| | ᠲᠡᠷᠡ ᠬᠤᠯᠠ ᠲᠡᠷᠳᠡᠭᠡ ᠨᠤᠳᠤᠭ ᠬᠠᠷᠠᠮᠦ᠋ᠷᠡᠨ ᠮᠣᠵᠢ ᠪᠠ ᠭᠢᠷᠢᠨ ᠮᠤᠵᠢ ᠳᠤ ᠪᠠᠰᠠ ᠲᠥᠷᠪᠡᠳ᠂ ᠭᠤᠷᠯᠤᠰ ᠭᠡᠬᠦ | ᠬᠤᠶᠠᠷ ᠠᠶᠢᠮᠠᠭ ᠮᠤᠩᠭᠤᠯ ᠪᠠᠶᠢᠨ᠎ᠠ ᠭᠡᠳᠡᠭ ᠢ ᠬᠡᠴᠢᠨᠡᠨ ᠬᠥᠮᠥᠨ ᠮᠡᠳᠡᠳᠡᠭ ᠢ ᠪᠥᠷᠢᠳᠭᠡᠬᠦ ᠶᠢᠨ ᠠᠷᠭ᠎ᠠ ᠥᠭᠡᠢ | ᠪᠤᠯᠪᠠᠴᠤ᠂ ᠶᠠᠰᠤ ᠮᠢᠬᠠᠨ ᠤ ᠲᠠᠰᠤᠷᠬᠠᠢ ᠪᠤᠯᠵᠤ ᠥᠯᠡᠳᠡᠭᠰᠡᠨ ᠲᠥᠷᠪᠡᠳ ᠭᠤᠷᠯᠤᠰ ᠤᠨ ᠲᠡᠤᠬᠡᠨ ᠢᠷᠡᠯᠳᠡ ᠵᠢᠴᠢ | ᠲᠡᠭᠦᠨ ᠤ ᠪᠥᠬᠦ ᠮᠤᠩᠭᠤᠯ ᠲᠠᠢ ᠶᠠᠮᠠᠷ ᠬᠤᠯᠪᠤᠭ᠎ᠠ ᠲᠠᠢ᠂ ᠣᠨᠴᠠᠭᠠᠢᠢᠯᠠᠨ ᠬᠠᠷᠠᠮᠥ᠋ᠷᠡᠨ ᠤ ᠲᠥᠷᠪᠡᠳ ᠨᠢ | ᠰᠢᠨᠵᠢᠶᠠᠩ ᠤᠨ ᠤᠢᠢᠷᠠᠳ ᠤᠨ ᠳᠦᠷᠪᠡᠳ᠂ ᠦᠪᠤᠷ ᠮᠤᠩᠭᠤᠯ ᠤᠨ ᠤᠯᠠᠭᠠᠨᠴᠠᠪ ᠤᠨ ᠳᠦᠷᠪᠡᠳ᠂ ᠮᠤᠩᠭᠤᠯ | ᠤᠯᠤᠰ ᠤᠨ ᠳᠦᠷᠪᠡᠳ ᠲᠠᠢ ᠶᠠᠮᠠᠷ ᠢᠯᠭᠠᠭ᠎ᠠ ᠲᠠᠢ ᠪᠠᠶᠢᠬᠤ᠂ ᠬᠠᠷᠠᠮᠥ᠋ᠷᠡᠨ ᠤ ᠲᠥᠷᠪᠡᠳ ᠶᠠᠭᠠᠬᠢᠵᠤ ᠤᠯᠠᠷᠢᠨ | ᠬᠤᠪᠢᠷᠠᠵᠤ ᠢᠷᠡᠭᠰᠡᠨ ᠭᠡᠳᠡᠭ ᠢ ᠪᠢᠴᠢᠭ ᠰᠤᠶᠤᠯᠳᠠᠨ᠂ ᠰᠤᠶᠤᠯ ᠡᠷᠳᠡᠮᠳᠡᠨ᠂ ᠲᠡᠤᠬᠡ ᠰᠤᠳᠤᠯᠤᠭᠴᠢ ᠵᠡᠷᠭᠡ ᠴᠥᠬᠡᠨ | ᠬᠥᠮᠥᠰ ᠲᠤᠳᠤᠷᠬᠠᠢ ᠤᠢᠢᠯᠠᠭᠠᠬᠤ ᠠᠴᠠ ᠭᠠᠳᠠᠨ᠎ᠠ᠂ ᠡᠩ ᠤᠨ ᠮᠤᠩᠭᠤᠯ ᠣᠩᠰᠢᠬᠴᠢ᠂ ᠢᠯᠠᠩᠭᠤᠶ᠎ᠠ ᠵᠠᠯᠠᠭᠤ | ᠪᠠᠭᠠᠴᠤᠤᠯ ᠪᠥᠷ ᠤᠢᠢᠯᠠᠭᠠᠬᠤ ᠥᠭᠡᠢ ᠶᠤᠮ ᠭᠡᠳᠡᠭ ᠢ ᠪᠠᠳᠤᠯᠠᠵᠤ ᠪᠤᠯᠤᠨ᠎ᠠ᠃ ᠲᠥᠷᠪᠡᠳ ᠭᠤᠷᠯᠤᠰ ᠢᠶᠠᠷ | ᠰᠤᠷᠪᠤᠯᠵᠢᠯᠠᠨ ᠶᠠᠪᠤᠬᠤ ᠲᠤᠮᠳᠠ᠂ ᠡᠷᠳᠡᠮ ᠰᠤᠳᠤᠯᠭᠠᠨ ᠤ ᠲᠠᠯ᠎ᠠ ᠠᠴᠠ ᠪᠢᠰᠢ᠂ ᠬᠠᠷᠢᠨ ᠡᠩ ᠤᠨ ᠣᠩᠰᠢᠬᠴᠢ ᠶᠢᠨ | ᠬᠠᠷᠠᠭᠠᠨ ᠠᠴᠠ ᠡᠨᠡᠬᠦ ᠠᠰᠠᠭᠤᠳᠠᠯ ᠢ ᠢᠯᠡᠭᠦᠥ ᠠᠩᠬᠠᠷᠴᠤ᠂ ᠲᠡᠳᠡᠨᠠᠷ ᠤᠨ ᠲᠤᠬᠠᠢ ᠲᠥᠭᠦᠮ ᠴᠤ ᠪᠤᠯᠤᠭ ᠲᠥᠭᠦᠭᠡᠢ | ᠴᠤ ᠪᠤᠯᠤᠭ ᠲᠡᠤᠬᠡᠨ ᠲᠡᠯ᠎ᠠ ᠠᠴᠠ ᠨᠢ ᠲᠠᠨᠢᠯᠴᠠᠭᠤᠯᠬᠤ ᠭᠡᠵᠤ ᠢᠳᠡ ᠰᠢᠪᠬᠠᠭᠰᠠᠨ ᠪᠢᠯᠡ᠃ | ︽ᠬᠤᠷᠴᠢᠨ︾ ᠭᠡᠳᠡᠭ ᠥᠭᠡ ᠴᠡᠷᠢᠭ ᠠᠩᠬᠢ ᠶᠢᠨ ᠨᠡᠷᠡᠶᠢᠳᠤᠯ ᠠᠴᠠ ᠠᠶᠢᠮᠠᠭ ᠪᠥᠯᠥᠭ ᠤᠨ ᠬᠤᠪᠢᠶᠠᠷᠢᠯᠠᠯ | ᠪᠤᠯᠤᠭᠰᠠᠨ ᠨᠢ ᠲᠥᠷᠪᠡᠳ ᠭᠤᠷᠯᠤᠰ ᠢ ᠲᠠᠨᠢᠯᠴᠠᠭᠤᠯᠬᠤ ᠳᠤ ᠶᠠᠭᠤᠨ ᠤ ᠡᠮᠥᠨ᠎ᠡ᠂ ᠬᠤᠷᠴᠢᠨ ᠠᠶᠢᠮᠠᠭ ᠢ ᠲᠤᠷᠠᠳᠬᠤ | ᠴᠢᠬᠤᠯᠠᠳᠠᠢ᠃ ᠲᠡᠤᠬᠡᠨ ᠪᠢᠴᠢᠭ ᠰᠤᠳᠤᠷ ᠪᠠ ᠲᠥᠷᠪᠡᠳ ᠭᠤᠷᠯᠤᠰ ᠤᠨ ᠮᠤᠩᠭᠤᠯ ᠡᠷᠳᠡᠮᠳᠡᠳ᠂ ᠨᠠᠰᠤ | ᠠᠬᠠᠴᠤᠤᠯ ᠤᠨ ᠲᠠᠨᠢᠯᠴᠠᠭᠤᠯᠤᠭᠰᠠᠨ ᠪᠠᠷ᠂ ᠬᠤᠷᠴᠢᠨ ᠪᠤᠯ ᠮᠤᠩᠭᠤᠯ ᠤᠨ ᠲᠤᠳᠤᠷ᠎ᠠ ᠪᠠᠨ ᠲᠤᠮᠤᠬᠠᠨ ᠨᠢᠭᠡᠨ | ᠬᠥᠴᠥᠷᠬᠡᠭ ᠠᠶᠢᠮᠠᠭ ᠪᠤᠯᠬᠤ ᠪᠠ ᠲᠡᠷᠡ ᠨᠢ ᠠᠩᠬᠠᠨ ᠳᠠᠭᠠᠨ ᠵᠥᠪᠬᠡᠨ ᠴᠡᠷᠢᠭ ᠠᠩᠬᠢ ᠶᠢᠨ ᠵᠣᠬᠢᠶᠠᠨ | ᠪᠠᠶᠢᠭᠤᠯᠤᠯᠳᠠ ᠶᠢᠨ ᠨᠢᠭᠡᠴᠢ ᠪᠤᠶᠤ ᠨᠢᠭᠡᠨ ᠲᠥᠷᠥᠯ ᠢ ᠵᠢᠭᠠᠭᠰᠠᠨ ᠨᠡᠷᠡᠶᠢᠳᠥᠯ ᠪᠠᠶᠢᠭᠰᠠᠨ ᠠᠴᠠ ᠪᠠᠨ ᠬᠤᠵᠢᠮ ᠨᠢ | ᠰᠠᠶ᠋ᠢ ᠨᠢᠭᠡ ᠠᠶᠢᠮᠠᠭ ᠪᠥᠯᠥᠭ ᠢ ᠲᠤᠳᠤᠷᠬᠠᠢᠢᠯᠠᠭᠰᠠᠨ ᠲᠤᠰᠬᠠᠢ ᠨᠡᠷ᠎ᠡ ᠲᠤᠮᠢᠶ᠎ᠠ ᠪᠤᠯᠤᠭᠰᠠᠨ ᠪᠢᠯᠡ᠃ ᠲᠠᠷᠤᠢ | ᠨᠡᠶᠢᠳᠡ ᠶᠢᠨ ᠣᠨ ᠲᠣᠭᠠᠯᠠᠯ ᠤᠨ 1189 ᠣᠨ ᠳᠤ ᠲᠡᠮᠤᠵᠢᠨ ︽ᠬᠠᠮᠤᠭ ᠮᠤᠩᠭᠤᠯ ᠤᠯᠤᠰ︾ ᠤᠨ ᠬᠠᠨ ᠢᠶᠠᠷ | ᠡᠷᠭᠦᠮᠵᠢᠯᠡᠭᠳᠡᠭᠰᠡᠨ ᠤ ᠲᠠᠷᠠᠭ᠎ᠠ ᠨᠠᠶᠠᠨ ᠬᠡᠪᠳᠡᠭᠦᠯ ᠲᠠᠯᠠᠨ ᠲᠤᠷᠬᠠᠬ ᠢᠶᠠᠷ ᠪᠥᠷᠢᠯᠳᠥᠭᠰᠡᠨ ᠨᠢᠭᠡ ᠵᠠᠭᠤ ᠲᠠᠪᠢᠨ | ᠬᠥᠮᠥᠨ ᠤ ᠬᠡᠰᠢᠭᠳᠡᠨ ᠴᠡᠷᠢᠭ ᠢ ᠵᠣᠬᠢᠶᠠᠨ ᠪᠠᠶᠢᠭᠤᠯᠤᠭᠰᠠᠨ ᠪᠠ ᠡᠭᠦᠨ ᠳᠤ ᠬᠤᠷ ᠰᠠᠭᠠᠳᠠᠭ ᠠᠭᠰᠠᠭᠠᠨ ᠬᠠᠨ ᠤ | ᠣᠷᠳᠣᠨ ᠢ ᠰᠠᠬᠢᠨ ᠬᠠᠮᠠᠭᠠᠯᠠᠳᠠᠭ ᠰᠢᠳᠡᠷ ᠴᠡᠷᠢᠭ ᠢᠶᠠᠨ ︽ᠬᠤᠷᠴᠢᠨ︾ ᠭᠡᠪᠡ᠃ 1206 ᠣᠨ ᠳᠤ ᠮᠤᠩᠭᠤᠯ ᠤᠨ | ᠬᠠᠭᠠᠨᠳᠤ ᠤᠯᠤᠰ ᠪᠠᠶᠢᠭᠤᠯᠤᠭᠳᠠᠬᠤ ᠳᠤ ᠪᠤᠭᠳᠠ ᠡᠵᠡᠨ ᠴᠢᠩᠬᠢᠰ ᠬᠠᠭᠠᠨ ᠲᠠᠨ ᠪᠠᠷ ᠬᠡᠰᠢᠭᠳᠡᠨ ᠴᠡᠷᠢᠭ ᠢᠶᠠᠨ | ᠲᠥᠮᠡ ᠪᠤᠯᠭᠠᠨ ᠥᠷᠭᠡᠳᠭᠡᠵᠡᠢ᠃ ᠮᠥᠨ ᠡᠨᠡ ᠣᠨ ᠳᠤ ᠴᠢᠩᠬᠢᠰ ᠬᠠᠭᠠᠨ ᠲᠠᠨ ᠪᠠᠷ ᠥᠪᠡᠷ ᠤᠨ ᠡᠵᠢ᠂ ᠲᠡᠭᠦᠥ | ᠨᠠᠷ᠂ ᠬᠥᠪᠡᠭᠦᠨ᠂ ᠲᠥᠷᠥᠯ ᠰᠠᠳᠤᠨ᠂ ᠭᠠᠪᠢᠶᠠᠳᠤ ᠵᠠᠩᠵᠤᠨ᠂ ᠢᠳᠡᠭᠡᠯᠳᠥ ᠲᠥᠰᠢᠮᠡᠯ ᠢᠶᠠᠨ ᠬᠥᠬᠢᠭᠦᠯᠥᠨ ᠱᠠᠩᠨᠠᠵᠤ | ᠬᠤᠪᠢ ᠬᠤᠪᠢᠶᠠᠯᠠᠬᠤ ᠥᠶᠡᠰ ᠲᠡᠭᠦᠥ ᠬᠠᠰᠠᠷ ᠲᠠᠭᠠᠨ ᠮᠢᠩᠭᠠᠨ᠂ ᠯᠤᠤᠰᠠᠴᠢᠨ ᠲᠡᠷᠢᠭᠦᠳᠡᠨ ︽ᠲᠥᠷᠪᠡᠨ | ᠮᠢᠩᠭᠠᠬᠤᠨ ᠢᠷᠭᠡᠨ︾ ᠬᠤᠪᠢᠳᠠᠵᠤ ᠥᠮᠴᠢᠯᠡᠭᠦᠯᠥᠭᠰᠡᠨ ᠪᠥᠭᠡᠳ ᠬᠤᠷᠴᠢᠨ ᠴᠡᠷᠢᠭ ᠤᠳ ᠴᠤ ᠪᠠᠭᠳᠠᠭᠳᠠᠨ | ᠪᠠᠶᠢᠭᠰᠠᠨ᠃ ᠲᠠᠶᠢᠨ ᠪᠠᠶᠢᠯᠳᠤᠭᠠᠨ ᠳᠤ ᠬᠤᠰᠢᠭᠤᠴᠢ ᠴᠡᠷᠢᠭ ᠢ ᠤᠳᠤᠷᠢᠳᠤᠨ ᠶᠠᠪᠤᠳᠠᠭ ᠬᠠᠰᠠᠷ ᠤᠨ ᠴᠡᠷᠢᠭ ︽ | ᠨᠤᠮᠤ ᠰᠤᠮᠤᠳᠤ ᠴᠡᠷᠢᠭ︾ ᠪᠤᠶᠤ ︽ᠬᠤᠷ ᠠᠭᠰᠠᠭᠠᠭᠰᠠᠨ ᠬᠤᠷᠴᠢᠨ ᠴᠡᠷᠢᠭ︾ ᠬᠡᠮᠡᠭᠳᠡᠬᠦ ᠪᠥᠭᠡᠳ ᠡᠳᠡᠭᠡᠷ | ᠴᠡᠷᠢᠭ ᠨᠢ ᠬᠡᠵᠢᠶ᠎ᠡ ᠥᠷᠬᠦᠯᠵᠢ ᠬᠠᠭᠠᠨ ᠤ ᠵᠠᠷᠯᠢᠭ ᠢᠶᠠᠷ ᠬᠠᠰᠠᠷ ᠡᠵᠡᠨ ᠢᠶᠠᠨ ᠲᠠᠭᠠᠵᠤ ᠡᠮᠥᠨᠡᠰᠢ ᠲᠠᠭᠠᠷᠢᠵᠤ | ᠥᠷᠥᠨᠡᠰᠢ ᠲᠠᠶᠢᠯᠠᠨ ᠢᠮᠠᠭᠳᠠ ᠲᠠᠶᠢᠨ ᠤ ᠡᠮᠥᠨ᠎ᠡ ᠡᠩᠨᠡᠭᠡ ᠳᠤ ᠬᠤᠰᠢᠭᠤᠷᠠᠨ ᠶᠠᠪᠤᠵᠤ ᠴᠢᠰᠥᠨ ᠭᠠᠪᠢᠶ᠎ᠠ | ᠪᠠᠶᠢᠭᠤᠯᠤᠭᠰᠠᠨ ᠶᠤᠮ᠃ ︽ᠬᠤᠷᠴᠢᠨ︾ ᠤ ᠠᠷᠤ ᠲᠠᠯ᠎ᠠ ᠶᠢᠨ ᠰᠠᠭᠤᠷᠢᠨ ᠪᠤᠶᠤ ᠨᠤᠳᠤᠭ ᠪᠡᠯᠴᠢᠭᠡᠷ ᠨᠢ | ᠭᠤᠤᠯᠳᠠᠭᠤ ᠮᠤᠩᠭᠤᠯ ᠤᠨ ᠥᠨᠳᠦᠷᠯᠢᠭ ᠤᠨ ᠵᠡᠭᠦᠨ ᠬᠤᠶᠢᠳᠥ ᠬᠡᠰᠡᠭ ᠲᠤ᠂ ᠲᠠᠷᠤᠢ ᠡᠷᠭᠦᠨ᠎ᠡ ᠭᠤᠤᠯ ᠬᠠᠶᠢᠯᠠᠷ | ᠭᠤᠤᠯ ᠤᠨ ᠬᠤᠶᠠᠷ ᠬᠥᠪᠡᠭᠡ᠂ ᠬᠥᠯᠥᠨ ᠨᠠᠭᠤᠷ᠂ ᠪᠤᠶᠢᠷ ᠨᠠᠭᠤᠷ ᠠᠴᠠ ᠤᠮᠠᠷᠠᠰᠢᠬᠢ ᠥᠷᠭᠡᠨ ᠠᠭᠤᠳᠠᠮ | ᠨᠤᠳᠤᠭ ᠲᠤ ᠪᠠᠶᠢᠭᠰᠠᠨ ᠪᠢᠯᠠ᠃ 15 ᠳ᠋ᠤᠭᠠᠷ ᠵᠠᠭᠤᠨ ᠤ ᠥᠶᠡᠰ ᠢᠶᠠᠷ ︽ᠬᠤᠷᠴᠢᠨ︾ ᠭᠡᠳᠡᠭ ᠨᠢ ᠵᠥᠪᠬᠡᠨ | ᠴᠡᠷᠢᠭ ᠤᠨ ᠨᠢᠭᠡᠨ ᠲᠥᠷᠥᠯ ᠢ ᠵᠢᠭᠠᠭᠰᠠᠨ ᠲᠡᠳᠤᠢ ᠪᠢᠰᠢ᠂ ᠬᠠᠷᠢᠨ ᠡᠳᠡᠭᠡᠷ ᠴᠡᠷᠢᠭ ᠡᠷ᠎ᠡ ᠵᠢᠴᠢ ᠲᠡᠳᠡᠨᠡᠷ ᠤᠨ ᠭᠡᠷ | ᠪᠥᠯᠢ᠂ ᠲᠥᠷᠥᠯ ᠰᠠᠳᠤᠨ᠂ ᠵᠠᠷᠤᠴᠠ ᠪᠤᠭᠤᠯ᠂ ᠤᠷᠭᠤᠳᠤᠤᠯ ᠣᠯᠵᠠᠯᠠᠭᠰᠠᠳ ᠵᠡᠷᠭᠡ ᠪᠠᠷ ᠪᠥᠷᠢᠯᠳᠥᠭᠰᠡᠨ ᠨᠢᠭᠡᠨ | ᠲᠤᠮᠤᠬᠠᠨ ᠬᠠᠮᠳᠤ ᠶᠢᠨ ᠴᠣᠭᠴᠠ — ᠨᠢᠭᠡᠨ ᠠᠶᠢᠮᠠᠭ ᠪᠥᠯᠥᠭ ᠤᠨ ᠨᠡᠷᠡᠶᠢᠳᠥᠯ ᠪᠤᠯᠤᠨ ᠬᠤᠪᠢᠷᠠᠵᠠᠢ᠃ | ︽ᠨᠤᠨ ᠬᠤᠷᠴᠢᠨ︾ ᠠᠴᠠ ︽ᠵᠢᠷᠢᠮ ᠤᠨ ᠴᠢᠭᠤᠯᠭᠠᠨ︾ ᠤ ᠤᠯᠠᠷᠢᠯ | 16 ᠳ᠋ᠤᠭᠠᠷ ᠵᠠᠭᠤᠨ ᠤ ᠭᠤᠴᠢᠭᠠᠳ ᠤᠨ ᠠᠴᠠ ᠡᠬᠢᠯᠡᠵᠤ᠂ ᠬᠤᠷᠴᠢᠨ ᠤ ᠨᠡᠬᠦᠳᠡᠯ ᠨᠤᠲᠤᠭ ᠠᠭᠠᠵᠢᠮ ᠢᠶᠠᠷ | ᠡᠮᠦᠨᠡᠰᠢᠯᠠᠵᠤ᠂ ᠬᠠᠪᠣᠳᠣ ᠬᠠᠰᠠᠷ ᠤᠨ ᠠᠷᠪᠠᠨ ᠭᠤᠷᠪᠠᠳᠤᠭᠠᠷ ᠦᠶ᠎ᠡ ᠶᠢᠨ ᠬᠤᠶᠢᠴᠢᠰ ᠤᠷᠳᠤᠬᠠᠢ ᠸᠠᠩ ᠪᠠ ᠲᠦᠮᠡᠢ | ᠵᠠᠶᠠᠭᠠᠴᠢ ᠶᠢᠨ ᠦᠶ᠎ᠠ ᠳᠤ᠂ ᠠᠷᠤ ᠬᠤᠷᠴᠢᠨ᠂ ᠤᠷᠠᠳ᠂ ᠮᠣᠣᠮᠢᠩᠭᠠᠨ ᠵᠡᠷᠬᠡ ᠠᠶᠢᠮᠠᠭ ᠨᠢ ᠬᠦᠯᠦᠨ ᠪᠦᠢᠷ ᠪᠠ | ᠤᠨᠤᠨ ᠮᠦᠷᠡᠨ ᠤ ᠲᠤᠤᠷᠠᠳᠤ ᠰᠠᠪᠠ ᠭᠠᠵᠠᠷ ᠤᠷᠴᠢᠮ ᠨᠤᠲᠤᠭᠰᠢᠵᠠᠢ᠃ ᠨᠢᠭᠡ ᠬᠡᠰᠡᠭ ᠠᠶᠢᠮᠠᠬ ᠪᠦᠯᠦᠭ ᠨᠢ | ᠬᠠᠪᠤᠳᠤ ᠬᠠᠰᠠᠷ ᠤᠨ ᠠᠷᠪᠠᠨ ᠲᠦᠷᠪᠡᠳᠦᠭᠡᠷ ᠦᠶ᠎ᠡ ᠶᠢᠨ ᠬᠤᠶᠢᠴᠢᠰ ᠬᠦᠢᠮᠦ᠋ᠩᠬᠡ ᠲᠠᠰᠬᠠᠷ᠎ᠠ ᠶᠢᠨ ᠲᠠᠶᠢᠴᠢᠯᠠᠯ | ᠲᠤᠤᠷ᠎ᠠ ᠡᠮᠦᠨᠡᠰᠢᠯᠡᠵᠤ᠂ ᠬᠢᠩᠭᠠᠨ ᠲᠠᠪᠠᠭ᠎ᠠ ᠶᠢ ᠲᠠᠪᠠᠨ ᠨᠤᠨ ᠮᠦᠷᠡᠨ ᠤ ᠰᠠᠪᠠ ᠭᠠᠵᠠᠷ ᠲᠤ ᠨᠤᠲᠤᠭᠰᠢᠭᠠᠳ᠂ | ᠬᠠᠷᠢᠶᠠᠳᠤ ᠠᠶᠢᠮᠠᠭ ᠢᠶᠠᠨ ᠨᠤᠨ ᠬᠤᠷᠴᠢᠨ ︵ᠲᠡᠦᠬᠡᠨ ᠪᠢᠴᠢᠭ ᠲᠤ ᠬᠠᠶᠠ ᠪᠠᠰᠠ ᠦᠵᠢᠶᠡᠳ ᠬᠤᠷᠴᠢᠨ᠂ ᠪᠤᠷᠤ | ᠬᠤᠷᠴᠢᠨ᠂ ᠠᠪᠠᠭ᠎ᠠ ᠬᠤᠷᠴᠢᠨ ᠬᠡᠮᠡᠨ ᠲᠡᠮᠳᠡᠭᠯᠡᠳᠡᠭ︶ ᠬᠡᠮᠡᠨ ᠨᠡᠷᠡᠯᠠᠪᠠᠢ᠃ ᠡᠨᠡ ᠥᠶ᠎ᠡ ᠶᠢᠨ ᠨᠤᠨ ᠬᠤᠷᠴᠢᠨ ᠤ | ᠨᠤᠳᠤᠭ ᠪᠡᠯᠴᠢᠭᠡᠷ ᠭᠡᠪᠡᠯ ᠨᠤᠨ ᠮᠥᠷᠡᠨ ᠤ ᠲᠡᠭᠡᠳᠥ ᠤᠷᠤᠰᠬᠠᠯ ᠠᠴᠠ ᠰᠤᠩᠭᠠᠷᠢ ᠮᠥᠷᠡᠨ ᠤ ᠲᠤᠤᠷᠠᠳᠤ ᠥᠵᠥᠭᠦᠷ᠂ | ᠶᠡᠭᠡ ᠬᠢᠩᠭᠠᠨ ᠲᠠᠪᠠᠭᠠᠨ ᠤ ᠪᠠᠷᠠᠭᠤᠨ ᠬᠤᠷᠮᠤᠢ ᠠᠴᠠ ᠡᠳᠥᠭᠡ ᠶᠢᠨ ᠬᠠᠷᠪᠢᠨ ᠬᠤᠳᠠ ᠠᠴᠠ ᠵᠡᠭᠦᠨᠰᠢ ᠣᠷᠣᠨ | ᠬᠥᠷᠳᠡᠯᠡᠬᠢ ᠭᠠᠵᠠᠷ ᠪᠤᠯᠤᠨ᠎ᠠ᠃ | ᠮᠢᠩ ᠤᠯᠤᠰ ᠤᠨ ᠸᠠᠨ ᠯᠢ ᠬᠠᠭᠠᠨ ᠤ ᠤᠯᠠᠭᠴᠢᠨ ᠭᠠᠭ᠋ᠠᠢ᠂ ᠰᠢᠷ᠎ᠠ ᠬᠤᠯᠤᠭᠠᠨ᠎ᠠ ᠵᠢᠯ ︵1587-1588 | ᠤᠨ︶ ᠤᠨ ᠦᠶ᠎ᠠ ᠪᠠᠷ᠂ ᠬᠦᠢᠮᠦ᠋ᠩᠬᠡ ᠲᠠᠰᠬᠠᠷ᠎ᠠ ᠶᠢᠨ ᠤᠮᠪᠤᠯ ᠤᠩᠭᠤᠳᠠᠢ ᠬᠤᠩ ᠪᠠᠭᠠᠳᠤᠷ᠂ ᠲᠦᠮᠡᠢ ᠦᠢᠵᠠᠩ | ᠨᠠᠷ ᠡᠮᠦᠨᠡᠰᠢ ᠨᠤᠲᠤᠭ ᠲᠦᠷᠢᠬᠦ ᠳᠤ ᠦᠪᠦᠷ ᠲᠠᠪᠤᠨ ᠬᠠᠯᠬ᠎ᠠ ᠶᠢᠨ ᠬᠦᠴᠦᠳᠡᠢ ᠡᠰᠡᠷᠭᠦᠴᠡᠯ ᠳᠤ ᠤᠴᠠᠷᠠᠭᠰᠠᠨ ᠠᠴᠠ | ᠬᠤᠶᠢᠰᠢ ᠤᠬᠤᠷᠢᠨ᠂ ᠾᠦᠨ ᠲᠦᠩ ᠵᠢᠶᠠᠩ ᠮᠦᠷᠡᠨ ᠤ ᠠᠮᠠ ᠤᠷᠴᠢᠮ ᠤᠨ ᠨᠤᠲᠤᠭ ᠢ ᠡᠵᠠᠯᠠᠵᠣ᠂ ᠭᠤᠷᠯᠤᠰ᠂ | ᠲᠦᠷᠪᠡᠳ᠂ ᠵᠠᠯᠠᠶᠢᠳ᠂ ᠭᠤᠸᠠᠯᠴᠠ᠂ ᠰᠢᠪᠡᠭᠡ ᠵᠡᠷᠬᠡ ᠮᠤᠩᠭᠤᠯ ᠠᠶᠢᠮᠠᠭ ᠪᠠ ᠵᠦᠷᠴᠢᠨ ᠤ ᠤᠯᠠᠨ ᠠᠶᠢᠮᠠᠭ | ᠪᠦᠯᠦᠭ ᠢ ᠪᠠᠶᠢᠯᠳᠤᠨ ᠲᠠᠭᠠᠭᠤᠯᠵᠤ᠂ ᠬᠦᠮᠦᠨ ᠠᠮᠠ ᠡᠯᠳᠡᠩ᠂ ᠭᠠᠵᠠᠷ ᠨᠤᠲᠤᠭ ᠠᠭᠤᠵᠢᠮ ᠬᠦᠴᠦᠷᠬᠡᠭ ᠶᠡᠭᠡ | ᠠᠶᠢᠮᠠᠭ ᠪᠦᠯᠦᠭ ᠪᠣᠯᠵᠠᠢ᠃ ᠬᠦᠢᠮᠦ᠋ᠩᠬᠡ ᠲᠠᠰᠬᠠᠷ᠎ᠠ ᠳᠤ ᠪᠤᠳᠢᠳᠠᠷ᠎ᠠ ᠵᠤᠷᠭᠤᠯ ᠨᠤᠶᠠᠨ᠂ ᠨᠠᠮᠤᠳᠠᠷᠠ ᠭᠠᠯᠵᠠᠭᠤ | ᠨᠤᠶᠠᠨ ᠭᠡᠬᠦ ᠬᠤᠶᠠᠷ ᠬᠦᠪᠡᠬᠦᠨ ᠲᠠᠢ ᠪᠠᠶᠢᠵᠤ᠂ ᠨᠤᠨ ᠬᠤᠷᠴᠢᠨ ᠠᠶᠢᠮᠠᠭ ᠪᠦᠬᠦᠨ ᠢᠶᠠᠷ ᠢᠶᠠᠨ ᠲᠡᠲᠡ | ᠬᠤᠶᠠᠭᠤᠯᠠ ᠶᠢᠨ ᠦᠮᠴᠢᠨ ᠳᠤ ᠪᠠᠭᠳᠠᠪᠠ᠃ ᠪᠤᠳᠢᠳᠠᠷ᠎ᠠ ᠵᠤᠷᠭᠤᠯ ᠨᠤᠶᠠᠨ ᠤ ᠶᠡᠭᠡ ᠬᠠᠳᠤᠨ ᠵᠢᠭᠡᠯᠤᠨ ᠠᠴᠠ | ᠭᠤᠷᠪᠠᠨ ᠬᠦᠪᠡᠬᠦᠨ ᠲᠦᠷᠦᠪᠡ᠃ ᠭᠤᠳᠠᠭᠠᠷ ᠭᠦᠪᠡᠭᠦᠨ ᠤᠪᠠᠰᠢ ᠤᠳᠬᠤᠨ ᠨᠤᠶᠠᠨ ᠨᠢ ᠬᠤᠶᠠᠷ ᠭᠤᠷᠯᠤᠰ | ᠬᠤᠰᠢᠭᠤᠨ ᠤ ᠵᠠᠰᠠᠭ ᠨᠤᠶᠠᠳ ᠤᠨ ᠲᠡᠭᠡᠳᠦᠰ ᠪᠤᠯᠪᠠ᠃ ᠪᠤᠳᠢᠳᠠᠷ᠎ᠠ ᠨᠤᠶᠠᠨ ᠤ ᠵᠡᠬᠦᠨ ᠭᠡᠷ ᠤᠨ ᠬᠠᠳᠤᠨ ᠬᠠᠷ᠎ᠠ | ᠨᠢᠳᠤᠨ ᠠᠴᠠ ᠬᠤᠶᠠᠷ ᠬᠦᠪᠡᠬᠦᠨ ᠮᠡᠨᠳᠦᠯᠡᠪᠡ᠃ ᠠᠬᠠᠮᠠᠳ ᠭᠦᠪᠠᠭᠦᠨ ᠠᠶᠢᠨᠠᠭ᠎ᠠ ᠰᠡᠴᠡᠨ ᠠᠴᠠ ᠪᠠᠷᠠᠭᠤᠨ ᠭᠠᠷ ᠤᠨ | ᠲᠦᠷᠪᠡᠳ ᠬᠤᠰᠢᠭᠤᠨ ᠤ ᠵᠠᠰᠠᠭ ᠨᠤᠶᠠᠳ ᠡᠭᠦᠰᠪᠠ᠃ | ᠴᠢᠩ ᠤᠯᠤᠰ ᠪᠠᠶᠢᠭᠤᠯᠤᠭᠳᠠᠭᠰᠠᠨ ᠤ ᠲᠠᠷᠠᠭ᠎ᠠ᠂ ᠨᠤᠨ ᠬᠤᠷᠴᠢᠨ ᠠᠶᠢᠮᠠᠭ ᠤᠨ ᠨᠤᠶᠠᠷᠬᠠᠯ ᠢ | ᠴᠢᠩᠭᠠᠳᠬᠠᠬᠤ ᠶᠢᠨ ᠲᠥᠯᠥᠭᠡ ᠬᠤᠰᠢᠭᠤ ᠴᠢᠭᠤᠯᠭᠠᠨ ᠭᠡᠵᠤ ᠪᠠᠶᠢᠭᠤᠯᠤᠨ᠂ ᠨᠤᠨ ᠬᠤᠷᠴᠢᠨ ᠠᠶᠢᠮᠠᠭ ᠢ ᠵᠢᠷᠭᠤᠭᠠᠨ | ᠬᠤᠰᠢᠭᠤ ᠭᠤᠴᠢᠨ ᠬᠤᠶᠠᠷ ᠰᠤᠮᠤ ᠪᠤᠯᠭᠠᠨ ᠬᠤᠪᠢᠶᠠᠨ᠂ ᠡᠨᠡ ᠵᠢᠷᠭᠤᠭᠠᠨ ᠬᠤᠰᠢᠭᠤ ᠶᠢ ᠪᠠᠰᠠ ᠵᠡᠭᠦᠨ ᠪᠠᠷᠠᠭᠤᠨ | ᠭᠠᠷ ᠬᠡᠮᠡᠨ ᠰᠠᠯᠭᠠᠵᠤ᠂ ᠬᠤᠷᠴᠢᠨ ᠪᠠᠷᠠᠭᠤᠨ ᠭᠠᠷᠤᠨ ᠡᠮᠥᠨᠡᠳᠥ᠂ ᠲᠤᠮᠳᠠᠳᠤ᠂ ᠬᠤᠶᠢᠳᠥ ᠬᠤᠰᠢᠭᠤ ᠵᠢᠴᠢ ᠵᠠᠯᠠᠶᠢᠳ | ᠂ ᠲᠥᠷᠪᠡᠳ ᠬᠤᠶᠠᠷ ᠬᠤᠰᠢᠭᠤ ︵ᠪᠥᠭᠦᠳᠡ ᠲᠠᠪᠤᠨ ᠬᠤᠰᠢᠭᠤ︶ ᠶᠢ ᠪᠠᠷᠠᠭᠤᠨ ᠭᠠᠷᠤᠨ ᠠᠬᠠᠯᠠᠭᠴᠢ ᠲᠥᠰᠢᠶᠡᠳᠥ | ᠴᠢᠨ ᠸᠠᠩ ᠮᠡᠳᠡᠵᠤ᠂ ᠬᠤᠷᠴᠢᠨ ᠵᠡᠭᠦᠨ ᠭᠠᠷᠤᠨ ᠡᠮᠥᠨᠡᠳᠥ᠂ ᠲᠤᠮᠳᠠᠳᠤ᠂ ᠬᠤᠶᠢᠳᠥ ᠭᠤᠷᠪᠠᠨ ᠬᠤᠰᠢᠭᠤ᠂ ᠮᠥᠨ | ᠲᠡᠭᠡᠷ᠎ᠡ ᠨᠢ ᠭᠤᠷᠯᠤᠰ ᠤᠨ ᠬᠤᠶᠠᠷ ᠬᠤᠰᠢᠭᠤ ︵ᠪᠠᠰᠠ ᠲᠠᠪᠤᠨ ᠬᠤᠰᠢᠭᠤ︶ ᠶᠢ ᠨᠡᠮᠡᠭᠡᠳ ᠵᠡᠭᠦᠨ ᠭᠠᠷᠤᠨ | ᠠᠬᠠᠯᠠᠭᠴᠢ ᠵᠤᠷᠢᠭᠳᠤ ᠲᠠᠷᠬᠠᠨ ᠴᠢᠨ ᠸᠠᠩ ᠳᠤ ᠵᠠᠬᠢᠷᠤᠭᠤᠯᠪᠠ᠃ ᠤᠳᠠᠯ ᠥᠭᠡᠢ ᠡᠨᠡ ᠠᠷᠪᠠᠨ ᠬᠤᠰᠢᠭᠤ ᠶᠢ ᠨᠢᠭᠡᠨ | ᠴᠢᠭᠤᠯᠭᠠᠨ ᠪᠤᠯᠭᠠᠵᠤ᠂ ᠠᠩᠬ᠎ᠠ ᠴᠢᠭᠤᠯᠭᠠᠨ ᠴᠢᠭᠤᠯᠤᠭᠰᠠᠨ ᠭᠠᠵᠠᠷ ᠤᠨ ᠬᠢᠨᠢ ᠨᠡᠷ᠎ᠡ ᠪᠠᠷ ︽ᠵᠢᠷᠢᠮ ᠤᠨ | ᠴᠢᠭᠤᠯᠭᠠᠨ︾ ᠬᠡᠮᠡᠪᠡ᠃ ᠣᠳᠣ ᠡᠨᠡᠬᠦ ᠵᠢᠷᠢᠮ ᠤᠨ ᠴᠢᠭᠤᠯᠭᠠᠨ ᠤ ᠣᠪᠣᠭ᠎ᠠ ᠨᠢ ᠬᠤᠷᠴᠢᠨ ᠪᠠᠷᠠᠭᠤᠨ ᠭᠠᠷᠤᠨ | ᠲᠤᠮᠳᠠᠳᠤ ᠬᠤᠰᠢᠭᠤᠨ ᠤ ᠲᠥᠯᠢᠶᠡᠨᠮᠥᠳᠥ ᠪᠠᠯᠭᠠᠰᠤᠨ ᠳᠤ ᠪᠠᠶᠢᠷᠢᠯᠠᠳᠠᠭ᠃ ᠬᠤᠷᠴᠢᠨ ᠪᠠᠷᠠᠭᠤᠨ ᠭᠠᠷᠤᠨ ᠲᠤᠮᠳᠠᠳᠤ | ᠬᠤᠰᠢᠭᠤᠨ ᠤ ᠲᠥᠪ ᠪᠤᠯᠬᠤ ᠪᠠᠶᠠᠨᠬᠤᠰᠢᠭᠤ ᠪᠠᠯᠭᠠᠰᠤ ᠠᠴᠠ ᠪᠠᠷᠠᠭᠤᠨ ᠬᠤᠶᠢᠰᠢ 160 ᠭᠠᠵᠠᠷ ᠬᠤᠯᠠ | ᠪᠠᠶᠢᠷᠢᠯᠠᠵᠤ ᠪᠠᠶᠢᠨ᠎ᠠ᠃ | ᠲᠥᠷᠪᠡᠳ ᠭᠤᠷᠯᠤᠰ ᠤᠨ ᠡᠷᠳᠡ ᠡᠳᠥᠭᠡ | ᠲᠦᠷᠪᠡᠳ ᠠᠶᠢᠮᠠᠭ ᠨᠢ ᠮᠤᠩᠭᠤᠯ ᠤᠨ ᠡᠷᠳᠡᠨ ᠤ ᠲᠦᠷᠪᠡᠨ ᠠᠶᠢᠮᠠᠭ ᠠᠴᠠ ᠢᠷᠡᠯᠳᠡᠢ ᠪᠠᠶᠢᠵᠤ᠂ ᠲᠡᠲᠡᠨ ᠤ | ᠲᠡᠭᠡᠳᠦᠰ ᠨᠢ ᠴᠢᠩᠭᠢᠰ ᠬᠠᠭᠠᠨ ᠤ ᠠᠷᠪᠠᠨ ᠨᠢᠭᠡᠳᠦᠭᠡᠷ ᠦᠶ᠎ᠡ ᠶᠢᠨ ᠲᠡᠭᠡᠳᠦᠰ ᠲᠣᠸᠠ ᠰᠤᠬᠤᠷ ᠤᠨ ᠲᠦᠷᠪᠡᠨ | ᠬᠡᠦᠬᠡᠳ ᠠᠴᠠ ᠡᠬᠦᠰᠦᠯᠳᠠᠢ ᠶᠤᠮ᠃ ᠠᠷᠪᠠᠨ ᠬᠤᠶᠠᠳᠤᠭᠠᠷ ᠵᠠᠭᠤᠨ ᠤ ᠰᠡᠭᠦᠯᠴᠢ᠂ ᠠᠷᠪᠠᠨ ᠭᠤᠷᠪᠠᠳᠤᠭᠠᠷ | ᠵᠠᠭᠤᠨ ᠤ ᠡᠬᠢ ᠪᠠᠷ ᠲᠦᠷᠪᠡᠨ ᠠᠶᠢᠮᠠᠭ ᠨᠢ ᠬᠦᠯᠦᠨ ᠪᠦᠢᠷ ᠤᠷᠴᠢᠮ ᠨᠡᠭᠦᠳᠡᠯᠯᠡᠨ ᠠᠮᠢᠳᠤᠷᠠᠵᠤ᠂ ᠶᠤᠸᠠᠨ | ᠤᠯᠤᠰ ᠤᠨ ᠡᠬᠢ ᠪᠠᠷ ᠨᠤᠨ ᠮᠦᠷᠡᠨ ᠤ ᠰᠠᠪᠠ ᠭᠠᠵᠠᠷ ᠲᠠᠷᠬᠠᠨ ᠰᠠᠭᠤᠷᠢᠰᠢᠭᠠᠳ ᠤᠳᠴᠢᠬᠢᠨ ᠨᠤᠶᠠᠨ ᠤ ᠬᠤᠶᠢᠴᠢᠰ | ᠯᠢᠶᠤᠤ ᠸᠠᠩ ᠳᠤ ᠵᠠᠬᠢᠷᠤᠭᠳᠠᠪᠠ᠃ ᠠᠷᠪᠠᠨ ᠵᠢᠷᠭᠤᠳᠤᠭᠠᠷ ᠵᠠᠭᠤᠨ ᠤ ᠲᠤᠮᠳᠠᠴᠢ ᠪᠠᠷ᠂ ᠬᠠᠰᠠᠷ ᠤᠨ ᠠᠷᠪᠠᠨ | ᠲᠦᠷᠪᠡᠳᠦᠭᠡᠷ ᠦᠶ᠎ᠡ ᠶᠢᠨ ᠬᠤᠶᠢᠴᠢᠰ ᠬᠦᠢᠮᠦᠩᠬᠡ ᠲᠠᠰᠬᠠᠷ᠎ᠠ ᠬᠠᠷᠢᠶᠠᠳᠤ ᠠᠶᠢᠮᠠᠭ ᠢᠶᠠᠨ ᠲᠠᠭᠠᠭᠤᠯᠵᠤ ᠨᠤᠨ | ᠮᠦᠷᠡᠨ ᠳᠤ ᠨᠤᠲᠤᠭ ᠰᠤᠩᠭᠠᠬᠤ ᠳᠤ ᠲᠦᠷᠪᠡᠳ ᠠᠶᠢᠮᠠᠭ ᠨᠢ ᠬᠤᠷᠴᠢᠨ ᠤ ᠬᠠᠷᠢᠶᠠᠳᠤ ᠪᠤᠯᠪᠠ᠃ ᠲᠦᠷᠪᠠᠣᠨ | ᠨᠣᠳᠤᠬ ᠪᠣᠯ ᠬᠠᠪᠣᠳᠣ ᠬᠠᠰᠠᠷ ᠤᠨ ᠬᠤᠶᠢᠴᠢᠰ ᠤᠨ ᠡᠷᠭᠦᠮᠵᠢᠯᠠᠯ ᠨᠣᠳᠤᠬ ᠪᠠ ᠬᠠᠷᠢᠶᠠᠳᠣ ᠨᠣᠳᠤᠬ ᠪᠠᠶᠢᠵᠣ᠂ | ᠵᠢᠷᠢᠮ ᠤᠨ ᠴᠣᠬᠯᠠᠭᠠᠨ ᠤ ᠨᠣᠨ ᠠᠷᠪᠠᠨ ᠬᠤᠰᠢᠭᠤᠨ ᠤ ᠨᠢᠭᠡ ᠨᠢ ᠪᠦᠭᠡᠣᠨ ᠵᠢᠷᠢᠮ ᠤᠨ ᠴᠢᠭᠤᠯᠭᠠᠨ ᠤ ᠬᠤᠶᠢᠳᠤ | ᠵᠠᠬ᠎ᠠ ᠪᠠᠷ ᠪᠠᠶᠢᠷᠢᠯᠠᠵᠤ᠂ ᠨᠤᠨ ᠮᠦᠷᠡᠨ ᠤ ᠵᠡᠬᠦᠨ ᠬᠦᠪᠡᠬᠡᠨ ᠤ ᠦᠷᠬᠡᠨ ᠠᠭᠤᠳᠠᠮ ᠲᠠᠯ᠎ᠠ ᠭᠠᠵᠠᠷ ᠲᠤ | ᠨᠤᠲᠤᠭᠯᠠᠳᠠᠭ᠃ ᠬᠤᠰᠢᠭᠤᠨ ᠤ ᠬᠢᠵᠠᠭᠠᠷ ᠨᠢ ᠡᠮᠦᠨᠡᠰᠢ ᠭᠤᠷᠯᠤᠰ ᠬᠤᠰᠢᠭᠤ ᠲᠠᠢ ᠨᠠᠶᠢᠯᠠᠵᠤ᠂ ᠪᠠᠷᠠᠭᠤᠨ ᠪᠠ | ᠵᠡᠬᠦᠨ ᠢᠶᠠᠷ ᠢᠶᠠᠨ ᠬᠢᠵᠠᠭᠠᠷ ᠬᠤᠳᠠ ᠲᠠᠢ ᠬᠦᠷᠰᠢᠯᠡᠳᠡᠭ᠃ ᠬᠤᠰᠢᠭᠤᠨ ᠵᠠᠰᠠᠭ ᠨᠢ ᠲᠤᠭᠳᠤᠷ ᠰᠢᠯᠢ ︵ᠪᠠᠰᠠ | ᠲᠦᠪᠰᠢᠨ ᠰᠢᠭᠤᠶᠢᠳᠤ ᠴᠦ ᠭᠡᠳᠡᠭ︶ ᠳᠤ ᠰᠠᠭᠤᠵᠤ᠂ ᠪᠠᠶᠠᠰᠬᠤᠯᠠᠩ ᠬᠠᠳᠠᠳᠤ ᠬᠠᠭᠠᠯᠭ᠎ᠠ ᠠᠴᠠ 1640 ᠭᠠᠵᠠᠷ | ᠵᠠᠶᠢᠳᠠᠢ᠃ ᠰᠤᠮᠤ ᠶᠢᠨ ᠲᠤᠭ᠎ᠠ 25 ᠪᠠᠶᠢᠪᠠ᠃ ᠪᠤᠳᠢᠳᠠᠷ᠎ᠠ ᠵᠤᠷᠭᠤᠯ ᠨᠤᠶᠠᠨ ᠦᠷ᠎ᠡ ᠬᠡᠦᠬᠡᠳ ᠲᠤ ᠪᠠᠨ ᠦᠮᠴᠢ | ᠬᠤᠪᠢᠶᠠᠬᠤ ᠳᠤ ᠪᠠᠨ ᠨᠠᠢᠮᠠᠳᠤᠭᠠᠷ ᠬᠦᠪᠡᠬᠦᠨ ᠠᠶᠢᠨᠠᠭ᠎ᠠ ᠰᠡᠴᠡᠨ ᠳᠤ ᠪᠠᠨ ᠲᠦᠷᠪᠡᠳ ᠠᠶᠢᠮᠠᠭ ᠢ ᠬᠠᠷᠢᠶᠠᠯᠠᠭᠤᠯᠵᠤ᠂ | ᠨᠤᠨ ᠬᠤᠷᠴᠢᠨ ᠤ ᠪᠠᠷᠠᠭᠤᠨ ᠭᠠᠷ ᠲᠠᠭᠠᠤ ᠨᠤᠲᠤᠭᠯᠠᠭᠤᠯᠵᠠᠢ᠃ ᠠᠶᠢᠨᠠᠭ᠎ᠠ ᠨᠤᠶᠠᠨ ᠤ ᠠᠬᠠᠮᠠᠳ ᠬᠦᠪᠡᠬᠦᠨ ᠠᠳᠤᠴᠢ | ᠲᠡᠭᠷᠢ ᠠᠴᠠ ᠵᠠᠶᠠᠭᠠᠳᠤ ᠶᠢᠨ ᠶᠢᠰᠦᠨ ᠤᠨ ︵1624 ᠤᠨ︶ ᠳᠤ᠂ ᠤᠤᠪᠠ ᠨᠤᠶᠠᠨ ᠲᠠᠢ ᠬᠠᠮᠳᠤ ᠨᠤᠷᠬᠠᠴᠢ ᠳᠤ | ᠡᠯᠴᠢ ᠢᠯᠡᠭᠡᠨ ᠨᠠᠶᠢᠷ ᠲᠠᠢ ᠶᠠᠪᠤᠯᠴᠠᠬᠤ ᠶᠢ ᠬᠦᠰᠡᠪᠡ᠃ ᠲᠡᠭᠡᠳᠦ ᠡᠷᠳᠡᠮᠳᠦ ᠶᠢᠨ ᠲᠡᠷᠢᠬᠦᠨ ᠤᠨ ᠳᠤ᠂ ᠨᠤᠨ | ᠬᠤᠷᠴᠢᠨ ᠤ ᠡᠷᠦᠬᠡ ᠠᠮᠠ ᠶᠢ ᠪᠠᠶᠢᠴᠠᠭᠠᠬᠤ ᠳᠤ ᠠᠳᠤᠴᠢ ᠶᠢᠨ ᠬᠦᠪᠡᠬᠦᠨ ᠰᠡᠷᠡᠩ ᠤᠨ ᠬᠠᠷᠢᠶᠠᠨ ᠳᠤ 3200 | ᠡᠷᠦᠬᠡ᠂ 947 ᠬᠤᠶᠠᠭ᠂ 64 ᠨᠢᠷᠤ ᠲᠠᠢ ᠪᠠᠶᠢᠵᠤ ᠡᠬᠦᠨ ᠤ ᠲᠤᠲᠤᠷ᠎ᠠ ᠵᠦᠪᠬᠡᠨ 9 ᠨᠢᠷᠤ ᠨᠢ ᠰᠡᠷᠡᠩ ᠤᠨ | ᠰᠢᠭᠤᠳ ᠡᠵᠡᠮᠰᠢᠯ ᠳᠤ ᠪᠠᠭᠳᠠᠵᠤ᠂ ᠰᠡᠷᠡᠩ ᠬᠡᠳᠦ᠋ᠢᠪᠡᠷ ᠤᠯᠤᠰ ᠲᠤᠷ ᠲᠤᠰᠠᠯᠠᠭᠴᠢ ᠭᠦᠩ ᠡᠷᠭᠦᠮᠵᠢᠯᠡᠭᠳᠡᠭᠰᠡᠨ | ᠪᠤᠯᠪᠠᠴᠦ ᠵᠠᠰᠠᠭ ᠤᠯᠤᠭᠰᠠᠨ ᠦᠭᠡᠢ᠂ ᠬᠠᠷᠢᠨ ᠲᠡᠭᠡᠳᠦ ᠡᠷᠳᠡᠮᠳᠤ ᠶᠢᠨ ᠨᠠᠢᠮᠠᠳᠤᠭᠠᠷ ᠤᠨ ︵1634 ᠤᠨ︶ ᠳᠤ | ᠬᠠᠷᠠᠮᠦ᠋ᠷᠡᠨ ᠤ ᠤᠯᠠᠨ ᠠᠶᠢᠮᠠᠭ ᠢ ᠪᠠᠶᠢᠯᠳᠤᠬᠤ ᠳᠤ ᠭᠠᠵᠠᠷᠴᠢᠯᠠᠭᠰᠠᠨ ᠭᠠᠪᠢᠶ᠎ᠠ ᠪᠠᠷ ᠲᠠᠷᠬᠠᠨ ᠴᠤᠯᠠ ᠬᠦᠷᠳᠡᠵᠤ᠂ | ᠡᠶᠡᠪᠡᠷ ᠵᠠᠰᠠᠭᠴᠢ ᠶᠢᠨ ᠲᠠᠪᠤᠳᠤᠭᠠᠷ ᠤᠨ ︵1648 ᠤᠨ︶ ᠳᠤ ᠬᠤᠰᠢᠭᠤᠨ ᠪᠠᠶᠢᠰᠠ ᠡᠷᠬᠦᠮᠵᠢᠯᠡᠭᠳᠡᠵᠤ ᠦᠶ᠎ᠡ | ᠤᠯᠠᠷᠢᠨ ᠲᠠᠰᠤᠷᠠᠯ ᠦᠭᠡᠢ ᠵᠠᠯᠭᠠᠮᠵᠢᠯᠠᠬᠤ ᠰᠤᠶᠤᠷᠬᠠᠯ ᠬᠦᠷᠳᠡᠨ ᠵᠠᠰᠠᠭ ᠤᠯᠤᠭᠰᠠᠨ ᠢᠶᠠᠷ ᠲᠦᠷᠪᠡᠳ ᠬᠤᠰᠢᠭᠤ | ᠡᠭᠦᠰᠪᠡ᠃ ᠵᠠᠰᠠᠭ ᠨᠤᠶᠠᠳ ᠤᠨ ᠦᠶ᠎ᠡ ᠵᠠᠯᠭᠠᠮᠵᠢ ᠬᠡᠮᠡᠪᠡᠰᠦ᠄ ᠰᠡᠷᠡᠩ — ᠨᠤᠷᠪᠤ — ᠱᠠᠵᠢᠨ — ᠪᠠᠳᠤ | — ᠪᠠᠨᠵᠤᠷ — ᠰᠡᠪᠳᠡᠨᠳᠤᠩᠷᠤᠪ — ᠳᠠᠨᠵᠤᠷ — ᠨᠠᠮᠵᠢᠯᠳᠤᠷᠵᠢ — ᠯᠤᠪᠰᠠᠩ — ᠪᠤᠳᠢ — | ᠰᠠᠶᠢᠪᠢᠯᠢᠭ — ᠷᠠᠳᠨᠠᠪᠠᠯ — ᠸᠴᠢᠷᠬᠤᠶᠠᠭᠳᠤ — ᠭᠤᠩᠭᠠᠴᠤᠭᠳᠠᠨ — ᠭᠧᠯᠢᠭᠪᠡᠯᠵᠤᠷ — | ᠷᠠᠰᠢᠫᠤᠩᠰᠤᠭ — ᠰᠢᠷᠠᠪᠯᠤᠯᠫᠢᠯ ᠪᠣᠯᠠᠢ᠃ | ᠭᠤᠷᠯᠤᠰ ᠠᠶᠢᠮᠠᠭ ᠪᠤᠯ ᠮᠤᠩᠭᠤᠯ ᠤᠨ ᠡᠷᠳᠡᠨ ᠤ ᠠᠶᠢᠮᠠᠭ ᠬᠤᠷᠯᠤᠰ ᠠᠴᠠ ᠡᠬᠦᠰᠦᠯᠳᠡᠢ ᠪᠠᠶᠢᠵᠤ᠂ ᠬᠤᠩᠭᠢᠷᠠᠳ | ᠂ ᠢᠬᠢᠷᠢᠰ᠂ ᠤᠯᠬᠤᠨᠤᠳ ᠵᠡᠷᠬᠡ ᠠᠶᠢᠮᠠᠭ ᠲᠠᠢ ᠢᠵᠭᠤᠷ ᠲᠡᠭᠡᠳᠦ ᠨᠢᠭᠡ ᠪᠤᠯᠬᠤᠷ ᠲᠠᠷᠯᠠᠬᠢᠨ ᠮᠤᠩᠭᠤᠯ ᠳᠤ | ᠪᠠᠭᠳᠠᠵᠤ᠂ ᠬᠦᠯᠦᠨ ᠪᠦᠢᠷ ᠤᠷᠴᠢᠮ ᠨᠡᠭᠦᠳᠡᠯᠯᠡᠨ ᠠᠮᠢᠳᠤᠷᠠᠵᠤ ᠦᠶ᠎ᠡ ᠲᠠᠮᠵᠢᠨ ᠬᠢᠶᠠᠨ ᠠᠶᠢᠮᠠᠭ ᠲᠠᠢ ᠬᠤᠳᠠ | ᠤᠷᠤᠭ ᠪᠤᠯᠳᠠᠭ ᠪᠠᠶᠢᠪᠠ᠃ ᠴᠢᠩᠭᠢᠰ ᠬᠠᠭᠠᠨ ᠤᠯᠤᠰ ᠪᠠᠶᠢᠭᠤᠯᠤᠭᠰᠠᠨ ᠤ ᠲᠠᠷᠠᠭ᠎ᠠ ᠭᠤᠷᠪᠠᠨ ᠮᠢᠩᠭᠠᠨ ᠡᠷᠦᠬᠡ | ᠭᠤᠷᠯᠤᠰ ᠬᠦᠮᠦᠨ ᠢ ᠦᠬᠡᠯᠦᠨ ᠡᠬᠡ ᠳᠤ ᠦᠮᠴᠢ ᠪᠤᠯᠭᠠᠨ ᠦᠭᠴᠦ᠂ ᠶᠤᠸᠠᠨ ᠤ ᠦᠶ᠎ᠡ ᠳᠤ ᠡᠳᠡᠭᠡᠷ ᠬᠦᠮᠦᠰ ᠨᠢ | ᠤᠳᠴᠢᠬᠢᠨ ᠨᠤᠶᠠᠨ ᠤ ᠬᠤᠶᠢᠴᠢᠰ ᠯᠢᠶᠤᠤ ᠸᠠᠩ ᠤᠨ ᠡᠵᠡᠮᠰᠢᠯ ᠳᠤ ᠪᠠᠶᠢᠪᠠ᠃ ᠴᠢᠩ ᠣᠯᠣᠰ ᠤᠨ ᠦᠶ᠎ᠠ ᠳᠤ | ᠭᠤᠷᠯᠣᠰ ᠢ ᠡᠮᠣᠨᠠᠳᠣ᠂ ᠬᠤᠶᠢᠳᠣ ᠬᠡᠮᠠᠨ ᠬᠤᠪᠢᠶᠠᠵᠠᠢ᠃ ᠬᠠᠷᠠᠮᠦ᠋ᠷᠠᠨ ᠮᠣᠵᠢ ᠶᠢᠨ ᠳ᠋ᠠᠴᠢᠩ ᠬᠤᠳᠠ ᠳᠤ ᠵᠣᠣ | ᠶᠣᠸᠠᠨ ᠰᠢᠶᠠᠨ ᠬᠡᠵᠣ ᠪᠠᠶᠢᠳᠠᠬ᠃ 1956 ᠣᠨ ᠳᠤ᠂ ᠬᠤᠶᠢᠳᠣ ᠭᠤᠷᠯᠣᠰ ᠨᠢ ᠵᠣᠣ ᠶᠤᠸᠠᠨ ᠰᠢᠶᠠᠨ ᠳᠤ | ᠬᠠᠷᠢᠶᠠᠯᠠᠬᠳᠠᠵᠣ᠂ ᠨᠣᠨ ᠠᠷᠪᠠᠨ ᠬᠤᠰᠢᠭᠤᠨ ᠤ ᠨᠢᠭᠡ ᠨᠢ ᠢᠡᠭᠬᠢᠵᠣ ᠲᠠᠣᠭᠡ ᠶᠢᠨ ᠬᠠᠭᠤᠳᠠᠰᠣᠨ ᠠᠴᠠ ᠠᠷᠢᠯᠵᠠᠢ᠃ | ᠡᠮᠣᠨᠠᠳᠣ ᠭᠤᠷᠯᠣᠰ ᠨᠢ ᠮᠣᠩᠭᠤᠯ ᠦᠠᠳᠣᠰᠣᠳᠠᠨ ᠤ ᠦᠪᠠᠷᠳᠠᠭᠡᠨ ᠵᠠᠰᠠᠬᠤ ᠰᠢᠶᠠᠨ ᠪᠠᠶᠢᠭᠤᠯᠵᠣ᠂ ᠬᠢᠷᠢᠨ ᠮᠣᠵᠢ ᠳᠤ | ᠬᠠᠷᠢᠶᠠᠯᠠᠬᠳᠠᠵᠠᠢ᠃ ᠴᠢᠩ ᠣᠯᠣᠰ ᠤᠨ ᠦᠶ᠎ᠠ ᠳᠤ᠂ ᠬᠤᠶᠠᠷ ᠭᠤᠷᠯᠣᠰ ᠨᠢ ᠵᠢᠷᠢᠮ ᠠᠶᠢᠮᠠᠬ ᠲᠤ ᠬᠠᠷᠢᠶᠠᠯᠬᠳᠠᠵᠣ᠂ | 1912 ᠣᠨ ᠳᠤ᠂ ᠬᠤᠶᠢᠳᠣ ᠭᠤᠷᠯᠣᠰ ᠨᠢ ᠬᠠᠷᠠᠮᠦ᠋ᠷᠠᠨ᠂ ᠡᠮᠣᠨᠠᠳᠣ ᠭᠤᠷᠯᠣᠰ ᠨᠢ ᠬᠢᠷᠢᠨ ᠮᠣᠵᠢ ᠳᠤ ᠪᠠᠭᠳᠠᠵᠠᠢ᠃ | ᠡᠮᠣᠨᠠᠳᠣ ᠭᠤᠷᠯᠣᠰ ᠤᠨ ᠬᠠᠮᠤᠬ ᠰᠠᠭᠦᠯᠴᠢ ᠶᠢᠨ ᠵᠠᠰᠠᠬ ᠸᠠᠩ ᠴᠢᠮᠠᠣᠠᠰᠠᠮᠫᠢᠯ ᠨᠢ ᠵᠢᠷᠢᠮ ᠠᠶᠢᠮᠠᠬ ᠤᠨ ᠠᠬᠠᠯᠠᠬᠴᠢ | ᠪᠠᠶᠢᠵᠠᠢ᠃ ᠣᠳᠣ ᠡᠮᠣᠨᠠᠳᠣ ᠭᠤᠷᠯᠣᠰ ᠨᠢ ᠬᠢᠷᠢᠨ ᠮᠣᠵᠢ ᠶᠢᠨ ᠰᠦᠡᠭ ᠶᠣᠸᠠᠨ ᠬᠤᠳᠠ ᠲᠠᠢ ᠭᠦᠷᠰᠢᠯᠠᠵᠣ᠂ ᠨᠢᠭᠡ | ᠵᠠᠭᠡᠯᠢ ᠪᠠᠷ ᠵᠠᠭᠠᠬ ᠱᠣᠭᠤᠮ ᠬᠤᠪᠢᠶᠠᠵᠣ ᠪᠠᠶᠢᠳᠠᠬ᠃ ᠡᠮᠣᠨ᠎ᠠ ᠭᠤᠷᠯᠣᠰ ᠶᠡᠭᠡ ᠵᠠᠭᠡᠯᠢ ᠶᠢᠨ ᠬᠤᠶᠢᠨ᠎ᠠ ᠲᠠᠯ᠎ᠠ ᠲᠤᠨᠢ | ᠮᠣᠩᠭᠤᠯ ᠫᠠᠶᠢᠰᠠ ᠢᠯᠠᠷᠭᠡᠶᠢᠯᠠᠯ ᠢᠯᠠ ᠲᠣᠳᠣ ᠪᠢᠴᠢᠭᠳᠡᠨ᠂ ᠡᠮᠣᠨ᠎ᠠ ᠲᠠᠯ᠎ᠠ ᠲᠤᠨᠢ ᠮᠣᠩᠭᠤᠯ ᠦᠰᠦᠭ ᠪᠢᠴᠢᠭ | ᠦᠭᠡᠢ᠃ ᠡᠨᠠ ᠨᠢ ᠰᠦᠡᠭ ᠶᠣᠸᠠᠨ ᠬᠤᠳᠠ ᠪᠣᠯᠣᠨ ᠡᠮᠣᠨᠠᠳᠣ ᠭᠤᠷᠯᠣᠰ ᠤᠨ ᠮᠣᠩᠭᠤᠯ ᠦᠠᠳᠣᠰᠣᠳᠠᠨ ᠤ | ᠦᠪᠠᠷᠳᠠᠭᠡᠨ ᠵᠠᠰᠠᠬᠤ ᠰᠢᠶᠠᠨ ᠢ ᠢᠯᠭᠠᠬᠤ ᠢᠮ ᠲᠠᠮᠳᠡᠭ ᠪᠣᠯᠵᠠᠢ᠃ | ᠲᠤᠰ ᠬᠤᠰᠢᠭᠤᠨ ᠤ ᠠᠩᠬ᠎ᠠ ᠵᠠᠰᠠᠭ ᠢ ᠤᠯᠤᠭᠰᠠᠨ ᠬᠦᠮᠦᠨ ᠪᠤᠯ ᠪᠤᠳᠢᠳᠠᠷ᠎ᠠ ᠨᠤᠶᠠᠨ ᠤ ᠶᠡᠭᠡ ᠬᠠᠳᠤᠨ ᠠᠴᠠ | ᠲᠦᠷᠦᠭᠰᠡᠨ ᠭᠤᠷᠪᠠᠳᠤᠭᠠᠷ ᠬᠦᠪᠡᠬᠦᠨ ᠤᠪᠠᠰᠢ ᠤᠳᠬᠤᠨ ᠨᠤᠶᠠᠨ ᠤ ᠠᠬᠠᠮᠠᠳ ᠬᠦᠪᠡᠬᠦᠨ ᠨᠡᠶᠢᠴᠢ ᠪᠤᠶᠠᠨᠳᠤ | ᠨᠤᠶᠠᠨ ᠤ ᠬᠤᠶᠠᠳᠤᠭᠠᠷ ᠬᠦᠪᠡᠬᠦᠨ ᠶᠤᠮ᠃ ᠲᠡᠭᠷᠢ ᠶᠢᠨ ᠰᠡᠴᠡᠨ ᠤ ᠲᠤᠯᠤᠳᠤᠭᠠᠷ ᠤᠨ ︵1633 ᠤᠨ︶ ᠳᠤ᠂ | ᠬᠦᠮᠦ ᠨᠤᠶᠠᠨ ᠠᠶᠢᠰᠢᠨ ᠭᠦᠷᠦᠨ ᠳᠤ ᠬᠦᠷᠴᠦ᠂ ᠬᠤᠩ ᠲᠠᠶᠢᠵᠢ ᠳᠤ ᠵᠤᠯᠭᠠᠵᠤ᠂ ᠲᠠᠷᠠᠭᠠᠴᠢ ᠪᠠᠷ ᠨᠢ ᠮᠢᠩ | ᠤᠯᠤᠰ ᠤᠨ ᠱᠦᠸᠧ ᠵᠸᠦ᠂ ᠢ ᠵᠸᠦ ᠶᠢ ᠲᠠᠶᠢᠯᠠᠵᠤ᠂ ᠸᠠᠷᠬᠠ ᠳᠤ ᠴᠡᠷᠢᠭᠯᠡᠬᠦ ᠳᠤ ᠬᠤᠰᠢᠭᠤᠴᠢᠯᠠᠪᠠ᠃ ᠲᠡᠭᠡᠳᠦ | ᠡᠷᠳᠡᠮᠳᠤ ᠶᠢᠨ ᠲᠡᠷᠢᠬᠦᠨ ᠤᠨ ᠳᠤ᠂ ᠤᠯᠤᠰ ᠲᠤᠷ ᠲᠤᠰᠠᠯᠠᠭᠴᠢ ᠬᠦᠩ ᠡᠷᠭᠦᠮᠵᠢᠯᠡᠭᠳᠡᠨ ᠦᠶ᠎ᠡ ᠤᠯᠠᠷᠢᠨ ᠲᠠᠰᠤᠷᠠᠯ | ᠦᠭᠡᠢ ᠵᠠᠯᠭᠠᠮᠵᠢᠯᠠᠬᠤ ᠰᠤᠶᠤᠷᠬᠠᠯ ᠬᠦᠷᠳᠡᠭᠡᠳ᠂ ᠡᠴᠢᠭᠡ ᠶᠢᠨ ᠢᠶᠠᠨ ᠦᠮᠴᠢᠨ ᠳᠤ ᠪᠠᠭᠳᠠᠭᠰᠠᠨ 2050 ᠡᠷᠦᠬᠡ᠂ | 505 ᠬᠤᠶᠠᠭ᠂ 41 ᠨᠢᠷᠤ ᠶᠢ ᠵᠠᠰᠠᠭᠯᠠᠭᠰᠠᠨ ᠬᠤᠰᠢᠭᠤᠨ ᠵᠠᠰᠠᠭ ᠪᠤᠯᠪᠠ᠃ ᠵᠠᠰᠠᠭ ᠨᠤᠶᠠᠳ ᠤᠨ ᠦᠶ᠎ᠡ | ᠵᠠᠯᠭᠠᠮᠵᠢ ᠬᠡᠮᠡᠪᠡᠰᠦ᠄ ᠬᠦᠮᠦ — ᠰᠠᠩᠭᠠᠷᠵᠠᠢ — ᠠᠩᠬ᠎ᠠ — ᠮᠠᠩᠰᠠ — ᠤᠷᠳᠤᠨᠠᠰᠤᠳᠤ — | ᠪᠢᠯᠢᠬᠦᠨ᠋ᠤᠴᠢᠷ — ᠴᠠᠭᠤᠨ — ᠲᠤᠭᠠᠷᠵᠠᠪ — ᠷᠠᠪᠳᠠᠨ — ᠭᠦᠩᠬᠡᠷᠡᠪᠳᠡᠨ — ᠡᠩᠬᠡᠪᠡᠪᠡᠢ — | ᠡᠩᠬᠡᠲᠤᠭᠳᠠᠭᠤ — ᠠᠯᠳ᠋ᠬᠤᠴᠢᠷ — ᠲᠦᠪ ᠦᠯᠵᠡᠶᠢᠳᠤ — ᠲᠦᠪ ᠦᠯᠵᠡᠶᠢᠳᠦ — ᠴᠢᠮᠡᠳᠰᠠᠮᠫᠢᠯ | ᠪᠣᠯᠠᠢ᠃ ᠲᠤᠰ ᠬᠤᠰᠢᠭᠤᠨ ᠤ ᠢᠵᠠᠭᠤᠷᠳᠠᠳ ᠤᠨ ᠲᠤᠲᠤᠷ᠎ᠠ ᠨᠢᠭᠡᠨ ᠨᠢᠭᠡᠳᠦᠭᠡᠷ ᠵᠡᠷᠬᠡ ᠶᠢᠨ ᠲᠠᠶᠢᠵᠢ ᠶᠢᠨ ᠬᠡᠷᠬᠡᠮ | ᠴᠢᠩ ᠤᠨ ᠰᠡᠭᠦᠯᠴᠢ ᠪᠤᠯᠳᠠᠯ᠎ᠠ ᠲᠠᠰᠤᠷᠠᠯ ᠦᠭᠡᠢ ᠵᠠᠯᠭᠠᠮᠵᠢᠯᠠᠭᠳᠠᠪᠠ᠃ ᠭᠤᠷᠯᠤᠰ ᠡᠮᠦᠨᠡᠳᠦ ᠬᠤᠰᠢᠭᠤ ᠨᠢ | ᠵᠢᠷᠢᠮ ᠤᠨ ᠴᠢᠭᠤᠯᠭᠠᠨ ᠤ ᠵᠡᠬᠦᠨ ᠵᠠᠬ᠎ᠠ᠂ ᠰᠤᠩᠭᠠᠷᠢ ᠮᠦᠷᠡᠨ ᠤ ᠬᠤᠶᠠᠷ ᠬᠦᠪᠡᠭᠡ ᠳᠤ ᠪᠠᠶᠢᠷᠢᠰᠢᠵᠤ᠂ ᠨᠤᠨ | ᠮᠦᠷᠡᠨ᠂ ᠰᠤᠩᠭᠠᠷᠢ ᠮᠦᠷᠡᠨ ᠤ ᠲᠠᠯ᠎ᠠ ᠭᠠᠵᠠᠷ ᠤᠨ ᠭᠤᠤᠯ ᠢ ᠡᠵᠡᠯᠡᠵᠡᠢ᠃ ᠬᠤᠰᠢᠭᠤᠨ ᠤ ᠵᠡᠬᠦᠨ ᠵᠠᠬ᠎ᠠ ᠨᠢ ᠨᠤᠨ | ᠮᠦᠷᠡᠨ᠂ ᠰᠤᠩᠭᠠᠷᠢ ᠮᠦᠷᠡᠨ ᠤ ᠠᠭᠤᠯᠵᠠᠷ ᠠᠴᠠ ᠪᠠᠷᠠᠭᠤᠨ ᠬᠦᠪᠡᠭᠡ ᠶᠢ ᠲᠠᠭᠠᠨ ᠡᠮᠦᠨᠡᠰᠢᠯᠡᠵᠤ ᠪᠤᠷᠭᠠᠰᠤᠨ | ᠬᠡᠷᠡᠮ ᠤᠨ ᠡᠴᠦᠰ ᠴᠡᠭ ᠪᠠᠳᠬ᠎ᠠ ᠬᠠᠭᠠᠯᠭ᠎ᠠ ᠬᠦᠷᠴᠦ᠂ ᠬᠤᠶᠢᠳᠣ ᠲᠠᠯ᠎ᠠ ᠪᠠᠷ ᠢᠶᠠᠨ ᠵᠠᠯᠠᠶᠢᠳ ᠬᠤᠰᠢᠭᠤ ᠪᠠ | ᠬᠤᠷᠴᠢᠨ ᠪᠠᠷᠠᠭᠤᠨ ᠭᠠᠷᠤᠨ ᠬᠤᠶᠢᠳᠤ ᠬᠤᠰᠢᠭᠤ ᠲᠠᠢ ᠬᠤᠯᠪᠤᠯᠳᠤᠨ᠂ ᠪᠠᠷᠠᠭᠤᠨ ᠡᠮᠦᠨᠡᠭᠦᠷ ᠢᠶᠠᠨ ᠬᠤᠷᠴᠢᠨ ᠵᠡᠬᠦᠨ | ᠭᠠᠷᠤᠨ ᠲᠤᠮᠳᠠᠳᠤ ᠬᠤᠰᠢᠭᠤ ᠲᠠᠢ ᠵᠠᠬ᠎ᠠ ᠨᠡᠶᠢᠯᠡᠭᠡᠳ᠂ ᠪᠠᠷᠠᠭᠤᠨ ᠬᠤᠶᠢᠳᠣ ᠲᠠᠯ᠎ᠠ ᠪᠠᠷ ᠢᠶᠠᠨ ᠬᠤᠷᠴᠢᠨ ᠪᠠᠷᠠᠭᠤᠨ | ᠭᠠᠷᠤᠨ ᠡᠮᠦᠨᠡᠳᠦ ᠬᠤᠰᠢᠭᠤ ᠲᠠᠢ ᠬᠦᠷᠰᠢᠯᠡᠳᠡᠭ᠃ ᠬᠤᠰᠢᠭᠤᠨ ᠵᠠᠰᠠᠭ ᠨᠢ ᠭᠤᠷᠪᠠᠨ ᠴᠠᠭᠠᠨ ︵ᠭᠤᠷᠪᠠᠨ ᠲᠤᠯᠤᠭᠠᠢ | ᠴᠦ ᠭᠡᠳᠡᠭ︶ ᠳᠤ ᠰᠠᠭᠤᠵᠤ᠂ ᠪᠠᠶᠠᠰᠬᠤᠯᠠᠩ ᠬᠠᠳᠠᠳᠤ ᠬᠠᠭᠠᠯᠭ᠎ᠠ ᠠᠴᠠ 1480 ᠭᠠᠵᠠᠷ ᠵᠠᠶᠢᠳᠠᠢ᠃ ᠲᠤᠰ | ᠬᠤᠰᠢᠭᠤᠨ ᠳᠤ 23 ᠰᠤᠮᠤ ᠲᠠᠢ ᠪᠠᠶᠢᠪᠠ᠃ | ᠲᠥᠷᠪᠡᠳ ᠭᠤᠷᠯᠤᠰ ᠤᠨ ᠬᠥᠮᠥᠨ ᠠᠮᠠ ᠬᠢᠭᠡᠳ ᠰᠤᠶᠤᠯ ᠢᠷᠭᠡᠨᠰᠢᠯ | ᠲᠦᠷᠪᠠᠣᠨ ᠨᠣᠳᠤᠬ ᠤᠨ ᠮᠣᠩᠭᠤᠯᠴᠣᠣᠨ ᠠᠷᠠᠢ 5 ᠲᠦᠮᠠ ᠳᠤ ᠭᠦᠷᠭᠦ ᠦᠭᠡᠢ᠂ ᠶᠠᠭᠠᠬᠢᠭᠠᠳ ᠬᠥᠮᠥᠨ ᠠᠮᠠ | ᠲᠤᠭ᠎ᠠ ᠪᠠᠭᠠᠰᠪᠠ ᠭᠡᠪᠡᠯ ᠤᠢᠢᠷ᠎ᠠ ᠥᠶ᠎ᠡ ᠶᠢᠨ ᠲᠡᠤᠬᠡᠨ ᠠᠴᠠ ᠨᠠᠰᠢᠬᠢ ᠲᠥᠷᠪᠡ ᠤᠳᠠᠭᠠᠨ ᠤ ᠨᠡᠭᠦᠳᠡᠯ ᠲᠠᠢ | ᠬᠠᠮᠢᠶ᠎ᠠ ᠲᠠᠢ ᠭᠡᠵᠤ ᠡᠷᠳᠡᠮᠳᠡᠳ ᠪᠠ ᠨᠤᠳᠤᠭ ᠤᠨ ᠪᠤᠭᠤᠷᠤᠯᠴᠤᠳ ᠥᠵᠡᠵᠤ ᠪᠠᠶᠢᠨ᠎ᠠ᠃ ᠲᠦᠷᠣᠭᠦᠣ ᠣᠳᠠᠭ᠎ᠠ ᠨᠢ᠂ | ᠪᠠᠳᠠᠷᠠᠯᠳᠣ ᠲᠦᠷᠣ ᠶᠢᠨ ᠰᠠᠭᠦᠯᠴᠢ ᠶᠢᠨ ᠦᠶ᠎ᠠ ᠪᠠᠷ᠂ ᠲᠦᠷᠪᠠᠣᠨ ᠨᠣᠳᠤᠬ ᠲᠤ ᠠᠳᠠᠷ ᠬᠠᠭᠠᠯᠪᠣᠷᠢᠯᠠᠬᠤ ᠬᠠᠯᠠᠭᠤᠷᠠᠯ | ᠪᠤᠯᠵᠤ᠂ ᠬᠢᠳᠠᠣᠨ ᠢᠷᠭᠡᠣᠨ ᠰᠢᠬᠠᠯᠳᠣᠨ ᠢᠷᠠᠵᠣ ᠲᠠᠷᠢᠶᠠᠯᠠᠭᠠᠳ᠂ ᠮᠠᠯᠴᠢᠨ ᠤᠨ ᠭᠠᠵᠠᠷ ᠨᠣᠳᠤᠬ ᠪᠠᠭᠠᠰᠴᠤ | ᠭᠠᠶᠢᠯᠢ ᠲᠠᠳᠠᠪᠣᠷᠢ ᠭᠦᠠᠳᠣᠷᠡᠭᠰᠡᠨ ᠠᠴᠠ ᠠᠮᠢᠳᠣᠷᠠᠬᠤ ᠶᠢᠨ ᠠᠷᠭ᠎ᠠ ᠦᠭᠡᠢ ᠪᠣᠯᠵᠣ᠂ ᠦᠪᠣᠷ ᠮᠣᠩᠭᠤᠯ ᠤᠨ ᠡᠯ᠎ᠠ | ᠬᠤᠰᠢᠭᠤᠨ ᠳᠤ ᠨᠠᠭᠦᠨ ᠶᠠᠪᠣᠵᠠᠢ ᠭᠡᠨ᠎ᠡ᠃ ᠬᠤᠶᠠᠳᠣᠭᠠᠷ ᠣᠳᠠᠭ᠎ᠠ ᠨᠢ᠂ ᠬᠠᠭᠤᠷᠮᠠᠬ ᠮᠠᠠᠵᠣ ᠣᠯᠣᠰ ᠤᠨ ᠦᠶ᠎ᠠ ᠳᠤ | ᠂ ᠶᠠᠫᠣᠨ ᠡᠵᠡᠷᠭᠡᠭ ᠲᠦᠷᠢᠮᠡᠭᠡᠶᠢᠳᠠᠨ ᠵᠠᠭᠦᠨ ᠬᠤᠶᠢᠳᠣ ᠣᠷᠣᠨ ᠢ ᠲᠦᠷᠢᠮᠠᠭᠡᠶᠢᠯᠠᠵᠣ᠂ ᠮᠣᠩᠭᠤᠯᠴᠣᠣᠨ ᠭᠠᠯ | ᠣᠰᠣᠨ ᠤ ᠵᠣᠪᠠᠯᠠᠩ ᠳᠤ ᠣᠴᠠᠷᠠᠵᠣ᠂ ᠲᠦᠷᠪᠠᠨ ᠲᠠᠰᠢ ᠵᠠᠶᠢᠯᠠᠨ ᠲᠦᠷᠪᠠᠵᠠᠢ᠃ ᠭᠤᠷᠪᠠᠳᠣᠭᠠᠷ ᠣᠳᠠᠭ᠎ᠠ ᠨᠢ᠂ | ᠴᠢᠯᠣᠭᠡᠯᠡᠭᠳᠡᠬᠦ ᠠᠴᠠ ᠡᠮᠥᠨ᠎ᠡ ᠠᠳᠡᠬᠢ ᠮᠣᠩᠭᠤᠯᠴᠣᠣᠨ ᠤᠨ ᠰᠠᠣᠠᠬᠢᠯ ᠰᠠᠨᠠᠭ᠎ᠠ ᠲᠣᠬᠳᠠᠪᠣᠷᠢ ᠦᠭᠡᠢ ᠪᠣᠯᠵᠣ᠂ | ᠴᠢᠯᠣᠭᠡᠯᠡᠭᠳᠡᠭᠰᠡᠨ ᠣᠷᠣᠨ ᠦᠪᠣᠷ ᠮᠣᠩᠭᠤᠯ ᠢ ᠵᠣᠷᠢᠵᠠᠢ᠃ 1946 ᠣᠨ ᠳᠤ ᠲᠦᠷᠪᠠᠣᠨ ᠬᠤᠰᠢᠭᠤᠨ ᠳᠤ | ᠮᠣᠩᠭᠤᠯ ᠦᠠᠳᠣᠰᠣᠳᠠᠨ 23323 ᠪᠠᠶᠢᠬᠰᠠᠨ ᠠᠴᠠ ᠪᠠᠨ 1947 ᠣᠨ ᠪᠣᠯᠬᠤ ᠳᠤ 12296 ᠭᠦᠮᠣᠨ ᠪᠣᠯᠣᠨ | ᠪᠠᠭᠠᠰᠴᠠᠢ᠃ ᠲᠦᠷᠪᠠᠳᠣᠭᠡᠷ ᠣᠳᠠᠭ᠎ᠠ ᠨᠢ᠂ 1960 ᠣᠨ ᠠᠴᠠ ᠡᠬᠢᠯᠡᠭᠰᠡᠨ ᠮᠠᠨ ᠤ ᠣᠯᠣᠰ 3 ᠵᠢᠯ ᠤᠨ | ᠪᠠᠶᠢᠭᠠᠯᠢ ᠶᠢᠨ ᠭᠠᠮᠰᠢᠬ ᠲᠤ ᠲᠠᠭᠠᠷᠢᠬᠳᠠᠭᠰᠠᠨ ᠤ ᠲᠠᠷᠠᠭ᠎ᠠ᠂ ᠢᠳᠠᠭᠦ ᠪᠣᠳᠠᠭ᠎ᠠ ᠳᠠᠭᠠᠨ ᠵᠥᠪ ᠦᠭᠡᠢ ᠪᠤᠯᠤᠭᠰᠠᠨ | ᠲᠦᠷᠪᠠᠣᠨ ᠮᠣᠩᠭᠤᠯᠴᠣᠣᠨ ᠠᠮᠢ ᠵᠢᠭᠤᠬᠤ ᠪᠠᠷ ᠲᠦᠷᠪᠠᠨ ᠲᠠᠰᠢ ᠪᠣᠳᠠᠷᠠᠨ ᠰᠠᠯᠵᠠᠢ᠃ 1959 ᠣᠨ ᠳᠤ | ᠲᠦᠷᠪᠠᠨ ᠬᠤᠰᠢᠭᠤᠨ ᠤ ᠮᠣᠩᠭᠤᠯᠴᠣᠣᠨ 16748 ᠪᠠᠶᠢᠬᠰᠠᠨ ᠠᠴᠠ ᠪᠠᠨ 1960 ᠣᠨ ᠪᠣᠯᠬᠤ ᠳᠤ 14807 | ᠭᠦᠮᠣᠨ ᠪᠣᠯᠣᠨ ᠪᠠᠭᠠᠰᠪᠠ᠃ 1956 ᠣᠨ ᠳᠤ ᠲᠦᠷᠪᠠᠣᠨ ᠤᠨ ᠮᠣᠩᠭᠤᠯ ᠦᠠᠳᠣᠰᠣᠳᠠᠨ ᠤ ᠦᠪᠠᠷᠳᠠᠭᠡᠨ | ᠵᠠᠰᠠᠬᠤ ᠰᠢᠶᠠᠨ ᠪᠠᠶᠢᠭᠤᠯᠣᠬᠳᠠᠬᠤ ᠦᠶ᠎ᠠ ᠳᠤ ᠮᠣᠩᠭᠤᠯ ᠦᠠᠳᠣᠰᠣᠳᠠᠨ ᠠᠷᠠᠢ ᠯᠠ 16.6% ᠶᠢ ᠡᠵᠠᠯᠠᠵᠠᠢ᠃ | ᠣᠳᠣ ᠪᠣᠯᠬᠤ ᠳᠤ ᠲᠦᠷᠪᠠᠣᠨ ᠤᠨ ᠮᠣᠩᠭᠤᠯ ᠦᠠᠳᠣᠰᠣᠳᠠᠨ ᠪᠦᠭᠦ ᠭᠦᠮᠣᠨ ᠠᠮᠠ ᠶᠢᠨ 18% ᠢ ᠡᠵᠡᠯᠡᠳᠡᠭ᠃ | ᠲᠦᠷᠪᠠᠣᠨ ᠤᠨ ᠰᠣᠶᠣᠯ ᠰᠣᠷᠭᠠᠨ ᠭᠦᠮᠣᠵᠢᠯ ᠢ ᠲᠣᠷᠠᠣᠠᠬᠤ ᠳᠤ ᠦᠯᠠᠮᠵᠢ ᠲᠠᠭᠦᠰ ᠪᠠᠶᠠᠰᠬᠤᠯᠡᠭᠳᠦ ᠴᠠᠭᠠᠨ | ᠬᠡᠶᠢᠣᠨ ᠠᠴᠠ ᠡᠰᠢᠯᠠᠭᠦ ᠣᠴᠢᠷᠳᠠᠢ᠃ ᠴᠢᠩ ᠣᠯᠣᠰ ᠤᠨ ᠦᠶ᠎ᠠ ᠳᠤ᠂ ᠪᠣᠷᠬᠠᠨ ᠤ ᠱᠠᠰᠢᠨ ᠦᠷᠭᠡᠨ ᠢᠶᠠᠷ | ᠲᠠᠯᠭᠡᠷᠠᠵᠣ᠂ 1684 ᠣᠨ ᠳᠤ ᠲᠦᠷᠪᠠᠣᠨ ᠬᠤᠰᠢᠭᠤᠨ ᠰᠦᠮ᠎ᠠ ᠦᠯᠠᠮᠵᠢ ᠲᠠᠭᠦᠰ ᠪᠠᠶᠠᠰᠬᠤᠯᠡᠭᠳᠦ ᠴᠠᠭᠠᠨ | ᠬᠡᠶᠢᠣᠨ ᠪᠠᠶᠢᠭᠤᠯᠣᠬᠳᠠᠵᠠᠢ᠃ ᠴᠢᠩ ᠣᠯᠣᠰ ᠤᠨ ᠲᠣᠮᠳᠠᠴᠢ ᠪᠠᠷ᠂ ᠦᠯᠠᠮᠵᠢ ᠲᠠᠭᠦᠰ ᠪᠠᠶᠠᠰᠬᠤᠯᠡᠭᠳᠦ ᠴᠠᠭᠠᠨ | ᠬᠡᠶᠢᠣᠨ ᠨᠢ ᠪᠠᠳᠠᠷᠠᠨ ᠭᠦᠭᠵᠢᠵᠣ᠂ 200 ᠭᠠᠷᠣᠢ ᠯᠠᠮᠠ ᠮᠣᠩᠭᠤᠯ ᠲᠦᠪᠠᠣᠨ ᠨᠣᠮ ᠣᠡᠭᠰᠢᠵᠣ ᠪᠠᠶᠢᠵᠠᠢ᠃ | ᠦᠯᠠᠮᠵᠢ ᠲᠠᠭᠦᠰ ᠪᠠᠶᠠᠰᠬᠤᠯᠡᠭᠳᠦ ᠴᠠᠭᠠᠨ ᠬᠡᠶᠢᠣᠨ ᠤᠨ ᠯᠠᠮᠠ ᠪᠣᠯ ᠲᠦᠷᠪᠠᠣᠨ ᠬᠤᠰᠢᠭᠤᠨ ᠤ ᠮᠣᠩᠭᠤᠯ ᠦᠭᠡ | ᠬᠡᠯᠡ ᠶᠢ ᠰᠣᠷᠴᠣ ᠣᠯᠠᠮᠵᠢᠯᠠᠬᠰᠠᠨ ᠬᠤᠰᠢᠭᠤᠴᠢ ᠭᠦᠮᠣᠰ ᠪᠣᠯᠣᠨ᠎ᠠ᠃ ᠮᠢᠩ ᠤᠨ ᠰᠠᠭᠦᠯᠴᠢ ᠠᠴᠠ ᠴᠢᠩ ᠤᠨ | ᠲᠣᠮᠳᠠᠴᠢ ᠪᠣᠯᠳᠠᠯ᠎ᠠ᠂ ᠲᠦᠷᠪᠠᠣᠨ ᠬᠤᠰᠢᠭᠤ ᠨᠢ ᠰᠦᠮ᠎ᠠ ᠬᠡᠶᠢᠣᠨ ᠤᠨ ᠯᠠᠮᠠ ᠠᠴᠠ ᠡᠷᠳᠠᠮ ᠰᠣᠷᠬᠤ ᠪᠣᠯᠣᠨ | ᠡᠴᠢᠭᠡ ᠨᠢ ᠭᠦᠪᠡᠭᠦᠨ ᠳᠡᠭᠡᠨ ᠡᠷᠳᠠᠮ ᠣᠯᠠᠮᠵᠢᠯᠠᠬᠤ ᠬᠡᠯᠪᠡᠷᠢ ᠪᠠᠷ ᠮᠣᠩᠭᠤᠯ ᠪᠢᠴᠢᠭ ᠢ ᠵᠢᠭᠠᠵᠣ ᠪᠠᠶᠢᠵᠠᠢ᠃ | ᠴᠢᠩ ᠤᠨ ᠰᠠᠭᠦᠯᠴᠢ ᠪᠠᠷ᠂ ᠴᠢᠩ ᠢ ᠡᠰᠠᠷᠭᠦᠴᠠᠵᠣ ᠢᠯᠠᠬᠳᠠᠬᠰᠠᠨ ᠨᠢᠭᠡ ᠪᠦᠯᠦᠭ ᠲᠦᠮᠠᠣᠨ ᠵᠠᠭᠦᠨ ᠬᠤᠰᠢᠭᠤ᠂ | ᠲᠦᠮᠠᠣᠨ ᠪᠠᠷᠠᠭᠤᠨ ᠬᠤᠰᠢᠭᠤ᠂ ᠬᠠᠷᠠᠴᠢᠨ ᠤ ᠭᠦᠮᠣᠰ ᠲᠦᠷᠪᠠᠣᠨ ᠲᠤ ᠣᠷᠭᠤᠨ ᠢᠷᠠᠵᠣ᠂ ᠯᠢᠶᠣᠣ ᠡ᠊ ᡁᠧ᠂ ᠶᠡᠭᠡ | ᠯᠢᠩ ᠡ᠊ ᡁᠧ ᠶᠢᠨ ᠰᠠᠪᠠ ᠭᠠᠵᠠᠷ ᠤᠨ ᠲᠠᠷᠢᠭᠦᠨ ᠤ ᠮᠣᠩᠭᠤᠯ ᠰᠣᠶᠣᠯ ᠢ ᠲᠠᠭᠠᠭᠤᠯᠣᠨ ᠠᠪᠴᠢᠷᠠᠵᠣ᠂ ᠲᠦᠷᠪᠠᠣᠨ | ᠬᠤᠰᠢᠭᠤᠨ ᠤ ᠰᠣᠶᠣᠯ ᠤᠨ ᠨᠠᠷᠠᠳᠣ ᠭᠦᠮᠣᠰ ᠪᠤᠢ ᠪᠣᠯᠵᠠᠢ᠃ ᠪᠦᠷᠢᠨ ᠵᠠᠰᠠᠬᠴᠢ ᠶᠢᠨ ᠦᠶ᠎ᠠ ᠳᠤ᠂ ᠲᠦᠷᠪᠠᠣᠨ | ᠬᠤᠰᠢᠭᠤᠨ ᠤ ᠸᠠᠩ ᠭᠦᠡᠭ ᠲᠠᠶᠢᠵᠢ ᠨᠠᠷ ᠲᠦᠮᠠᠣᠨ᠂ ᠬᠠᠷᠠᠴᠢᠨ ᠭᠦᠮᠣᠰ ᠢ ᠪᠠᠭᠰᠢ ᠪᠠᠷᠢᠵᠣ᠂ ᠦᠷ᠎ᠠ | ᠬᠡᠣᠬᠡᠣᠨ ᠲᠡᠭᠡᠨ ᠪᠢᠴᠢᠭ ᠵᠢᠭᠠᠯᠭᠠᠵᠣ ᠪᠠᠶᠢᠵᠠᠢ᠃ ᠪᠠᠳᠠᠷᠠᠯᠳᠣ ᠲᠦᠷᠣ ᠶᠢᠨ ᠦᠶ᠎ᠠ ᠶᠢᠨ ᠲᠦᠷᠪᠠᠣᠨ ᠬᠤᠰᠢᠭᠤ ᠨᠢ | 3 ᠣᠯᠠᠭ᠎ᠠ ᠦᠷᠳᠡᠭᠡ ᠪᠣᠯᠣᠨ ᠳᠠᠩᠬᠠᠢ ᠲᠣᠰᠬᠤᠨ ᠳᠤ ᠰᠣᠷᠭᠠᠭᠤᠯᠢ ᠪᠠᠶᠢᠭᠤᠯᠵᠠᠢ᠃ ᠢᠷᠭᠡᠨ ᠣᠯᠣᠰ ᠤᠨ | ᠦᠶ᠎ᠠ ᠳᠤ᠂ ᠭᠡᠷ ᠤᠨ ᠰᠣᠷᠭᠠᠭᠤᠯᠢ ᠪᠣᠯᠣᠨ ᠠᠯᠪᠠᠨ ᠤ ᠰᠣᠷᠭᠠᠭᠤᠯᠢ ᠪᠠᠶᠢᠭᠤᠯᠵᠣ ᠡᠬᠢᠯᠠᠵᠠᠢ᠃ ᠰᠢᠨ᠎ᠠ ᠲᠣᠮᠳᠠᠳᠣ | ᠣᠯᠣᠰ ᠪᠠᠶᠢᠭᠤᠯᠣᠬᠳᠠᠬᠤ ᠳᠤ᠂ ᠲᠦᠷᠪᠠᠣᠨ ᠬᠤᠰᠢᠭᠤ ᠨᠢ ᠮᠣᠩᠭᠤᠯ ᠦᠠᠳᠣᠰᠣᠳᠠᠨ ᠤ ᠰᠣᠷᠭᠠᠭᠤᠯᠢ ᠶᠢ | ᠪᠠᠶᠢᠭᠤᠯᠵᠣ᠂ 1980 ᠣᠨ ᠪᠣᠯᠬᠤ ᠳᠤ ᠮᠣᠩᠭᠤᠯ ᠦᠠᠳᠣᠰᠣᠳᠠᠨ ᠤ ᠪᠠᠭ᠎ᠠ ᠰᠣᠷᠭᠠᠭᠤᠯᠢ 47 ᠪᠠᠶᠢᠭᠤᠯᠣᠬᠳᠠᠵᠣ᠂ | 3611 ᠰᠣᠷᠣᠬᠴᠢ ᠲᠠᠢ ᠪᠣᠯᠵᠠᠢ᠃ | ᠭᠤᠷᠯᠣᠰ ᠨᠣᠳᠤᠬ ᠬᠡᠭᠦ ᠲᠠᠢ ᠵᠠᠷᠭᠡ ︽ᠲᠣᠬᠳᠠᠬᠤ ᠪᠠᠭᠠᠳᠣᠷ︾ ᠤᠨ ᠲᠠᠭᠤᠣ ᠪᠣᠳᠣᠬᠳᠠᠨ᠎ᠠ᠃ ᠲᠣᠬᠳᠠᠬᠤ | ᠪᠠᠭᠠᠳᠣᠷ ᠴᠢᠩ ᠣᠯᠣᠰ ᠤᠨ ᠪᠦᠷᠢᠨ ᠵᠠᠰᠠᠬᠳᠣ ᠶᠢᠨ ᠲᠦᠷᠪᠠᠳᠣᠭᠡᠷ ᠣᠨ ᠳᠤ ᠭᠤᠷᠯᠣᠰ ᠬᠤᠰᠢᠭᠤᠨ ᠤ ᠲᠠᠬᠤ ᠶᠢᠨ | ᠬᠤᠳᠠ ᠶᠢᠨ ᠭᠤᠷᠪᠠᠨ ᠭᠡᠷ ᠤᠨ ᠬᠤᠬ ᠲᠠᠶᠢᠵᠢ ᠡᠩᠭᠡᠪᠢᠯᠢᠭᠳᠦ ᠶᠢᠨ ᠭᠡᠷ ᠲᠤ ᠲᠦᠷᠣᠵᠠᠢ᠃ ᠪᠠᠳᠠᠷᠠᠯᠳᠣ ᠲᠦᠷᠣ ᠶᠢᠨ | ᠬᠤᠷᠢᠨ ᠭᠤᠷᠪᠠᠳᠣᠭᠠᠷ ᠣᠨ ᠳᠤ᠂ ᠡᠮᠣᠨᠠᠳᠣ ᠭᠤᠷᠯᠣᠰ ᠤᠨ ᠵᠠᠰᠠᠬ ᠸᠠᠩ ᠴᠢᠮᠠᠣᠠᠰᠠᠮᠫᠢᠯ ᠠᠳᠠᠷ ᠬᠠᠭᠠᠯᠪᠣᠷᠢᠯᠠᠬᠤ ᠶᠢ | ᠲᠠᠮᠵᠢᠵᠣ᠂ ᠵᠢᠷᠢᠮ ᠠᠶᠢᠮᠠᠬ ᠤᠨ ᠠᠬᠠᠯᠠᠬᠴᠢ ᠰᠠᠭᠤᠵᠣ᠂ ᠲᠠᠬᠤ ᠬᠤᠳᠠ ᠵᠠᠷᠭᠡ ᠭᠠᠵᠠᠷ ᠢᠶᠠᠷ ᠠᠳᠠᠷ | ᠬᠠᠭᠠᠯᠠᠪᠣᠷᠢᠯᠠᠬᠤ ᠨᠢ ᠬᠡᠴᠠᠭᠦᠳᠡᠵᠣ᠂ ᠦᠷᠭᠡᠨ ᠣᠯᠠᠨ ᠮᠠᠯᠴᠢᠣᠨ ᠠᠮᠢᠳᠣᠷᠠᠬᠤ ᠶᠢᠨ ᠠᠷᠭ᠎ᠠ ᠦᠭᠡᠢ ᠪᠣᠯᠵᠠᠢ᠃ | ᠲᠠᠬᠤ ᠨᠣᠳᠤᠬ ᠤᠨ ᠲᠠᠶᠢᠵᠢ ᠮᠣᠬᠤᠯᠠᠢ ᠳᠠ᠂ ᠲᠠᠬᠤ ᠨᠣᠳᠤᠬ ᠤᠨ ᠬᠤᠬ ᠲᠠᠶᠢᠵᠢ ᠬᠤᠢ ᠴᠡᠷᠢᠭ ᠤᠨ ᠲᠦᠷᠣᠭᠦᠣ | ᠲᠣᠬᠳᠠᠬᠤ ᠠᠳᠠᠷ ᠬᠠᠭᠠᠯᠪᠣᠷᠢᠯᠠᠬᠤ ᠶᠢ ᠵᠣᠬᠰᠣᠭᠠᠬᠤ ᠡᠷᠭᠦᠳᠠᠯ ᠪᠢᠴᠢᠵᠠᠢ᠃ ᠡᠷᠭᠦᠳᠠᠯ ᠪᠢᠴᠢᠭ ᠨᠢ ᠦᠨᠠᠨ ᠢᠶᠠᠨ | ᠣᠯᠣᠬᠰᠠᠨ ᠦᠭᠡᠢ ᠪᠦᠭᠡᠣᠨ ᠲᠣᠬᠳᠠᠬᠤ ᠶᠢ 50 ᠮᠣᠳᠣ ᠵᠠᠠᠴᠢᠵᠣ᠂ ᠸᠠᠩ ᠤᠨ ᠣᠷᠳᠣᠨ ᠠᠴᠠ ᠭᠦᠭᠡᠭᠡᠨ | ᠭᠠᠷᠭᠠᠵᠠᠢ᠃ 19 ᠳ᠋ᠦ᠋ᠭᠡᠷ ᠵᠠᠭᠤᠨ ᠤ ᠰᠠᠭᠦᠯᠴᠢ᠂ 20 ᠳ᠋ᠤᠭᠠᠷ ᠵᠠᠭᠤᠨ ᠤ ᠡᠬᠢᠨ ᠤ ᠦᠶ᠎ᠠ ᠶᠢᠨ ᠴᠢᠩ ᠤᠨ | ᠲᠦᠷᠣ ᠨᠢ ᠬᠠᠷᠠᠩᠭᠤᠢ ᠶᠢᠨ ᠲᠦᠢᠯ ᠳᠤ ᠲᠣᠯᠵᠠᠢ᠃ ᠭᠤᠷᠯᠣᠰ ᠤᠨ ᠸᠠᠩ ᠭᠦᠡᠭ ᠢᠯᠵᠢᠷᠠᠨ ᠲᠣᠷᠦ᠋ᠢᠳᠠᠵᠣ᠂ | ᠬᠤᠰᠢᠭᠤ ᠨᠣᠳᠤᠬ ᠢᠶᠠᠨ ᠬᠤᠳᠠᠯᠳᠣᠨ ᠠᠷᠠᠣᠨ ᠢᠷᠭᠡᠣᠨ ᠭᠠᠰᠠᠯᠠᠩ ᠤᠨ ᠲᠠᠯᠠᠢ ᠳᠤ ᠣᠨᠠᠵᠠᠢ᠃ ᠬᠤᠯᠠᠭᠠᠢ ᠲᠠᠭᠡᠷᠠᠮ | ᠠᠷᠠᠣᠨ ᠢ ᠵᠣᠪᠠᠭᠠᠨ᠂ ᠨᠣᠶᠠᠣᠨ ᠬᠤᠯᠠᠭᠠᠢ ᠨᠢᠭᠡᠨ ᠭᠡᠷ ᠪᠣᠯᠵᠣ᠂ ᠠᠷᠠᠣᠨ ᠢᠷᠭᠡᠣᠨ ᠨᠣᠳᠤᠬ ᠣᠰᠣᠨ ᠢᠶᠠᠨ | ᠠᠯᠳᠠᠵᠣ᠂ ᠦᠯᠣᠰᠴᠣ ᠲᠠᠭᠠᠷᠠᠬᠤ ᠲᠡᠪᠬᠤᠴᠠᠬᠰᠠᠨ ᠤ ᠲᠠᠭᠡᠷ᠎ᠠ ᠬᠠᠷᠢ ᠶᠢᠨ ᠲᠠᠶᠢᠰᠣᠨ ᠲᠦᠷᠢᠮᠠᠭᠡᠶᠢᠯᠠᠨ ᠣᠷᠣᠵᠣ | ᠢᠷᠠᠵᠠᠢ᠃ ᠡᠷᠭᠦᠳᠠᠯ ᠪᠢᠴᠢᠵᠣ ᠦᠨᠠᠨ ᠢᠶᠠᠨ ᠣᠯᠣᠬᠰᠠᠨ ᠦᠭᠡᠢ ᠲᠣᠬᠳᠠᠬᠤ ᠪᠠᠭᠠᠳᠣᠷ ᠠᠭᠤᠷ ᠬᠢᠯᠢᠩ ᠨᠢ | ᠣᠬᠳᠠᠷᠠᠭᠤᠢ ᠳᠤ ᠲᠣᠯᠵᠣ᠂ ᠦᠢ ᠣᠯᠠᠨ ᠮᠣᠩᠭᠤᠯᠴᠣᠣᠨ ᠤᠨ ᠢᠶᠠᠨ ᠡᠮᠣᠨ᠎ᠠ ᠠᠴᠠ ᠵᠡᠪᠰᠡᠭ ᠠᠣᠠᠬᠤᠨ ᠴᠢᠩ ᠤᠨ | ᠲᠦᠷᠣ ᠠᠴᠠ ᠣᠷᠪᠠᠵᠠᠢ᠃ ᠪᠠᠳᠠᠷᠠᠯᠳᠣ ᠲᠦᠷᠣ ᠶᠢᠨ ᠭᠤᠴᠢᠨ ᠬᠤᠶᠠᠳᠣᠭᠠᠷ ᠣᠨ ᠤ ᠶᠢᠰᠣᠨ ᠰᠠᠷ᠎ᠠ ᠶᠢᠨ ᠬᠤᠷᠢᠨ | ᠭᠤᠷᠪᠠᠨ ᠤ ᠡᠳᠣᠷ᠂ ᠲᠣᠬᠳᠠᠬᠤ ᠪᠠᠭᠠᠳᠣᠷ ᠠᠳᠠᠷ ᠬᠠᠭᠠᠯᠪᠣᠷᠢᠯᠠᠬᠤ ᠲᠣᠪᠴᠢᠶ᠎ᠠ ᠶᠢ ᠭᠠᠯᠳᠠᠵᠣ᠂ 12 ᠶᠠᠫᠣᠨ | ᠴᠡᠷᠢᠭ ᠢ ᠠᠯᠠᠵᠣ᠂ ᠴᠢᠩ ᠤᠨ ᠵᠠᠰᠠᠬ ᠢ ᠡᠰᠡᠷᠭᠦᠴᠡᠵᠠᠢ᠃ ᠲᠦᠨᠠᠷ ᠬᠠᠷᠠᠩᠭᠤᠢ ᠴᠢᠩ ᠤᠨ ᠨᠣᠶᠠᠷᠬᠠᠯ ᠪᠣᠯᠣᠨ | ᠶᠠᠫᠤᠠᠴᠣᠣᠨ ᠠᠴᠠ ᠲᠣᠮᠳᠠᠳᠣ ᠶᠢ ᠲᠦᠷᠢᠮᠠᠭᠡᠶᠢᠯᠠᠭᠦ ᠪᠠᠷ ᠭᠤᠷᠢᠳᠠᠵᠣ ᠪᠠᠶᠢᠬᠰᠠᠨ ᠦᠶ᠎ᠠ ᠳᠤ᠂ ᠲᠣᠬᠳᠠᠬᠤ ᠴᠢᠩ ᠤᠨ | ᠲᠦᠷᠣ ᠠᠴᠠ ᠣᠷᠪᠠᠵᠣ᠂ ᠶᠠᠫᠣᠨ ᠢ ᠡᠰᠠᠷᠭᠦᠴᠠᠭᠦ ᠠᠩᠬᠠᠨ ᠤ ᠫᠣᠣ ᠶᠢ ᠲᠠᠯᠪᠢᠵᠣ᠂ ᠲᠠᠮᠠᠴᠠᠯ ᠤᠨ ᠵᠢᠳᠠᠨ | ᠦᠵᠣᠭᠦᠷ ᠢᠶᠠᠨ ᠴᠢᠩ ᠣᠯᠣᠰ ᠤᠨ ᠵᠠᠰᠠᠬ ᠨᠣᠶᠠᠷᠬᠠᠴᠢᠣᠨ᠂ ᠭᠠᠵᠠᠷ ᠣᠷᠣᠨ ᠤ ᠹᠸᠣᠳᠠᠯ ᠡᠵᠠᠨ ᠪᠣᠯᠣᠨ ᠶᠠᠫᠣᠨ ᠤ | ᠬᠡᠮᠵᠢᠵᠣ ᠵᠢᠷᠣᠬᠯᠠᠬᠤ ᠲᠠᠩᠨᠠᠭᠤᠯ ᠤᠨ ᠵᠦᠭ ᠬᠠᠨᠳᠣᠭᠤᠯᠵᠣ᠂ ᠠᠷᠠᠣᠨ ᠤᠨ ᠰᠠᠨᠠᠭ᠎ᠠ᠂ ᠦᠠᠳᠣᠰᠣᠳᠠᠨ ᠤ ᠵᠣᠷᠢᠬ | ᠰᠦᠯᠳᠠ ᠶᠢ ᠢᠯᠠᠷᠠᠭᠦᠯᠦᠭᠰᠡᠨ ᠪᠠᠶᠢᠨ᠎ᠠ᠃ ᠡᠨᠠ ᠨᠢ ᠴᠢᠪ ᠬᠡᠮᠠᠨ ᠣᠯᠣᠰ ᠲᠠᠶᠠᠭᠠᠷ ᠦᠷᠨᠢᠭᠰᠡᠨ ᠴᠢᠩ ᠤᠨ | ᠲᠦᠷᠣ ᠶᠢ ᠡᠰᠠᠷᠭᠦᠴᠠᠭᠦ ᠭᠦᠴᠣᠳᠣ ᠣᠷᠣᠰᠬᠠᠯ ᠲᠠᠢ ᠨᠠᠶᠢᠯᠠᠵᠣ᠂ ᠴᠠᠭᠠᠬᠴᠢᠨ ᠭᠠᠭ᠋ᠠᠢ ᠵᠢᠯ ᠤᠨ ᠬᠤᠪᠢᠰᠬᠠᠯ ᠠᠴᠠ | ᠡᠮᠣᠨᠠᠬᠢ ᠠᠷᠠᠣᠨ ᠲᠦᠮᠠᠨ ᠵᠡᠪᠰᠡᠭᠯᠠᠨ ᠪᠣᠰᠴᠣ᠂ ᠴᠢᠩ ᠣᠯᠣᠰ ᠬᠢᠭᠡᠣᠨ ᠬᠠᠷᠢ ᠶᠢᠨ ᠲᠦᠷᠢᠮᠡᠭᠡᠶᠢᠯᠡᠭᠴᠢᠣᠨ ᠢ | ᠡᠰᠠᠷᠭᠦᠴᠠᠭᠦ ᠲᠠᠮᠠᠴᠠᠯ ᠢ ᠪᠣᠢ ᠪᠣᠯᠭᠠᠵᠠᠢ᠃ ᠲᠣᠬᠳᠠᠬᠤ ᠪᠠᠭᠠᠳᠣᠷ ᠲᠠᠭᠡᠷᠠᠮ ᠢ ᠣᠰᠠᠣᠠᠬᠠᠵᠣ᠂ ᠠᠷᠠᠣᠨ ᠢᠶᠠᠨ | ᠠᠮᠣᠷᠵᠢᠭᠤᠯᠣᠨ᠂ ᠠᠷᠠᠣᠨ ᠤᠨ ᠡᠮᠣᠨ᠎ᠠ ᠠᠴᠠ ᠲᠦᠪ ᠶᠣᠰᠣᠨ ᠢ ᠪᠠᠷᠢᠮᠳᠠᠯᠠᠵᠣ᠂ ᠡᠨᠠᠷᠢᠯ ᠵᠢᠷᠣᠮ ᠦᠷᠣᠰᠢᠶᠠᠩᠭᠦᠢ ᠶᠢ | ᠰᠣᠷᠳᠠᠯᠴᠢᠯᠠᠨ ᠠᠬ᠎ᠠ ᠲᠠᠭᠦᠣ ᠶᠢᠨ ᠰᠠᠣᠠᠬᠢᠯ ᠢ ᠣᠯᠵᠠᠢ᠃ ᠴᠢᠭᠡᠴᠢ ᠭᠤᠣᠯᠴᠢ ᠶᠢ ᠡᠷᠬᠢᠮᠯᠠᠨ ᠹᠸᠣᠳᠠᠯ ᠤᠨ | ᠢᠯᠵᠢᠷᠠᠯ ᠢ ᠡᠰᠠᠷᠭᠦᠴᠠᠵᠣ᠂ ᠵᠡᠪᠰᠡᠭᠳᠣ ᠭᠦᠴᠣᠨ ᠢᠶᠠᠷ ᠬᠠᠷᠢ ᠶᠢᠨ ᠲᠠᠶᠢᠰᠣᠨ ᠢ ᠡᠰᠠᠷᠭᠦᠴᠠᠨ ᠨᠣᠳᠤᠬ ᠣᠰᠣ ᠪᠠᠨ | ᠬᠠᠮᠠᠭᠠᠯᠠᠵᠢ᠃ ᠵᠢᠷᠣᠮ ᠤᠨ ᠴᠡᠷᠢᠭ ᠪᠠᠶᠢᠭᠤᠯᠣᠨ ᠴᠢᠩ ᠤᠨ ᠲᠦᠷᠣ ᠲᠠᠢ ᠬᠠᠯᠳᠠᠵᠣ᠂ ᠲᠠᠣᠬᠡᠨ ᠣᠷᠣᠰᠬᠠᠯ ᠢ | ᠲᠠᠭᠠᠵᠠᠢ᠃ 1906 ᠣᠨ ᠠᠴᠠ 1910 ᠣᠨ ᠪᠣᠯᠳᠠᠯ᠎ᠠ᠂ ᠲᠦᠷᠪᠠᠨ ᠵᠢᠯ ᠤᠨ ᠲᠣᠷᠰᠢ ᠶᠡᠭᠡ ᠪᠠᠭ᠎ᠠ | ᠲᠣᠯᠣᠯᠳᠣᠭᠠᠨ ᠢ ᠨᠠᠶᠢᠳᠠ ᠵᠠᠭᠤ ᠪᠦᠭᠡᠣᠨ ᠲᠦᠷᠪᠠ ᠣᠳᠠᠭ᠎ᠠ ᠬᠢᠵᠣ᠂ ᠲᠣᠯᠣᠯᠳᠣᠭᠠᠨ ᠪᠦᠭᠦᠨ ᠳᠤ ᠢᠯᠠᠯᠳᠠ | ᠣᠯᠣᠭᠠᠣᠨ ᠮᠠᠠᠵᠣ ᠴᠢᠩ ᠤᠨ ᠢᠯᠵᠢᠷᠠᠮᠠᠯ ᠨᠣᠶᠠᠣᠨ ᠢ ᠵᠢᠷᠣᠭᠡ ᠶᠢ ᠨᠢ ᠬᠠᠭᠠᠷᠠᠳᠠᠯ᠎ᠠ ᠠᠶᠣᠯᠭᠠᠵᠠᠢ᠃ 1911 | ᠣᠨ ᠳᠤ᠂ ᠲᠣᠬᠳᠠᠬᠤ ᠪᠠᠭᠠᠳᠣᠷ ᠬᠠᠯᠬ᠎ᠠ ᠶᠢᠨ ᠵᠢᠪᠽᠣᠠᠳᠠᠮᠪᠠ ᠪᠣᠬᠳᠠ ᠳᠤ ᠪᠠᠷᠠᠭᠠᠳᠠᠨ᠂ ︽ᠵᠣᠷᠢᠬᠳᠣ ᠪᠠᠭᠠᠳᠣᠷ︾ | ᠡᠷᠭᠦᠮᠵᠢᠯᠡᠭᠳᠡᠵᠣ᠂ ᠮᠣᠩᠭᠤᠯ ᠣᠯᠣᠰ ᠲᠤ ᠨᠣᠳᠣᠬᠰᠢᠵᠠᠢ᠃ ᠲᠣᠬᠳᠠᠬᠤ ᠶᠢᠨ ᠡᠷᠠᠯᠭᠡᠭ ᠪᠠᠭᠠᠳᠣᠷ᠂ ᠲᠠᠶᠢᠨ | ᠪᠠᠶᠢᠯᠳᠣᠭᠠᠨ ᠳᠤ ᠰᠢᠭᠤᠷᠬᠠᠢ ᠪᠠᠭᠠᠳᠣᠷ ᠡᠷ᠎ᠠ ᠶᠢ ︽ᠴᠠᠭᠠᠨ ᠨᠠᠭᠤᠷ ᠤᠨ ᠵᠢᠭᠠᠰᠣ ᠨᠢ ᠭᠡᠳᠣᠢ ᠣᠯᠠᠨ ᠪᠣᠯᠪᠠᠴᠣ᠂ | ᠴᠠᠬᠤᠯᠠᠢ ᠰᠢᠪᠠᠭᠤ ᠨᠢ ᠲᠠᠭᠦᠵᠣ ᠢᠳᠡᠭᠰᠡᠭᠡᠷ ᠪᠠᠷᠠᠯ᠎ᠠ ᠰᠢᠣ᠂ ᠱᠠᠭᠠᠵᠠᠭᠠᠢ ᠬᠤᠳᠠᠨ ᠤ ᠴᠡᠷᠢᠭ ᠨᠢ ᠬᠡᠳᠣᠢ ᠣᠯᠠᠨ | ᠪᠣᠯᠪᠠᠴᠣ᠂ ᠲᠠᠬᠤ ᠶᠢᠨ ᠲᠣᠬᠳᠠᠬᠤ ᠳᠤ ᠠᠯᠠᠬᠳᠠᠬᠰᠠᠭᠠᠷ ᠪᠠᠷᠠᠯ᠎ᠠ ᠰᠢᠣ︾ ᠬᠡᠮᠠᠨ ᠠᠷᠠᠣᠨ ᠤᠳ ᠨᠢ ᠦᠶ᠎ᠠ ᠲᠠᠮᠵᠢᠨ | ᠲᠠᠭᠤᠯᠠᠬᠰᠠᠭᠠᠷ᠃ ᠭᠤᠷᠯᠣᠰ ᠮᠣᠩᠭᠤᠯᠴᠣᠣᠨ ︽ᠲᠣᠬᠳᠠᠬᠤ ᠪᠠᠭᠠᠳᠣᠷ︾ ᠤᠨ ᠲᠠᠭᠤᠣ ᠪᠠᠨ ᠲᠠᠭᠤᠯᠠᠭᠠᠣᠨ ᠯᠠ | ᠵᠣᠬᠰᠣᠬᠰᠠᠨ ᠪᠢᠰᠢ᠂ ︽ᠲᠣᠬᠳᠠᠬᠤ︾ ᠶᠢ ᠣᠯᠣᠰ ᠤᠨ ᠲᠠᠰ ᠤᠨ ᠪᠣᠳᠠᠰ ᠤᠨ ᠪᠣᠰᠣ ᠰᠣᠶᠣᠯ ᠤᠨ ᠦᠪ ᠲᠤ | ᠣᠷᠣᠭᠤᠯᠵᠣ᠂ ︽ᠲᠣᠬᠳᠠᠬᠤ︾ ᠣᠪᠣᠭ᠎ᠠ ᠪᠠᠶᠢᠭᠤᠯᠵᠣ᠂ ᠲᠣᠬᠳᠠᠬᠤ ᠪᠠᠭᠠᠳᠣᠷ ᠤᠨ ᠮᠠᠠᠳᠦᠯᠡᠭᠰᠡᠨ ᠡᠳᠣᠷ ᠵᠢᠯ | ᠪᠦᠷᠢ ᠶᠢᠨ ᠪᠢᠯᠢᠭ ᠤᠨ ᠣᠯᠠᠷᠢᠯ ᠤᠨ ᠲᠦᠷᠪᠠᠨ ᠰᠠᠷ᠎ᠠ ᠶᠢᠨ ᠰᠢᠨ᠎ᠠ ᠶᠢᠨ ᠨᠠᠢᠮᠠᠨ ᠤ ᠡᠳᠣᠷ ︽ᠲᠣᠬᠳᠠᠬᠤ︾ | ᠣᠪᠣᠭ᠎ᠠ ᠶᠢᠨ ᠲᠠᠬᠢᠯᠭ᠎ᠠ ᠬᠢᠵᠣ᠂ ᠭᠠᠵᠠᠷ ᠨᠣᠳᠤᠬ ᠢᠶᠠᠨ ᠬᠠᠮᠠᠭᠠᠯᠠᠬᠰᠠᠨ ᠪᠠᠭᠠᠳᠣᠷ ᠢᠶᠠᠨ ᠲᠣᠷᠠᠰᠬᠠᠨ ᠰᠠᠨᠠᠭᠠᠯᠵᠠᠳᠠᠬ | ᠃ | ︽ᠪᠦᠷᠳᠠ ᠴᠢᠨ᠋ᠸ᠎ᠠ ᠬᠤᠸᠠ ᠮᠠᠷᠠᠯ ᠠᠴᠠ ᠣᠳᠣᠮ ᠲᠠᠮᠵᠢᠬᠰᠠᠨ᠂ ᠪᠣᠷᠣᠭᠤᠯ ᠲᠠᠣᠭᠡ ᠶᠢᠨ ᠡᠷᠳᠠᠨ ᠤ ᠠᠶᠢᠮᠠᠬ | ᠭᠤᠷᠯᠣᠰ᠂ ᠪᠣᠷᠬᠠᠨ ᠬᠠᠯᠳᠣᠨ ᠤ ᠬᠢᠶᠠᠨ ᠣᠬᠰᠠᠭ᠎ᠠ ᠠᠴᠠ ᠦᠶ᠎ᠠ ᠰᠠᠯᠪᠣᠷᠢᠯᠠᠬᠰᠠᠨ᠂ ᠪᠣᠯᠣᠷ ᠲᠣᠯᠬᠢᠶᠠᠠᠳᠣ | ᠰᠣᠩᠭᠠᠷᠢ ᠶᠢᠨ ᠲᠠᠠᠵᠢᠨᠠ ᠪᠠᠶᠢᠷᠢᠰᠢᠬᠰᠠᠨ ᠨᠣᠳᠤᠬ︾᠃ ᠡᠨᠠ ᠪᠣᠯ ᠡᠮᠣᠨᠠᠳᠣ ᠭᠤᠷᠯᠣᠰ ᠤᠨ ᠴᠢᠩᠬᠢᠰ ᠬᠠᠭᠠᠨ | ᠰᠣᠶᠣᠯ ᠤᠨ ᠲᠣᠮᠣ ᠭᠦᠷᠢᠶᠠᠯᠠᠩ ᠤᠨ ᠴᠢᠯᠠᠭᠤᠨ ᠭᠦᠰᠢᠶ᠎ᠠ ᠲᠠᠭᠡᠷ᠎ᠠ ᠰᠠᠶᠢᠯᠦᠭᠰᠡᠨ ︽ᠭᠤᠷᠯᠣᠰ ᠤᠨ ᠮᠠᠬᠳᠠᠭᠤ︾ | ᠶᠢᠨ ᠭᠡᠰᠡᠭ ᠪᠠᠳᠠᠬ ᠰᠢᠯᠥᠭ᠃ ᠭᠤᠷᠯᠣᠰᠴᠣᠣᠨ ᠦᠪᠠᠷ ᠤᠨ ᠣᠳᠣᠮ ᠣᠬᠰᠠᠭ᠎ᠠ ᠪᠠᠨ ᠮᠠᠷᠳᠠᠭ᠎ᠠ ᠦᠭᠡᠢ᠂ ᠡᠪᠦᠭᠡ | ᠲᠠᠭᠡᠳᠣᠰ ᠢᠶᠠᠨ ᠭᠦᠠᠳᠣᠯᠠᠵᠣ ᠲᠡᠭᠡᠳᠣᠯᠠᠭᠦ ᠶᠢᠨ ᠣᠴᠢᠷ ᠣᠤᠬ᠎ᠠ ᠶᠢ ᠭᠦᠨ ᠣᠬᠠᠬᠰᠠᠨ ᠪᠠᠶᠢᠳᠠᠬ᠃ ᠶᠠᠬ ᠰᠠᠶᠢᠬᠠᠨ | ᠪᠠᠶᠢᠭᠤᠯᠵᠣ ᠪᠠᠶᠢᠭ᠎ᠠ ᠴᠢᠩᠬᠢᠰ ᠬᠠᠭᠠᠨ ᠰᠣᠶᠣᠯ ᠤᠨ ᠲᠣᠮᠣ ᠭᠦᠷᠢᠶᠠᠯᠠᠩ ᠤᠨ ᠠᠪᠣᠷᠭᠤ ᠲᠣᠮᠣ ᠴᠢᠩᠬᠢᠰ ᠬᠠᠭᠠᠨ ᠤ | ᠱᠣᠭᠤᠮᠠᠯ ᠭᠦᠷᠦᠭ ᠨᠢ ᠠᠯᠣᠰ ᠠᠴᠠ ᠢᠷᠡᠭᠰᠡᠨ ᠭᠦᠮᠣᠰ ᠲᠤ ᠡᠨᠠ ᠨᠣᠳᠤᠬ ᠪᠣᠯ ᠡᠵᠠᠨ ᠴᠢᠩᠬᠢᠰ ᠤᠨ | ᠬᠠᠶᠢᠷᠠᠯᠠᠬᠰᠠᠨ ᠨᠣᠳᠤᠬ ᠬᠡᠳᠡᠭ ᠢ ᠪᠢᠴᠢᠭᠯᠡᠵᠣ ᠪᠠᠶᠢᠭ᠎ᠠ ᠬᠡᠮᠠᠷ᠂ ᠶᠠᠷᠢᠵᠣ ᠪᠠᠶᠢᠭ᠎ᠠ ᠬᠡᠮᠠᠷ᠃ ᠦᠪᠣᠷ ᠮᠣᠩᠭᠤᠯ ᠤᠨ | ᠣᠷᠳᠣᠰ ᠲᠤ ᠴᠢᠩᠬᠢᠰ ᠤᠨ ᠣᠡᠭᠭᠤᠨ᠂ ᠣᠯᠠᠭᠠᠠᠬᠤᠳᠠ ᠳᠤ ᠴᠢᠩᠬᠢᠰ ᠤᠨ ᠰᠦᠮ᠎ᠠ᠂ ᠡᠮᠣᠨᠠᠳᠣ ᠭᠤᠷᠯᠣᠰ ᠲᠤ | ᠴᠢᠩᠬᠢᠰ ᠤᠨ ᠵᠤᠤ ᠪᠠᠶᠢᠳᠠᠬ᠃ ᠴᠢᠩᠬᠢᠰ ᠤᠨ ᠵᠤᠤ ᠨᠢ ᠭᠤᠷᠯᠣᠰ ᠮᠣᠩᠭᠤᠯᠴᠣᠣᠨ ᠤᠨ ᠲᠠᠣᠭᠡ ᠰᠣᠶᠣᠯ ᠤᠨ | ᠲᠠᠷᠬᠠᠨ ᠦᠪ ᠪᠠᠶᠢᠵᠣ᠂ ᠠᠳᠠ ᠠᠴᠠ ᠮᠣᠩᠭᠤᠯ ᠤᠨ ᠲᠠᠣᠭᠡ ᠰᠣᠶᠣᠯ ᠤᠨ ᠠᠯᠳᠠᠨ ᠬᠠᠭᠤᠳᠠᠰᠣ ᠲᠡᠯᠭᠡᠭᠳᠡᠨ᠎ᠠ᠃ | ᠠᠯᠣᠨ ᠭᠤᠸ᠎ᠠ ᠡᠭᠡ ᠶᠢᠨ ᠲᠠᠪᠣᠨ ᠮᠦᠰᠣ ᠶᠢᠨ ᠰᠣᠷᠭᠠᠯ᠂ ᠪᠦᠷᠳᠠ ᠴᠢᠨ᠋ᠸ᠎ᠠ ᠬᠤᠸᠠ ᠮᠠᠷᠠᠯ ᠤᠨ ᠲᠣᠮᠤᠬ᠂ | ᠮᠣᠩᠭᠤᠯ ᠤᠨ ᠪᠠᠭᠠᠳᠣᠷᠴᠣᠣᠨ ᠤᠨ ᠮᠣᠷᠢᠨ ᠵᠢᠯᠣᠭᠤ ᠪᠠᠷ ᠲᠠᠯᠠᠭᠡᠢ ᠶᠢ ᠵᠠᠬᠢᠷᠣᠬᠰᠠᠨ ᠦᠯᠢᠭᠡᠷ ᠲᠠᠣᠭᠡ ᠶᠢ | ᠴᠢᠩᠬᠢᠰ ᠤᠨ ᠵᠤᠤ ᠪᠦᠷᠢᠨ ᠪᠦᠳᠣᠨ ᠬᠠᠷᠠᠭᠤᠯᠵᠣ ᠲᠠᠶᠢᠯᠣᠨ᠎ᠠ᠃ | ᠡᠮᠣᠨᠠᠳᠣ ᠭᠤᠷᠯᠣᠰ ᠤᠨ ᠲᠠᠣᠭᠡ ᠰᠣᠶᠣᠯ ᠨᠢ ᠴᠠᠭᠠᠨᠬᠤᠸᠠ ᠳᠤ ᠪᠠᠶᠢᠳᠠᠬ ᠭᠡᠳᠡᠭ ᠨᠢ ᠣᠷᠣ ᠦᠭᠡᠢ ᠦᠭᠡ ᠪᠢᠰᠢ᠃ | ᠴᠠᠭᠠᠠᠬᠤᠸᠠ ᠪᠠᠯᠭᠠᠰᠣᠨ ᠳᠤ ᠮᠣᠩᠭᠤᠯ ᠭᠦᠮᠣᠨ 9000 ᠭᠠᠷᠣᠢ ᠪᠠᠶᠢᠳᠠᠬ᠂ ᠡᠨᠠ ᠨᠢ ᠡᠮᠣᠨᠠᠳᠣ ᠭᠤᠷᠯᠣᠰ ᠤᠨ | ᠮᠣᠩᠭᠤᠯᠴᠣᠣᠨ ᠤᠨ ᠲᠠᠪᠣᠨ ᠬᠤᠪᠢ ᠶᠢᠨ ᠨᠢᠭᠡ ᠶᠢ ᠡᠵᠠᠯᠠᠳᠠᠬ᠃ ᠡᠮᠣᠨᠠᠳᠣ ᠭᠤᠷᠯᠣᠰ ᠲᠤ ᠬᠤᠶᠠᠷ ᠰᠣᠶᠣᠯ ᠤᠨ | ᠣᠷᠳᠣᠨ ᠪᠠᠶᠢᠳᠠᠬ᠂ ᠰᠢᠶᠠᠨ ᠲᠠᠭᠡᠷ᠎ᠠ ᠪᠠᠶᠢᠭ᠎ᠠ ᠰᠣᠶᠣᠯ ᠤᠨ ᠣᠷᠳᠣᠨ ᠨᠢ ᠬᠢᠳᠠᠣᠨ ᠰᠣᠶᠣᠯ ᠢ ᠣᠯᠠᠮᠵᠢᠯᠠᠵᠣ | ᠪᠠᠶᠢᠳᠠᠬ᠃ ᠴᠠᠭᠠᠠᠬᠤᠸᠠ ᠪᠠᠯᠭᠠᠰᠣᠨ ᠳᠤ ᠪᠠᠰᠠ ᠨᠢᠭᠡᠨ ᠰᠣᠶᠣᠯ ᠤᠨ ᠣᠷᠳᠣᠨ ᠪᠠᠶᠢᠳᠠᠬ᠂ ᠮᠣᠩᠭᠤᠯ ᠰᠣᠶᠣᠯ ᠢᠶᠠᠨ | ᠣᠯᠠᠮᠵᠢᠯᠠᠬᠤ ᠶᠢᠨ ᠲᠦᠯᠣᠭᠡ ᠠᠳᠠ ᠪᠠᠶᠢᠭᠤᠯᠣᠬᠰᠠᠨ ᠭᠡᠳᠡᠭ᠃ ᠴᠠᠭᠠᠠᠬᠤᠸᠠ ᠪᠠᠯᠭᠠᠰᠣᠨ ᠤ ᠰᠣᠶᠣᠯ ᠤᠨ | ᠣᠷᠳᠣᠨ ᠳᠤ ᠭᠠᠷᠣᠳᠢ᠂ ᠴᠣᠬᠵᠣ᠂ ᠴᠣᠯᠮᠣᠨ ᠵᠠᠷᠭᠡ ᠬᠤᠭᠤᠷ ᠲᠠᠳᠠᠵᠣ ᠦᠯᠢᠭᠡᠷ ᠬᠤᠯᠪᠣᠭ᠎ᠠ ᠶᠠᠷᠢᠳᠠᠬ | ᠠᠷᠠᠣᠨ ᠤᠨ ᠣᠷᠠᠯᠢᠬᠴᠢᠨ ᠲᠠᠢ ᠲᠠᠨᠢᠯᠴᠠᠯ᠎ᠠ᠃ ᠲᠦᠡᠭᠯᠢᠶᠣᠣ ᠨᠣᠳᠤᠬ ᠲᠠᠢ ᠴᠣᠯᠮᠣᠨ ᠬᠢᠷᠢᠨ ᠮᠣᠵᠢ ᠶᠢᠨ ᠲᠠᠰ ᠤᠨ | ᠮᠠᠩᠭᠤᠰ ᠤᠨ ᠦᠯᠢᠭᠡᠷ ᠤᠨ ᠣᠯᠠᠮᠵᠢᠯᠠᠬᠴᠢ ᠪᠣᠯᠣᠭᠠᠣᠨ 3 ᠵᠢᠯ ᠪᠣᠯᠵᠣ ᠪᠣᠢ᠃ ᠨᠠᠰᠣ ᠪᠠᠶᠢᠳᠠᠯ ᠢ ᠨᠢ ᠬᠠᠷᠠᠬᠤ ᠳᠤ | ᠠᠷᠠᠢ 30 ᠭᠦᠷᠣᠭᠡ ᠦᠭᠡᠢ ᠵᠠᠯᠠᠭᠤ ᠪᠠᠶᠢᠯ᠎ᠠ᠃ ᠡᠮᠣᠨᠠᠳᠣ ᠭᠤᠷᠯᠣᠰ ᠲᠤ ᠴᠣᠯᠮᠣᠨ ᠰᠢᠬ ᠵᠠᠯᠠᠭᠤ ᠨᠢᠭᠡ ᠦᠶ᠎ᠠ ᠶᠢᠨ | ᠪᠣᠳᠠᠰ ᠤᠨ ᠪᠣᠰᠣ ᠰᠣᠶᠣᠯ ᠤᠨ ᠦᠪ ᠤᠨ ᠣᠯᠠᠨᠵᠢᠯᠠᠬᠴᠢ ᠨᠠᠯᠢᠶᠠᠣᠨ ᠬᠡᠳᠣ ᠪᠠᠶᠢᠳᠠᠬ᠃ ᠡᠨᠠ ᠨᠢ ᠭᠤᠷᠯᠣᠰ ᠤᠨ | ᠰᠢᠨ᠎ᠠ ᠨᠢᠭᠡ ᠦᠶ᠎ᠠ ᠶᠢᠨ ᠪᠣᠳᠠᠰ ᠤᠨ ᠪᠣᠰᠣ ᠰᠣᠶᠣᠯ ᠤᠨ ᠦᠪ ᠤᠨ ᠣᠯᠠᠮᠵᠢᠯᠠᠬᠴᠢ ᠶᠢᠨ ᠡᠩᠨᠡᠭᠡ ᠶᠢ ᠪᠣᠢ ᠪᠣᠯᠭᠠᠵᠠᠢ | ᠃ | ︵ᠦᠪᠤᠷ ᠮᠤᠩᠭᠤᠯ ᠤᠨ ᠮᠤᠩᠭᠤᠯ ᠰᠤᠨᠢᠨ ᠰᠦᠯᠵᠢᠶ᠎ᠠ ᠶᠢᠨ ᠬᠤᠯᠪᠤᠭ᠎ᠠ ᠶᠢᠨ ᠰᠤᠷᠪᠤᠯᠵᠢᠯᠠᠭᠴᠢ ᠪᠠᠲᠤ ᠪᠤᠤ ᠯᠢᠤ | ᠱᠧᠩ︶ | | | ᠪᠡᠯᠡᠳᠬᠡᠭᠰᠡᠨ ᠨᠢ᠄ ᠡᠷᠳᠡᠨᠢᠬᠦᠦ | ᠨᠠᠶᠢᠷᠠᠭᠤᠯᠤᠭᠰᠠᠨ ᠨᠢ᠄ ᠨᠠᠮᠤᠷ | ᠬᠢᠨᠠᠭᠰᠠᠨ ᠨᠢ᠄ ᠤᠷᠢᠬᠠᠨ |