ ᠲᠠᠶᠢᠰᠣᠨ ᠢᠶᠠᠨ ᠲᠣᠶᠢᠯᠪᠣᠷᠢᠳᠡᠢ ᠣᠰᠠᠳᠬᠠᠬᠤ ᠬᠡᠷᠡᠭᠳᠡᠢ ᠭᠡᠵᠦ ᠵᠢᠭᠠᠪᠣᠷᠢ ᠦᠭᠴᠡᠢ᠃ | ᠲᠡᠳᠡ ᠪᠦᠷ ᠬᠦᠴᠦᠨ ᠵᠢᠳᠭᠦᠬᠦ ᠪᠠᠷ ᠬᠦᠰᠡᠨ ᠬᠦᠯᠢᠶᠡᠵᠦ ᠪᠠᠶᠢᠭᠰᠠᠨ ᠪᠣᠯᠬᠤᠷ ᠵᠠᠷᠯᠢᠭ ᠣᠯᠣᠮᠠᠭᠴᠠ ᠪᠠᠨ ᠭᠠᠯ | ᠮᠡᠳᠦ ᠲᠦᠷᠭᠡᠨ ᠢᠶᠠᠷ ᠮᠣᠷᠳᠠᠨ ᠭᠠᠷᠴᠠᠭᠠᠵᠠᠢ᠃ ᠲᠡᠳᠡ ᠬᠦᠷᠢᠶᠡᠳᠦ ᠭᠡᠳᠡᠭ ᠡᠯᠡᠰᠦᠨ ᠳᠤ ᠣᠷᠣᠭᠠᠳ ᠬᠠᠮᠠᠷ | ᠠᠳ᠋ᠳᠢᠨ ᠲᠠᠢ ᠬᠠᠷᠭᠤᠨ᠂ ᠠᠯᠯᠠᠾ ᠶᠢᠨ ᠠᠪᠣᠷᠠᠯ ᠢᠶᠠᠷ ᠲᠠᠶᠢᠰᠣᠨ ᠢᠶᠠᠨ ᠲᠠᠷᠣᠵᠣ ᠢᠯᠳᠢ ᠵᠢᠳᠠ ᠪᠠᠨ ᠲᠠᠶᠢᠰᠣᠨ ᠤ | ᠴᠢᠰᠣᠨ ᠢᠶᠠᠷ ᠮᠢᠯᠢᠶᠠᠪᠠᠢ᠃ ᠬᠦᠭᠡ ᠡᠷᠳᠡᠨᠢ ᠶᠢᠨ ᠴᠢᠯᠠᠭᠤᠳ ᠮᠡᠳᠦ ᠬᠢᠯᠪᠠᠭ᠎ᠠ ᠲᠠᠲᠠᠭᠰᠠᠨ ᠢᠯᠳᠦ ᠰᠡᠯᠡᠮ᠎ᠡ ᠡᠳᠦᠬᠡ | ᠪᠦᠷ ᠪᠠᠳᠮᠠᠷᠠᠭ ᠦᠩᠭᠡ ᠪᠠᠷ ᠬᠢᠯᠠᠯᠵᠠᠭᠰᠠᠨ ᠪᠣᠯᠬᠤᠷ ᠲᠠᠶᠢᠰᠣᠨ ᠨᠤᠭᠤᠳ ᠮᠠᠨ ᠤ ᠴᠡᠷᠢᠭ ᠠᠴᠠ ᠠᠶᠣᠵᠣ ᠴᠢᠷᠠᠢ | ᠶᠢᠨ ᠦᠩᠭᠡ ᠨᠢ ᠦᠨᠡᠰᠦᠨ ᠵᠡᠪᠬᠡᠢ ᠪᠣᠯᠵᠣ᠂ ᠪᠢᠳᠡᠨ ᠲᠠᠢ ᠡᠰᠡᠷᠭᠦᠴᠡᠨ ᠲᠣᠯᠵᠣ ᠴᠢᠳᠠᠭᠰᠠᠨ ᠦᠭᠡᠢ ᠵᠦᠭ ᠪᠣᠯᠭᠠᠨ | ᠳᠤ ᠪᠣᠷᠣᠭᠤᠯᠠᠨ ᠲᠣᠳᠠᠭᠠᠯᠳᠣᠪᠠ᠃ ᠬᠠᠮᠠᠷ ᠠᠳ᠋ᠳᠢᠨ ᠲᠣᠳᠠᠭᠠᠨ ᠶᠠᠪᠣᠭᠰᠠᠨ ᠤ ᠲᠠᠷᠠᠭ᠎ᠠ ᠮᠠᠨ ᠤ ᠴᠡᠷᠢᠭ ᠲᠠᠶᠢᠰᠣᠨ | ᠤ ᠪᠦᠬᠦ ᠨᠣᠳᠤᠭ ᠢ ᠪᠣᠯᠢᠶᠠᠨ ᠲᠠᠯᠠᠭᠳᠠᠵᠣ᠂ ᠠᠭᠤᠯᠠ ᠮᠡᠳᠦ ᠣᠯᠵᠠ ᠲᠠᠢ ᠪᠣᠴᠠᠨ ᠢᠷᠡᠵᠡᠭᠡᠪᠡ᠃ | ᠲᠣᠰ ᠪᠦᠯᠦᠭ ᠤᠨ ᠲᠠᠶᠢᠯᠪᠣᠷᠢ | ① ᠲᠡᠮᠦᠷ ᠤᠨ ᠡᠨᠡ ᠣᠳᠠᠭᠠᠨ ᠤ ᠮᠣᠩᠭᠤᠯᠰᠲ᠋ᠠᠨ ᠵᠦᠭ ᠲᠤ ᠬᠢᠭᠰᠡᠨ ᠠᠯᠣᠰ ᠲᠠᠶᠢᠯᠠᠯᠳᠠ ᠶᠢ ᠮᠢᠷᠽᠠ · ᠬᠠᠶᠢᠳᠠᠷ | ᠤᠨ ᠦᠬᠦᠯᠡᠵᠦ ᠪᠠᠶᠢᠭ᠎ᠠ ᠪᠠᠶᠢᠳᠠᠯ ᠠᠴᠠ ᠦᠵᠡᠪᠡᠯ᠂ ᠲᠡᠭᠦᠨ ᠤ ᠬᠡᠯᠡᠳᠡᠭ ᠲᠠᠪᠣᠨ ᠣᠳᠠᠭᠠᠨ ᠤ ᠠᠯᠣᠰ ᠲᠠᠶᠢᠯᠠᠯᠳᠠ | ᠶᠢᠨ ᠲᠣᠭᠠᠨ ᠳᠤ ᠣᠷᠣᠭᠤᠯᠵᠣ ᠦᠭᠡᠢ ᠪᠠᠶᠢᠭ᠎ᠠ ᠠᠵᠠᠢ᠃ ᠭᠡᠪᠡᠴᠦ ᠬᠤᠵᠢᠮ ᠤᠨ ᠲᠡᠣᠬᠡᠴᠢᠳ ᠪᠦᠷ ᠡᠮᠢᠷ ᠲᠡᠮᠦᠷ ᠢ | ᠮᠣᠩᠭᠤᠯᠰᠲ᠋ᠠᠨ ᠵᠦᠭ ᠲᠤ ᠵᠢᠷᠭᠤᠭᠠᠨ ᠣᠳᠠᠭᠠᠨ ᠤ ᠠᠯᠣᠰ ᠲᠠᠶᠢᠯᠠᠯᠳᠠ ᠬᠢᠭᠰᠡᠨ ᠭᠡᠵᠦ ᠬᠡᠯᠡᠳᠡᠭ ᠶᠣᠮ᠃ | ② ᠡᠨᠡᠬᠦ ᠪᠠᠷᠠᠲ ᠭᠡᠳᠡᠭ ᠣᠪᠣᠭ ᠪᠠᠷᠤᠭ ᠪᠠᠷᠣᠯᠠᠰ ᠪᠣᠶᠣ ᠪᠠᠷᠣᠯᠠᠳ ᠤᠨ ᠠᠳᠡᠭᠦᠥ ᠪᠢᠴᠢᠯᠭᠡ ᠪᠣᠯᠪᠠᠥ ᠭᠡᠵᠦ | ᠰᠡᠵᠢᠭᠯᠡᠵᠦ ᠪᠠᠶᠢᠨ᠎ᠠ — ᠮᠣᠩᠭᠤᠯᠴᠢᠯᠠᠭᠴᠢ ᠠᠴᠠ᠃ | ③ ᠡᠨᠡᠬᠦ ᠬᠠᠷᠠᠭᠤᠯ ᠤᠨ ᠭᠠᠵᠠᠷ ᠬᠡᠬᠦ ᠪᠣᠶᠣ ᠬᠠᠷᠠᠭᠤᠯ ᠤᠨ ᠦᠷᠳᠡᠭᠡ ᠶᠢ ᠪᠧᠯᠶᠦᠲ ᠪᠣᠯ ︽ᠠᠺᠰᠣᠮᠪᠧ ᠶᠢᠨ | ᠪᠠᠭᠤᠷᠢ︾ ᠭᠡᠳᠡᠭ᠂ ᠡᠨᠡ ᠭᠠᠵᠠᠷ ᠺᠠᠷᠠ ᠲᠠᠭ ᠠᠭᠤᠯᠠᠨ ᠤ ᠨᠢᠭᠡᠨ ᠰᠠᠯᠪᠣᠷᠢ ᠨᠢᠷᠣᠭᠤᠨ ᠳᠤ ᠪᠠᠶᠢᠭ᠎ᠠ ᠬᠢᠪᠴᠠᠭ ᠤᠨ | ᠲᠠᠯ᠎ᠠ ᠨᠣᠳᠤᠭ ᠢ ᠬᠠᠷᠠᠭᠤᠯᠳᠠᠵᠣ ᠪᠠᠶᠢᠭ᠎ᠠ ᠬᠠᠷᠠᠭᠤᠯ ᠤᠨ ᠭᠠᠵᠠᠷ ᠮᠦᠨ᠃ ᠡᠨᠡᠬᠦ ᠬᠠᠷᠠᠭᠤᠯ ᠤᠨ ᠭᠠᠵᠠᠷ ᠪᠣᠯ | ᠬᠠᠷ᠎ᠠ ᠴᠠᠺ ᠲᠣᠪᠣᠷᠬᠠᠭ ᠭᠠᠵᠠᠷ ᠲᠤ ᠪᠠᠶᠢᠭ᠎ᠠ᠂ ᠨᠢᠭᠡᠨ ᠣᠯᠠᠭᠠᠨ ᠦᠩᠭᠡ ᠲᠠᠢ ᠪᠠᠭᠠᠨ᠎ᠠ ᠬᠡᠯᠪᠡᠷᠢ ᠶᠢᠨ ᠲᠣᠭᠤᠰᠬᠠᠨ | ᠪᠠᠷᠢᠯᠭ᠎ᠠ ᠶᠣᠮ ᠭᠡᠵᠡᠢ᠃ | | | ᠪᠡᠯᠡᠳᠬᠡᠭᠰᠡᠨ ᠨᠢ᠄ ᠡᠷᠳᠡᠨᠢᠬᠦᠦ | ᠨᠠᠶᠢᠷᠠᠭᠤᠯᠤᠭᠰᠠᠨ ᠨᠢ᠄ ᠨᠠᠮᠤᠷ | ᠬᠢᠨᠠᠭᠰᠠᠨ ᠨᠢ᠄ ᠤᠷᠢᠬᠠᠨ | |