ᠬᠤᠷᠢᠨ ᠲᠦᠷᠪᠡᠳᠦᠭᠡᠷ ᠪᠦᠯᠦᠭ | ᠡᠨᠡ ᠰᠠᠯᠠᠭ᠎ᠠ ᠢᠯᠠᠯᠳᠠ ᠪᠠᠶᠢᠭᠤᠯᠣᠭᠰᠠᠨ ᠴᠡᠷᠢᠭ ᠠᠩᠬᠢ ᠮᠣᠩᠭᠤᠯᠰᠲ᠋ᠠᠨ ᠠᠴᠠ ᠬᠠᠯᠳᠣ ᠪᠣᠴᠠᠵᠣ ᠢᠷᠡᠳᠡᠯ᠎ᠡ᠂ | ᠡᠮᠢᠷ ᠲᠡᠮᠦᠷ ᠵᠠᠷᠯᠢᠭ ᠨᠡᠶᠢᠳᠡᠯᠡᠨ᠂ ᠲᠣᠰ ᠵᠢᠯ ᠳᠤ ᠲᠠᠬᠢᠨᠳᠠ ᠮᠣᠩᠭᠤᠯᠰᠲ᠋ᠠᠨ ᠢ ᠲᠣᠪᠳᠣᠯᠬᠤ ᠪᠠᠷ ᠪᠣᠯᠪᠠ᠃ ᠲᠡᠷᠡ | ᠮᠦᠰᠠ ︵ᠡᠨᠡ ᠬᠦᠮᠦᠨ ᠣᠷᠤᠭ ᠰᠠᠳᠣ ᠶᠢᠨ ᠬᠠᠷᠢᠴᠠᠭ᠎ᠠ ᠪᠠᠷ ᠡᠮᠢᠷ ᠲᠡᠮᠦᠷ ᠲᠤ ᠮᠠᠰᠢᠳᠠ ᠲᠠᠭᠠᠯᠠᠭᠳᠠᠨ ᠲᠡᠭᠦᠨ ᠤ | ᠢᠳᠡᠭᠡᠯ ᠢ ᠣᠯᠣᠭᠰᠠᠨ ᠬᠦᠮᠦᠨ ᠶᠣᠮ︶ ᠶᠢᠨ ᠬᠦᠪᠡᠭᠦᠨ ᠮᠠᠬᠠᠮᠠᠳ᠋ · ᠪᠠᠬᠢ᠂ ᠡᠮᠢᠷ ᠠᠪᠠᠰ ᠪᠠ ᠠᠩᠺ · ᠲᠡᠮᠦᠷ ᠨᠡᠷ | ᠢ ᠬᠤᠰᠢᠭᠤᠴᠢ ᠪᠣᠯᠭᠠᠨ ᠣᠷᠢᠳᠠᠪᠡᠷ ᠮᠣᠷᠳᠠᠭᠤᠯᠪᠠ᠃ ᠲᠡᠳᠡ ᠵᠠᠷᠯᠢᠭ ᠣᠯᠣᠮᠠᠭᠴᠠ ᠪᠠᠨ ᠡᠳᠦᠷ ᠰᠦᠨᠢ ᠪᠠᠷ | ᠲᠦᠷᠭᠡᠯᠡᠨ ᠲᠠᠪᠬᠢᠵᠣ᠂ ᠢᠰᠠᠶᠢᠺ ᠨᠠᠭᠤᠷ ᠤᠨ ᠪᠣᠬᠠᠮ① ᠭᠡᠳᠡᠭ ᠭᠠᠵᠠᠷ ᠲᠤ ᠬᠠᠮᠠᠷ ᠠᠳᠳᠢᠨ ᠲᠠᠢ ᠬᠠᠷᠭᠤᠪᠠ᠃ | ᠲᠡᠭᠡᠭᠡᠳ ᠨᠢᠭᠡᠨ ᠣᠳᠠᠭᠠᠨ ᠤ ᠰᠢᠷᠦᠭᠦᠨ ᠪᠠᠶᠢᠯᠳᠣᠭᠠᠨ ᠢᠶᠠᠷ ᠲᠠᠮᠵᠢᠨ ᠬᠠᠮᠠᠷ ᠠᠳ᠋ᠳᠢᠨ ᠶᠡᠬᠡᠪᠡᠷ ᠲᠠᠶᠢᠯᠦᠭᠳᠡᠨ | ᠪᠣᠷᠣᠭᠤᠯᠠᠪᠠ᠃ ᠲᠠᠷᠠᠭ᠎ᠠ ᠨᠢ ᠮᠦᠨ ᠲᠣᠰ ᠨᠣᠳᠤᠭ ᠢ ᠪᠣᠯᠢᠶᠠᠨ ᠲᠡᠭᠡᠷᠡᠮᠳᠡᠵᠦ᠂ ᠠᠷᠠᠳ ᠢᠷᠭᠡᠳ ᠢ ᠨᠢ ᠣᠯᠵᠠᠯᠠᠨ | ᠠᠳᠣᠭᠤ ᠮᠠᠯ ᠢ ᠬᠦᠭᠡᠭᠡᠵᠦ ᠢᠷᠡᠪᠡ᠃ ᠡᠮᠢᠷ ᠲᠡᠮᠦᠷ ᠦᠪᠡᠷ ᠤᠨ ᠪᠡᠶ᠎ᠡ ᠪᠠᠷ ᠬᠠᠮᠠᠷ ᠠᠳ᠋ᠳᠢᠨ ᠢ ᠨᠡᠬᠡᠮᠵᠢᠯᠡᠨ | ᠺᠦᠴᠺᠠᠷ② ᠬᠦᠷᠪᠡ᠃ ᠠᠳᠡ ᠢᠷᠡᠭᠡᠳ ᠡᠮᠢᠷ ᠲᠡᠮᠦᠷ ᠴᠢᠮᠡᠭᠡ ᠣᠯᠵᠣ᠂ ᠲᠣᠭᠳᠠᠮᠢᠱ · ᠣᠾᠯᠠᠨ③ ᠣᠯᠣᠰ | ᠬᠠᠭᠠᠨ ᠠᠴᠠ ᠲᠣᠩ ᠡᠮᠢᠶᠡᠵᠦ᠂ ᠡᠮᠢᠷ ᠲᠡᠮᠦᠷ ᠢ ᠲᠦᠰᠢᠨ ᠲᠡᠭᠦᠨ ᠳᠤ ᠬᠦᠴᠦᠨ ᠵᠢᠳᠭᠦᠬᠦ ᠰᠠᠨᠠᠭ᠎ᠠ ᠲᠠᠢ ᠭᠡᠳᠡᠭ ᠢ | ᠮᠡᠳᠡᠵᠦ ᠲᠣᠩ ᠪᠠᠶᠠᠷᠯᠠᠨ᠂ ᠲᠡᠷᠡ ᠲᠣᠣᠷ᠎ᠠ ᠪᠠᠨ ᠡᠮᠢᠷ · ᠲᠦᠮᠡᠨ ᠪᠠ ᠲᠡᠮᠦᠷ · ᠦᠯᠵᠡᠶᠢᠪᠠᠬᠢ ᠶᠢ ᠲᠣᠮᠢᠯᠠᠨ ᠮᠠᠰᠢ | ᠬᠦᠨᠳᠦᠳᠭᠡᠯ ᠲᠠᠢ ᠪᠠᠷ ᠲᠡᠭᠦᠨ ᠢ ᠣᠭᠳᠣᠨ ᠠᠪᠴᠢᠷᠠᠪᠠ᠃ ᠡᠮᠢᠷ ᠲᠡᠮᠦᠷ ᠢᠨᠠᠬᠤ④ ᠠᠴᠠ ᠢᠷᠡᠵᠦ ᠣᠽᠢᠺᠠᠨᠳ᠋ | ᠲᠤ ᠵᠢᠭᠠᠬᠠᠨ ᠠᠮᠠᠷᠠᠭᠠᠳ ᠰᠠᠶ᠋ᠢ ᠨᠡᠶᠢᠰᠯᠡᠯ ᠰᠠᠮᠠᠷᠺᠠᠨᠳ᠋ ᠲᠠᠭᠠᠨ ᠪᠣᠴᠠᠵᠣ ᠢᠷᠡᠪᠡ᠃ | ᠲᠡᠭᠦᠨ ᠢ ᠰᠠᠮᠠᠷᠺᠠᠨᠳ᠋ ᠲᠤ ᠪᠣᠴᠠᠵᠣ ᠢᠷᠡᠭᠰᠡᠨ ᠤ ᠲᠠᠷᠠᠭ᠎ᠠ ᠲᠡᠮᠦᠷ · ᠦᠯᠵᠡᠶᠢᠪᠠᠬᠢ ᠨᠡᠷ ᠲᠣᠭᠳᠠᠮᠢᠱ ᠢ | ᠲᠠᠭᠠᠭᠤᠯᠣᠨ ᠢᠷᠡᠵᠦ ᠲᠡᠭᠦᠨ ᠳᠤ ᠠᠭᠤᠯᠵᠠᠭᠤᠯᠪᠠ᠃ ᠡᠮᠢᠷ ᠲᠡᠮᠦᠷ ᠲᠡᠭᠦᠨ ᠢ ᠸᠠᠩ ᠭᠦᠩ ᠤᠨ ᠵᠡᠷᠭᠡ ᠲᠡᠰ ᠢᠶᠠᠷ | ᠦᠪᠡᠳᠡᠭᠰᠢ ᠶᠡᠬᠡᠪᠡᠷ ᠬᠤᠷᠢᠮᠯᠠᠨ ᠣᠭᠳᠣᠵᠠᠢ᠃ ᠲᠡᠷᠡ ᠡᠯ᠎ᠡ ᠵᠦᠢᠯ ᠤᠨ ᠲᠣᠭᠳᠠᠭᠰᠠᠨ ᠲᠦᠷᠢᠮ ᠶᠣᠰᠣ ᠶᠢ ᠨᠢᠭᠡᠴᠦ | ᠠᠯᠳᠠᠯ ᠦᠭᠡᠢ ᠮᠦᠷᠳᠡᠨ ᠵᠢᠷᠣᠮᠯᠡᠭᠰᠡᠨ ᠶᠣᠮ᠃ ᠡᠮᠢᠷ ᠲᠡᠮᠦᠷ ᠪᠠᠰᠠ ᠲᠡᠭᠦᠨ ᠳᠤ ᠪᠠ ᠲᠡᠭᠦᠨ ᠤ ᠲᠠᠭᠠᠭᠰᠠᠳ ᠲᠤ | ᠦᠨᠡᠳᠦ ᠪᠡᠯᠡᠭ᠂ ᠠᠯᠳᠠ ᠮᠦᠩᠭᠦ ᠡᠳ᠋ ᠡᠷᠳᠡᠨᠢᠰ᠂ ᠲᠡᠪᠡᠯ ᠬᠤᠪᠴᠠᠰᠣ᠂ ᠵᠡᠷ ᠵᠡᠪᠰᠡᠭ᠂ ᠬᠤᠶᠠᠭ ᠲᠣᠭᠤᠯᠭ᠎ᠠ᠂ | ᠮᠣᠷᠢ ᠣᠨᠤᠭ᠎ᠠ᠂ ᠲᠡᠮᠡᠭᠡ᠂ ᠢᠰᠡᠭᠡᠢ ᠭᠡᠷ ᠴᠠᠩ ᠬᠡᠩᠬᠡᠷᠭᠡ ᠲᠠᠶᠢᠨ ᠤ ᠠᠭᠳᠠ᠂ ᠪᠣᠭᠤᠯ ᠵᠠᠷᠣᠳᠠᠰᠣᠨ᠂ ᠲᠤᠭ | ᠬᠢᠬᠢᠷᠢ ᠲᠡᠷᠢᠭᠦᠳᠡᠨ ᠢ ᠬᠦᠷᠭᠡᠵᠦ ᠦᠭᠭᠦᠪᠡ᠃ ᠦᠪᠡᠷ ᠤᠨ ᠰᠡᠳᠬᠢᠯ ᠤᠨ ᠭᠦᠨ ᠲᠠᠬᠢ ᠬᠠᠶᠢᠷ᠎ᠠ ᠪᠠᠨ ᠢᠯᠡᠳᠭᠡᠬᠦ | ᠶᠢᠨ ᠲᠣᠰᠠᠳᠠ ᠡᠨᠡᠬᠦ ᠶᠡᠭᠡ ᠬᠠᠭᠠᠨ ᠪᠠᠰᠠ ᠲᠣᠭᠳᠠᠮᠢᠱ ᠢ ᠬᠦᠪᠡᠭᠦᠨ ᠮᠢᠨᠢ ᠭᠡᠵᠦ ᠲᠠᠭᠤᠳᠠᠵᠣ᠂ ᠬᠠᠶᠢᠷᠠᠯᠠᠵᠣ | ᠰᠠᠨᠠᠵᠣ ᠪᠠᠶᠢᠭ᠎ᠠ ᠪᠠᠨ ᠢᠯᠡᠳᠭᠡᠪᠡ᠃ | ︽ᠲᠡᠮᠦᠷ ᠤᠨ ᠲᠠᠶᠢᠨ ᠤ ᠭᠠᠪᠢᠶ᠎ᠠ ᠶᠢᠨ ᠲᠡᠮᠳᠡᠭᠯᠡᠯ︾ ᠠᠴᠠ ᠡᠰᠢᠯᠡᠭᠰᠡᠨ ᠠᠭᠤᠯᠭ᠎ᠠ ᠠᠳᠡ ᠬᠦᠷᠦᠭᠡᠳ ᠲᠡᠭᠦᠰᠴᠡᠢ᠃ | | ᠲᠣᠰ ᠪᠦᠯᠦᠭ ᠤᠨ ᠲᠠᠶᠢᠯᠪᠣᠷᠢ | ① ᠬᠢᠳᠠᠳᠴᠢᠯᠠᠭᠴᠢ ᠶᠢᠨ ᠲᠠᠶᠢᠯᠪᠣᠷᠢ ᠳᠤ ᠬᠡᠯᠡᠭᠰᠡᠨ ᠢᠶᠠᠷ ᠪᠣᠬᠠᠮ ᠪᠣᠯ ᠨᠢᠭᠡᠨ ᠬᠠᠪᠴᠢᠯ ᠬᠦᠨᠳᠡᠢ ᠪᠣᠯᠣᠨ᠎ᠠ ᠬᠡᠵᠡᠢ | ᠃ ᠲᠡᠷᠡ ᠰᠢᠮᠣᠨᠣᠸ᠋ ᠶᠢᠨ ︽ᠲᠡᠭᠷᠢ ᠠᠭᠤᠯᠠ ᠪᠠᠷ ᠵᠣᠭᠠᠴᠠᠭᠰᠠᠨ ᠲᠡᠮᠳᠡᠭᠯᠡᠯ︾ ᠠᠴᠠ ᠡᠰᠢ ᠲᠠᠲᠠᠵᠣ ᠬᠡᠯᠡᠭᠰᠡᠨ ᠨᠢ᠄ | ︽ᠲᠠᠩ ᠰᠢᠥᠸᠠᠨ ᠽᠠᠩ ᠪᠣᠯ ᠢᠰᠠᠶᠢᠺ ᠨᠠᠭᠤᠷ ᠤᠨ ᠡᠮᠦᠨ᠎ᠡ ᠬᠦᠪᠡᠭᠡ ᠪᠠᠷ ᠪᠠᠯᠠᠰᠭᠤᠨ ᠭᠤᠣᠯ ᠢ ᠭᠠᠳᠣᠯᠵᠣ ᠲᠠᠬᠢᠨ | ᠪᠣᠬᠠᠮ ᠬᠦᠨᠳᠡᠢ ᠪᠠᠷ ᠨᠠᠭᠤᠷ ᠤᠨ ᠪᠠᠷᠠᠭᠤᠨ ᠳᠤ ᠭᠠᠷᠴᠣ᠂ ᠲᠠᠯᠠᠰ ᠭᠤᠣᠯ ᠤᠨ ᠲᠡᠭᠡᠳᠦ ᠡᠬᠢ ᠪᠠᠷ ᠬᠦᠷᠴᠦ᠂ | ᠮᠢᠩᠭᠠᠨ ᠪᠣᠯᠠᠭ ᠲᠤ ᠬᠦᠷᠪᠡ︾ ᠭᠡᠪᠡ᠃ ︽ᠲᠡᠭᠷᠢ ᠠᠭᠤᠯᠠ ᠪᠠᠷ ᠵᠣᠭᠠᠴᠠᠭᠰᠠᠨ ᠲᠡᠮᠳᠡᠭᠯᠡᠯ︾ ᠤᠨ ᠣᠷᠣᠰ ᠬᠡᠪᠯᠡᠯ | ᠤᠨ257 ᠳ᠋ᠣᠭᠠᠷ ᠨᠢᠭᠤᠷ᠃ | ② ᠺᠦᠴᠺᠠᠷ ᠢ ᠪᠠᠰᠠ ᠺᠦᠱᠺᠠᠷ᠂ ᠺᠧᠱᠺᠠᠷ ᠭᠡᠳᠡᠭ᠂ ᠴᠣᠢ ᠮᠦᠷᠡᠨ ᠤ ᠨᠢᠭᠡᠨ ᠡᠬᠢ ᠪᠣᠯᠣᠨ᠎ᠠ᠃ ᠢᠰᠠᠶᠢᠺ ᠨᠠᠭᠤᠷ | ᠤᠨ ᠪᠠᠷᠠᠭᠤᠨ ᠡᠮᠦᠨ᠎ᠡ ᠳᠤ ᠪᠠᠶᠢᠭ᠎ᠠ ᠶᠣᠮ᠃ ᠦᠩᠭᠡᠷᠡᠭᠰᠡᠨ ᠳᠤ ᠵᠠᠷᠢᠮ ᠬᠦᠮᠦᠰ ᠢᠰᠠᠶᠢᠺ ᠨᠠᠭᠤᠷ ᠢ ᠺᠦᠴᠺᠠᠷ ᠢᠶᠠᠷ | ᠲᠠᠮᠵᠢᠨ ᠴᠣᠢ ᠮᠦᠷᠡᠨ ᠵᠦᠭ ᠣᠷᠣᠰᠴᠣ ᠪᠠᠶᠢᠯ᠎ᠠ ᠭᠡᠵᠦ ᠨᠣᠳᠠᠯᠠᠵᠠᠢ᠃ ᠭᠡᠪᠡᠴᠦ ᠣᠳᠣᠬᠢ ᠪᠠᠶᠢᠳᠠᠯ ᠢᠶᠠᠷ ᠦᠵᠡᠪᠡᠯ | ᠢᠰᠠᠶᠢᠺ ᠨᠠᠭᠤᠷ ᠪᠣᠯ ᠨᠢᠭᠡᠨ ᠭᠠᠳᠠᠭᠰᠢ ᠣᠷᠣᠰᠬᠠᠯ ᠦᠭᠡᠢ ᠲᠣᠲᠣᠭᠠᠳᠣ ᠨᠠᠭᠤᠷ ᠶᠣᠮ᠃ ③ ᠲᠣᠭᠳᠠᠮᠢᠱ ᠪᠣᠯ | ᠴᠠᠭᠠᠳᠠᠢ ᠬᠠᠭᠠᠨᠳᠣ ᠣᠯᠣᠰ ᠤᠨ ᠣᠯᠣᠰ ᠬᠠᠭᠠᠨ ᠤ ᠠᠬ᠎ᠠ ᠶᠢᠨ ᠬᠦᠪᠡᠭᠦᠨ ᠪᠣᠯᠣᠨ᠎ᠠ᠃ ᠲᠡᠷᠡ ᠬᠤᠵᠢᠮ ᠵᠦᠴᠢ | ᠶᠢᠨ ᠣᠯᠣᠰ ᠤᠨ ᠴᠠᠭᠠᠨ ᠣᠷᠳᠣᠳᠣ ᠶᠢᠨ ᠬᠠᠭᠠᠨ ᠪᠣᠯᠵᠣ ᠡᠴᠦᠰ ᠲᠡᠭᠡᠨ ᠪᠦᠬᠦᠶᠢᠯᠡ ᠵᠦᠴᠢ ᠶᠢᠨ ᠣᠯᠣᠰ ᠢ | ᠡᠵᠡᠮᠰᠢᠨ ᠠᠪᠣᠭᠰᠠᠨ ᠮᠣᠨᠳᠠᠭ ᠬᠦᠮᠦᠨ ᠶᠣᠮ᠃ | ④ ᠪᠧᠯᠶᠦᠲ ᠠᠴᠠ ᠬᠡᠯᠡᠭᠰᠡᠨ ᠨᠢ᠂ ᠡᠨᠡᠬᠦ ᠢᠨᠠᠬᠤ ︵Inaghu︶ ᠭᠡᠳᠡᠭ ᠭᠠᠵᠠᠷ ᠤᠨ ᠨᠡᠷ᠎ᠡ ᠶᠢ ᠪᠠᠰᠠ ᠵᠣᠮᠬᠤᠯ᠂ | ᠵᠣᠮᠭᠠᠯ ᠪᠣᠶᠣ ᠵᠣᠮᠭᠠᠨ ︵Jomgal Jomgan︶ ᠭᠡᠳᠡᠭ ᠶᠣᠮ᠃ ᠣᠴᠢᠷ ᠨᠢ ᠠᠳᠡ ᠴᠣᠢ ᠮᠦᠷᠡᠨ ᠤ | ᠨᠢᠭᠡᠨ ᠡᠬᠢ ᠪᠣᠯᠣᠭᠰᠠᠨ ᠵᠣᠮᠬᠠᠯ ᠭᠤᠣᠯ ᠪᠠᠶᠢᠳᠠᠭ ᠶᠣᠮ᠃Jomgan ᠢ ᠪᠠᠰᠠ Yamgan ᠭᠡᠵᠦ ᠪᠢᠴᠢᠬᠦ | ᠪᠣᠯᠣᠯᠳᠠᠢ᠂ ᠡᠶᠢᠮᠦ ᠠᠴᠠ ︽ᠶᠡᠭᠡ ᠲᠠᠩ ᠤᠨ ᠪᠠᠷᠠᠭᠤᠨ ᠬᠢᠵᠠᠭᠠᠷ ᠤᠨ ᠲᠡᠮᠳᠡᠭᠯᠡᠯ︾ ᠳᠤ ᠡᠨᠡ ᠭᠠᠵᠠᠷ ᠢ ᠶᠢᠨ ᠪᠦ᠋ | ᠵᠢᠶᠠᠨ ︵淫簿健︶ ᠭᠡᠵᠦ ᠪᠢᠴᠢᠵᠦ ᠪᠣᠢ ᠭᠡᠵᠡᠢ᠃ | | | ᠪᠡᠯᠡᠳᠬᠡᠭᠰᠡᠨ ᠨᠢ᠄ ᠡᠷᠳᠡᠨᠢᠬᠦᠦ | ᠨᠠᠶᠢᠷᠠᠭᠤᠯᠤᠭᠰᠠᠨ ᠨᠢ᠄ ᠨᠠᠮᠤᠷ | ᠬᠢᠨᠠᠭᠰᠠᠨ ᠨᠢ᠄ ᠤᠷᠢᠬᠠᠨ |