| | ᠴᠠᠬᠠᠷᠴᠤᠤᠯ ᠪᠤᠯ ᠴᠢᠩᠭᠢᠰ ᠬᠠᠭᠠᠨ ᠤ ᠦᠶ᠎ᠡ ᠶᠢᠨ ᠬᠠᠭᠠᠨ ᠤ ᠲᠤᠷᠭᠠᠨ ᠴᠡᠷᠢᠭ ᠶᠤᠮ᠃ ᠲᠤᠤᠯᠢᠰ ᠰᠢᠯᠥᠭ | ᠲᠤ ︽ᠴᠪᠴᠢᠬᠤ ᠢᠯᠳᠦᠨ ᠤ ᠢᠷ ᠪᠤᠯᠤᠭᠰᠠᠨ᠂ ᠴᠠᠷᠭᠢ ᠲᠤᠭᠤᠯᠭᠠᠨ ᠤ ᠳᠠᠯ᠎ᠠ ᠪᠤᠯᠤᠭᠰᠠᠨ ᠴᠠᠬᠠᠷ ᠲᠦᠮᠡᠨ︾ | ᠬᠡᠮᠡᠨ ᠮᠠᠭᠳᠠᠭᠰᠠᠨ ᠪᠠᠶᠢᠳᠠᠭ᠃ ᠴᠠᠬᠠᠷ ᠮᠤᠩᠭᠤᠯᠴᠤᠳ ᠤᠨ ᠲᠤᠮᠳᠠ ᠪᠠᠰᠠ ︽ᠴᠠᠬᠠᠷ ᠦᠭᠡᠢ ᠪᠠᠷ ᠴᠡᠷᠢᠭ ᠪᠤᠰᠬᠤ | ᠦᠭᠡᠢ︾ ᠭᠡᠳᠡᠭ ᠰᠡᠴᠡᠨ ᠦᠭᠡ ᠠᠮᠠ ᠳᠠᠮᠵᠢᠨ ᠶᠠᠷᠢᠬᠳᠠᠳᠠᠭ ᠪᠢᠯᠡ᠃ ᠲᠡᠷᠡ ᠨᠢ ᠴᠠᠬᠠᠷ ᠪᠤᠯ ᠴᠡᠷᠢᠭ ᠠᠴᠠ | ᠡᠭᠦᠰᠦᠯ ᠭᠠᠷᠤᠯ ᠲᠠᠢ ᠭᠡᠳᠡᠭ ᠢ ᠠᠮᠠᠨ ᠵᠤᠬᠢᠶᠠᠯ ᠤᠨ ᠬᠡᠯᠪᠡᠷᠢ ᠪᠠᠷ ᠤᠯᠠᠮᠵᠢᠯᠠᠨ ᠲᠤᠳᠤᠷᠬᠠᠶᠢᠯᠠᠭᠰᠠᠨ ᠬᠡᠷᠡᠴᠢ | ᠪᠠᠷᠢᠮᠳᠠ ᠶᠤᠮ᠃ | ᠴᠠᠬᠠᠷ ᠤᠨ ᠡᠭᠦᠰᠦᠯ ᠡᠵᠡᠨ ᠴᠢᠩᠭᠢᠰ ᠤᠨ ᠦᠶ᠎ᠡ ᠳᠤ ᠡᠬᠢᠯᠡᠭᠰᠡᠨ ᠪᠠᠶᠢᠪᠠ᠃ ᠲᠤᠬᠠᠢ ᠶᠢᠨ ᠦᠶᠡᠰ ᠴᠢᠩᠭᠢᠰ | ᠬᠠᠭᠠᠨ᠂ ᠮᠤᠩᠭᠤᠯ ᠤᠨ ᠶᠡᠭᠡ ᠴᠡᠷᠢᠭ ᠢ ᠲᠠᠶᠢᠴᠢᠯᠠᠨ ᠳᠠᠶᠢᠨ ᠳᠤ ᠮᠤᠷᠳᠠᠬᠤ ᠳᠤ ᠪᠠᠨ ᠮᠤᠩᠭᠤᠯ ᠤᠨ ᠠᠷᠣ | ᠠᠭᠤᠷᠠᠭ᠂ ᠣᠯᠣᠰ ᠭᠦᠷᠦᠨ ᠤ ᠠᠮᠤᠷ ᠲᠦᠪᠰᠢᠨ ᠢ ᠪᠠᠳᠤᠯᠠᠨ ᠬᠠᠮᠠᠭᠠᠯᠠᠬᠤ ᠶᠢ ᠤᠳᠬᠤᠨ ᠬᠦᠪᠡᠭᠦᠨ ᠲᠤᠯᠤᠢ ᠳᠤ | ᠲᠤᠰᠢᠶᠠᠭᠰᠠᠨ ᠪᠠᠶᠢᠵᠠᠢ᠃ ᠲᠤᠯᠤᠢ ᠡᠵᠡᠨ ᠡᠨᠡᠬᠦ ᠬᠦᠨᠳᠦ ᠡᠭᠦᠷᠭᠡ ᠶᠢ ᠠᠮᠵᠢᠯᠳᠠ ᠲᠠᠢ ᠪᠡᠶᠡᠯᠡᠭᠦᠯᠬᠦ ᠶᠢᠨ ᠲᠦᠯᠥᠭᠡ | ᠮᠤᠩᠭᠤᠯ ᠤᠨ ᠡᠯ᠎ᠡ ᠤᠪᠤᠭ ᠠᠶᠢᠮᠠᠭ᠂ ᠲᠦᠮᠡᠳᠦ᠂ ᠮᠢᠩᠭᠠᠳᠤ᠂ ᠵᠠᠭᠤᠳᠤ᠂ ᠠᠷᠪᠠᠳᠤ ᠶᠢᠨ ᠲᠤᠳᠤᠷ᠎ᠠ ᠠᠴᠠ ᠡᠷᠡᠭᠦᠯ | ᠴᠢᠭᠢᠷᠠᠭ ᠪᠡᠶ᠎ᠡ ᠮᠠᠬᠠᠪᠤᠳ ᠲᠠᠢ᠂ ᠡᠷᠳᠡᠮ ᠴᠢᠳᠠᠪᠤᠷᠢ ᠬᠤᠤᠰᠯᠠᠭᠰᠠᠨ ᠰᠡᠴᠡᠨ ᠰᠡᠷᠭᠦᠯᠡᠩ ᠵᠠᠯᠠᠭᠤᠰ ᠢ ᠰᠢᠯᠢᠨ | ᠰᠤᠩᠭᠤᠵᠦ ᠠᠷᠤ ᠠᠭᠤᠷᠠᠭ᠂ ᠤᠯᠤᠰ ᠭᠦᠷᠦᠨ ᠢ ᠰᠠᠬᠢᠨ ᠬᠠᠮᠠᠭᠠᠯᠠᠬᠤ ᠰᠢᠳᠠᠷ ᠴᠢᠷᠢᠭ ᠢ ᠪᠠᠶᠢᠭᠤᠯᠤᠭᠰᠠᠨ ᠶᠤᠮ᠃ | ᠠᠯᠳᠠᠷᠳᠤ ᠲᠡᠤᠬᠡᠴᠢᠨ ᠰᠠᠷᠳᠠᠭᠤᠳ ᠪᠠᠶᠠᠪᠠᠤ ᠰᠠᠶᠢᠰᠢᠶᠠᠯ ᠤᠨ ᠲᠤᠳᠤᠷᠬᠠᠶᠢᠯᠠᠭᠰᠠᠨ ᠢᠶᠠᠷ ᠪᠤᠯ ᠴᠠᠬᠠᠷ ᠪᠤᠯ ᠫᠧᠷᠰ | ᠦᠭᠡ᠂ ᠰᠢᠳᠠᠷ ᠴᠡᠷᠢᠭ᠂ ᠰᠢᠳᠠᠷ ᠬᠠᠮᠠᠭᠠᠯᠠᠭᠴᠢ᠂ ᠲᠡᠷᠭᠡᠳᠡ ᠭᠡᠬᠦ ᠤᠳᠬ᠎ᠠ ᠲᠠᠢ ᠭᠡᠨ᠎ᠡ᠃ ᠯᠤᠪᠰᠠᠩᠳᠠᠨᠵᠢᠨ ᠤ ︽ | ᠠᠯᠳᠠᠨ ᠲᠤᠪᠴᠢ︾ ᠳᠤ ︽ᠪᠤᠭᠳᠠ ᠡᠵᠡᠨ ᠤ ᠪᠡᠶ᠎ᠡ ᠪᠡᠷᠬᠡ ᠴᠢᠯᠡᠭᠡᠷᠬᠡᠵᠦ ᠪᠠᠰᠠ ᠲᠤᠯᠤᠢ ᠡᠵᠡᠨ ᠴᠢᠯᠡᠭᠡ | ᠪᠤᠯᠤᠭᠰᠠᠨ ᠲᠤᠷ ᠪᠡᠯᠭᠡᠴᠢᠨ ᠢᠷᠦᠭᠡᠴᠢᠨ᠄ ︿ᠡᠨᠡ ᠬᠤᠶᠠᠭᠤᠯᠠ ᠶᠢᠨ ᠨᠢᠭᠡᠨ ᠢᠨᠤ ᠰᠠᠶᠢᠨ ᠪᠤᠯᠪᠠᠰᠤ ᠨᠢᠭᠡᠨ ᠢᠨᠤ | ᠮᠠᠭᠤ ᠪᠤᠯᠤᠮᠤᠢ﹀ ᠬᠡᠮᠡᠭᠰᠡᠨ ᠳᠤᠷ ᠲᠤᠯᠤᠢ ᠡᠵᠡᠨ ᠤ ᠬᠠᠳᠤᠨ ᠴᠤᠬᠤᠷ ᠪᠠᠬᠢ ︵ᠰᠣᠷᠬᠠᠭᠳᠠᠨᠢ︶ ᠲᠡᠭᠷᠢ ᠳᠤᠷ | ᠦᠴᠢᠭ ᠥᠴᠢᠷᠤᠨ᠄ ︿ᠬᠠᠨ ᠡᠵᠡᠨ ᠦᠭᠡᠢ ᠪᠤᠯᠪᠠᠰᠤ ᠬᠠᠮᠤᠭ ᠤᠯᠤᠰ ᠪᠡᠯᠪᠡᠰᠤᠨ ᠪᠤᠯᠤᠨᠠᠮ ᠪᠤᠢ ᠶᠠ﹀ ᠭᠡᠵᠦ | ᠵᠠᠯᠪᠠᠷᠢᠪᠠᠢ᠃ ᠲᠡᠷᠡ ᠵᠠᠯᠪᠠᠷᠢᠭᠰᠠᠨ ᠢᠶᠠᠷ ᠲᠤᠯᠤᠢ ᠡᠵᠡᠨ ᠪᠤᠷᠬᠠᠨ ᠪᠤᠯᠪᠠ᠃ ᠪᠤᠭᠳᠠ ᠡᠵᠡᠨ ᠤ ᠴᠢᠯᠡᠭᠡᠨ ᠲᠡᠭᠡᠭᠰᠢ | ᠪᠤᠯᠤᠭᠰᠠᠨ ᠳᠤᠷ ᠲᠡᠷᠡ ᠰᠡᠳᠬᠢᠯ ᠢ ᠢᠨᠤ ᠬᠦᠨᠳᠦᠯᠡᠵᠦ ᠦᠪᠡᠷ ᠨᠦᠬᠦᠷ ᠢ ᠦᠯᠦ ᠰᠡᠳᠬᠢᠨ ᠡᠴᠢᠭᠡ ᠶᠢ | ᠬᠦᠨᠳᠦᠯᠡᠵᠦ ᠶᠡᠭᠡ ᠲᠦᠷᠦ ᠶᠢ ᠰᠡᠳᠬᠢᠭᠰᠡᠨ ᠤ ᠲᠤᠯᠠ ᠪᠤᠭᠳᠠ ᠡᠵᠡᠨ᠄ ︿ᠪᠢ ᠴᠢᠮᠠᠢᠢ ᠪᠡᠷᠢ ᠭᠡᠵᠦ ᠪᠤᠤ ᠬᠡᠯᠡᠰᠦ᠂ | ᠪᠠᠬᠢ ᠳᠠᠶᠢᠬᠤ ᠭᠡᠰᠤ᠂ ᠰᠢᠦ ᠭᠡᠵᠦ ᠪᠤᠤ ᠬᠡᠯᠡᠶ᠎ᠡ᠂ ᠰᠣᠳᠠᠢ ᠳᠠᠶᠢᠬᠤ ᠬᠡᠮᠨᠶᠡ﹀ ᠭᠡᠵᠦ ᠴᠤᠯᠠ ᠦᠭᠭᠦᠭᠡᠳ ᠨᠠᠢᠮᠠᠨ | ᠤᠳᠤᠭ ᠴᠠᠬᠠᠷ ᠲᠦᠮᠡᠨ ᠢ ᠰᠤᠩᠭᠤᠵᠦ ᠦᠭᠴᠦ ᠰᠣᠶᠤᠷᠬᠠᠪᠠ︾ ᠭᠡᠵᠠᠢ᠃ | ᠴᠠᠬᠠᠷ ᠪᠤᠯ ︽ᠮᠤᠩᠭᠤᠯ ᠤᠨ ᠨᠢᠭᠤᠴᠠ ᠲᠤᠪᠴᠢᠶᠠᠨ︾ ᠳᠤ ᠲᠡᠮᠳᠡᠭᠯᠡᠭᠰᠡᠨ ︽ᠴᠠᠬᠠᠳ ᠮᠢᠩᠭᠠᠨ︾᠂ ︽ | ᠭᠤᠤᠯ ᠤᠨ ᠮᠢᠩᠭᠠᠨ︾ ᠠᠴᠠ ᠡᠬᠢᠯᠡᠨ ᠪᠦᠷᠢᠯᠳᠦᠭᠰᠡᠨ ᠶᠤᠮ᠃ ᠠᠬ᠎ᠠ ᠦᠭᠡᠳᠠᠢ ᠬᠠᠭᠠᠨ ᠤ ᠪᠠᠨ ᠲᠦᠯᠥᠭᠡ | ᠦᠭᠦᠭᠰᠡᠨ ᠲᠤᠯᠤᠢ ᠡᠵᠡᠨ ᠤ ᠪᠡᠯᠪᠡᠰᠤᠨ ᠬᠠᠳᠤᠨ ᠰᠤᠷᠬᠠᠭᠳᠠᠨᠢ ᠳᠤ ᠰᠤᠶᠤᠷᠬᠠᠬᠤ ᠦᠶᠡᠰ ᠨᠢᠭᠡᠨᠳᠡ ︽ᠨᠠᠢᠮᠠᠨ | ᠤᠳᠤᠭ ᠴᠠᠬᠠᠷ ᠲᠦᠮᠡᠨ︾ ᠪᠤᠯᠤᠨ ᠬᠦᠭᠵᠢᠨ ᠪᠤᠵᠠᠭᠠᠶᠢᠷᠠᠭᠰᠠᠨ ᠪᠠᠶᠢᠪᠠ᠃ ᠲᠡᠭᠡᠭᠡᠳ ᠮᠤᠩᠭᠤᠯ ᠬᠠᠭᠠᠨᠳᠤ ᠲᠦᠷᠦ | ᠶᠢᠨ ︽ᠴᠠᠪᠴᠢᠬᠤ ᠢᠯᠳᠦᠨ ᠤ ᠬᠢᠨᠢ ᠢᠷ ᠪᠤᠯᠵᠦ᠂ ᠴᠠᠷᠬᠢ ᠲᠤᠭᠤᠯᠭᠠᠨ ᠤ ᠬᠢᠨᠢ ᠳᠠᠯ᠎ᠠ ᠪᠤᠯᠵᠦ᠂ ᠪᠡᠭᠳᠡᠷ ᠬᠤᠶᠠᠭ | ᠤᠨ ᠬᠢᠨᠢ ᠦᠩᠭᠡ ᠪᠤᠯᠵᠦ᠂ ᠪᠡᠷᠬᠡ ᠴᠡᠷᠢᠭ ᠤᠨ ᠬᠢᠨᠢ ᠢᠷᠡᠭᠦᠯ ᠪᠤᠯᠵᠦ︾ ᠲᠡᠤᠬᠡᠨ ᠡᠭᠦᠷᠭᠡ ᠶᠢ ᠬᠦᠢᠴᠡᠳᠬᠡᠵᠦ | ᠶᠠᠪᠤᠭᠰᠠᠨ ᠶᠤᠮ᠃ | ᠶᠡᠭᠡ ᠶᠤᠸᠠᠨ ᠤᠯᠤᠰ ᠪᠠᠶᠢᠭᠤᠯᠤᠭᠳᠠᠭᠰᠠᠨ ᠤ ᠲᠠᠷᠠᠭ᠎ᠠ ᠮᠤᠩᠭᠤᠯᠴᠤᠳ ᠭᠠᠳᠠᠭᠰᠢ ᠶᠠᠪᠤᠭᠤᠯᠬᠤ ᠠᠶᠠᠨ ᠳᠠᠶᠢᠨ | ᠴᠦᠬᠡᠷᠡᠪᠡ᠂ ᠪᠦᠬᠦ ᠤᠯᠤᠰ ᠢ ᠲᠦᠷᠪᠡᠨ ᠴᠦᠯᠭᠡ ᠳᠤ ᠬᠤᠪᠢᠶᠠᠨ ᠮᠤᠵᠢ ᠶᠢᠨ ᠵᠠᠰᠠᠭ ᠵᠠᠬᠢᠷᠭᠠᠨ ᠤ ᠲᠦᠷᠢᠮ ᠢ | ᠬᠡᠷᠡᠭᠵᠢᠭᠦᠯᠵᠦ ᠡᠷᠭᠢᠨ ᠲᠤᠭᠤᠷᠢᠨ ᠤ ᠬᠦᠷᠰᠢ ᠵᠡᠷᠭᠡᠯᠡᠳᠡᠭᠡ ᠤᠯᠤᠰ ᠭᠦᠷᠦᠨ ᠲᠠᠢ ᠠᠷᠠᠯᠵᠢᠶ᠎ᠠ ᠨᠡᠪᠳᠡᠷᠡᠵᠦ ᠲᠦᠷᠦ | ᠲᠦᠪᠰᠢᠨ᠂ ᠲᠦᠮᠡᠨ ᠠᠮᠤᠭᠤᠯᠠᠩ ᠪᠤᠯᠪᠠ᠃ ᠤᠤᠯ ᠤᠨ ᠬᠠᠭᠠᠨ ᠢ ᠲᠠᠭᠠᠵᠦ ᠭᠠᠳᠠᠭᠰᠢ ᠬᠤᠰᠢᠭᠤᠴᠢᠯᠠᠨ | ᠪᠠᠶᠢᠯᠳᠤᠵᠦ ᠶᠠᠪᠤᠭᠰᠠᠨ ᠬᠡᠰᠢᠭᠳᠡᠨ ᠴᠡᠷᠢᠭ ᠤᠨ ᠡᠭᠦᠷᠭᠡ ᠬᠦᠩᠬᠡᠷᠡᠵᠦ ᠴᠢᠯᠥᠭᠡᠳᠠᠢ ᠰᠢᠭ᠋ ᠪᠤᠯᠵᠦ᠂ ᠬᠠᠷᠢᠨ ᠮᠤᠩᠭᠤᠯ | ᠲᠦᠷᠦ ᠶᠢᠨ ᠠᠷᠤ ᠠᠭᠤᠷᠠᠭ ᠢ ᠰᠠᠬᠢᠨ ᠬᠠᠮᠠᠭᠠᠯᠠᠵᠦ ᠪᠠᠶᠢᠭᠰᠠᠨ ᠴᠠᠬᠠᠷ ᠴᠡᠷᠢᠭ ᠤᠨ ᠡᠭᠦᠷᠭᠡ ᠬᠦᠨᠳᠦᠷᠡᠪᠡ᠃ | ᠴᠠᠬᠠᠷᠴᠤᠤᠯ ᠬᠠᠭᠠᠨ ᠤᠷᠳᠤᠨ ᠤ ᠠᠮᠤᠷ ᠲᠦᠪᠰᠢᠨ ᠢ ᠬᠠᠮᠠᠭᠠᠯᠠᠬᠤ ᠪᠠᠷ ᠪᠠᠷᠠᠬᠤ ᠦᠭᠡᠢ ᠪᠠᠰᠠ ᠤᠭᠳᠤᠯᠭ᠎ᠠ | ᠦᠳᠡᠯᠭᠡ ᠶᠢᠨ ᠶᠤᠰᠤᠯᠠᠯ᠂ ᠲᠡᠭᠷᠢ ᠭᠠᠵᠠᠷ ᠤᠨ ᠲᠠᠬᠢᠯᠭ᠎ᠠ᠂ ᠬᠤᠷᠢᠮ ᠨᠠᠶᠢᠷ ᠤᠨ ᠲᠠᠶᠢᠯᠯᠠᠭ᠎ᠠ ᠳᠤ ᠴᠦ ᠰᠢᠳᠠᠷ ᠲᠤ | ᠶᠠᠪᠤᠵᠦ ᠬᠦᠢᠴᠡᠳᠬᠡᠬᠦ ᠪᠤᠯᠤᠭᠰᠠᠨ ᠶᠤᠮ᠃ ᠲᠤᠷᠭᠠᠨ ᠴᠡᠷᠢᠭ ᠤᠨ ᠤᠷᠤᠨ ᠲᠤᠭ᠎ᠠ ᠨᠡᠮᠡᠭᠳᠡᠬᠦ ᠶᠢ ᠲᠠᠭᠠᠯᠳᠤᠨ | ᠬᠡᠰᠢᠭᠳᠡᠨ ᠴᠡᠷᠢᠭ ᠴᠦ ᠴᠠᠬᠠᠷ ᠴᠡᠷᠢᠭ ᠤᠨ ᠬᠠᠷᠢᠶᠠᠨ ᠳᠤ ᠤᠷᠤᠵᠦ ᠵᠠᠬᠢᠷᠤᠭᠳᠠᠭᠰᠠᠨ ᠶᠤᠮ᠃ | ᠶᠤᠸᠠᠨ ᠭᠦᠷᠦᠨ ᠤ ᠲᠤᠭ᠎ᠠ ᠲᠠᠭᠤᠰᠴᠦ ᠮᠤᠩᠭᠤᠯᠴᠤᠳ ᠪᠤᠭᠤᠮᠳᠠ ᠶᠢᠨ ᠭᠠᠳᠠᠨ᠎ᠠ ᠤᠬᠤᠷᠢᠨ ᠭᠠᠷᠬᠤ ᠳᠤ | ᠤᠷᠳᠤᠨ ᠤ ᠰᠢᠳᠠᠷ ᠴᠡᠷᠢᠭ ᠴᠠᠬᠠᠷᠴᠤᠤᠯ ᠶᠡᠭᠡ ᠬᠠᠭᠠᠨ ᠲᠤᠭᠤᠨᠲᠡᠮᠤᠷ ᠢ ᠬᠠᠮᠠᠭᠠᠯᠠᠵᠦ ᠮᠤᠯᠳᠤᠰᠢ ᠬᠠᠭᠠᠯᠭ᠎ᠠ ᠪᠠᠷ | ᠤᠮᠠᠷᠠᠰᠢ ᠠᠶᠠᠯᠠᠨ ᠲᠡᠭᠡᠳᠦ ᠨᠡᠶᠢᠰᠯᠡᠯ ᠱᠠᠩᠳᠤ ︵ᠤᠳᠤ ᠶᠢᠨ ᠰᠢᠯᠤᠭᠤᠨ ᠬᠦᠬᠡ ᠬᠤᠰᠢᠭᠤᠨ ᠤ ᠨᠤᠳᠤᠭ ᠲᠤ ᠪᠤᠢ︶ | ᠬᠤᠳᠠᠨ ᠳᠤ ᠢᠷᠡᠵᠦ ᠪᠠᠷᠰ ᠬᠤᠳᠠᠨ ᠳᠤ ᠵᠢᠯ ᠦᠨᠵᠢᠭᠡᠳ ᠡᠴᠤᠰ ᠲᠤ ᠪᠠᠨ ᠬᠠᠷᠠᠬᠤᠷᠠᠮ ᠳᠤ ᠪᠠᠨ ᠪᠤᠴᠠᠭᠰᠠᠨ | ᠶᠤᠮ᠃ ᠪᠠᠳᠤᠮᠥ᠋ᠩᠬᠡ ᠲᠠᠶᠠᠨ ᠬᠠᠭᠠᠨ ᠤ ᠦᠶ᠎ᠡ ᠳᠤ ᠮᠤᠩᠭᠤᠯᠴᠤᠳ ᠢ ᠵᠢᠷᠭᠤᠭᠠᠨ ᠲᠦᠮᠡᠨ ᠳᠤ ᠬᠤᠪᠢᠶᠠᠭᠰᠠᠨ | ᠶᠤᠮ᠃ ᠲᠠᠷᠤᠢ ᠴᠠᠬᠠᠷ ᠲᠦᠮᠡᠨ᠂ ᠬᠠᠯᠬ᠎ᠠ ᠲᠦᠮᠡᠨ᠂ ᠶᠥᠩᠰᠢᠶᠡᠪᠦ ᠲᠦᠮᠡᠨ᠂ ᠲᠦᠮᠡᠳ ᠲᠦᠮᠡᠨ᠂ ᠤᠷᠳᠤᠰ | ᠲᠦᠮᠡᠨ᠂ ᠤᠷᠢᠶᠠᠩᠬᠠᠢ ᠲᠦᠮᠡᠨ ᠪᠤᠯᠤᠨ᠎ᠠ᠃ ᠡᠨᠡ ᠦᠶ᠎ᠡ ᠶᠢᠨ ᠲᠦᠮᠡᠨ ᠨᠢ ᠵᠠᠰᠠᠭ ᠵᠠᠬᠢᠷᠭᠠᠨ ᠤ ᠨᠢᠭᠡᠴᠢ ᠪᠠᠶᠢᠭᠰᠠᠨ | ᠪᠦᠭᠡᠳ ᠬᠠᠭᠠᠨ ᠣᠷᠳᠣᠨ ᠲᠦᠪᠯᠡᠭᠰᠡᠨ ᠴᠠᠬᠠᠷ ᠲᠦᠮᠡᠨ ᠨᠢ ᠭᠤᠤᠯ ᠤᠨ ᠲᠦᠮᠡᠨ ᠪᠠᠶᠢᠭᠰᠠᠨ ᠶᠤᠮ᠃ | 15 ᠳ᠋ᠤᠭᠠᠷ ᠵᠠᠭᠤᠨ ᠠᠴᠠ ᠬᠤᠶᠢᠰᠢ ᠣᠣᠯ ᠤᠨ ᠨᠠᠢᠮᠠᠨ ᠤᠳᠤᠭ ᠴᠠᠬᠠᠷ ᠤᠨ ᠪᠦᠷᠢᠯᠳᠦᠭᠦᠨ ᠳᠤ ᠬᠡᠳᠦ ᠬᠡᠳᠦᠨ | ᠣᠳᠠᠭᠠᠨ ᠤ ᠬᠤᠪᠢᠷᠠᠯᠳᠠ ᠭᠠᠷᠴᠦ ᠰᠤᠯᠢᠭᠳᠠᠭᠰᠠᠨ ᠪᠤᠶᠤ ᠨᠡᠮᠡᠭᠳᠡᠭᠰᠡᠨ ᠪᠢᠯᠡ᠃ ︽ᠠᠯᠳᠠᠨ ᠬᠦᠷᠳᠦᠨ ᠮᠢᠩᠭᠠᠨ | ᠬᠡᠬᠡᠰᠦᠳᠤ︾ ᠳᠤ ᠲᠡᠮᠳᠡᠭᠯᠡᠭᠰᠡᠨ ᠢᠶᠠᠷ ᠪᠤᠯ ︽ᠠᠤᠬᠠᠨ᠂ ᠨᠠᠢᠮᠠᠨ᠂ ᠰᠦᠨᠢᠳ᠂ ᠦᠵᠦᠮᠥᠨ ᠦᠯᠭᠡ ᠶᠢᠨ ᠲᠦᠷᠪᠡᠨ | ᠤᠳᠤᠭ ᠪᠤᠢ᠂ ᠵᠦᠢᠳ᠂ ᠪᠤᠷᠤᠳ᠂ ᠠᠯᠠᠭ᠂ ᠠᠯᠠᠭᠴᠤᠳ ᠡᠳᠡ ᠠᠷᠣ ᠵᠡᠷᠭᠡ ᠤᠳᠤᠭ ᠤᠳ ᠢ ᠤᠷᠤᠯᠠᠨ | ᠰᠤᠯᠢᠭᠰᠠᠨ ᠪᠤᠶᠤ ᠨᠡᠮᠡᠭᠳᠡᠭᠰᠡᠨ ᠪᠠᠶᠢᠨ᠎ᠠ᠃ ᠡᠨᠡ ᠦᠶᠡᠰ ᠵᠡᠭᠦᠨ ᠬᠤᠶᠢᠳᠤ ᠤᠷᠤᠨ ᠳᠤ ᠮᠠᠨᠵᠦ ᠦᠨᠳᠦᠰᠦᠳᠡᠨ | ᠮᠠᠨᠳᠤᠨ ᠬᠦᠴᠦᠷᠬᠡᠭᠵᠢᠵᠦ ᠵᠠᠬ᠎ᠠ ᠵᠡᠷᠭᠡᠯᠡᠳᠡᠭᠡ ᠮᠤᠩᠭᠤᠯ ᠤᠨ ᠲᠤᠳᠤᠭᠠᠳᠤ ᠶᠢᠨ ᠵᠦᠷᠢᠴᠡᠯ ᠬᠢᠮᠤᠷᠠᠯ ᠢ ᠴᠢᠳᠠᠮᠠᠭᠠᠢ | ᠠᠰᠢᠭᠯᠠᠨ ᠠᠰᠢᠭ ᠢᠶᠠᠷ ᠲᠠᠳᠠᠬᠤ᠂ ᠵᠠᠪᠰᠠᠷᠳᠠᠭᠤᠯᠤᠨ ᠬᠠᠳᠬᠤᠬᠤ᠂ ᠤᠷᠤᠭ ᠤᠨ ᠬᠤᠯᠪᠤᠭ᠎ᠠ ᠪᠠᠷᠢᠬᠤ ᠠᠯᠢ ᠤᠯᠠᠨ | ᠪᠦᠳᠦᠮᠵᠢᠳᠠᠢ ᠠᠷᠭ᠎ᠠ ᠶᠢ ᠬᠡᠷᠡᠭᠯᠡᠨ ᠮᠤᠩᠭᠤᠯ ᠬᠠᠭᠠᠨᠳᠤ ᠲᠦᠷᠦ ᠶᠢᠨ ᠨᠢᠭᠡᠳᠦᠮᠡᠯ ᠬᠦᠴᠦᠨ ᠢ ᠵᠠᠳᠠᠷᠠᠭᠤᠯᠬᠤ ᠪᠠ | ᠪᠠᠭᠤᠷᠠᠭᠤᠯᠬᠤ ᠪᠤᠳᠤᠯᠭ᠎ᠠ ᠠᠪᠴᠠᠢ᠃ ᠬᠦᠮᠥᠨ ᠠᠮᠠ ᠤᠯᠠᠨ ᠲᠠᠢ ᠬᠦᠴᠦᠷᠬᠡᠭ ᠴᠢᠬᠢᠷᠠᠭ ᠴᠡᠷᠢᠭ ᠲᠠᠢ ᠬᠤᠷᠴᠢᠨ | ᠠᠶᠢᠮᠠᠭ ᠶᠠᠭᠤᠨ ᠤ ᠡᠮᠤᠨ᠎ᠡ ᠮᠠᠨᠵᠦ ᠶᠢ ᠲᠠᠭᠠᠪᠠ᠃ ᠵᠠᠯᠭᠠᠭᠠᠳ ᠦᠵᠢᠶᠡᠳ ᠠᠶᠢᠮᠠᠭ ᠪᠠᠰᠠ ᠮᠠᠨᠵᠦ ᠳᠤ ᠤᠷᠤᠵᠦ | ᠦᠭᠭᠦᠭᠰᠡᠨ ᠢᠶᠠᠷ ᠮᠤᠩᠭᠤᠯ ᠤᠨ ᠲᠦᠷᠦ ᠲᠤᠳᠤᠭᠠᠳᠤ ᠠᠴᠠ ᠪᠠᠨ ᠡᠪᠳᠡᠷᠡᠵᠠᠢ᠃ ᠲᠡᠭᠡᠭᠡᠳ ᠮᠤᠩᠭᠤᠯ ᠤᠨ ᠲᠡᠤᠬᠡᠨ | ᠳᠡᠭᠡᠷ᠎ᠡ ︽ᠮᠤᠳᠤᠨ ᠤ ᠬᠤᠷᠤᠬᠠᠢ ᠮᠤᠳᠤᠨ ᠠᠴᠠ ᠪᠠᠨ᠂ ᠮᠤᠩᠭᠤᠯ ᠤᠨ ᠵᠠᠳᠠᠷᠠᠯ ᠲᠤᠳᠤᠷ᠎ᠠ ᠠᠴᠠ ᠪᠠᠨ︾ ᠭᠡᠳᠡᠭ | ᠲᠡᠤᠬᠡᠨ ᠴᠢᠰᠤᠳᠤ ᠰᠤᠷᠭᠠᠮᠵᠢ ᠶᠢ ᠦᠷ᠎ᠡ ᠬᠤᠶᠢᠴᠢᠰ ᠲᠤ ᠪᠠᠨ ᠦᠯᠡᠳᠡᠭᠡᠵᠠᠢ᠃ ᠲᠤᠬᠠᠢ ᠶᠢᠨ ᠦᠶᠡᠰ ᠵᠠᠩ | ᠲᠤᠭᠰᠢᠨ ᠯᠢᠭᠳᠡᠨ ᠬᠠᠭᠠᠨ ᠶᠡᠭᠡ ᠴᠡᠷᠢᠭ ᠭᠠᠷᠭᠠᠨ ᠳᠠᠷᠤᠩᠭᠤᠶᠢᠯᠠᠬᠤ ᠪᠤᠷᠤᠭᠤ ᠪᠤᠳᠤᠯᠭ᠎ᠠ ᠠᠪᠤᠭᠰᠠᠨ ᠢᠶᠠᠷ | ᠮᠤᠩᠭᠤᠯ ᠤᠨ ᠵᠠᠳᠠᠷᠠᠯ ᠢ ᠤᠯᠠᠮ ᠲᠦᠷᠭᠡᠳᠬᠡᠭᠰᠡᠨ ᠪᠠᠶᠢᠪᠠ᠃ ᠡᠭᠦᠨ ᠤ ᠤᠯᠠᠮ ᠢᠶᠠᠷ ᠮᠠᠨᠵᠦ ᠶᠢ ᠲᠠᠭᠠᠭᠰᠠᠨ | ᠮᠤᠩᠭᠤᠯ ᠠᠶᠢᠮᠠᠭ ᠪᠠ ᠮᠠᠨᠵᠦ ᠶᠢᠨ ᠬᠤᠯᠪᠤᠭᠠᠳᠤ ᠴᠡᠷᠢᠭ ᠤᠨ ᠪᠦᠰᠡᠯᠡᠯᠳᠡ ᠲᠤᠤᠷ᠎ᠠ ᠡᠴᠦᠰ ᠲᠤ ᠪᠠᠨ ᠯᠢᠭᠳᠡᠨ | ᠬᠠᠭᠠᠨ ᠢᠯᠠᠭᠳᠠᠯ ᠤᠨ ᠭᠠᠰᠢᠭᠤᠨ ᠳᠠᠯᠠᠢ ᠳᠤ ᠤᠨᠠᠭᠰᠠᠨ ᠶᠤᠮ᠃ | 1635 ᠤᠨ ᠳᠤ ᠯᠢᠭᠳᠡᠨ ᠬᠠᠭᠠᠨ ᠬᠦᠬᠡᠨᠠᠭᠤᠷ ᠤᠨ ᠰᠢᠷ᠎ᠠ ᠳᠠᠯ᠎ᠠ ᠳᠤ ᠲᠠᠭᠠᠯᠠᠯ ᠲᠡᠭᠦᠰᠴᠦ ᠰᠦᠳᠠᠢ ᠬᠠᠳᠤᠨ | ᠪᠠ ᠨᠠᠨ ᠨᠠᠨ ᠬᠠᠳᠤᠨ ᠦᠯᠡᠳᠡᠭᠳᠡᠯ ᠴᠠᠬᠠᠷ ᠴᠡᠷᠢᠭ ᠢᠶᠠᠷ ᠬᠤᠪᠢᠶᠠᠨ ᠠᠪᠴᠦ᠂ ᠰᠦᠳᠠᠢ ᠬᠠᠳᠤᠨ ᠯᠢᠭᠳᠡᠨ ᠬᠠᠭᠠᠨ | ᠤ ᠶᠡᠭᠡ ᠬᠦᠪᠡᠭᠦᠨ ᠡᠷᠬᠡᠬᠤᠩᠭᠤᠷ ᠢ ᠠᠪᠴᠦ ᠮᠠᠨᠵᠦ ᠳᠤ ᠪᠠᠭᠤᠨ ᠦᠭᠴᠦ᠂ ᠨᠠᠨ ᠨᠠᠨ ᠬᠠᠳᠤᠨ ᠰᠢᠨᠵᠢᠶᠠᠩ ᠤᠷᠤᠨ | ᠳᠤ ᠨᠤᠳᠤᠭᠯᠠᠪᠠ᠃ ᠰᠦᠳᠠᠢ ᠬᠠᠳᠤᠨ ᠪᠤᠴᠠᠬᠤ ᠵᠠᠮ ᠳᠤ ᠪᠠᠨ ᠲᠡᠭᠡᠳᠦᠰ ᠤᠨ ᠲᠠᠬᠢᠯ ᠤᠨ ︽ᠨᠠᠢᠮᠠᠨ ᠴᠠᠭᠠᠨ ᠭᠡᠷ︾ | ᠪᠠ ᠮᠤᠩᠭᠤᠯ ᠬᠠᠭᠠᠨᠳᠤ ᠲᠦᠷᠦ ᠶᠢᠨ ᠶᠡᠭᠡ ᠴᠠᠭᠠᠨ ᠰᠦᠯᠳᠡ᠂ ᠠᠯᠠᠭ ᠰᠦᠯᠳᠡ ᠪᠠᠨ ᠤᠷᠳᠤᠰ ᠤᠨ ᠦᠨᠳᠦᠷᠯᠢᠭ | ᠤᠨ ᠪᠡᠷᠬᠡ ᠪᠠᠷᠳᠠᠭ᠎ᠠ ᠳᠤ ᠲᠠᠷᠬᠠᠳ ᠤᠨ ᠬᠠᠮᠳᠤ ᠨᠢᠭᠤᠨ ᠦᠯᠡᠳᠡᠭᠡᠵᠦ ᠬᠠᠰ ᠲᠠᠮᠠᠭ᠎ᠠ᠂ ᠮᠠᠬᠠᠺᠠᠯᠠ ᠪᠤᠷᠬᠠᠨ ᠢᠶᠠᠨ | ᠠᠪᠴᠦ ᠮᠥᠭᠳᠡᠨ ᠬᠤᠳᠠᠨ ᠳᠤ ᠬᠦᠷᠦᠭᠰᠡᠨ ᠶᠤᠮ᠃ | ᠮᠠᠨᠵᠦ ᠶᠢᠨ ᠬᠠᠭᠠᠨ ᠠᠴᠠ ᠴᠠᠬᠠᠷ ᠲᠦᠮᠡᠨ ᠤ ᠦᠯᠡᠳᠡᠭᠳᠡᠯ ᠴᠡᠷᠢᠭ ᠠᠷᠠᠳ ᠢ ᠢᠵᠸᠤ ᠤᠷᠤᠨ ᠳᠤ ᠨᠤᠳᠤᠭ | ᠤᠯᠭᠤᠨ ᠰᠠᠭᠤᠯᠭᠠᠵᠦ ᠴᠠᠬᠠᠷ ᠲᠤᠰᠬᠠᠢ ᠤᠷᠤᠨ ᠨᠡᠷᠡᠶᠢᠳᠴᠦ ᠮᠠᠨᠵᠦ ᠶᠢᠨ ᠨᠠᠢᠮᠠᠨ ᠬᠤᠰᠢᠭᠤᠨ ᠤ ᠲᠦᠷᠢᠮ ᠢᠶᠠᠷ | ᠴᠠᠬᠠᠷ ᠨᠠᠢᠮᠠᠨ ᠬᠤᠰᠢᠭᠤ ᠬᠤᠪᠢᠶᠠᠵᠠᠢ᠃ ᠢᠩᠭᠢᠭᠡᠳ ᠴᠠᠬᠠᠷ ᠯᠢᠭᠳᠡᠨ ᠬᠠᠭᠠᠨ ᠤ ᠬᠤᠶᠢᠴᠢ ᠦᠶ᠎ᠡ ᠶᠢ ᠴᠠᠬᠠᠷ ᠴᠢᠨ | ᠸᠠᠩ ᠡᠷᠭᠦᠮᠵᠢᠯᠡᠵᠠᠢ᠃ ᠴᠠᠬᠠᠷ ᠴᠢᠨ ᠸᠠᠩ ᠠᠪᠤᠨᠠᠢ ︵ᠡᠷᠬᠡᠬᠤᠩᠭᠤᠷ ᠤᠨ ᠲᠡᠭᠦᠦ︶ ᠶᠢᠨ ᠦᠶ᠎ᠡ ᠳᠤ ᠬᠡᠳᠦᠨ ᠵᠢᠯ | ᠢᠶᠠᠷ ᠢᠶᠠᠨ ᠮᠠᠨᠵᠦ ᠶᠢᠨ ᠬᠠᠭᠠᠨ ᠳᠤ ᠪᠠᠷᠠᠭᠠᠳᠠᠬᠤ ᠪᠠᠷ ᠤᠴᠢᠭᠰᠠᠨ ᠦᠭᠡᠢ ᠪᠤᠯᠬᠤᠷ ᠮᠠᠨᠵᠦ ᠶᠢᠨ ᠲᠦᠷᠦ ᠠᠴᠠ | ᠠᠪᠤᠨᠠᠢ ᠶᠢ ︽ᠡᠨᠡᠷᠢᠯ ᠠᠴᠢᠯᠠᠯ ᠢ ᠤᠮᠠᠷᠳᠠᠭᠰᠠᠨ︾ ᠶᠠᠯ᠎ᠠ ᠲᠤᠯᠭᠠᠵᠦ ᠮᠥᠭᠳᠡᠨ ᠬᠤᠳᠠᠨ ᠳᠤ ᠠᠪᠠᠴᠢᠨ ᠬᠤᠷᠢᠭᠠᠳ | ᠲᠡᠭᠦᠨ ᠤ ᠠᠷᠪᠠᠨ ᠲᠠᠪᠤᠳᠠᠢ ᠬᠦᠪᠡᠭᠦᠨ ᠪᠤᠷᠨᠠᠢ ᠶᠢ ᠴᠠᠬᠠᠷ ᠴᠢᠨ ᠸᠠᠩ ᠡᠷᠭᠦᠮᠵᠢᠯᠡᠵᠠᠢ᠃ 1675 ᠤᠨ ᠳᠤ ᠪᠤᠷᠨᠠᠢ | ᠴᠠᠬᠠᠷᠴᠤᠤᠯ ᠳᠤ ᠴᠦᠯᠡᠬᠦ᠂ ᠬᠤᠷᠢᠬᠤ᠂ ᠬᠢᠳᠤᠬᠤ ᠪᠤᠳᠤᠯᠭ᠎ᠠ ᠠᠪᠤᠭᠰᠠᠨ ᠮᠠᠨᠵᠦ ᠶᠢᠨ ᠲᠦᠷᠦ ᠳᠤ ᠵᠠᠨᠤᠨ | ᠬᠤᠷᠤᠰᠴᠦ ᠭᠤᠷᠪᠠᠨ ᠬᠠᠷᠢᠶᠠᠳᠤ ᠸᠠᠩ ᠤᠨ ᠤᠷᠪᠠᠯᠭᠠᠨ ᠭᠠᠷᠤᠭᠰᠠᠨ ᠵᠠᠪᠰᠢᠶᠠᠨ ᠢ ᠠᠰᠢᠭᠯᠠᠨ 3000 ᠭᠠᠷᠤᠢ | ᠴᠡᠷᠢᠭ ᠠᠷᠠᠳ ᠢᠶᠠᠨ ᠳᠠᠶᠢᠴᠢᠯᠠᠨ ᠪᠤᠰᠤᠯᠭ᠎ᠠ ᠭᠠᠷᠭᠠᠪᠠ᠃ ᠪᠤᠰᠤᠯᠭ᠎ᠠ ᠭᠤᠷᠪᠠᠨ ᠰᠠᠷ᠎ᠠ ᠦᠷᠭᠦᠯᠵᠢᠯᠡᠵᠦ ᠬᠤᠷᠴᠢᠨ | ᠵᠡᠷᠭᠡ ᠮᠤᠩᠭᠤᠯ ᠬᠤᠰᠢᠭᠤᠳ ᠤᠨ ᠴᠡᠷᠢᠭ ᠪᠤᠯᠤᠨ ᠮᠠᠨᠵᠦ ᠶᠢᠨ ᠬᠤᠯᠪᠤᠭᠠᠳᠤ ᠴᠡᠷᠢᠭ ᠤᠨ ᠲᠠᠪᠠᠭᠤ ᠬᠦᠴᠦᠨ ᠤ | ᠪᠦᠰᠡᠯᠡᠯᠳᠡ ᠲᠤᠤᠷ᠎ᠠ ᠬᠠᠷᠠᠮᠰᠠᠯᠳᠠᠢ ᠪᠠᠷ ᠢᠯᠠᠭᠳᠠᠭᠰᠠᠨ ᠪᠢᠯᠡ᠃ ᠪᠤᠷᠨᠠᠢ ᠸᠠᠩ ᠤᠨ ᠪᠤᠰᠤᠯᠭ᠎ᠠ ᠢᠯᠠᠭᠳᠠᠭᠰᠠᠨ ᠤ | ᠲᠠᠷᠠᠭ᠎ᠠ ᠤᠤᠯ ᠠᠴᠠ ᠪᠠᠨ ᠴᠠᠬᠠᠷ ᠢ ᠢᠳᠡᠭᠡᠬᠦ ᠦᠭᠡᠢ ᠪᠠᠶᠢᠭᠰᠠᠨ ᠮᠠᠨᠵᠦ ᠶᠢᠨ ᠨᠤᠶᠠᠷᠬᠠᠭᠴᠢᠳ ᠢᠵᠸᠤ ᠶᠢᠨ | ᠨᠤᠳᠤᠭ ᠢ ᠬᠤᠷᠢᠶᠠᠨ ᠠᠪᠴᠤ ᠴᠠᠬᠠᠷ ᠨᠠᠢᠮᠠᠨ ᠬᠤᠰᠢᠭᠤᠨ ᠤ ᠦᠯᠡᠳᠡᠭᠳᠡᠯ ᠠᠷᠠᠳ ᠢᠷᠭᠡᠳ ᠢ ᠮᠤᠯᠳᠤᠰᠢ | ᠬᠠᠭᠠᠯᠭ᠎ᠠ᠂ ᠴᠢᠭᠤᠯᠤᠯᠳᠤ ᠬᠠᠭᠠᠯᠭ᠎ᠠ᠂ ᠰᠢᠤᠸᠠᠨ ᠬᠤᠸᠠ ᠹᠦ᠋ ᠶᠢᠨ ᠠᠷᠤ ᠪᠠᠷ ᠭᠠᠵᠠᠷ ᠭᠠᠷᠭᠠᠨ ᠰᠠᠭᠤᠯᠭᠠᠵᠦ | ᠲᠠᠬᠢᠵᠦ ᠨᠠᠢᠮᠠᠨ ᠬᠤᠰᠢᠭᠤ ᠵᠤᠬᠢᠶᠠᠨ ᠪᠠᠶᠢᠭᠤᠯᠬᠤ ᠳᠤ ᠪᠠᠨ ᠮᠤᠩᠭᠤᠯ ᠤᠨ ᠡᠯ᠎ᠡ ᠠᠶᠢᠮᠠᠭ ᠤᠪᠤᠭ ᠠᠴᠠ ᠠᠶᠢᠯ | ᠡᠷᠤᠬᠡ ᠲᠠᠳᠠᠵᠦ ᠰᠣᠮᠣ ᠶᠢᠨ ᠤᠷᠤᠨ ᠲᠤᠭ᠎ᠠ ᠶᠢ ᠨᠦᠬᠦᠪᠦᠷᠢᠯᠡᠪᠡ᠃ ᠰᠢᠨ᠎ᠡ ᠪᠠᠷ ᠪᠠᠶᠢᠭᠤᠯᠤᠭᠰᠠᠨ ᠴᠠᠬᠠᠷ ᠨᠠᠢᠮᠠᠨ | ᠬᠤᠰᠢᠭᠤ ᠶᠢ ᠴᠢᠭᠤᠯᠣᠯᠳᠣ ᠬᠠᠭᠠᠯᠭ᠎ᠠ ᠳᠠᠬᠢ ᠮᠠᠨᠵᠦ ᠳ᠋ᠦᠲ᠋ᠥᠩ ᠶᠠᠮᠤᠨ ᠳᠤ ᠬᠠᠮᠢᠶᠠᠷᠠᠭᠤᠯᠵᠤ᠂ ᠡᠯ᠎ᠡ ᠬᠤᠰᠢᠭᠤᠨ ᠤ | ᠠᠮᠪᠠᠨ ︵ᠨᠠᠶᠢᠳᠡ ᠶᠢᠨ ᠲᠠᠷᠤᠭ᠎ᠠ︶ ᠢ ᠮᠠᠨᠵᠦ ᠬᠦᠮᠥᠨ ᠢᠶᠠᠷ ᠲᠠᠯᠪᠢᠪᠠ᠃ ᠲᠡᠭᠡᠭᠡᠳ ᠴᠠᠬᠠᠷ ᠨᠠᠢᠮᠠᠨ ᠬᠤᠰᠢᠭᠤ ᠨᠢ | ᠵᠠᠰᠠᠭ ᠤᠨ ᠡᠷᠬᠡ ᠦᠭᠡᠢ᠂ ᠴᠡᠷᠢᠭ ᠤᠨ ᠡᠷᠬᠡ ᠦᠭᠡᠢ᠂ ᠡᠳ᠋ ᠶᠢᠨ ᠡᠷᠭᠡ ᠦᠭᠡᠢ ᠬᠤᠰᠢᠭᠤᠳ ᠪᠤᠯᠤᠭᠰᠠᠨ ᠶᠤᠮ᠃ | ᠪᠠᠰᠠ ᠴᠠᠬᠠᠷ ᠨᠠᠢᠮᠠᠨ ᠬᠤᠰᠢᠭᠤ ᠶᠢ ᠵᠡᠭᠦᠨ ᠪᠠᠷᠠᠭᠤᠨ ᠬᠤᠶᠠᠷ ᠭᠠᠷ ᠬᠤᠪᠢᠶᠠᠵᠦ᠂ ᠬᠤᠶᠠᠷ ᠭᠠᠷ ᠠᠴᠠ ᠠᠶᠢᠯ | ᠡᠷᠦᠬᠡ ᠲᠠᠳᠠᠨ ᠬᠤᠰᠢᠭᠤᠳ ᠤᠨ ᠬᠢᠨᠢ ᠵᠠᠬ᠎ᠠ ᠪᠠᠷ ᠭᠠᠵᠠᠷ ᠭᠠᠷᠭᠠᠨ᠂ ᠮᠠᠨᠵᠦ ᠶᠢᠨ ᠳᠠᠶᠢᠨ ᠤ ᠲᠤᠮᠳᠠ | ᠤᠯᠵᠠᠯᠠᠭᠰᠠᠨ ᠶᠡᠭᠡ ᠬᠡᠮᠵᠢᠶᠡᠨ ᠤ ᠮᠠᠯ ᠰᠦᠷᠦᠭ ᠢ ᠮᠠᠯᠵᠢᠬᠤ ᠲᠦᠷᠪᠡᠨ ᠮᠠᠯᠵᠢᠯ ᠤᠨ ᠲᠠᠯᠠᠪᠠᠢ ᠭᠠᠷᠭᠠᠭᠰᠠᠨ ᠪᠠᠶᠢᠯ᠎ᠠ | ᠃ | ᠮᠠᠨᠵᠤᠴᠤᠤᠯ ᠴᠠᠬᠠᠷ ᠢ ᠤᠳᠠᠭ᠎ᠠ ᠲᠠᠷᠠᠭᠠᠯᠠᠨ ᠳᠠᠶᠢᠯᠠᠨ ᠲᠠᠷᠤᠩᠭᠤᠶᠢᠯᠠᠬᠤ ᠶᠠᠪᠤᠴᠠ ᠳᠤ ᠤᠯᠠᠨ ᠲᠤᠭ᠎ᠠ ᠪᠠᠷ | ᠬᠢᠳᠤᠵᠦ ᠠᠯᠠᠭᠰᠠᠨ ᠲᠤᠯᠠ ᠤᠤᠯ ᠤᠨ ᠲᠦᠮᠡᠨ ᠡᠷᠦᠬᠡ ᠠᠴᠠ ᠬᠡᠳᠦᠨ ᠮᠢᠩᠭᠠᠨ ᠡᠷᠦᠬᠡ ᠯᠠ ᠪᠤᠯᠵᠦ ᠪᠠᠭᠠᠰᠪᠠ᠃ | ᠡᠨᠡᠬᠦ ᠦᠯᠡᠳᠡᠭᠳᠡᠯ 62 ᠴᠠᠬᠠᠷ ᠰᠤᠮᠤ ᠲᠡᠭᠡᠷ᠎ᠡ ᠬᠤᠷᠴᠢᠨ 7 ᠰᠤᠮᠤ᠂ ᠤᠶᠢᠷᠠᠳ 3 ᠰᠤᠮᠤ᠂ ᠮᠤᠤᠮᠢᠩᠭᠠᠨ 4 | ᠰᠣᠮᠣ᠂ ᠰᠦᠨᠢᠳ 1 ᠰᠤᠮᠤ᠂ ᠪᠠᠷᠭᠤ 15 ᠰᠤᠮᠤ᠂ ᠦᠭᠡᠯᠡᠳ 18 ᠰᠤᠮᠤ᠂ ᠶᠢᠰᠦᠳ 1 ᠰᠤᠮᠤ᠂ ᠬᠠᠯᠠᠶᠠ 3 | ᠰᠤᠮᠤ᠂ ᠲᠤᠷᠭᠤᠳ 6 ᠰᠣᠮᠣ ᠶᠢ ᠬᠤᠯᠢᠨ ᠤᠷᠤᠭᠤᠯᠵᠦ ᠴᠠᠬᠠᠷ ᠨᠠᠢᠮᠠᠨ ᠬᠤᠰᠢᠭᠤ ᠶᠢ ᠠᠩᠬ᠎ᠠ 120 ᠰᠤᠮᠤ ᠪᠠᠷ | ᠪᠠᠶᠢᠭᠤᠯᠤᠭᠰᠠᠨ ᠪᠢᠯᠡ᠃ ᠡᠨᠡᠬᠦ ᠲᠦᠷᠦ ᠶᠢᠨ ᠪᠤᠳᠤᠯᠭ᠎ᠠ ᠶᠢ ︽ᠡᠯᠡᠰᠦ ᠬᠤᠯᠢᠬᠤ︾ ᠠᠷᠭ᠎ᠠ ᠭᠡᠳᠡᠭ᠃ | ᠴᠠᠬᠠᠷ ᠨᠠᠢᠮᠠᠨ ᠬᠤᠰᠢᠭᠤ ᠶᠢ ᠪᠠᠶᠢᠭᠤᠯᠤᠭᠰᠠᠨ ᠤ ᠲᠠᠷᠠᠭ᠎ᠠ ᠴᠢᠩ ᠣᠯᠣᠰ ᠤᠨ ᠲᠦᠷᠦ ᠴᠠᠬᠠᠷ ᠤᠨ ᠬᠦᠴᠦᠨ ᠢ | ᠣᠯᠠᠮ ᠨᠢᠭᠡ ᠠᠯᠬᠤᠮ ᠪᠤᠳᠠᠷᠠᠭᠠᠬᠤ᠂ ᠳᠠᠶᠢᠨ ᠤ ᠬᠡᠷᠡᠭᠴᠡᠭᠡ ᠪᠤᠯᠤᠨ ᠬᠠᠭᠠᠨ ᠤ ᠤᠷᠳᠤᠨ ᠤ ᠤᠯᠠᠭᠠᠨ ᠴᠠᠭᠠᠨ | ᠢᠳᠡᠭᠡᠨ ᠤᠮᠳᠠᠭᠠᠨ ᠤ ᠬᠠᠩᠭᠠᠯᠭ᠎ᠠ ᠶᠢ ᠪᠠᠳᠤᠯᠬᠤ ᠬᠡᠷᠡᠭᠴᠡᠭᠡᠨ ᠠᠴᠠ ᠡᠭᠦᠰᠴᠦ ᠪᠤᠭᠤᠮᠳᠠ ᠶᠢᠨ ᠭᠠᠳᠠᠨ᠎ᠠ ᠴᠠᠬᠠᠷ | ᠨᠠᠢᠮᠠᠨ ᠬᠤᠰᠢᠭᠤᠨ ᠤ ᠡᠮᠣᠨ᠎ᠡ ᠵᠠᠬ᠎ᠠ ᠪᠠᠷ ᠦᠬᠡᠷ ᠬᠤᠨᠢᠨ ᠰᠦᠷᠦᠭ᠂ ᠲᠠᠶᠢᠫᠤᠰᠧ ᠪᠠᠷᠠᠭᠤᠨ ᠭᠠᠷ ᠰᠦᠷᠦᠭ᠂ | ᠲᠠᠶᠢᠫᠤᠰᠧ ᠵᠡᠭᠦᠨ ᠭᠠᠷ ᠰᠦᠷᠦᠭ᠂ ᠠᠷᠤ ᠵᠠᠬ᠎ᠠ ᠪᠠᠷ ᠲᠠᠷᠢᠭᠠᠩᠭ᠎ᠠ ᠰᠦᠷᠦᠭ ᠵᠡᠷᠭᠡ ᠲᠦᠷᠪᠡᠨ ᠮᠠᠯᠵᠢᠯ ᠤᠨ ᠲᠠᠯᠠᠪᠠᠢ | ᠪᠠᠶᠢᠭᠤᠯᠵᠦ ᠴᠠᠬᠠᠷ ᠬᠤᠰᠢᠭᠤᠳ ᠠᠴᠠ ᠠᠶᠢᠯ ᠡᠷᠤᠬᠡ ᠲᠠᠳᠠᠵᠦ ᠮᠠᠯᠵᠢᠭᠤᠯᠤᠭᠰᠠᠨ ᠪᠢᠯᠡ᠃ ᠲᠡᠭᠡᠭᠡᠳ ᠬᠡᠳᠦᠨ | ᠮᠢᠩᠭᠠᠨᠨ ᠠᠶᠢᠯ ᠡᠷᠦᠬᠡ ᠶᠢᠨ ᠮᠠᠯᠴᠢᠳ ᠮᠠᠨᠵᠦ ᠶᠢᠨ ᠲᠦᠷᠦ ᠳᠤ ᠴᠡᠷᠢᠭ᠂ ᠵᠠᠰᠠᠭ᠂ ᠡᠳ᠋ ᠶᠢᠨ ᠡᠷᠬᠡ ᠦᠭᠡᠢ | ᠠᠳᠤᠭᠤᠴᠢᠨ᠂ ᠬᠤᠨᠢᠴᠢᠨ᠂ ᠦᠬᠡᠷᠴᠢᠨ᠂ ᠲᠡᠮᠡᠭᠡᠴᠢᠨ ᠪᠤᠭᠤᠯ ᠪᠤᠯᠤᠭᠰᠠᠨ ᠶᠤᠮ᠃ | ︽ᠨᠢᠭᠡ ᠰᠦᠮ᠎ᠡ ᠪᠠᠶᠢᠭᠤᠯᠬᠤ ᠠᠨᠤ ᠠᠷᠪᠠᠨ ᠲᠦᠮᠡᠨ ᠴᠡᠷᠢᠭ ᠲᠡᠵᠢᠭᠡᠭᠰᠡᠨ ᠠᠴᠠ ᠲᠡᠭᠡᠷ᠎ᠡ︾ ᠭᠡᠳᠡᠭ ᠢ ᠶᠡᠬᠡᠳᠡ | ᠤᠬᠠᠭᠠᠷᠠᠭᠰᠠᠨ ᠮᠠᠨᠵᠦ ᠶᠢᠨ ᠨᠤᠶᠠᠷᠬᠠᠭᠴᠢᠳ ᠮᠤᠩᠭᠤᠯᠴᠤᠳ ᠤᠨ ᠳᠠᠶᠢᠴᠢᠨ ᠵᠤᠷᠢᠭ ᠢ ᠰᠤᠯᠠᠷᠠᠭᠤᠯᠵᠦ | ᠮᠢᠨᠴᠦᠬᠦᠷᠡᠭᠦᠯᠬᠦ ᠰᠠᠶᠢᠨ ᠵᠡᠪᠰᠡᠭ — ᠰᠢᠷ᠎ᠠ ᠶᠢᠨ ᠱᠠᠰᠢᠨ ᠢ ᠭᠠᠷᠮᠠᠭᠠᠢ ᠠᠰᠢᠭᠯᠠᠭᠰᠠᠨ ᠶᠤᠮ᠃ ᠲᠡᠭᠡᠭᠡᠳ | ᠮᠤᠩᠭᠤᠯ ᠤᠨ ᠲᠦᠷᠦ ᠶᠢᠨ ᠲᠦᠯᠥᠬᠡ ᠠᠮᠢ ᠴᠦᠯᠡᠳᠡᠭ ᠴᠠᠬᠠᠷ ᠤᠷᠤᠨ ᠳᠤ ᠰᠦᠮ᠎ᠡ ᠪᠠᠷᠢᠵᠦ ᠯᠠᠮᠠ ᠬᠦᠮᠥᠵᠢᠭᠦᠯᠵᠦ | ᠱᠠᠰᠢᠨ ᠰᠣᠷᠳᠠᠯᠴᠢᠯᠠᠬᠤ ᠶᠡᠭᠡ ᠦᠷᠨᠢᠯᠳᠡ ᠭᠠᠷᠭᠠᠭᠰᠠᠨ ᠠᠵᠠᠢ᠃ ᠢᠷᠭᠡᠨ ᠤᠯᠤᠰ ᠤᠨ ᠡᠬᠢᠨ ᠤ ᠦᠶ᠎ᠡ ᠶᠢᠨ | ᠴᠠᠬᠠᠷ ᠤᠨ ᠪᠦᠷᠢᠳᠬᠡᠯ ᠳᠤ ᠡᠵᠡᠨ ᠲᠦᠷᠦ ᠳᠤ ᠲᠠᠩᠰᠠ ᠲᠠᠢ ᠰᠦᠮ᠎ᠡ 80 ᠭᠠᠷᠤᠢ ᠪᠠᠶᠢᠵᠦ᠂ ᠴᠠᠬᠠᠷ ᠨᠠᠢᠮᠠᠨ | ᠬᠤᠰᠢᠭᠤᠨ ᠳᠤ 64 ᠰᠠᠭᠤᠷᠢ ᠰᠦᠮ᠎ᠡ᠂ ᠲᠦᠷᠪᠡᠨ ᠰᠦᠷᠦᠭ ᠲᠤ 16 ᠰᠠᠭᠤᠷᠢ ᠰᠦᠮ᠎ᠡ ᠪᠠᠶᠢᠭᠤᠯᠤᠭᠳᠠᠵᠦ᠂ | ᠡᠷᠡᠭᠳᠠᠶᠢᠴᠤᠳ ᠤᠨ 53 .066 ᠨᠢ ᠯᠠᠮᠠ ᠪᠤᠯᠤᠭᠰᠠᠨ ᠪᠠᠶᠢᠯ᠎ᠠ᠃ ᠴᠢᠩ ᠤᠯᠤᠰ ᠤᠨ ᠰᠡᠭᠦᠯᠴᠢ ᠪᠤᠯᠬᠤ ᠳᠤ | ᠴᠠᠬᠠᠷ ᠬᠦᠮᠥᠨ ᠠᠮᠠ ᠵᠢᠯ ᠪᠦᠷᠢ 28 ᠪᠠᠷ ᠪᠠᠭᠤᠷᠠᠵᠠᠢ᠃ ᠮᠠᠨᠵᠦ ᠶᠢᠨ ᠲᠦᠷᠦ ᠶᠢᠨ ᠪᠤᠳᠤᠯᠭ᠎ᠠ ᠨᠢ ᠴᠠᠬᠠᠷ | ᠮᠤᠩᠭᠤᠯᠴᠤᠳ ᠢ ᠱᠠᠰᠢᠨ ᠢᠶᠠᠷ ᠮᠣᠩᠬᠠᠷᠠᠭᠤᠯᠬᠤ᠂ ᠬᠦᠮᠥᠨ ᠠᠮᠠ ᠶᠢᠨ ᠦᠰᠦᠯᠳᠡ ᠶᠢ ᠪᠠᠭᠤᠷᠠᠭᠤᠯᠬᠤ ᠬᠤᠤᠰ | ᠠᠮᠵᠢᠯᠳᠠ ᠤᠯᠤᠭᠰᠠᠨ ᠶᠤᠮ᠃ | 18 ᠳ᠋ᠣᠭᠠᠷ ᠵᠠᠭᠤᠨ ᠤ ᠡᠬᠢᠨ ᠢ ᠦᠶ᠎ᠡ ᠪᠠᠷ ᠴᠠᠭᠠᠨ ᠣᠷᠣᠰ᠂ ᠮᠠᠨᠵᠦ ᠶᠢᠨ ᠲᠤᠳᠤᠭᠠᠳᠤ ᠳᠤ ᠪᠠᠨ ᠬᠠᠷᠭᠢᠰ᠂ | ᠭᠠᠳᠠᠭᠠᠳᠤ ᠳᠤ ᠪᠠᠨ ᠪᠠᠭᠤᠷᠠᠢ ᠲᠦᠷᠦ ᠶᠢᠨ ᠪᠤᠳᠤᠯᠭ᠎ᠠ ᠢ ᠦᠵᠡᠨ ᠭᠠᠷᠴᠦ ᠠᠯᠳᠠᠢ ᠤᠷᠤᠨ ᠤ ᠦᠷᠭᠡᠨ ᠠᠭᠤᠳᠠᠮ | ᠨᠤᠳᠤᠭ ᠢ ᠲᠦᠷᠢᠮᠡᠬᠡᠶᠢᠯᠡᠭᠰᠡᠨ ᠳᠤ ᠮᠠᠨᠵᠦ ᠶᠢᠨ ᠵᠠᠰᠠᠭ ᠤᠨ ᠭᠠᠵᠠᠷ ᠴᠠᠬᠠᠷ ᠨᠠᠢᠮᠠᠨ ᠬᠤᠰᠢᠭᠤᠨ ᠠᠴᠠ ᠮᠢᠩᠭ᠎ᠠ | ᠭᠠᠷᠤᠢ ᠴᠡᠷᠢᠭ ᠮᠤᠷᠢ ᠡᠯᠰᠡᠨ ᠠᠶᠢᠯ ᠡᠷᠥᠬᠡ ᠲᠠᠳᠠᠵᠦ ᠠᠯᠳᠠᠢ ᠣᠷᠣᠨ ᠢ ᠬᠠᠮᠠᠭᠠᠯᠠᠭᠤᠯᠬᠤ ᠪᠠᠷ ᠪᠠᠷᠠᠭᠤᠨ ᠬᠤᠶᠢᠳᠦ | ᠬᠢᠯᠢ ᠳᠤ ᠲᠤᠮᠢᠯᠠᠪᠠ᠃ ᠴᠠᠬᠠᠷ ᠴᠡᠷᠢᠭ ᠠᠯᠳᠠᠢ ᠤᠷᠤᠨ ᠳᠤ ᠴᠠᠬᠠᠷ ᠴᠡᠷᠢᠭ ᠲᠠᠢ ᠠᠰ ᠲᠤᠯᠤᠨ ᠠᠪᠤᠨ | ᠬᠠᠷᠢᠭᠤᠴᠠᠵᠦ ᠡᠬᠡ ᠤᠯᠤᠰ ᠤᠨ ᠢᠶᠠᠨ ᠲᠠᠷᠬᠠᠨ ᠬᠢᠯᠢ ᠶᠢ ᠠᠯᠳᠠᠨ ᠠᠮᠢ ᠠᠷᠢᠭᠤᠨ ᠴᠢᠰᠤ ᠪᠠᠷ ᠢᠶᠠᠨ ᠬᠠᠮᠠᠭᠠᠯᠠᠵᠦ | ᠠᠯᠳᠠᠷ ᠴᠤᠤ ᠮᠠᠨᠳᠣᠭᠰᠠᠨ ᠪᠢᠯᠡ᠃ ᠲᠡᠳᠡ ᠬᠤᠵᠢᠮ ᠨᠢ ᠪᠤᠷᠤᠳᠠᠯ᠎ᠠ᠂ ᠪᠠᠶᠠᠨᠪᠤᠯᠠᠭ ᠲᠤ ᠰᠠᠭᠤᠷᠢᠰᠢᠵᠦ ᠰᠢᠨᠵᠢᠶᠠᠩ | ᠤᠨ ᠴᠠᠬᠠᠷᠴᠤᠤᠯ ᠪᠤᠯᠤᠭᠰᠠᠨ ᠶᠤᠮ᠃ ᠰᠢᠪᠢᠷᠢ ᠶᠢᠨ ᠳᠠᠯ᠎ᠠ ᠨᠤᠳᠤᠭ ᠢ ᠮᠠᠨᠵᠦ ᠠᠴᠠ ᠠᠪᠤᠭᠰᠠᠨ ᠤᠷᠤᠰᠴᠣᠳ | ᠤᠯᠠᠮ ᠲᠠᠪᠠᠭᠤᠷᠠᠵᠦ ᠬᠢᠩᠭᠠᠨ ᠲᠠᠪᠠᠭᠠᠨ ᠤ ᠦᠯᠭᠡ ᠨᠤᠳᠤᠭ ᠦᠭᠡᠳᠡ ᠦᠩᠭᠡᠯᠵᠡᠪᠡ᠃ ᠴᠠᠬᠠᠷ ᠴᠡᠷᠢᠭ ᠪᠠᠰᠠ | ᠵᠡᠭᠦᠨ ᠬᠤᠶᠢᠳᠦ ᠬᠢᠯᠢ ᠬᠢᠵᠠᠭᠠᠷ ᠲᠤ ᠤᠴᠢᠵᠦ ᠪᠠᠷᠭᠤᠴᠤᠳ᠂ ᠤᠷᠠᠴᠣᠳ᠂ ᠡᠸᠡᠩᠬᠢᠴᠤᠳ ᠲᠠᠢ ᠬᠦᠴᠦ | ᠬᠠᠮᠳᠤᠷᠠᠨ ᠮᠥᠷᠥ ᠵᠡᠷᠭᠡᠴᠡᠨ ᠪᠠᠶᠢᠯᠳᠤᠵᠦ ᠤᠷᠤᠰ ᠤᠨ ᠲᠦᠷᠢᠮᠡᠬᠡᠢ ᠬᠤᠩᠰᠢᠶᠠᠷ ᠢ ᠲᠠᠰᠤ ᠴᠤᠬᠢᠭᠰᠠᠨ ᠶᠤᠮ᠃ | ᠤᠳᠤ ᠵᠡᠬᠦᠨ ᠬᠤᠶᠢᠳᠤ ᠤᠷᠤᠨ ᠢᠶᠠᠷ ᠪᠠᠶᠢᠬᠤ ᠬᠠᠭᠤᠴᠢᠨ ᠴᠠᠬᠠᠷ᠂ ᠰᠢᠨ᠎ᠡ ᠴᠠᠬᠠᠷ ᠪᠤᠯ ᠤᠷᠢᠳ ᠬᠤᠵᠢᠳ | ᠲᠤᠮᠢᠯᠠᠭᠳᠠᠨ ᠤᠴᠢᠭᠰᠠᠨ ᠴᠠᠬᠠᠷᠴᠤᠤᠯ ᠤᠨ ᠦᠷ᠎ᠡ ᠬᠤᠶᠢᠴᠢᠰ ᠶᠤᠮ᠃ ᠮᠠᠨᠵᠦ ᠴᠢᠩ ᠤᠯᠤᠰ ᠤᠨ | ᠨᠤᠶᠠᠷᠬᠠᠭᠴᠢᠳ 1724 ᠤᠨ ᠠᠴᠠ 1913 ᠣᠨ ᠪᠤᠯᠳᠠᠯ᠎ᠠ ᠵᠦᠪᠬᠡᠨ ᠴᠠᠬᠠᠷ ᠨᠠᠢᠮᠠᠨ ᠬᠤᠰᠢᠭᠤᠨ ᠤ ᠨᠤᠳᠤᠭ | ᠲᠡᠪᠢᠰᠭᠡᠷ ᠲᠡᠭᠡᠷ᠎ᠡ 26000 ᠭᠠᠷᠤᠢ ᠴᠢᠩ ᠠᠳᠠᠷ ᠬᠠᠭᠠᠯᠪᠤᠷᠢᠯᠠᠭᠰᠠᠨ ᠨᠢ ᠪᠡᠯᠴᠢᠭᠡᠷ ᠤᠨ ᠭᠤᠷᠪᠠᠨ ᠤ ᠨᠢᠭᠡ ᠶᠢ | ᠡᠵᠡᠯᠡᠪᠡ᠃ ᠬᠡᠤᠬᠡᠳ ᠢᠶᠠᠨ ᠡᠭᠦᠷᠴᠦ ᠬᠦᠭᠰᠢᠳ ᠢᠶᠠᠨ ᠲᠦᠰᠢᠭᠰᠡᠨ ᠭᠤᠶᠢᠷᠠᠭᠴᠢ ᠢᠷᠭᠡᠳ ᠪᠤᠯ ᠲᠡᠯᠡᠬᠡᠢ ᠳᠤ | ᠢᠯᠠᠭᠳᠠᠰᠢ ᠦᠭᠡᠢ ᠳᠠᠶᠢᠴᠢᠨ ᠴᠡᠷᠢᠭ ᠶᠤᠮ᠃ ᠨᠤᠳᠤᠭ ᠤᠰᠤ ᠪᠠᠨ ᠠᠯᠳᠠᠭᠰᠠᠨ ᠴᠠᠬᠠᠷ ᠮᠠᠯᠴᠢᠨ ᠤᠬᠤᠷᠢᠨ | ᠤᠬᠤᠷᠢᠭᠰᠠᠭᠠᠷ ᠬᠠᠮᠤᠭ ᠡᠴᠦᠰ ᠲᠤ ᠪᠠᠨ ᠡᠯᠡᠰᠦ ᠮᠠᠩᠬᠠᠨ ᠳᠤ ᠰᠢᠷᠭᠤᠭᠰᠠᠨ ᠪᠠᠶᠢᠯ᠎ᠠ︕ ᠡᠷᠬᠡ ᠦᠭᠡᠢ ᠮᠠᠯᠴᠢᠳ | ᠤᠨ ᠲᠠᠪᠢᠯᠠᠩ ᠨᠢ ᠡᠶᠢᠮᠤ ᠯᠡ ᠪᠠᠶᠢᠵᠠᠢ᠃ 1928 ᠤᠨ ᠤ 9 ᠰᠠᠷ᠎ᠠ ᠳᠤ ᠴᠠᠬᠠᠷ ᠤᠨᠴᠠᠭᠠᠢ ᠤᠷᠤᠨ ᠢ ᠮᠤᠵᠢ | ᠪᠤᠯᠭᠠᠨ ᠦᠭᠡᠷᠡᠴᠢᠯᠡᠵᠦ ᠪᠤᠭᠤᠮᠳᠠ ᠶᠢᠨ ᠭᠠᠳᠠᠨᠠᠬᠢ 15 ᠰᠢᠶᠠᠨ ᠢ ᠴᠠᠬᠠᠷ ᠲᠤ ᠬᠤᠯᠢᠵᠦ ᠤᠷᠤᠭᠤᠯᠤᠭᠠᠳ ᠴᠠᠬᠠᠷ | ᠪᠠᠷᠠᠭᠤᠨ ᠭᠠᠷ ᠤᠨ ᠲᠦᠷᠪᠡᠨ ᠬᠤᠰᠢᠭᠤ ᠶᠢ ᠰᠦᠢ ᠶᠤᠸᠠᠨ ᠮᠤᠵᠢ ᠳᠤ ᠲᠠᠰᠤᠯᠤᠨ ᠦᠭᠴᠦ᠂ ᠴᠠᠬᠠᠷ ᠤᠨ | ᠲᠦᠷᠪᠡᠨ ᠰᠦᠷᠦᠭ ᠢ ᠴᠠᠬᠠᠷ ᠮᠤᠵᠢ ᠶᠢᠨ ᠨᠢᠬᠡ᠂ ᠬᠤᠶᠠᠷ᠂ ᠭᠤᠷᠪᠠᠳᠤᠭᠠᠷ ᠲᠦᠷᠢᠮᠡᠯᠡᠭᠴᠢ ᠮᠠᠯᠵᠢᠯ ᠤᠨ ᠲᠠᠯᠠᠪᠠᠢ | ᠪᠤᠯᠭᠠᠨ 1932 ᠤᠨ ᠠᠴᠠ ᠲᠦᠪ ᠤᠨ ᠴᠡᠷᠢᠭ ᠤᠨ ᠶᠠᠮᠤᠨ ᠳᠤ ᠵᠠᠬᠢᠷᠤᠭᠤᠯᠵᠦ ᠴᠠᠬᠠᠷ ᠢ ᠭᠤᠷᠪᠠᠨ ᠲᠡᠶᠢᠰᠢ | ᠲᠠᠰᠤᠯᠤᠭᠰᠠᠨ ᠶᠤᠮ᠃ 1936 ᠤᠨ ᠳᠤ ᠴᠠᠬᠠᠷ ᠤᠨ ᠠᠷᠠᠳ ᠲᠦᠮᠡᠨ ᠤ ︽ᠮᠤᠵᠢ ᠪᠤᠯᠭᠠᠨ ᠦᠭᠡᠷᠡᠴᠢᠯᠡᠬᠦ ᠶᠢ | ᠡᠰᠡᠷᠭᠦᠴᠡᠬᠦ ᠲᠡᠮᠡᠴᠡᠯ︾ ᠤᠨ ᠦᠷᠨᠢᠯᠳᠡ ᠲᠤᠤᠷ᠎ᠠ ᠠᠷᠭ᠎ᠠ ᠪᠤᠰᠤ ᠲᠠᠬᠢᠨ ᠴᠠᠬᠠᠷ ᠠᠶᠢᠮᠠᠭ ᠢ ᠪᠠᠶᠢᠭᠤᠯᠵᠦ ᠤᠤᠯ ᠤᠨ | ᠰᠦᠷᠦᠭ ᠢ ᠬᠤᠰᠢᠭᠤ ᠪᠤᠯᠭᠠᠨ ᠵᠠᠰᠠᠭ ᠵᠠᠬᠢᠷᠭᠠᠨ ᠤ ᠪᠠᠶᠢᠭᠤᠯᠤᠮᠵᠢ ᠪᠤᠯᠭᠠᠵᠠᠢ᠃ 1959 ᠤᠨ ᠳᠤ ᠴᠠᠬᠠᠷ | ᠠᠶᠢᠮᠠᠭ ᠤᠨ ᠵᠠᠰᠠᠭ ᠵᠠᠬᠢᠷᠭᠠᠨ ᠤ ᠪᠠᠶᠢᠭᠤᠯᠤᠮᠵᠢ ᠶᠢ ᠤᠰᠠᠳᠬᠠᠵᠦ ᠰᠢᠯᠢ ᠶᠢᠨ ᠭᠤᠤᠯ ᠴᠢᠭᠤᠯᠭᠠᠨ ᠳᠤ | ᠨᠡᠶᠢᠯᠡᠭᠦᠯᠥᠭᠰᠡᠨ ᠶᠤᠮ᠃ ᠡᠨᠡ ᠪᠤᠯ ᠮᠢᠨᠤ ᠲᠦᠷᠦᠵᠦ ᠦᠰᠦᠭᠰᠡᠨ ᠨᠤᠳᠤᠭ ᠴᠠᠬᠠᠷ ᠤᠨ ᠲᠡᠤᠬᠡ ᠪᠢᠯᠡ︕ | ᠯᠠᠪᠯᠠᠯᠳᠠ ᠪᠤᠯᠭᠠᠭᠰᠠᠨ ᠨᠤᠮ᠄ ︽ᠴᠠᠬᠠᠷ ᠮᠤᠩᠭᠤᠯ ᠤᠪᠤᠭ ᠤᠨ ᠲᠡᠤᠬᠡ︾ | ᠠᠯᠲᠠᠩᠭᠤᠸ᠎ᠠ | | | ᠪᠡᠯᠡᠳᠬᠡᠭᠰᠡᠨ ᠨᠢ᠄ ᠡᠷᠳᠡᠨᠢᠬᠦᠦ | ᠨᠠᠶᠢᠷᠠᠭᠤᠯᠤᠭᠰᠠᠨ ᠨᠢ᠄ ᠨᠠᠮᠤᠷ | ᠬᠢᠨᠠᠭᠰᠠᠨ ᠨᠢ᠄ ᠤᠷᠢᠬᠠᠨ |