ᠬᠠᠯᠢᠮᠠᠭ ᠬᠦᠮᠦᠨ᠂ ᠤᠤᠯ ᠨᠢ ᠪᠣᠯ ᠲᠦᠷᠺ ᠬᠡᠯᠡᠨ ᠤ ᠶᠡᠭᠡ ᠭᠤᠪᠢ ᠠᠴᠠ ᠪᠠᠷᠠᠭᠤᠨᠰᠢᠬᠢ ᠮᠤᠩᠭᠤᠯ ᠤᠨ | ᠲᠤᠷᠭᠤᠤᠨ ᠠᠶᠢᠮᠠᠭ ᠢ ᠨᠡᠷᠡᠯᠡᠭᠰᠡᠨ ᠦᠭᠡ ᠪᠤᠯᠤᠨ᠎ᠠ᠃ ᠮᠤᠩᠭᠤᠯ ᠰᠤᠳᠤᠯᠤᠯ ᠤᠨ ᠡᠷᠳᠡᠮᠳᠡᠨ ᠰᠦᠬᠡ ᠶᠢᠨ | ᠦᠵᠡᠬᠦ ᠪᠠᠷ ᠲᠤᠷᠭᠤᠤᠨ ᠪᠤᠯ ᠨᠢᠭᠡᠳᠦᠭᠰᠡᠨ ᠮᠤᠩᠭᠤᠯ ᠤᠢᠢᠷᠠᠤᠨ ᠤᠨ ᠲᠦᠷᠪᠡᠨ ᠠᠶᠢᠮᠠᠭ ᠤᠨ ︵ᠬᠤᠱᠤᠤᠨ᠂ | ᠵᠦᠩᠭᠠᠷ᠂ ᠲᠦᠷᠪᠡᠤᠨ᠂ ᠲᠤᠷᠭᠤᠤᠨ︶ ᠨᠢᠭᠡ ᠪᠤᠯᠤᠨ᠎ᠠ᠃ ᠸᠤᠯᠭ᠎ᠠ ᠮᠦᠷᠡᠨ ᠳᠤ ᠬᠠᠰᠢᠭᠳᠠᠭᠰᠠᠨ ᠤᠢᠢᠷᠠᠳ | ᠮᠤᠩᠭᠤᠯᠴᠤᠳ ᠪᠤᠯ ᠮᠢᠩ ᠤᠯᠤᠰ ᠤᠨ ᠰᠡᠭᠦᠯᠴᠢ ᠶᠢᠨ ᠵᠢᠯ ᠤᠳ ᠲᠤ ᠲᠤᠷᠭᠤᠳ ᠠᠶᠢᠮᠠᠭ ᠤᠨ ᠤᠯᠠᠩᠬᠢ | ᠡᠷᠦᠬᠡ ᠤᠳ ᠨᠡᠭᠦᠳᠡᠯᠯᠡᠨ ᠮᠠᠯᠵᠢᠵᠤ ᠪᠠᠶᠢᠭᠰᠠᠨ ᠲᠦᠷᠦᠯᠬᠢ ᠨᠤᠳᠤᠭ ᠲᠠᠷᠪᠠᠭᠠᠳᠠᠢ ︵ᠮᠠᠨ ᠤ ᠤᠯᠤᠰ ᠤᠨ | ᠰᠢᠨᠵᠢᠶᠠᠩ ᠤᠨ ᠦᠢᠭᠤᠷ ᠤᠨ ᠦᠪᠡᠷᠳᠡᠬᠡᠨ ᠵᠠᠰᠠᠬᠤ ᠤᠷᠤᠨ ᠳᠤ ᠪᠤᠢ︶ ᠠᠴᠠ ᠰᠠᠯᠵᠤ ᠪᠠᠷᠠᠭᠤᠨᠰᠢ ᠪᠠᠨ | ᠨᠡᠭᠦᠳᠡᠯᠯᠡᠭᠰᠡᠨ ᠤ ᠦᠷ᠎ᠡ ᠬᠤᠶᠢᠴᠢᠰ ᠮᠦᠨ᠃ ᠲᠡᠷᠡ ᠦᠶ᠎ᠡ ᠳᠤ ᠵᠦᠩᠭᠠᠷ ᠠᠶᠢᠮᠠᠭ ᠬᠦᠴᠦᠷᠬᠡᠭᠵᠢᠨ ᠪᠤᠵᠠᠭᠠᠢᠢᠷᠠᠵᠤ | ᠂ ᠲᠤᠷᠭᠤᠤᠨᠴᠤᠤᠨ ᠵᠦᠩᠭᠠᠷ ᠤᠨ ᠨᠤᠶᠠᠷᠬᠠᠯ ᠢ ᠬᠦᠯᠢᠶᠠᠵᠦ ᠠᠪᠬᠤ ᠲᠤᠷ᠎ᠠ ᠦᠭᠡᠢ᠂ ᠰᠢᠨ᠎ᠡ ᠤᠷᠤᠰᠢᠨ ᠠᠮᠢᠳᠤᠷᠠᠬᠤ | ᠨᠤᠳᠤᠭ ᠤᠰᠤ ᠡᠷᠢᠬᠦ ᠶᠢᠨ ᠲᠦᠯᠦᠭᠡ᠂ 1616 ᠤᠨ ᠳᠤ ᠠᠶᠢᠮᠠᠭ ᠤᠨ ᠠᠬᠠᠯᠠᠬᠴᠢ ᠬᠤ ᠦᠷᠯᠦᠭ ᠤᠨ | ᠲᠠᠭᠠᠭᠤᠯᠭ᠎ᠠ ᠲᠤᠤᠷ᠎ᠠ ᠬᠠᠰᠠᠭ ᠤᠨ ᠲᠠᠯ᠎ᠠ ᠨᠤᠳᠤᠭ ᠢ ᠲᠤᠭᠤᠯᠵᠤ᠂ ᠦᠷᠡᠯ ᠭᠤᠤᠯ ᠢ ᠭᠠᠳᠤᠯᠤᠨ ᠲᠤᠬᠠᠢ ᠶᠢᠨ | ᠦᠶ᠎ᠡ ᠳᠤ ᠤᠷᠤᠰ ᠲᠤ ᠡᠵᠡᠯᠡᠭᠳᠡᠭᠡ ᠦᠭᠡᠢ ᠪᠠᠶᠢᠭᠰᠠᠨ ᠸᠤᠯᠭ᠎ᠠ ᠮᠦᠷᠡᠨ ᠤ ᠲᠤᠤᠷ᠎ᠠ ᠤᠷᠤᠰᠬᠠᠯ ᠤᠨ ᠭᠠᠵᠠᠷ | ᠤᠷᠤᠨ ᠳᠤ ᠬᠦᠷᠴᠦ᠂ ᠺᠠᠰᠫᠢ ᠲᠠᠩᠬᠢᠰ ᠤᠨ ᠬᠦᠪᠡᠭᠡᠨ ᠳᠤ ᠬᠦᠷᠴᠦ ᠨᠤᠳᠤᠭᠯᠠᠵᠠᠢ᠃ ᠲᠡᠳᠡ ᠡᠨᠡᠬᠦ ᠰᠢᠨ᠎ᠡ | ᠨᠤᠳᠤᠭ ᠲᠤ ᠬᠦᠷᠴᠦ ᠢᠷᠡᠭᠰᠡᠨ ᠤ ᠲᠠᠷᠠᠭ᠎ᠠ᠂ ᠡ᠊ᠨᠳᠡᠭᠢ ᠠᠭᠤᠯᠠ ᠤᠰᠤ᠂ ᠡᠪᠡᠰᠦ ᠪᠡᠯᠴᠢᠭᠡᠷ ᠢ ᠬᠠᠶᠢᠷᠠᠯᠠᠨ | ᠬᠠᠮᠠᠭᠠᠯᠠᠵᠤ᠂ ᠺᠠᠰᠫᠢ ᠲᠠᠩᠬᠢᠰ ᠢ ᠲᠡᠳᠡ ᠮᠤᠩᠭᠤᠯ ᠢᠶᠠᠷ ︽ᠬᠦᠬᠡ ᠲᠠᠩᠬᠢᠰ︾ ᠬᠡᠮᠡᠨ ᠬᠠᠶᠢᠷᠠᠯᠠᠨ ᠨᠡᠷᠡᠯᠡᠵᠦ᠂ | ᠸᠤᠯᠭ᠎ᠠ ᠮᠦᠷᠡᠨ ᠢ ︽ᠡᠵᠢ ᠭᠤᠤᠯ︾ ᠬᠡᠮᠡᠨ ᠬᠦᠨᠳᠦᠦᠬᠡᠨ ᠲᠠᠭᠤᠳᠠᠵᠠᠢ᠃ | ᠠᠷᠪᠠᠨ ᠨᠠᠢᠮᠠᠳᠤᠭᠠᠷ ᠵᠠᠭᠤᠨ ᠤ ᠰᠡᠬᠦᠯᠴᠢ ᠶᠢᠨ ᠦᠶ᠎ᠡ ᠪᠤᠯᠬᠤ ᠳᠤ᠂ ᠴᠠᠭᠠᠨ ᠤᠷᠤᠰ ᠤᠨ ᠡᠵᠡᠷᠬᠡᠭᠯᠡᠯ ᠠᠴᠠ | ᠮᠤᠯᠳᠤᠷᠠᠬᠤ ᠶᠢᠨ ᠲᠦᠯᠦᠭᠡ᠂ 1771 ᠤᠨ ᠳᠤ ᠤᠪᠰᠢ ᠬᠠᠨ ᠤ ᠲᠠᠭᠠᠭᠤᠯᠭ᠎ᠠ ᠲᠤᠤᠷ᠎ᠠ ᠤᠯᠠᠩᠬᠢ | ᠲᠤᠷᠭᠤᠤᠠᠴᠤᠤᠨ ᠸᠤᠯᠭ᠎ᠠ ᠮᠦᠷᠡᠨ ᠤ ᠬᠦᠪᠡᠭᠡᠨ ᠠᠴᠠ ᠰᠠᠯᠵᠤ᠂ ᠵᠡᠭᠦᠨ ᠡᠮᠦᠨᠡᠰᠢ ᠡᠬᠡ ᠨᠤᠳᠤᠭ ᠤᠷᠤᠭᠤ ᠪᠠᠨ | ᠴᠢᠭᠯᠡᠵᠡᠢ᠃ ᠪᠤᠴᠠᠬᠤ ᠵᠠᠮ ᠳᠠᠭᠠᠨ ᠤᠷᠤᠰ ᠤᠨ ᠴᠡᠷᠢᠭ ᠪᠤᠯᠤᠨ ᠬᠠᠰᠠᠭ ᠬᠦᠮᠦᠨ ᠤ ᠴᠤᠬᠢᠯᠳᠠ ᠳᠤ ᠤᠴᠠᠷᠠᠵᠤ᠂ | ᠮᠠᠰᠢ ᠤᠯᠠᠨ ᠬᠦᠮᠦᠨ ᠦᠭᠦᠵᠤ ᠬᠤᠭᠢᠷᠠᠨ᠂ ᠬᠠᠮᠤᠭ ᠤᠨ ᠰᠡᠭᠦᠯ ᠳᠤ ᠬᠡᠳᠦᠬᠡᠨ ᠲᠦᠮᠡᠨ ᠬᠦᠮᠦᠨ ᠰᠢᠨᠵᠢᠶᠠᠩ ᠳᠠᠬᠢ | ᠨᠤᠳᠤᠭ ᠲᠠᠭᠠᠨ ᠪᠤᠴᠠᠨ ᠢᠷᠡᠵᠡᠢ᠃ ᠦᠯᠡᠳᠡᠭᠰᠡᠨ ᠭᠤᠷᠪᠠᠨ ᠤ ᠨᠢᠭᠡ ᠬᠤᠪᠢ ᠶᠢᠨ ᠲᠤᠷᠭᠤᠤᠨᠴᠤᠤᠨ ᠸᠤᠯᠭ᠎ᠠ | ᠮᠦᠷᠡᠨ ᠤ ᠪᠠᠷᠠᠭᠤᠨ ᠪᠡᠶ᠎ᠡ ᠳᠤ ᠨᠡᠭᠦᠳᠡᠯᠯᠡᠨ ᠮᠠᠯᠵᠢᠵᠤ ᠪᠠᠶᠢᠭᠰᠠᠨ ᠪᠤᠯᠬᠤᠷ ᠸᠤᠯᠭ᠎ᠠ ᠮᠦᠷᠡᠨ ᠤ ᠤᠷᠤᠰᠬᠠᠯ ᠳᠤ | ᠬᠠᠰᠢᠭᠳᠠᠭᠰᠠᠨ ᠪᠠ ᠴᠠᠭᠠᠨ ᠬᠠᠭᠠᠨᠳᠤ ᠤᠷᠤᠰ ᠤᠨ ᠴᠤᠬᠢᠯᠳᠠ ᠳᠤ ᠲᠠᠭᠠᠷᠢᠭᠳᠠᠭᠰᠠᠨ ᠢᠶᠠᠷ ᠡᠬᠡ ᠨᠤᠳᠤᠭ ᠲᠠᠭᠠᠨ | ᠪᠤᠴᠠᠵᠤ ᠢᠷᠡᠵᠦ ᠴᠢᠳᠠᠭᠰᠠᠨ ᠦᠭᠡᠢ᠃ ᠡᠳᠡᠭᠡᠷ ᠤᠷᠤᠰ ᠤᠨ ᠬᠠᠷᠢᠶᠠᠯᠠᠯ ᠳᠤ ᠦᠯᠡᠳᠡᠭᠰᠡᠨ ᠲᠤᠷᠭᠤᠤᠨᠴᠤᠤᠨ ᠦᠶ᠎ᠡ | ᠤᠯᠠᠷᠢᠨ ᠠᠮᠢᠳᠤᠷᠠᠭᠰᠠᠭᠠᠷ ᠦᠨᠦᠳᠦᠷ ᠤᠨ ᠤᠷᠤᠰ ᠤᠨ ᠬᠤᠯᠪᠤᠭᠠᠨ ᠤ ᠬᠠᠯᠢᠮᠠᠭ ᠪᠦᠭᠦᠳᠡ ᠨᠠᠶᠢᠷᠠᠮᠳᠠᠬᠤ | ᠤᠯᠤᠰ ᠤᠨ ᠬᠠᠯᠢᠮᠠᠭᠴᠤᠤᠨ ᠪᠤᠯᠵᠠᠢ᠃ ᠤᠷᠤᠰ ᠤᠨ ᠠᠷᠪᠠᠨ ᠰᠠᠷ᠎ᠠ ᠶᠢᠨ ᠬᠤᠪᠢᠰᠬᠠᠯ ᠤᠨ ᠲᠠᠷᠠᠭ᠎ᠠ᠂ 1920 | ᠤᠨ ᠳᠤ ᠬᠠᠯᠢᠮᠠᠭ ᠦᠪᠡᠷᠳᠡᠭᠡᠨ ᠵᠠᠰᠠᠬᠤ ᠵᠸᠦ ᠪᠠᠶᠢᠭᠤᠯᠤᠭᠳᠠᠵᠤ᠂ 1935 ᠤᠨ ᠳᠤ ᠦᠪᠡᠷᠳᠡᠭᠡᠨ ᠵᠠᠰᠠᠬᠤ | ᠪᠦᠭᠦᠳᠡ ᠨᠠᠶᠢᠷᠠᠮᠳᠠᠬᠤ ᠤᠯᠤᠰ ᠪᠤᠯᠪᠠ᠃ | 1943 ᠤᠨ ᠳᠤ ᠰᠲ᠋ᠠᠯᠢᠨ ᠤ ᠤᠯᠤᠰ ᠲᠦᠷᠦ ᠶᠢᠨ ᠬᠡᠯᠮᠡᠭᠳᠡᠯ ᠠᠴᠠ ᠪᠤᠯᠵᠤ ᠦᠪᠡᠷᠳᠡᠭᠡᠨ ᠵᠠᠰᠠᠬᠤ ᠪᠦᠭᠦᠳᠡ | ᠨᠠᠶᠢᠷᠠᠮᠳᠠᠬᠤ ᠤᠯᠤᠰ ᠤᠨ ᠲᠦᠷᠢᠮ ᠬᠦᠴᠦᠨ ᠦᠭᠡᠢ ᠪᠤᠯᠵᠤ᠂ ᠬᠠᠯᠢᠮᠠᠬᠴᠤᠳ ᠰᠢᠪᠧᠷᠢᠶ᠎ᠠ ᠵᠡᠷᠬᠡ ᠭᠠᠵᠠᠷ ᠤᠳ ᠲᠤ | ᠴᠦᠯᠡᠭᠳᠡᠭᠰᠡᠨ ᠪᠠ 1957 ᠤᠨ ᠳᠤ ᠦᠪᠡᠷᠳᠡᠭᠡᠨ ᠵᠠᠰᠠᠬᠤ ᠵᠸᠦ ᠶᠢ ᠲᠠᠬᠢᠨ ᠪᠠᠶᠢᠭᠤᠯᠵᠤ᠂ 1958 ᠤᠨ ᠳᠤ | ᠦᠪᠡᠷᠳᠡᠭᠡᠨ ᠵᠠᠰᠠᠬᠤ ᠪᠦᠭᠦᠳᠡ ᠨᠠᠶᠢᠷᠠᠮᠳᠠᠬᠤ ᠤᠯᠤᠰ ᠢ ᠰᠢᠨ᠎ᠡ ᠪᠠᠷ ᠰᠡᠷᠭᠦᠭᠡᠵᠦ᠂ ᠵᠦᠪᠯᠡᠯᠳᠦ ᠬᠤᠯᠪᠤᠭᠠᠳᠤ ᠤᠯᠤᠰ | ᠵᠠᠳᠠᠷᠠᠭᠰᠠᠨ ᠤ ᠲᠠᠷᠠᠭ᠎ᠠ ᠤᠷᠤᠰ ᠤᠨ ᠬᠤᠯᠪᠤᠭᠠᠨ ᠤ ᠲᠤᠳᠤᠷᠠᠬᠢ ᠦᠪᠡᠷᠳᠡᠭᠡᠨ ᠵᠠᠰᠠᠬᠤ ᠪᠦᠭᠦᠳᠡ ᠨᠠᠶᠢᠷᠠᠮᠳᠠᠬᠤ | ᠤᠯᠤᠰ ᠪᠤᠯᠪᠠ᠃ ᠬᠠᠯᠢᠮᠠᠭᠴᠤᠤᠨ ᠨᠢ ᠤᠢᠢᠷᠠᠤᠨ ᠮᠤᠩᠭᠤᠯ ᠤᠨ ᠬᠤᠶᠢᠴᠢᠰ ᠪᠤᠯᠤᠭᠰᠠᠨ ᠤ ᠬᠤᠪᠢ ᠳᠤ ᠮᠤᠩᠭᠤᠯ | ᠲᠦᠷᠦᠯ ᠤᠭᠰᠠᠭᠠᠨ ᠤ ᠪᠠᠷᠠᠭᠤᠨ ᠠᠽᠢᠶ᠎ᠠ ᠶᠢᠨ ᠲᠦᠷᠦᠯ ᠳᠤ ᠬᠠᠷᠢᠶᠠᠯᠠᠭᠳᠠᠳᠠᠭ᠃ ᠲᠡᠳᠡᠨᠡᠷ ᠤᠢᠢᠷᠠᠤᠨ ᠮᠤᠩᠭᠤᠯ | ᠬᠡᠯᠡ ᠶᠢ ᠬᠡᠷᠡᠭᠯᠡᠵᠦ᠂ ᠲᠤᠷᠭᠤᠤᠨ ᠪᠠ ᠲᠦᠷᠪᠡᠤᠨ ᠬᠤᠶᠠᠷ ᠵᠦᠢᠯ ᠤᠨ ᠨᠤᠳᠤᠭ ᠤᠨ ᠠᠶᠠᠯᠭᠤ ᠲᠠᠢ ᠴᠤ ᠬᠡᠯᠡ ᠨᠢ | ᠠᠯᠳᠠᠢ ᠲᠦᠷᠦᠯ ᠬᠡᠯᠡᠨ ᠤ ᠮᠤᠩᠭᠤᠯ ᠬᠡᠯᠡᠨ ᠳᠤ ᠪᠠᠭᠳᠠᠨ᠎ᠠ᠃ ᠤᠷᠤᠰ ᠤᠨ ᠠᠷᠪᠠᠨ ᠰᠠᠷ᠎ᠠ ᠶᠢᠨ ᠬᠤᠪᠢᠰᠬᠠᠯ ᠠᠴᠠ | ᠡᠮᠦᠨ᠎ᠡ ᠳᠡᠳᠡᠨᠡᠷ ᠤᠨ ᠬᠡᠷᠡᠭᠯᠡᠵᠦ ᠪᠠᠶᠢᠭᠰᠠᠨ ᠦᠰᠦᠭ ᠪᠢᠴᠢᠭ ᠪᠤᠯ 1648 ᠤᠨ ᠳᠤ ᠽᠠᠶ᠎ᠠ ᠪᠠᠨᠳᠢᠳᠠ | ᠨᠠᠮᠬᠠᠢᠢᠵᠠᠮᠰᠤ ᠶᠢᠨ ᠵᠤᠬᠢᠶᠠᠭᠰᠠᠨ ᠲᠤᠳᠤ ᠮᠤᠩᠭᠤᠯ ᠦᠰᠦᠭ ᠪᠢᠴᠢᠭ ︵ᠮᠠᠨ ᠤ ᠤᠯᠤᠰ ᠤᠨ ᠰᠢᠨᠵᠢᠶᠠᠩ ᠤᠨ | ᠤᠢᠢᠷᠠᠤᠨ ᠮᠤᠩᠭᠤᠯᠴᠤᠤᠨ ᠤᠨ ᠬᠡᠷᠡᠭᠯᠡᠳᠡᠭ ᠦᠰᠦᠭ ᠪᠢᠴᠢᠭ︶ ᠪᠤᠯᠤᠨ᠎ᠠ᠃ ᠬᠡᠪᠡᠴᠤ ᠤᠳᠤ ᠶᠢᠨ ᠬᠡᠷᠡᠭᠯᠡᠵᠦ | ᠪᠠᠶᠢᠭ᠎ᠠ ᠦᠰᠦᠭ ᠪᠢᠴᠢᠭ ᠪᠤᠯ ᠺᠢᠷᠢᠯ ᠴᠠᠭᠠᠨ ᠲᠤᠯᠤᠭᠠᠢ ᠪᠠᠷ ᠬᠤᠯᠪᠤᠵᠤ ᠪᠢᠴᠢᠭᠰᠡᠨ ᠮᠤᠩᠭᠤᠯ ᠪᠢᠴᠢᠭ ᠪᠤᠯᠤᠨ᠎ᠠ᠃ | ᠤᠳᠤᠬᠠᠨ ᠳᠤ ᠤᠯᠠᠩᠬᠢ ᠬᠦᠮᠦᠰ ᠨᠢ ᠨᠢᠭᠡᠨᠳᠡ ᠤᠷᠤᠰ ᠬᠡᠯᠡ ᠲᠠᠢ ᠪᠤᠯᠵᠠᠢ᠃ ᠤᠷᠤᠰ ᠤᠨ ᠠᠷᠪᠠᠨ ᠰᠠᠷ᠎ᠠ ᠶᠢᠨ | ᠬᠤᠪᠢᠰᠬᠠᠯ ᠠᠴᠠ ᠡᠮᠦᠨ᠎ᠡ᠂ ᠬᠠᠯᠢᠮᠠᠭᠴᠤᠤᠨ ᠤᠨ ᠤᠯᠠᠩᠬᠢ ᠨᠢ ᠨᠡᠭᠦᠳᠡᠯ ᠮᠠᠯᠵᠢᠯ ᠤᠨ ᠠᠮᠢᠳᠤᠷᠠᠯ ᠢ ᠬᠢᠵᠥ᠂ | ᠲᠦᠪᠡᠤᠨ ᠤᠨ ᠤᠯᠠᠮᠵᠢᠯᠠᠯᠳᠤ ᠰᠢᠷ᠎ᠠ ᠶᠢᠨ ᠱᠠᠰᠢᠨ ᠢ ᠰᠢᠳᠦᠵᠦ ᠪᠠᠶᠢᠵᠠᠢ᠃ ᠬᠠᠯᠢᠮᠠᠭ ᠪᠦᠭᠦᠳᠡ ᠨᠠᠶᠢᠷᠠᠮᠳᠠᠬᠤ | ᠤᠯᠤᠰ ᠪᠤᠯ ᠡᠸᠦ᠋ᠷᠤᠫᠠ ᠳᠠᠬᠢ ᠴᠤᠷ ᠤᠨ ᠭᠠᠭᠴᠠ ᠰᠢᠷ᠎ᠠ ᠶᠢᠨ ᠱᠠᠰᠢᠨ ᠢ ᠰᠢᠳᠦᠳᠡᠭ ᠤᠯᠤᠰ ᠪᠤᠯᠤᠨ᠎ᠠ᠃ ᠲᠤᠰ | ᠤᠯᠤᠰ ᠤᠨ ᠨᠡᠶᠢᠰᠯᠡᠯ ᠡᠯᠡᠰᠦᠳᠡᠢ ᠳᠤ ᠮᠠᠰᠢ ᠤᠯᠠᠨ ᠰᠢᠷ᠎ᠠ ᠶᠢᠨ ᠱᠠᠰᠢᠨ ᠤ ᠵᠢᠷᠤᠭ ᠬᠦᠷᠦᠭ᠂ ᠱᠤᠭᠤᠮᠠᠯ ᠲᠠᠢ | ᠪᠠᠶᠢᠳᠠᠭ᠃ ᠬᠠᠯᠢᠮᠠᠭ ᠤᠨ ᠨᠤᠳᠤᠭ ᠲᠡᠪᠢᠰᠭᠡᠷ ᠨᠢ ᠤᠤᠯ ᠳᠠᠭᠠᠨ 14 ᠲᠦᠮᠡ ᠭᠠᠷᠤᠢ ᠲᠡᠭᠰᠢ ᠲᠦᠷᠪᠡᠯᠵᠢᠨ | ᠺᠢᠯᠤᠮᠧᠳ᠋ᠷ ᠪᠠᠶᠢᠭᠰᠠᠨ ᠪᠤᠯ ᠤᠳᠤ ᠵᠦᠪᠬᠡᠨ 7.6 ᠲᠦᠮᠡᠨ ᠲᠡᠭᠰᠢ ᠲᠦᠷᠪᠡᠯᠵᠢᠨ ᠺᠢᠯᠤᠮᠧᠳ᠋ᠷ ᠨᠤᠳᠤᠭ | ᠲᠡᠪᠢᠰᠭᠡᠷ ᠲᠠᠢ ᠪᠤᠯᠵᠤ᠂ ᠬᠦᠮᠦᠨ ᠠᠮᠠ ᠨᠢ 30 ᠲᠦᠮᠡ ᠶᠢ ᠳᠠᠪᠠᠵᠤ᠂ ᠡᠭᠦᠨ ᠳᠤ ᠬᠠᠯᠢᠮᠠᠭ ᠬᠦᠮᠦᠨ 45% ᠶᠢ | ᠡᠵᠡᠯᠡᠵᠦ ᠪᠠᠶᠢᠨ᠎ᠠ᠃ ᠳᠤᠰ ᠵᠠᠭᠤᠨ ᠤ ᠡᠬᠢᠨ ᠤ ᠦᠶ᠎ᠡ ᠶᠢᠨ ᠪᠦᠷᠢᠤᠨᠭᠡᠯ ᠢ ᠦᠨᠳᠤᠰᠦᠯᠡᠪᠡᠯ᠂ ᠪᠦᠬᠦ ᠤᠷᠤᠰ ᠤᠨ | ᠬᠤᠯᠪᠤᠭᠠᠨ ᠳᠠᠬᠢ ᠬᠠᠯᠢᠮᠠᠭ ᠬᠦᠮᠦᠨ ᠨᠡᠶᠢᠳᠡ 173996 ᠪᠠᠶᠢᠵᠤ᠂ ᠡᠭᠦᠨ ᠳᠤ 84% ᠶᠢᠨ ᠬᠠᠯᠢᠮᠠᠭᠴᠤᠤᠨ | ᠬᠠᠯᠢᠮᠠᠭ ᠤᠨ ᠪᠦᠭᠦᠳᠡ ᠨᠠᠶᠢᠷᠠᠮᠳᠠᠬᠤ ᠤᠯᠤᠰ ᠲᠤ ᠠᠮᠢᠳᠤᠷᠠᠵᠤ᠂ ᠪᠤᠰᠤᠤᠨ ᠴᠦᠭᠡᠪᠦᠷᠢ ᠬᠠᠯᠢᠮᠠᠭᠴᠤᠤᠨ | ᠠᠰᠳ᠋ᠷᠠᠬᠠᠨ᠂ ᠸᠤᠯᠭᠠᠭ᠍ᠷᠠᠳ᠋᠂ ᠯᠦᠸᠧᠰᠲ᠋ᠦᠸᠧᠹᠦ᠋ ᠪᠤᠯᠤᠨ ᠰᠲ᠋ᠠᠹᠷᠤᠫᠤᠯ ᠵᠡᠷᠭᠡ ᠭᠠᠵᠠᠷ ᠤᠷᠤᠨ ᠳᠤ ᠠᠮᠢᠳᠤᠷᠠᠵᠤ | ᠪᠠᠶᠢᠨ᠎ᠠ᠃ | | | ᠪᠡᠯᠡᠳᠬᠡᠭᠰᠡᠨ ᠨᠢ᠄ ᠡᠷᠳᠡᠨᠢᠬᠦᠦ | ᠨᠠᠶᠢᠷᠠᠭᠤᠯᠤᠭᠰᠠᠨ ᠨᠢ᠄ ᠨᠠᠮᠤᠷ | ᠬᠢᠨᠠᠭᠰᠠᠨ ᠨᠢ᠄ ᠤᠷᠢᠬᠠᠨ |