ᠳᠤᠯᠤᠨ ᠨᠤᠤᠷ ᠤᠨ ᠲᠣᠬᠠᠢ
ᠨᠡᠶᠢᠲᠡᠯᠡᠭᠰᠡᠨ ᠴᠠᠭ᠄
2020/3/4
   ᠡᠷᠳᠡᠨ ᠤ ᠳᠤᠯᠤᠨ ᠨᠤᠤᠷ ᠨᠢ ᠶᠤᠸᠠᠨ ᠤᠯᠤᠰ ᠤᠨ ᠦᠶ᠎ᠡ ᠳᠤ ᠶᠡᠭᠡ ᠨᠡᠶᠢᠰᠯᠡᠯ ᠳ᠋ᠡᠶᠢᠳᠦ ᠪᠤᠯᠤᠨ ᠳᠡᠭᠡᠳᠦ ᠨᠡᠶᠢᠰᠯᠡᠯ ᠱᠠᠩᠳᠦ ᠶᠢᠨ ᠬᠤᠭᠤᠷᠤᠨᠳᠤᠭᠢ ᠨᠢᠭᠡᠨ ᠦᠷᠳᠡᠭᠡ ᠵᠠᠮ ᠪᠠᠶᠢᠵᠥ᠂ ᠮᠢᠩ ᠤᠯᠤᠰ ᠤᠨ ᠦᠶ᠎ᠡ ᠳᠤ ᠪᠤᠭᠤᠮᠳᠠ ᠎ ᠶᠢᠨ ᠭᠠᠳᠠᠨᠠᠭᠢ ᠠᠷᠠᠯᠵᠢᠶ᠎ᠠ ᠮᠠᠶᠢᠮᠠᠢ ᠶᠢᠨ ᠬᠤᠳᠠ ᠪᠤᠯᠵᠥ᠂ ᠴᠢᠩ ᠤᠯᠤᠰ ᠤᠨ ᠦᠶ᠎ᠡ ᠳᠤ ᠮᠤᠩᠭᠤᠯ ᠤᠷᠤᠨ ᠤ ᠱᠠᠰᠢᠨ ᠤ ᠳᠦᠪ ᠪᠠᠶᠢᠬᠰᠠᠠ ᠶᠤᠮ᠃   ᠵᠦ ᠶᠤᠸᠠᠨ ᠵᠠᠩ ᠤ ᠤᠳᠤᠷᠢᠳᠤᠬᠰᠠᠠ ᠤᠯᠠᠭᠠᠨ ᠠᠯᠴᠢᠭᠤᠷᠳᠠᠨ ᠤ ᠪᠤᠰᠤᠯᠭ᠎ᠠ ᠶᠤᠸᠠᠨ ᠤᠯᠤᠰ ᠤᠨ ᠶᠡᠭᠡ ᠨᠡᠶᠢᠰᠯᠡᠯ ᠪᠡ ᠳᠡᠭᠡᠳᠦ ᠨᠡᠶᠢᠰᠯᠡᠯ ᠢ ᠤᠳᠠᠭ᠎ᠠ ᠳᠠᠷᠠᠭᠠᠯᠠᠨ ᠳᠠᠭᠠᠷᠢᠵᠥ᠂ 1369 ᠤᠨ ᠳᠤ ᠳᠡᠭᠡᠳᠦ ᠨᠡᠶᠢᠰᠯᠡᠯ ᠢ ᠡᠵᠡᠯᠡᠭᠰᠡᠡ ᠢᠶᠠᠷ ᠳᠤᠭᠤᠨᠳᠡᠮᠦᠷ ᠬᠠᠭᠠᠨ ᠠᠷᠭ᠎ᠠ ᠪᠤᠰᠤ ᠤᠮᠠᠷᠠᠰᠢ ᠰᠢᠯᠵᠢᠭᠰᠡᠡ ᠶᠤᠮ᠃ ᠳᠡᠭᠦᠨ ᠠᠴᠠ ᠬᠤᠶᠢᠰᠢ ᠤᠮᠠᠷᠠᠳᠤ ᠶᠤᠸᠠᠨ ᠤ ᠮᠤᠩᠭᠤᠯ ᠤᠷᠤᠨ ᠭᠢᠭᠡᠳ ᠮᠢᠩ ᠤᠯᠤᠰ ᠤᠨ ᠭᠢᠳᠡᠳ ᠤᠷᠤᠨ ᠤ ᠬᠤᠭᠤᠷᠤᠨᠳᠤᠭᠢ ᠠᠷᠠᠯᠵᠢᠶ᠎ᠠ ᠬᠤᠳᠠᠯᠳᠤᠭ᠎ᠠ ᠭᠡᠰᠡᠭ ᠬᠤᠭᠤᠴᠠᠭ᠎ᠠ ᠭᠦᠨᠳᠦ ᠰᠦᠷᠡᠭᠡᠢ ᠪᠢᠳᠡᠭᠦᠮᠵᠢᠯᠡᠳᠡᠨ ᠪᠦᠭᠦ ᠮᠤᠩᠭᠤᠯ ᠤᠷᠤᠨ ᠳᠤ ᠠᠮᠤ ᠭᠦᠨᠡᠰᠦ᠂ ᠪᠦᠰ ᠪᠠᠷᠠᠭ᠎ᠠ ᠶᠡᠭᠡᠪᠡᠷ ᠳᠤᠳᠠᠬᠳᠠᠵᠥ ᠪᠢᠯᠡ᠃ ᠡᠨᠡ ᠪᠠᠶᠢᠳᠡᠯ ᠳᠤᠤᠷ᠎ᠡ ᠪᠤᠭᠤᠮᠳᠠ ᠶᠢᠨ ᠳᠤᠳᠤᠷᠠᠭᠢ ᠮᠠᠶᠢᠮᠠᠶᠢᠴᠢᠳ ᠭᠢᠭᠡᠳ ᠮᠤᠩᠭᠤᠯ ᠤᠷᠤᠨ ᠤ ᠠᠷᠠᠳ ᠢᠷᠭᠡᠳ ᠤᠨ ᠭᠦᠰᠡᠯ ᠱᠠᠭᠠᠷᠳᠠᠯᠭ᠎ᠠ ᠪᠠᠷ ᠬᠤᠶᠠᠷ ᠤᠷᠤᠨ ᠤ ᠨᠤᠶᠠᠳ ᠢᠵᠠᠭᠤᠷᠳᠠᠳ ᠭᠡᠯᠡᠯᠴᠡᠭᠡᠷ ᠭᠢᠵᠥ᠂ ᠪᠤᠭᠤᠮᠳᠠ ᠶᠢᠨ ᠭᠠᠳᠠᠨᠠᠭᠢ ᠡᠨᠡᠭᠦ ᠡᠷᠳᠡᠨ ᠤ ᠤᠯᠠᠭ᠎ᠠ ᠦᠷᠳᠡᠭᠡ ᠶᠢᠨ ᠭᠦᠢᠰᠦ ᠪᠤᠯᠤᠬᠰᠠᠠ ᠡᠯᠡᠰᠦ ᠭᠢᠭᠡᠳ ᠠᠭᠤᠯᠠ ᠤᠰᠤᠨ ᠤ ᠦᠩᠭᠡ ᠦᠵᠡᠮᠵᠢ ᠲᠠᠢ ᠳᠤᠯᠤᠨ ᠨᠤᠤᠷ ᠢ ᠮᠠᠶᠢᠮᠠᠢ ᠴᠤᠬᠯᠠᠭᠠᠨ ᠤ ᠴᠢᠬ ᠪᠤᠯᠭᠠᠬᠰᠠᠠ ᠪᠠᠶᠢᠵᠠᠢ᠃ ᠢᠩᠭᠢᠭᠡᠳ ᠭᠤᠪᠢ ᠶᠢᠨ ᠠᠷᠤ ᠡᠮᠤᠨ᠎ᠡ ᠤᠯᠠᠨ ᠵᠠᠭᠤᠨ ᠵᠢᠯ ᠤᠨ ᠳᠤᠷᠰᠢᠳᠡ ︽ᠳᠤᠯᠤᠨ ᠨᠤᠤᠷ ᠮᠠᠶᠢᠮᠠᠢ︾ ᠭᠡᠮᠡᠨ ᠠᠯᠳᠠᠷᠰᠢᠵᠥ ᠪᠢᠯᠡ᠃   ᠴᠢᠩ ᠤᠯᠤᠰ ᠨᠢ ᠭᠤᠪᠢ ᠶᠢᠨ ᠠᠷᠤ ᠡᠮᠤᠨᠡᠭᠢ ᠮᠤᠩᠭᠤᠯᠴᠤᠳ ᠢ ᠪᠤᠷᠬᠠᠨ ᠱᠠᠰᠢᠨ ᠢᠶᠠᠷ ᠢᠯᠪᠢᠨ ᠳᠠᠭᠠᠭᠤᠯᠬᠤ ᠳᠦᠷᠦ ᠶᠢᠨ ᠪᠤᠳᠤᠯᠭ᠎ᠠ ᠶᠢ ᠳᠤᠬᠳᠠᠭᠠᠵᠥ ᠳᠤᠯᠤᠨ ᠨᠤᠤᠷ ᠲᠤ ᠤᠯᠠᠨ ᠰᠦᠮ᠎ᠡ ᠭᠡᠶᠢᠳ ᠪᠠᠶᠢᠭᠤᠯᠤᠨ ᠮᠤᠩᠭᠤᠯ ᠤᠷᠤᠨ ᠤ ᠱᠠᠰᠢᠨ ᠤ ᠳᠦᠪ ᠪᠤᠯᠭᠠᠬᠰᠠᠠ ᠨᠢ ᠪᠠᠰᠠ ᠦᠯᠢᠭᠡᠷ ᠳᠤᠮᠤᠬ ᠲᠠᠢ ᠪᠢᠯᠡ᠃ ᠡᠩᠭᠡ ᠠᠮᠤᠭᠤᠯᠠᠩ ᠬᠠᠭᠠᠨ 1687 ᠤᠨ ᠳᠤ ᠭᠦᠳᠡᠭᠡ ᠳᠤᠰᠬᠤᠨ ᠢᠶᠠᠷ ᠪᠠᠶᠢᠳᠠᠯ ᠤᠶᠢᠯᠠᠭᠠᠵᠦ᠂ ᠳᠤᠯᠤᠭᠠᠨ ᠨᠠᠭᠤᠷ ᠤᠨ ᠬᠠᠪᠢ ᠪᠠᠷ ᠡᠯᠵᠢᠭᠡ ᠎ ᠲᠠᠢ ᠶᠠᠪᠤᠵᠥ ᠪᠠᠶᠢᠭᠠᠳ ᠦᠷᠳᠡᠭᠡᠨ ᠭᠤᠤᠯ ᠤᠨ ᠡᠮᠤᠨ᠎ᠡ ᠭᠦᠪᠡᠭᠡᠨ ᠤ ᠨᠠᠷᠠᠰᠤᠨ ᠰᠢᠭᠤᠢ᠂ ᠪᠠᠯᠠᠷ ᠤᠢ ᠳᠤᠮᠳᠠ ᠎ ᠠᠴᠠ ᠤᠳᠤᠭ᠎ᠠ ᠭᠠᠷᠴᠤ ᠪᠠᠶᠢᠭ᠎ᠠ ᠶᠢ ᠤᠯᠵᠥ ᠬᠠᠷᠠᠪᠠ᠃ ᠬᠠᠭᠠᠨ ᠰᠢᠳᠠᠷ ᠳᠦᠰᠢᠮᠡᠯ ᠲᠠᠢ ᠪᠠᠨ ᠬᠤᠶᠠᠭᠤᠯᠠ ᠵᠠᠮ ᠭᠦᠭᠡᠭᠡᠵᠥ ᠪᠡᠶ᠎ᠡ ᠴᠢᠯᠡᠭᠰᠡᠡ ᠳᠤᠯᠡ ᠠᠶᠢᠯ ᠳᠤ ᠪᠠᠭᠤᠵᠤ ᠬᠠᠯᠠᠭᠤᠨ ᠪᠦᠯᠢᠶᠡᠨ ᠶᠠᠭᠤᠮ᠎ᠠ ᠤᠤᠭᠤᠬᠤ ᠪᠠᠷ ᠭᠦᠷᠦᠭᠡᠳ ᠤᠴᠢᠬᠰᠠᠠ ᠳᠤ ᠨᠢᠭᠡᠨ ᠳᠠᠶᠠᠨᠴᠢ ᠯᠠᠮᠠ ᠬᠤᠶᠠᠷ ᠱᠠᠪᠢ ᠲᠠᠢ ᠪᠠᠨ ᠡᠪᠡᠰᠦᠨ ᠤᠪᠤᠬᠠᠢ ᠳᠤ ᠨᠤᠮ ᠤᠩᠰᠢᠨ ᠰᠠᠭᠤᠵᠥ ᠪᠠᠶᠢᠬᠰᠠᠠ ᠭᠡᠨ᠎ᠡ᠃ ᠬᠠᠭᠠᠨ ᠳᠦᠰᠢᠮᠠᠯ ᠬᠤᠶᠠᠷ ᠯᠠᠮᠠ ᠠᠴᠠ ᠴᠡᠪᠡ ᠮᠠᠨᠵᠠ ᠭᠤᠶᠤᠬᠰᠠᠠ ᠳᠤ ᠳᠡᠷᠡ ᠯᠠᠮ᠎ᠠ᠂ ᠳᠤᠩ ᠪᠠᠭ᠎ᠠ ᠦᠨᠳᠡᠭᠡᠨ ᠳᠤᠭᠤᠭᠠᠨ ᠳᠠᠭᠠᠨ ᠭᠡᠳᠦᠭᠡᠨ ᠮᠦᠭᠦᠯᠢᠭ ᠠᠮᠤ ᠶᠢ ᠠᠯᠠᠭᠠᠨ ᠳᠡᠭᠡᠷ᠎ᠡ ᠪᠠᠨ ᠳᠤᠭᠠᠯᠠᠨ ᠪᠠᠶᠢᠵᠥ ᠤᠢᠢᠭᠠᠳ ᠭᠠᠯ ᠢᠶᠠᠨ ᠨᠤᠴᠤᠭᠠᠪᠠ ᠭᠡᠨ᠎ᠡ᠃ ᠢᠩᠭᠢᠭᠡᠳ ᠡᠨᠡᠭᠦ ᠵᠢᠵᠢᠭᠭᠡᠨ ᠦᠨᠳᠡᠭᠡᠨ ᠳᠤᠭᠤᠭᠠᠨ ᠳᠤ ᠠᠬᠰᠢᠭᠠᠬᠰᠠᠠ ᠠᠮᠤᠰᠤ ᠶᠢ ᠬᠠᠭᠠᠨ ᠳᠦᠰᠢᠮᠡᠯ᠂ ᠪᠠᠭᠰᠢ ᠱᠠᠪᠢ ᠳᠦᠷᠪᠡᠭᠦᠯᠠ ᠢᠳᠡᠭᠡᠳ ᠪᠠᠷᠠᠬᠰᠠᠠ ᠦᠭᠡᠢ ᠭᠡᠨ᠎ᠡ᠃ ᠬᠠᠭᠠᠨ ᠮᠠᠰᠢ ᠭᠠᠶᠢᠬᠠᠬᠰᠠᠠ ᠢᠶᠠᠷ ᠪᠠᠷᠠᠬᠤ ᠦᠭᠡᠢ ᠠᠭᠤᠢ ᠶᠢᠨ ᠭᠠᠳᠠᠨ᠎ᠠ ᠤᠶᠠᠭᠠᠳᠠᠢ ᠤᠨᠤᠭᠠᠨ ᠤ ᠬᠢᠨ ᠦᠩᠭᠡ ᠵᠢᠰᠦᠮ ᠢ ᠭᠦᠷᠳᠡᠯ᠎ᠠ ᠮᠡᠳᠡᠴᠢᠭᠡᠭᠰᠡᠡ ᠯᠠᠮᠠ ᠭᠤᠸᠠᠢ ᠶᠢ ᠶᠡᠭᠡᠳᠡ ᠪᠢᠰᠢᠷᠡᠭᠰᠡᠡ ᠪᠠᠶᠢᠪᠠ᠃ ᠬᠠᠭᠠᠨ ᠨᠡᠶᠢᠰᠯᠡᠯ ᠬᠤᠳᠠᠨ ᠳᠠᠭᠠᠨ ᠬᠠᠷᠢᠬᠰᠠᠠ ᠤ ᠪᠠᠨ ᠳᠠᠷᠠᠭ᠎ᠠ ᠭᠦᠮᠦᠨ ᠶᠠᠪᠤᠭᠤᠯᠵᠥ ᠳᠤᠰ ᠯᠠᠮᠠ ᠶᠢ ᠵᠠᠯᠠᠵᠥ ᠠᠪᠴᠢᠷᠠᠭᠠᠳ ᠴᠦᠢᠷᠸ᠎ᠠ ᠶᠢᠨ ᠴᠢᠭᠤᠯᠭᠠᠨ ᠳᠤ ᠡᠷᠳᠡᠮ ᠨᠤᠮ ᠢ ᠨᠢ ᠰᠢᠯᠭᠠᠭᠠᠳ ᠨᠡᠩ ᠰᠢᠳᠦᠨ ᠪᠢᠰᠢᠷᠡᠭᠦ ᠪᠤᠯᠤᠬᠰᠠᠠ ᠪᠠᠶᠢᠪᠠ᠃   ᠳᠤᠯᠤᠨ ᠨᠤᠤᠷ ᠤᠨ ᠮᠠᠶᠢᠮᠠᠢ ᠵᠡᠭᠡᠯᠢ ᠳᠤ ᠡᠶᠡᠪᠡᠷ ᠵᠠᠰᠠᠬᠴᠢ ᠶᠢᠨ ᠠᠷᠪᠠᠨ ᠨᠠᠢᠮᠠᠳᠤᠭᠠᠷ ︵1661 ᠤᠨ︶ ᠤᠨ ᠳᠤ ᠪᠠᠶᠢᠭᠤᠯᠤᠬᠰᠠᠠ ᠽᠦᠩ ᠱᠸᠦ ᠰᠧ ᠭᠡᠶᠢᠳ ᠭᠡᠭᠦ ᠭᠠᠭᠴᠠ ᠰᠦᠮ᠎ᠡ ᠪᠠᠶᠢᠬᠰᠠᠠ ᠪᠤᠯ ᠡᠩᠭᠡ ᠠᠮᠤᠭᠤᠯᠠᠩ ᠬᠠᠭᠠᠨ᠂ ᠭᠦᠯᠦ ᠭᠦᠭᠡ ᠬᠤᠰᠢᠭᠤᠨ ᠳᠤ ᠵᠠᠷᠯᠢᠬ ᠪᠢᠴᠢᠭ ᠪᠠᠭᠤᠯᠭᠠᠨ᠂ ᠬᠠᠭᠠᠨ ᠰᠠᠩ ᠠᠴᠠ ᠳᠡᠳᠭᠦᠮᠵᠢ ᠦᠭᠴᠤ᠂ ᠳᠡᠭᠦᠨ ᠤ ᠤᠢᠢᠷᠡᠯᠴᠠᠭ᠎ᠠ ᠪᠠᠰᠠ ᠨᠢᠭᠡᠨ ︽ᠯᠠᠮᠠ ᠶᠢᠨ ᠰᠦᠮ᠎ᠡ︾ ᠭᠡᠭᠴᠢ ᠶᠢ ᠪᠠᠶᠢᠭᠤᠯᠵᠥ ᠳᠡᠷᠡ ᠯᠡᠮ᠎ᠡ ᠶᠢ ᠰᠢᠷᠡᠭᠡᠨ ᠯᠡᠮᠡ ᠪᠠᠷ ᠵᠠᠯᠠᠬᠰᠠᠠ ᠪᠠᠶᠢᠵᠠᠢ᠃ ᠡᠶᠢᠨᠭᠦ ᠳᠤᠮᠳᠠᠳᠤ ᠢᠷᠭᠡᠨ ᠤᠯᠤᠰ ᠠᠴᠠ ︽ᠳᠤᠯᠤᠨ ᠨᠤᠤᠷ ᠰᠢᠶᠠᠨ︾ ᠭᠡᠮᠡᠨ ᠨᠡᠷᠡᠶᠢᠳᠭᠦ ᠪᠤᠯᠳᠠᠯ᠎ᠠ ᠳᠤᠰ ᠬᠤᠳᠠ ᠪᠠᠯᠭᠠᠰᠤ ᠶᠢ ︽ᠯᠠᠮᠠ ᠶᠢᠨ ᠰᠦᠮ᠎ᠡ︾ ᠭᠡᠵᠥ ᠳᠠᠭᠤᠳᠠᠳᠠᠬ ᠪᠠᠶᠢᠪᠠ᠃ ᠰᠠᠭᠦᠯᠡᠷ ᠨᠢ ᠡᠩᠭᠡ ᠠᠮᠤᠭᠤᠯᠠᠩ ᠬᠠᠭᠠᠨ ᠳᠤᠯᠤᠨ ᠨᠤᠤᠷ ᠲᠤ ︽ᠴᠢᠭᠤᠯᠭᠠᠨ ᠬᠤᠷᠠᠬᠰᠠᠠ ᠭᠡᠶᠢᠳ︾ — ᠭᠦᠭᠡ ᠰᠦᠮ᠎ᠡ ᠶᠢ ︵1691 — 1612 ᠤᠨ ᠭᠦᠷᠳᠡᠯ᠎ᠡ︶ ᠪᠠᠶᠢᠭᠤᠯᠵᠥ᠂ ᠠᠷᠪᠠᠨ ᠳᠦᠷᠪᠡᠳᠦᠭᠡᠷ ᠳᠦᠷᠢ ᠶᠢᠨ ᠵᠠᠩᠭᠢᠶ᠎ᠠ ᠬᠤᠳᠤᠬᠳᠤ ᠠᠬᠸᠠᠩᠯᠤᠪᠰᠠᠩᠴᠦ᠋ᠢᠯᠳᠠᠨ ᠢ ᠳᠤᠯᠤᠨ ᠨᠤᠤᠷ ᠤᠨ ᠳᠡᠭᠡᠳᠤ ᠬᠤᠳᠤᠬᠳᠤ ᠭᠡᠭᠡᠨ ᠢᠶᠠᠷ ᠵᠠᠯᠠᠵᠥ ᠰᠠᠭᠤᠯᠭᠠᠭᠠᠳ᠂ ᠠᠷᠤ ᠳᠠᠪᠢᠨ ᠳᠤᠯᠤᠭ᠎ᠠ᠂ ᠦᠪᠦᠷ ᠳᠦᠴᠢ ᠶᠢᠰᠤᠨ ᠬᠤᠰᠢᠭᠤᠨ ᠤ ᠤᠯᠠᠨ ᠰᠦᠮ᠎ᠡ ᠭᠡᠶᠢᠳ ᠤᠨ ᠭᠡᠭᠡᠨ ᠱᠠᠪᠷᠦᠩ ᠨᠡᠷ ᠲᠤ ᠴᠤ ᠡ᠊ᠨᠳᠡ ᠭᠡᠭᠡᠨ ᠰᠡᠩ ᠪᠠᠶᠢᠭᠤᠯᠤᠨ ᠦᠭᠴᠤ᠂ ᠳᠤᠯᠤᠨ ᠨᠤᠤᠷ ᠢ ᠪᠦᠭᠦ ᠮᠤᠩᠭᠤᠯ ᠤᠷᠤᠨ ᠢ ᠰᠢᠷ᠎ᠠ ᠶᠢᠨ ᠱᠠᠰᠢᠨ ᠢᠶᠠᠷ ᠵᠠᠭᠢᠷᠠᠬᠤ ᠳᠦᠪ ᠪᠤᠯᠭᠠᠬᠰᠠᠠ ᠪᠠᠶᠢᠨ᠎ᠠ᠃ᠪᠡᠯᠡᠳᠬᠡᠭᠰᠡᠨ ᠨᠢ᠄ ᠡᠷᠳᠡᠨᠢᠬᠦᠦᠨᠠᠶᠢᠷᠠᠭᠤᠯᠤᠭᠰᠠᠨ ᠨᠢ᠄ ᠨᠠᠮᠤᠷᠬᠢᠨᠠᠭᠰᠠᠨ ᠨᠢ᠄ ᠤᠷᠢᠬᠠᠨ
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号