︽ᠭᠦᠬᠡ ᠰᠤᠳᠤᠷ᠂ ᠤᠯᠠᠭᠠᠨ ᠱᠤᠭᠤᠮ︾
ᠨᠡᠶᠢᠲᠡᠯᠡᠭᠰᠡᠨ ᠴᠠᠭ᠄
2020/3/24
   ᠮᠠᠨ ᠤ ᠨᠤᠲᠤᠭ  ᠤᠨ ᠬᠦᠮᠦᠰ ᠠᠶᠢᠯ ᠠᠶᠢᠮᠠᠭ᠂ ᠤᠪᠤᠭ ᠲᠦᠷᠦᠯ  ᠤᠨ ᠲᠤᠬᠠᠢ ︽ᠬᠦᠬᠡ ᠰᠤᠳᠤᠷ ᠤᠯᠠᠭᠠᠨ ᠱᠤᠭᠤᠮ  ᠳᠤ ᠨᠡᠷ᠎ᠡ ᠲᠠᠢ ᠤᠤ︖︾ ᠭᠡᠵᠤ ᠤᠬᠤᠴᠢᠯᠠᠨ ᠠᠰᠠᠭᠤᠳᠠᠭ᠃ ᠪᠠᠰᠠ ᠬᠦᠮᠦᠨ ᠨᠡᠶᠢᠭᠡᠮ  ᠳᠤ ᠲᠤᠰᠠᠲᠠᠢ ᠠᠵᠢᠯ ᠬᠢᠵᠤ ︽ᠬᠦᠬᠡ ᠰᠤᠳᠤᠷ᠂ ᠤᠯᠠᠭᠠᠨ ᠱᠤᠭᠤᠮ  ᠳᠤ ᠨᠡᠷ᠎ᠡ ᠪᠠᠨ ᠦᠯᠡᠳᠡᠭᠡᠨ᠎ᠡ︾ ᠭᠡᠵᠤ ᠦᠷ᠎ᠡ ᠬᠡᠦᠬᠡᠳ  ᠢᠶᠠᠨ ᠰᠤᠷᠭᠠᠳᠠᠭ᠃    ᠠᠯᠢ ᠡᠷᠲᠡ ᠠᠴᠠ  ᠵᠠᠰᠠᠭ ᠨᠤᠶᠠᠨ ᠠᠴᠠ ᠬᠠᠷᠢᠶᠠᠲᠤ ᠠᠷᠠᠳ  ᠢᠶᠠᠨ ᠦᠶ᠎ᠡ ᠳᠠᠷᠠᠭᠠᠯᠠᠨ ᠪᠦᠷᠢᠳᠬᠡᠯ ᠬᠢᠳᠡᠭ ᠭᠡᠨ᠎ᠡ᠃ ᠡᠨᠡᠬᠦ ᠪᠦᠷᠢᠳᠬᠡᠯ ᠨᠢ ᠡᠵᠡᠨ ᠵᠤᠷᠭᠠᠨ  ᠤ ᠳᠠᠮᠠᠭ᠎ᠠ ᠲᠠᠢ᠂ ᠤᠯᠠᠭᠠᠨ ᠱᠤᠭᠤᠮ ᠲᠠᠢ ᠬᠠᠭᠤᠳᠠᠰᠤ  ᠶᠢ ᠲᠤᠰᠬᠠᠢ ᠬᠡᠷᠡᠭᠯᠡᠳᠡᠭ᠃ ᠡᠨᠡᠬᠦ ᠪᠦᠷᠢᠳᠬᠡᠯ  ᠳᠤ ᠠᠶᠢᠯ ᠡᠷᠦᠬᠡ  ᠶᠢᠨ ᠡᠵᠡᠨ᠂ ᠤᠪᠤᠭ ᠠᠶᠢᠮᠠᠭ᠂ ᠠᠬᠠᠮᠠᠳ ᠨᠠᠰᠤᠲᠠᠨ᠂ ᠦᠷ᠎ᠡ ᠬᠡᠦᠬᠡᠳ  ᠤᠨ ᠨᠡᠷ᠎ᠡ᠂ ᠨᠠᠰᠤ᠂ ᠭᠠᠪᠢᠶ᠎ᠠ ᠵᠢᠳᠭᠦᠯ᠂ ᠤᠰᠤᠯ ᠪᠤᠷᠤᠭᠤ  ᠶᠢ ᠲᠤᠳᠤᠷᠬᠠᠢ ᠲᠡᠮᠳᠡᠭᠯᠡᠵᠤ᠂ ᠲᠡᠮᠳᠡᠭᠯᠡᠯ ᠪᠦᠷᠢᠳᠬᠡᠯ  ᠳᠤ ᠤᠷᠤᠪᠠᠯ ᠬᠠᠮᠢᠶ᠎ᠠ ᠨᠠᠮᠢᠶ᠎ᠠ ᠦᠭᠡᠢ ᠬᠤᠪᠢᠷᠠᠭᠤᠯᠵᠤ ᠪᠤᠯᠬᠤ ᠦᠭᠡᠢ᠂ ᠭᠡᠨ ᠴᠣ᠋ ᠳᠤᠷ᠎ᠠ ᠪᠠᠷ ᠢᠶᠠᠨ ᠦᠵᠡᠵᠤ ᠪᠤᠯᠬᠤ ᠦᠭᠡᠢ᠂ ᠲᠦᠪ ᠦᠨᠡᠨᠴᠢ ᠪᠠᠷ ᠮᠡᠳᠡᠭᠦᠯᠦᠨ ᠸᠠᠩ  ᠤᠨ ᠤᠷᠳᠤᠨ  ᠳᠤ ᠲᠤᠰᠬᠠᠢ ᠬᠦᠮᠦᠨ ᠬᠠᠮᠢᠶᠠᠷᠴᠦ᠂ ᠸᠠᠩ ᠭᠡᠭᠡᠨ ᠯᠨ ᠦᠵᠡᠬᠦ ᠡᠷᠭᠡ ᠲᠠᠢ᠃ ᠤᠯᠠᠭᠠᠨ ᠱᠤᠭᠤᠮ ᠲᠠᠢ ᠬᠠᠭᠤᠳᠠᠰᠤᠨ ᠳᠤ ᠲᠡᠮᠳᠡᠭᠯᠡᠭᠰᠡᠨ  ᠢ ᠨᠢ ᠳᠡᠭᠡᠭᠰᠢ ᠡᠷᠭᠦᠨ ᠮᠡᠳᠡᠭᠦᠯᠵᠤ᠂ ᠨᠢᠭᠡ ᠬᠤᠪᠢ ᠬᠠᠭᠤᠯᠪᠤᠷᠢ  ᠶᠢ ᠨᠢ ᠤᠷᠳᠤᠨ ᠲᠠᠭᠠᠨ ᠦᠯᠡᠳᠡᠭᠡᠵᠤ ᠡᠭᠦᠨ  ᠢ ᠨᠢ ᠪᠦᠷ ︽ᠬᠦᠬᠡ ᠰᠤᠳᠤᠷ︾ ᠭᠡᠳᠡᠭ ᠭᠡᠨ᠎ᠡ᠃ ᠬᠡᠦᠬᠡᠳ ᠰᠢᠦᠬᠠᠳ ᠬᠦᠬᠡ ᠰᠤᠳᠤᠷ᠂ ᠤᠯᠠᠭᠠᠨ ᠱᠤᠭᠤᠮ ᠳᠤ ᠭᠡᠨ  ᠤ ᠨᠡᠷ᠎ᠡ ᠪᠠᠷ ᠪᠦᠷᠢᠳᠬᠡᠯᠭᠡᠭᠰᠡᠨ ᠪᠤᠯ ᠲᠡᠭᠦᠨ  ᠤ ᠤᠪᠤᠭ ᠠᠶᠢᠮᠠᠭ  ᠢ ᠳᠠᠭᠠᠬᠤ ᠶᠤᠰᠤᠲᠠᠢ᠃ ᠡᠨᠡᠬᠦ ᠶᠤᠰᠤ  ᠶᠢ ᠦᠶ᠎ᠡ ᠳᠠᠷᠠᠭᠠᠯᠠᠨ ᠤᠯᠠᠮᠵᠢᠯᠠᠨ᠎ᠠ᠃ ︽ᠬᠦᠬᠡ ᠰᠤᠳᠤᠷ᠂ ᠤᠯᠠᠭᠠᠨ ᠱᠤᠭᠤᠮ︾  ᠳᠤ ᠲᠡᠮᠳᠡᠭᠯᠡᠪᠡᠯ ᠰᠠᠶ᠋ᠢ ᠵᠢᠩᠬᠢᠨᠢ  ᠲᠡᠷᠡ ᠨᠤᠲᠤᠭ ᠤᠨ ᠭᠦᠮᠦᠨ ᠭᠡᠵᠡᠭᠡᠳᠡᠭ᠃ ᠨᠠᠰᠤᠲᠠᠳ ᠤᠨ ᠶᠠᠷᠢᠬᠤ ᠪᠠᠷ ᠬᠦᠡᠭᠨᠠᠴᠦ᠋ᠨ ᠪᠤᠯ ᠬᠤᠰᠢᠭᠤᠨ ᠸᠠᠩ  ᠤᠨ ᠬᠠᠮᠤᠭ ᠰᠡᠭᠦᠯᠴᠢ  ᠶᠢᠨ ︽ᠬᠦᠬᠡ ᠰᠤᠳᠤᠷ᠂ ᠤᠯᠠᠭᠠᠨ ᠱᠤᠭᠤᠮ︾  ᠢ ᠬᠠᠮᠢᠶᠠᠷᠤᠭᠴᠢ ᠭᠡᠳᠡᠭ᠃ᠪᠡᠯᠡᠳᠬᠡᠭᠰᠡᠨ ᠨᠢ᠄ ᠡᠷᠳᠡᠨᠢᠬᠦᠦᠨᠠᠶᠢᠷᠠᠭᠤᠯᠤᠭᠰᠠᠨ ᠨᠢ᠄ ᠨᠠᠮᠤᠷᠬᠢᠨᠠᠭᠰᠠᠨ ᠨᠢ᠄ ᠤᠷᠢᠬᠠᠨ
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号