ᠮᠤᠩᠭᠤᠯᠴᠤᠳ ᠤᠨ ᠮᠤᠷᠢ ᠰᠢᠨᠵᠢᠭᠦ ᠰᠤᠶᠤᠯ
ᠨᠡᠶᠢᠲᠡᠯᠡᠭᠰᠡᠨ ᠴᠠᠭ᠄
2020/3/24
    ᠲᠠᠪᠣᠨ ᠴᠤᠯᠤ ᠪᠠᠷ ᠰᠢᠨᠵᠢᠬᠦ᠃ ᠮᠤᠷᠢᠨ ᠤ ᠰᠢᠨᠵᠢ ᠶᠢᠨ ᠣᠯᠠᠨ ᠰᠤᠳᠤᠷ ᠲᠤ ᠳᠤᠲᠤᠷ ᠲᠠᠪᠣᠨ ᠴᠣᠯᠣ ᠡᠷᠭᠡᠳᠡᠨ ᠨᠢ ᠬᠤᠷᠳᠤᠯᠠᠨ ᠳᠠᠪᠬᠢᠬᠤ ᠪᠦᠬᠦᠢ ᠨᠦᠬᠦᠴᠡᠯ ᠢ ᠬᠠᠩᠭᠠᠭᠴᠢ ᠭᠤᠣᠯ ᠦᠨᠳᠦᠰᠦ ᠭᠡᠵᠦ ᠪᠢᠴᠢᠵᠠᠢ᠃ ᠠᠳᠤᠭᠤᠨ ᠤ ᠵᠢᠷᠦᠬᠡ᠂ ᠪᠦᠭᠡᠷ᠎ᠡ᠂ ᠠᠭᠤᠰᠬᠢ᠂ ᠡᠯᠢᠭᠡ᠂ ᠲᠡᠯᠢᠭᠦᠦ ᠶᠢᠨ ᠪᠠᠭᠲᠠᠭᠠᠮᠵᠢ ᠬᠡᠮᠵᠢᠶ᠎ᠡ᠂ ᠦᠢᠯᠡ ᠠᠵᠢᠯᠯᠠᠭ᠎ᠠ᠂ ᠬᠦᠢᠴᠡᠳᠭᠡᠬᠦ ᠡᠭᠦᠷᠭᠡ ᠬᠤᠷᠳᠤᠯᠠᠬᠤ ᠴᠢᠳᠠᠪᠬᠢ ᠲᠠᠢ ᠰᠢᠭᠤᠳ ᠬᠠᠮᠢᠶᠠᠷᠣᠯᠲᠠᠢ ᠪᠣᠯᠬᠤ ᠶᠢ ᠰᠢᠨᠵᠢᠯᠡᠬᠦ ᠣᠬᠠᠭᠠᠨ ᠤ ᠦᠨᠳᠦᠰᠦᠯᠡᠯ ᠢᠶᠠᠷ ᠲᠤᠭᠳᠠᠭᠠᠭᠰᠠᠨ ᠪᠠᠶᠢᠨ᠎ᠠ᠃    ᠠᠭᠤᠰᠬᠢᠨ ᠤ ᠲᠡᠮᠳᠡᠭ᠃ ᠬᠠᠮᠠᠷ ᠤᠨ ᠨᠦᠬᠡ᠂ ᠬᠠᠮᠠᠷ ᠤᠨ ᠭᠦᠨᠳᠠᠢ ᠳᠤ ᠢᠯᠡᠷᠡᠬᠦ ᠲᠣᠯᠠ ᠰᠠᠮᠰᠠ ᠠᠭᠤᠵᠢᠮ ᠲᠦᠭᠦᠷᠢᠭ ᠪᠦᠭᠡᠰᠦ ᠠᠭᠤᠰᠬᠢ ᠪᠠᠭ᠎ᠠ ᠲᠤᠰᠠ ᠰᠠᠶᠢᠨ᠃ ᠰᠠᠮᠰᠠ ᠪᠠᠨ ᠬᠠᠪᠴᠢᠭᠤ ᠪᠦᠭᠡᠰᠦ ᠠᠭᠤᠰᠬᠢ ᠶᠡᠭᠡ ᠶᠢᠨ ᠲᠣᠯᠠ ᠬᠤᠯᠠ ᠭᠠᠵᠠᠷ ᠭᠦᠶᠦᠬᠦ ᠳᠤ ᠪᠠᠨ ᠴᠤᠴᠠᠮᠠᠬᠠᠢ ᠪᠠᠶᠢᠳᠠᠭ᠃ ᠡᠭᠦᠨ ᠠᠴᠠ ᠦᠵᠡᠬᠦ ᠳᠤ ᠠᠭᠤᠰᠬᠢ ᠪᠠᠭ᠎ᠠ᠂ ᠬᠠᠮᠠᠷ ᠤᠨ ᠭᠦᠨᠳᠠᠢ᠂ ᠪᠠᠭᠠᠯᠵᠣᠣᠷ᠂ ᠮᠦᠭᠡᠷᠰᠦᠨ ᠬᠤᠭᠤᠯᠠᠢ ᠠᠭᠤᠵᠢᠮ ᠪᠤᠯ ᠪᠤᠭᠤᠨᠢ ᠬᠤᠷᠣᠮ ᠳᠤ ᠡᠷᠴᠢᠮᠲᠠᠢ᠂ ᠣᠯᠠᠨᠲᠠ ᠠᠮᠢᠰᠬᠤᠯᠯᠠᠬᠤ ᠨᠦᠬᠦᠴᠡᠯ ᠪᠦᠷᠢᠳᠦᠳᠡᠭ ᠪᠠᠶᠢᠨ᠎ᠠ᠃    ᠳᠠᠭᠤ ᠪᠠᠷ ᠰᠢᠨᠵᠢᠬᠦ᠃ ᠡᠷᠲᠡᠨ ᠤ ᠰᠣᠲᠣᠷ ᠤᠳ ᠲᠤ ︽ᠰᠠᠶᠢᠨ ᠮᠣᠷᠢ ᠪᠣᠯᠵᠣᠮᠣᠷ ᠤᠨ ᠳᠠᠭᠤ ᠮᠡᠳᠦ ᠨᠠᠷᠢᠨ ᠡᠷᠴᠢᠮᠲᠠᠢ᠂ ᠤᠩᠭᠤᠯᠳᠠᠬᠤ ᠠᠶᠠᠯᠭᠤ ᠣᠷᠳᠤ᠂ ᠳᠤᠮᠳᠠᠴᠢ ᠮᠤᠷᠢᠨ ᠡᠯᠢᠶᠡᠨ ᠤ ᠳᠠᠭᠤ ᠪᠠᠷ ᠢᠨᠴᠠᠭᠠᠬᠤ᠂ ᠠᠶᠠᠯᠭᠤ ᠡᠷᠴᠢᠮᠲᠠᠢ ᠳᠤᠮᠳᠠ᠂ ᠮᠠᠭᠤ ᠮᠣᠷᠢ ᠪᠦᠳᠦᠭᠦᠨ ᠢᠶᠠᠷ ᠲᠠᠷᠴᠢᠭᠢᠨᠠᠨ ᠬᠠᠮᠠᠷ ᠤᠨ ᠨᠦᠭᠡᠨ ᠠᠴᠠ ᠢᠨᠴᠠᠭᠠᠨᠠᠨ᠎ᠠ︾ ᠬᠡᠮᠡᠭᠰᠡᠨ ᠪᠤᠢ᠃    ᠮᠦᠷ ᠠᠯᠬᠤᠳᠠᠯ ᠢᠶᠠᠷ ᠰᠢᠨᠵᠢᠬᠦ᠃ ᠠᠳᠤᠭᠤᠨ ᠤ ᠮᠦᠷ ᠠᠯᠬᠤᠳᠠᠯ ᠤᠨ ᠬᠡᠪ ᠨᠢ ᠪᠠᠶ᠎ᠠ ᠶᠢᠨ ᠬᠠᠷᠢᠴᠠᠭ᠎ᠠ᠂ ᠮᠦᠴᠢᠨ ᠤ ᠣᠷᠳᠤ ᠪᠤᠭᠤᠨᠢ ᠪᠤᠶᠤ ᠶᠠᠰᠣ᠂ ᠳᠠᠯᠤ᠂ ᠪᠤᠯᠠᠭ᠎ᠠ᠂ ᠪᠣᠭᠲᠣᠭᠤᠰᠣ ᠰᠢᠯᠪᠢ᠂ ᠳᠤᠮᠳᠠ ᠴᠢᠮᠦᠭᠡ᠂ ᠱᠠᠭᠠᠨᠲᠦ ᠪᠡᠷᠪᠡᠬᠡᠢ᠂ ᠲᠣᠭᠤᠷᠠᠢ ᠶᠢᠨ ᠣᠷᠲᠦ ᠶᠢᠨ ᠬᠠᠷᠢᠴᠠᠭ᠎ᠠ ᠲᠠᠢ ᠰᠢᠭᠤᠳ ᠬᠤᠯᠪᠤᠭᠠᠲᠠᠢ᠃ ᠬᠤᠷᠳᠣᠨ ᠠᠳᠤᠭᠤᠨ ᠤ ᠠᠯᠬᠤᠭ᠎ᠠ ᠭᠢᠰᠬᠢᠭᠡ ᠮᠦᠷ ᠢ ᠰᠢᠨᠵᠢᠬᠦ ᠰᠤᠳᠤᠷ ᠲᠤ ᠲᠤᠭᠤᠷᠠᠢ ᠢᠷᠮᠡᠭ ᠠᠴᠠ ᠪᠢᠰᠢ᠂ ᠲᠣᠳᠣ ᠪᠤᠰᠤ ᠮᠦᠷ ᠦᠭᠡᠢ ᠪᠤᠯᠤᠭᠠᠳ ᠦᠰᠦᠭᠡᠢ ᠮᠦᠷ ᠪᠠᠯᠠᠷᠬᠠᠢ ᠰᠠᠶᠢᠨ᠃ ᠬᠤᠶᠢᠳᠦ ᠬᠦᠯ ᠢᠶᠠᠷ ᠣᠷᠢᠳᠤ ᠮᠦᠷ ᠢ ᠭᠢᠰᠬᠢᠨ ᠶᠠᠪᠤᠪᠠᠯ ᠡᠷᠬᠢᠮ᠃ ᠣᠷᠢᠳᠤ ᠬᠦᠯ ᠤᠨ ᠮᠦᠷ ᠠᠴᠠ ᠬᠤᠶᠢᠳᠦ ᠬᠦᠯ ᠤᠨ ᠮᠦᠷ ᠬᠡᠲᠦᠷᠡᠪᠡᠯ ᠳᠤᠮᠳᠠ᠃ ᠬᠤᠶᠢᠳᠦ ᠮᠦᠷ ᠲᠣᠳᠣ ᠪᠤᠰᠤ᠂ ᠣᠷᠢᠳᠤ ᠮᠦᠷ ᠲᠣᠳᠣ ᠰᠠᠶᠢᠨ᠃ ᠬᠤᠶᠢᠳᠦ᠂ ᠣᠷᠢᠳᠤ ᠪᠦᠬᠦᠯᠢ ᠲᠦᠷᠪᠡᠨ ᠮᠦᠷ ᠲᠣᠳᠣ ᠪᠤᠯᠤᠭᠠᠳ ᠣᠷᠢᠳᠤ ᠬᠦᠯ ᠤᠨ ᠮᠦᠷ ᠢ ᠬᠤᠶᠢᠳᠦ ᠬᠦᠯ ᠤᠨ ᠮᠦᠷ ᠡᠰᠡ ᠭᠦᠢᠴᠡᠪᠡᠯ ᠮᠠᠭᠤ ᠭᠡᠰᠡᠨ ᠪᠠᠶᠢᠳᠠᠭ᠃    ᠢᠳᠡᠰᠢᠨ ᠤ ᠪᠠᠶᠢᠳᠠᠯ ᠢᠶᠠᠷ ᠰᠢᠨᠵᠢᠬᠦ᠃ ᠰᠠᠶᠢᠨ ᠠᠳᠣᠭᠤ ᠢᠳᠡᠬᠦ ᠨᠢ ᠶᠡᠭᠡ᠂ ᠬᠤᠷ ᠲᠠᠷᠭᠤ ᠠᠪᠴᠤ ᠰᠢᠩᠭᠡᠭᠡᠳᠡᠭ ᠪᠠᠶᠢᠨ᠎ᠠ᠃ ᠨᠠᠮᠤᠷ ᠪᠤᠭᠤᠨᠢ ᠬᠤᠭᠤᠴᠠᠭᠠᠨ ᠳᠤ ᠡᠷᠴᠢᠮᠲᠠᠢ ᠲᠠᠷᠭᠤᠯᠠᠵᠤ ᠬᠠᠪᠤᠷ ᠵᠢᠭᠳᠡ ᠬᠡᠮᠨᠡᠯ ᠢᠶᠠᠷ ᠲᠤᠷᠠᠵᠤ᠂ ᠡᠴᠡᠬᠦ᠂ ᠡᠪᠡᠳᠴᠢᠯᠡᠮᠡᠲᠡᠭᠡᠢ ᠪᠤᠰᠤ᠂ ᠡᠷᠡᠭᠦᠯ ᠴᠢᠬᠢᠷᠠᠭ ᠪᠠᠶᠢᠬᠤ ᠰᠠᠶᠢᠨ ᠠᠳᠤᠭᠤᠨ ᠤ ᠰᠢᠨᠵᠢ ᠶᠤᠮ᠃    ᠣᠰᠤ ᠣᠣᠭᠤᠬᠤ ᠪᠠᠶᠢᠳᠠᠯ ᠢᠶᠠᠷ ᠰᠢᠨᠵᠢᠬᠦ᠃ ᠠᠳᠤᠭᠤᠨ ᠤ ᠣᠰᠤ ᠣᠣᠭᠤᠬᠤ ᠬᠡᠮᠵᠢᠶ᠎ᠡ ᠳᠠᠪᠲᠠᠯᠲᠠ ᠨᠢ ᠨᠣᠭᠤᠭ᠎ᠠ᠂ ᠬᠠᠭᠳᠠ ᠡᠪᠡᠰᠣ᠂ ᠬᠦᠴᠦᠳᠤ ᠲᠡᠵᠢᠭᠡᠯ ᠢ ᠪᠤᠯᠪᠠᠰᠤᠷᠠᠭᠤᠯᠤᠨ ᠰᠢᠩᠭᠡᠭᠡᠬᠦ ᠹᠢᠽᠢᠤᠯᠣᠭᠢ ᠶᠢᠨ ᠦᠢᠯᠡ ᠠᠵᠢᠯᠯᠠᠭ᠎ᠠ ᠲᠠᠢ ᠬᠤᠯᠪᠤᠭᠠᠲᠠᠢ ᠭᠡᠳᠡᠭ ᠨᠢ ᠵᠠᠶᠢᠯᠠᠰᠢ ᠦᠭᠡᠢ᠃ ᠣᠰᠣ ᠶᠢ ᠠᠭᠠᠵᠢᠮ ᠢᠶᠠᠷ ᠰᠢᠮᠡᠨ ᠣᠣᠭᠤᠵᠦ᠂ ᠪᠡᠶ᠎ᠡ ᠳᠤ ᠪᠠᠨ ᠰᠢᠩᠭᠡᠭᠡᠬᠦ ᠣᠭ ᠢᠵᠠᠭᠤᠷ ᠠᠴᠠ ᠰᠢᠩᠭᠡᠨ ᠵᠦᠢᠯ ᠢ ᠪᠠᠭ᠎ᠠ ᠱᠠᠭᠠᠷᠳᠠᠳᠠᠭ ᠤᠨᠴᠠᠭᠠᠢ ᠳᠡᠰᠪᠣᠷᠢ᠃ ᠬᠤᠷᠳᠣᠨ ᠰᠢᠨᠵᠢ ᠶᠢᠨ ᠠᠳᠤᠭᠤᠨ ᠤ ᠠᠮᠠ᠂ ᠬᠠᠮᠠᠷ ᠤᠨ ᠭᠦᠨᠳᠠᠢ ᠶᠢ ᠬᠤᠯᠪᠣᠵᠤ ᠪᠤᠢ ᠨᠦᠭᠡᠨ ᠤ ᠬᠡᠮᠵᠢᠶ᠎ᠡ ᠠᠭᠤᠵᠢᠮ ᠣᠴᠢᠷ ᠠᠴᠠ ᠵᠠᠯᠭᠢᠭᠰᠠᠨ ᠣᠰᠤ ᠡᠷᠭᠢᠵᠦ ᠬᠠᠮᠠᠷ ᠢᠶᠠᠷ ᠭᠤᠭᠤᠵᠢᠨ ᠶᠡᠭᠡ ᠪᠠᠷ ᠣᠣᠭᠤᠵᠦ ᠴᠢᠳᠠᠳᠠᠭ ᠦᠭᠡᠢ ᠪᠠᠶᠢᠨ᠎ᠠ᠃ ᠡᠶᠢᠮᠣ ᠠᠴᠠ ᠪᠠᠭ᠎ᠠ ᠪᠠᠭ᠎ᠠ ᠪᠠᠷ ᠣᠯᠠᠨ ᠣᠳᠠᠭ᠎ᠠ ᠳᠠᠰᠤᠯᠤᠨ ᠣᠣᠭᠤᠬᠤ ᠨᠢ ᠠᠮᠢᠰᠬᠤᠯ ᠤᠨ ᠵᠠᠮ ᠴᠡᠯᠡᠶᠢᠬᠦ ᠤᠴᠢᠷ ᠰᠠᠶᠢᠨ ᠭᠡᠳᠡᠭ᠃ ᠪᠡᠯᠡᠳᠬᠡᠭᠰᠡᠨ ᠨᠢ᠄ ᠡᠷᠳᠡᠨᠢᠬᠦᠦᠨᠠᠶᠢᠷᠠᠭᠤᠯᠤᠭᠰᠠᠨ ᠨᠢ᠄ ᠨᠠᠮᠤᠷᠬᠢᠨᠠᠭᠰᠠᠨ ᠨᠢ᠄ ᠤᠷᠢᠬᠠᠨ
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号