︽ᠬᠠᠯᠬ᠎ᠠ ᠵᠢᠷᠤᠮ︾ ᠤᠨ ︽ᠤᠷᠤᠯᠳᠤᠬᠠᠨ ᠤ ᠴᠠᠬᠠᠵᠠ︾
ᠨᠡᠶᠢᠲᠡᠯᠡᠭᠰᠡᠨ ᠴᠠᠭ᠄
2020/3/5
ᠠᠽᠢᠶ᠎ᠠ ᠡᠸᠦ᠋ᠷᠦᠫᠠ ᠶᠢ ᠰᠤᠨᠳᠠᠯᠠᠭᠰᠠᠨ ᠠᠪᠤᠷᠭᠤ ᠲᠦᠷᠦ ᠶᠢ ᠴᠤᠭᠴᠠᠯᠠᠨ ᠪᠠᠶᠢᠭᠤᠯᠤᠭᠰᠠᠨ ᠮᠤᠩᠭᠤᠯᠴᠤᠳ ᠮᠤᠷᠢᠨ ᠨᠢᠷᠤᠭᠤᠨ ᠳᠡᠭᠡᠷ᠎ᠠ ᠠᠴᠠ ᠳᠡᠯᠡᠬᠡᠢ ᠶᠢ ᠳᠤᠭᠳᠠᠭᠠᠵᠦ᠂ ᠳᠡᠯᠡᠬᠡᠢ ᠲᠦᠮᠡᠨ ᠤ ᠳᠤᠮᠳᠠ ︽ᠠᠭᠳᠠ ᠶᠢᠨ ᠨᠢᠷᠤᠭᠤᠨ ᠳᠡᠭᠡᠷᠡᠭᠢ ᠦᠨᠳᠤᠰᠤᠳᠡᠨ︾ ᠬᠡᠮᠡᠨ ᠠᠯᠳᠠᠷᠰᠢᠵᠠᠢ᠃ ᠤᠯᠠᠨ ᠵᠠᠭᠤᠨ ᠤ ᠳᠤᠷᠰᠢ ᠮᠤᠷᠢ ᠮᠤᠩᠭᠤᠯᠴᠤᠳ ᠤᠨ ᠠᠮᠢᠳᠤᠷᠠᠯ᠂ ᠦᠢᠯᠡᠳᠪᠦᠷᠢᠯᠡᠯ᠂ ᠲᠡᠮᠡᠴᠡᠯ ᠤᠨ ᠳᠠᠶᠢᠴᠢᠨ ᠬᠠᠨᠢ ᠨᠢ ᠪᠤᠯᠵᠦ᠂ ᠮᠤᠩᠭᠤᠯᠴᠤᠳ ᠤᠨ ᠮᠠᠰᠢ ᠤᠯᠠᠨ ᠵᠠᠩ ᠦᠢᠯᠡ᠂ ᠰᠤᠶᠤᠯ ᠪᠤᠯᠪᠠᠰᠤᠨ ᠨᠢ ᠮᠤᠷᠢᠨ ᠠᠴᠠ ᠰᠠᠯᠵᠦ ᠴᠢᠳᠠᠰᠢ ᠦᠭᠡᠢ ᠨᠢᠭᠳᠠ ᠬᠤᠯᠪᠤᠭ᠎ᠠ ᠪᠠᠷᠢᠯᠳᠣᠪᠠ᠃ ᠡᠶᠢᠮᠣ ᠠᠴᠠ᠂ ᠮᠤᠷᠢ ᠲᠠᠢ ᠬᠤᠯᠪᠣᠭᠳᠠᠭᠰᠠᠨ ᠵᠦᠢᠷ ᠦᠭᠡ᠂ ᠰᠡᠴᠡᠨ ᠬᠡᠯᠡᠯᠭᠡ᠂ ᠴᠢᠨᠠᠭᠰᠢᠯᠠᠪᠠᠯ ᠨᠢᠭᠳᠠ ᠴᠢᠩᠭ᠎ᠠ ᠬᠠᠤᠯᠢ ᠲᠦᠷᠢᠮ ᠤᠨ ᠳᠤᠭᠳᠠᠭᠠᠯ ᠴᠤ ᠪᠤᠢ ᠪᠤᠯᠤᠭᠰᠠᠨ ᠪᠠᠶᠢᠨ᠎ᠠ᠃ ︽ᠬᠦᠮᠦᠨ ᠪᠤᠯᠬᠤ ᠪᠠᠭ᠎ᠠ ᠠᠴᠠ ᠪᠠᠨ᠂ ᠬᠦᠯᠦᠭ ᠪᠤᠯᠬᠤ ᠤᠨᠠᠭᠠᠨ ᠠᠴᠠ ᠪᠠᠨ︾᠂ ︽ᠬᠦᠮᠦᠨ ᠤ ᠰᠠᠶᠢᠨ ᠢ ᠬᠠᠨᠢᠯᠠᠨ ᠪᠠᠶᠢᠵᠦ ᠮᠡᠳᠡᠨ᠎ᠠ᠂ ᠬᠦᠯᠦᠭ ᠤᠨ ᠰᠠᠶᠢᠨ ᠢ ᠤᠨᠤᠨ ᠪᠠᠶᠢᠵᠦ ᠮᠡᠳᠡᠨ᠎ᠠ︾᠂ ︽ᠰᠠᠶᠢᠨ ᠮᠤᠷᠢ ᠨᠢᠭᠡ ᠯᠡ ᠳᠠᠰᠢᠭᠤᠷ ᠲᠤ᠂ ᠰᠠᠶᠢᠨ ᠬᠦᠮᠦᠨ ᠨᠢᠭᠡ ᠯᠡ ᠦᠭᠡᠨ ᠳᠤ︾ ᠬᠡᠬᠦ ᠮᠡᠳᠦ ᠵᠦᠢᠷ ᠰᠡᠴᠡᠨ ᠦᠭᠡ ᠤᠳᠤ ᠪᠣᠯᠲᠠᠯ᠎ᠠ ᠲᠦᠭᠡᠮᠡᠯ ᠶᠠᠷᠢᠭᠳᠠᠭᠰᠠᠭᠠᠷ ᠪᠤᠢ᠃ ᠴᠢᠩᠬᠢᠰ ᠤᠨ ︽ᠶᠡᠭᠡ ᠵᠠᠰᠠᠭ︾᠂ ︽ᠪᠢᠯᠢᠭ ᠰᠤᠷᠭᠠᠯ︾ ᠢ ᠦᠨᠳᠦᠰᠦᠯᠡᠪᠡᠯ᠂ ᠦᠷ᠎ᠠ ᠠᠴᠢ ᠨᠠᠷ ᠢᠶᠠᠨ ᠮᠤᠷᠢ ᠤᠨᠤᠵᠦ᠂ ᠨᠤᠮᠤ ᠰᠤᠮᠤ ᠬᠠᠷᠪᠤᠬᠤ ᠶᠢ ᠰᠤᠷᠴᠤ᠂ ᠬᠤᠵᠢᠮ ᠬᠤᠶᠢᠰᠢᠳᠠ ᠡᠷᠡᠯᠭᠡᠭ ᠪᠠᠭᠠᠳᠤᠷᠯᠢᠭ ᠠᠴᠠ ᠪᠠᠶᠠᠨ ᠡᠷᠬᠢᠮ ᠳᠤ ᠬᠦᠷᠳᠡ ᠭᠡᠵᠦ ᠰᠤᠷᠭᠠᠭᠠᠷᠠᠢ ᠭᠡᠵᠦ ᠴᠢᠩᠬᠢᠰ ᠬᠠᠭᠠᠨ ᠰᠠᠶᠢᠳ ᠲᠦᠰᠢᠮᠡᠯ ᠵᠠᠩᠵᠤᠨ ᠨᠠᠷ ᠲᠠᠭᠠᠨ ᠦᠷᠬᠦᠯᠵᠢ ᠱᠠᠭᠠᠷᠳᠠᠳᠠᠭ ᠪᠠᠶᠢᠵᠠᠢ᠃ ᠮᠤᠷᠢ ᠤᠷᠤᠯᠳᠤᠬᠤ ᠪᠤᠯ ᠮᠤᠩᠭᠤᠯᠴᠤᠳ ᠤᠨ ᠡᠷ᠎ᠠ ᠶᠢᠨ ᠭᠤᠷᠪᠠᠨ ᠨᠠᠭᠠᠳᠤᠮ ᠤᠨ ᠨᠢᠭᠡ ᠮᠦᠨ᠂ ᠡᠷᠳᠡ ᠦᠶ᠎ᠠ  ᠳᠡᠭᠡᠨ ᠴᠡᠷᠢᠭ ᠲᠠᠶᠢᠨ ᠤ ᠰᠤᠷᠭᠠᠭᠤᠯᠢᠯᠠᠯ ᠤᠨ ᠴᠢᠬᠤᠯᠠ ᠨᠢᠭᠡ ᠠᠭᠤᠯᠭ᠎ᠠ ᠪᠠᠶᠢᠵᠠᠢ᠃ ᠮᠤᠷᠢ ᠤᠷᠤᠯᠳᠤᠬᠤ ᠳᠤᠬᠠᠢ ᠮᠤᠩᠭᠤᠯᠴᠤᠳ ᠤᠨ ᠳᠤᠮᠳᠠ ᠡᠷᠳᠡᠨ ᠠᠴᠠ ᠢᠨᠠᠭᠰᠢ ᠨᠡᠯᠢᠶᠠᠳ ᠤᠯᠠᠨ ᠲᠦᠷᠢᠮ ᠳᠤᠭᠳᠠᠭᠠᠯ᠂ ᠶᠤᠰᠤ ᠵᠦᠢ ᠪᠤᠢ ᠪᠤᠯᠤᠭᠰᠠᠨ ᠴᠤ ᠳᠡᠬᠦᠨ ᠤ ᠳᠤᠬᠠᠢ ᠨᠡᠯᠢᠶᠡᠳ ᠪᠦᠷᠢᠨ ᠪᠦᠳᠦᠨ ᠬᠠᠤᠯᠢ ᠴᠠᠭᠠᠵᠠ ᠶᠢᠨ ᠲᠦᠷᠢᠮᠵᠢᠯ ᠴᠢᠩ ᠤᠯᠤᠰ ᠤᠨ ᠦᠶ᠎ᠠ ᠳᠤ ᠬᠦᠷᠦᠭᠡᠳ ᠪᠤᠢ ᠪᠤᠯᠤᠭᠰᠠᠨ ᠪᠠᠶᠢᠨ᠎ᠠ᠃ ᠳᠡᠷᠡ ᠨᠢ 1709 ᠤᠨ ᠠᠴᠠ 1770 ᠤᠨ ᠬᠦᠷᠳᠡᠯᠡᠬᠢ ᠦᠶ᠎ᠠ ᠳᠤ ᠳᠤᠭᠳᠠᠭᠠᠭᠳᠠᠭᠰᠠᠨ 18 ᠬᠡᠰᠡᠭ ᠬᠠᠤᠯᠢ ᠳᠤᠭᠳᠠᠭᠠᠯ ᠤᠨ ᠨᠡᠶᠢᠯᠡᠯ ᠪᠤᠯᠬᠤ ︽ᠬᠠᠯᠬ᠎ᠠ ᠵᠢᠷᠤᠮ︾ ︵ᠳᠠᠷᠤᠢ ᠬᠠᠯᠬ᠎ᠠ ᠬᠠᠤᠯᠢ ᠶᠢᠨ ᠪᠢᠴᠢᠭ︶ ᠤᠨ ᠳᠤᠮᠳᠡᠬᠢ ︽ᠤᠷᠤᠯᠳᠤᠬᠠᠨ ᠤ ᠴᠠᠬᠠᠵᠠ︾ ᠪᠤᠯᠤᠨ᠎ᠠ᠂ ᠳᠤᠰ ᠴᠠᠭᠠᠵᠠ ᠨᠢ ᠡᠶᠡᠪᠡᠷ ᠵᠠᠰᠠᠭᠴᠢ ᠶᠢᠨ ᠳᠤᠯᠤᠳᠤᠭᠠᠷ ᠤᠨ᠂ ᠦᠭᠡᠷ᠎ᠠ ᠪᠠᠷ ᠬᠡᠯᠡᠪᠡᠯ 1729 ᠤᠨ ᠳᠤ ᠳᠤᠭᠳᠠᠭᠠᠭᠳᠠᠵᠦ᠂ ᠨᠡᠶᠢᠳᠡ 13 ᠵᠦᠢᠯ ᠢᠶᠠᠷ ᠪᠦᠷᠢᠯᠳᠦᠨ᠂ ᠡᠷᠳᠡᠮ ᠰᠢᠨᠵᠢᠯᠡᠭᠡᠳᠡᠳ ᠤᠨ ᠲᠤᠮᠳᠠ ᠮᠤᠩᠭᠤᠯ ᠦᠨᠳᠤᠰᠤᠳᠡᠨ ᠤ ᠬᠠᠤᠯᠢ ᠲᠦᠷᠢᠮ ᠤᠨ ᠳᠡᠤᠬᠡᠨ ᠳᠠᠬᠢ ᠮᠤᠷᠢᠨ ᠤᠷᠤᠯᠳᠤᠭᠠᠨ ᠤ ᠳᠤᠬᠠᠢ ᠬᠠᠮᠤᠭ ᠤᠨ ᠠᠩᠬᠠᠨ ᠤ ᠪᠦᠭᠡᠳ ᠴᠤᠷ ᠤᠨ ᠭᠠᠭᠴᠠ ᠨᠡᠯᠢᠶᠡᠳ ᠪᠦᠷᠢᠨ ᠪᠦᠳᠦᠨ ᠬᠠᠤᠯᠢ ᠴᠠᠭᠠᠵᠠ ᠶᠢᠨ ᠲᠦᠷᠢᠮᠵᠢᠯ ᠭᠡᠵᠦ ᠮᠡᠳᠡᠷᠡᠭᠳᠡᠵᠦ ᠪᠤᠢ᠃ ᠲᠤᠤᠷ᠎ᠠ ᠤᠭ ᠪᠢᠴᠢᠭ ᠢ ᠰᠠᠶᠢᠷᠡᠭᠦᠯᠵᠦ᠂ ᠦᠪᠡᠷ ᠤᠨ ᠤᠢᠢᠯᠠᠭᠠᠯᠳᠠ ᠪᠠᠷ ᠢᠶᠠᠨ ᠲᠦᠭᠦᠮᠭᠡᠨ ᠲᠠᠶᠢᠯᠪᠤᠷᠢᠯᠠᠰᠤᠭᠠᠢ᠃ ︽ᠨᠢᠭᠡᠳᠤᠭᠡᠷ ᠵᠦᠢᠯ᠄ ᠶᠡᠷᠤ ᠤᠷᠤᠯᠳᠤᠬᠤ ᠳᠤ ᠵᠠᠰᠠᠬᠤᠯ ᠠᠴᠠ ᠭᠠᠳᠠᠨ᠎ᠠ ᠲᠦᠷᠪᠡᠨ ᠰᠠᠶᠢᠳ ᠢᠶᠠᠷ ᠭᠡᠷᠡᠴᠢ ᠳᠠᠯᠪᠢᠬᠤ᠃ ᠳᠡᠷᠡ ᠭᠡᠷᠡᠴᠢ ᠰᠠᠶᠢᠳ ᠳᠡᠮᠳᠡᠭ ᠠᠪᠵᠢ ᠤᠴᠢᠭᠠᠳ ᠤᠷᠤᠯᠳᠤᠬᠤ ᠬᠡᠮᠵᠢᠶᠠᠨ ᠤ ᠬᠠᠵᠠᠷ ᠲᠤᠷ ᠬᠦᠷᠦᠭᠡᠳ ᠳᠡᠷᠡ ᠳᠡᠮᠳᠡᠭ ᠶᠢᠨ ᠢᠯᠡ ᠬᠠᠷᠤᠮᠠᠭᠴᠠ ᠤᠷᠤᠯᠳᠤᠬᠤ᠃ ᠳᠡᠷᠡ ᠬᠠᠵᠠᠷ ᠲᠤᠷ ᠬᠦᠷᠦᠯ ᠦᠭᠡᠢ ᠵᠠᠬᠤᠷ᠎ᠠ  ᠠᠴᠠ ᠤᠷᠤᠯᠳᠤᠬᠤᠯᠠ ᠵᠠᠰᠠᠬᠤᠯ ᠨᠤᠶᠠᠳ ᠠᠴᠠ ᠮᠤᠷᠢ ᠠᠪ᠃ ᠳᠠᠶᠢᠵᠢ ᠳᠠᠪᠠᠨᠠᠩ ᠠᠴᠠ ᠦᠭᠡᠷ᠂ ᠡᠩ ᠵᠠᠰᠠᠬᠤᠯ  ᠠᠴᠠ ᠬᠤᠨᠢ ᠠᠪᠬᠤ᠃︾ — ᠮᠤᠷᠢ ᠤᠷᠤᠯᠳᠤᠬᠤ ᠦᠶ᠎ᠠ ᠳᠤ ᠵᠠᠰᠠᠭᠤᠯ ︵ᠤᠷᠤᠯᠳᠤᠯᠭ᠎ᠠ ᠶᠢᠨ ᠬᠡᠷᠡᠭ ᠢ ᠡᠷᠬᠢᠯᠡᠨ ᠪᠠᠷᠢᠬᠤ ᠬᠢᠨᠠᠭᠴᠢ︶ ᠠᠴᠠ ᠭᠠᠳᠠᠨ᠎ᠠ ᠲᠦᠷᠪᠡᠨ ᠨᠡᠷᠡᠰ ᠰᠠᠶᠢᠳ ︵ᠤᠷᠤᠯᠳᠤᠯᠭ᠎ᠠ ᠶᠢᠨ ᠡᠵᠡᠨ ᠨᠤᠶᠠᠳ ᠤᠨ ᠵᠠᠬᠢᠶ᠎ᠠ ᠵᠠᠷᠯᠠᠭᠴᠢ ᠪᠤᠶᠤ ᠪᠠᠶᠢᠴᠠᠭᠠᠭᠴᠢ︶ ᠢ ᠳᠤᠬᠢᠷᠠᠭᠤᠯᠵᠦ ᠬᠡᠷᠡᠴᠢ ᠳᠠᠯᠪᠢᠨ᠎ᠠ ︵ᠵᠦᠪ ᠪᠤᠷᠤᠭᠤ  ᠶᠢᠨ ᠪᠠᠳᠤᠯᠠᠭᠴᠢ ᠪᠤᠯᠭᠠᠨ᠎ᠠ︶᠃ ᠬᠡᠷᠡᠴᠢᠯᠡᠭᠴᠢ ᠰᠠᠶᠢᠳ ᠤᠷᠤᠯᠳᠤᠭᠠᠨ ᠤ ᠳᠡᠮᠳᠡᠭ ᠢᠶᠠᠨ ᠠᠪᠴᠤ ᠤᠷᠤᠯᠳᠤᠭᠠᠨ ᠤ ᠳᠠᠯᠠᠪᠤᠷ ᠲᠤ ᠤᠷᠤᠭᠰᠠᠨ ᠤ ᠳᠠᠷᠠᠭ᠎ᠠ᠂ ᠳᠡᠮᠳᠡᠭ ᠢᠶᠠᠨ ᠦᠵᠡᠭᠦᠯᠦᠮᠡᠭᠴᠡ ᠤᠷᠤᠯᠳᠤᠭᠠᠨ ᠡᠬᠢᠯᠡᠳᠡᠭ᠃ ᠬᠡᠷᠪᠡ ᠤᠷᠤᠯᠳᠤᠭᠠᠨ ᠤ ᠳᠠᠯᠠᠪᠤᠷ ᠲᠤ ᠤᠷᠤᠭ᠎ᠠ ᠦᠭᠡᠢ ᠪᠠᠷ ᠬᠡᠷᠡᠴᠢᠯᠡᠭᠴᠢ ᠰᠠᠶᠢᠳ ᠤᠷᠤᠯᠳᠤᠭᠠᠨ ᠤ ᠳᠡᠮᠳᠡᠭ ᠢᠶᠠᠨ ᠠᠪᠴᠤ ᠶᠠᠪᠤᠬᠤ ᠵᠠᠮ ᠳᠤᠮᠳᠠ ᠠᠴᠠ ᠤᠷᠤᠯᠳᠤᠭᠤᠯᠤᠨ ᠡᠬᠢᠯᠡᠭᠦᠯᠪᠡᠯ ᠵᠠᠰᠠᠭᠤᠯ ᠨᠤᠶᠠᠨ ᠢ ᠨᠢᠭᠡ ᠮᠤᠷᠢ ᠪᠠᠷ ᠶᠠᠯᠠᠳᠠᠵᠦ᠂ ᠳᠠᠶᠢᠵᠢ ᠳᠠᠪᠤᠨᠠᠩ ︵ᠵᠠᠰᠠᠭᠤᠯ ᠪᠤᠯᠵᠦ ᠶᠠᠪᠤᠭᠴᠢ ᠳᠡᠶᠢᠵᠢ ᠳᠠᠪᠤᠨᠠᠩ ᠢ ᠬᠡᠯᠡᠵᠦ ᠪᠤᠢ︶ ᠪᠤᠯ ᠨᠢᠭᠡ ᠦᠭᠡᠷ ᠢᠶᠠᠷ᠂ ᠡᠩ ᠤᠨ ᠵᠠᠰᠠᠭᠤᠯ ︵ᠬᠠᠷᠠᠴᠤ ᠬᠦᠮᠦᠨ ᠪᠤᠯᠤᠯᠳᠠᠢ︶ ᠢ ᠨᠢᠭᠡ ᠬᠤᠨᠢ ᠪᠠᠷ ᠳᠤᠷᠭᠠᠨ᠎ᠠ᠃ ︽ᠬᠤᠶᠠᠳᠤᠭᠠᠷ ᠵᠦᠢᠯ᠄ ᠤᠷᠤᠯᠳᠤᠭᠴᠢ ᠬᠦᠤ ᠤᠷᠢᠳ ᠳᠠᠪᠬᠢᠬᠤᠯᠠ᠃ ᠤᠷᠤᠯᠳᠤᠭᠴᠢ ᠮᠤᠷᠢᠨ ᠢ ᠠᠪᠬᠤ᠃ ᠤᠨᠤᠭᠰᠠᠨ ᠬᠦᠤ ᠶᠢ ᠠᠷᠪᠠ ᠳᠠᠰᠢᠭᠤᠷᠳᠠᠬᠤ᠃︾ — ᠤᠷᠤᠯᠳᠤᠭᠴᠢ ᠤᠷᠢᠳᠠᠪᠠᠷ ᠬᠦᠶᠦᠯᠭᠡᠪᠡᠯ ᠳᠡᠬᠦᠨ ᠤ ᠤᠷᠤᠯᠳᠤᠭᠠᠨ ᠤ ᠮᠤᠷᠢ ᠶᠢ ᠳᠤᠷᠭᠠᠨ᠎ᠠ᠂ ᠤᠨᠤᠭᠠᠴᠢ ᠶᠢ ᠨᠢ ᠠᠷᠪᠠ ᠳᠠᠰᠢᠭᠤᠷᠳᠠᠨ᠎ᠠ᠃ ︽ᠭᠤᠷᠪᠠᠳᠤᠭᠠᠷ ᠵᠦᠢᠯ᠄ ᠶᠡᠷᠤ ᠮᠤᠷᠢᠨ ᠬᠦᠳᠡᠯᠬᠦ ᠤᠳᠤᠬᠤ ᠦᠭᠡᠢ᠃ ᠬᠡᠷᠪᠡ ᠬᠦᠳᠡᠯᠬᠦᠯᠡ ᠤᠳᠤᠬᠤᠯᠠ ᠤᠨᠤᠭᠰᠠᠨ ᠮᠤᠷᠢᠨ ᠢ ᠠᠪᠬᠤ᠃︾ — ᠰᠤᠯᠠ ᠮᠤᠷᠢ ᠳᠠᠭᠠᠭᠤᠯᠵᠦ ᠪᠤᠯᠬᠤ ᠦᠭᠡᠢ ᠪᠦᠭᠡᠳ ᠤᠭᠳᠤᠨ ᠠᠪᠴᠤ ᠪᠤᠯᠬᠤ ᠦᠭᠡᠢ᠂ ᠬᠡᠷᠪᠡ ᠰᠤᠯᠠ ᠮᠤᠷᠢ ᠳᠠᠭᠠᠭᠤᠯᠬᠤ ᠪᠤᠶᠤ ᠤᠭᠳᠤᠵᠦ ᠠᠪᠤᠪᠠᠯ ᠳᠡᠬᠦᠨ ᠤ ᠤᠨᠤᠭᠰᠠᠨ ᠮᠤᠷᠢ ᠶᠢ ᠬᠤᠷᠢᠶᠠᠨ ᠠᠪᠤᠨ᠎ᠠ᠃ ︽ᠲᠦᠷᠪᠡᠳᠦᠭᠡᠷ ᠵᠦᠢᠯ᠄ ᠵᠠᠭᠤᠷᠠᠴᠢᠯᠠᠵᠦ ᠤᠷᠤᠯᠳᠤᠭᠰᠠᠨ ᠬᠦᠮᠦᠨ ᠢ ᠮᠤᠷᠢᠨ ᠢ ᠠᠪᠤᠬᠠᠳ᠃ ᠬᠠᠳᠠᠨ᠎ᠠ ᠶᠢᠰᠤ ᠠᠪᠬᠤ᠃ ᠤᠨᠤᠭᠰᠠᠨ ᠬᠦᠤ ᠶᠢ ᠠᠷᠪᠠ ᠳᠠᠰᠢᠬᠤᠷᠳᠠᠬᠤ᠃ ᠳᠡᠷᠡ ᠵᠠᠬᠤᠷᠠᠴᠢᠯᠠᠵᠦ ᠤᠷᠤᠯᠳᠤᠭᠴᠢ ᠬᠦᠮᠦᠨ ᠢ ᠬᠦᠮᠦᠨ ᠤᠳᠤᠵᠢ ᠠᠪᠴᠢ ᠢᠷᠡᠬᠦᠯᠡ ᠮᠤᠷᠢᠨ ᠢ ᠠᠪᠬᠤ᠃︾ — ᠵᠠᠮ ᠳᠤᠮᠳᠠ ᠠᠴᠠ ᠨᠢ ᠰᠢᠷᠭᠤᠯᠠᠨ ᠤᠷᠤᠭᠰᠠᠨ ᠤᠷᠤᠯᠳᠤᠭᠴᠢ ᠶᠢ ᠮᠤᠷᠢ ᠶᠢ ᠨᠢ ᠬᠤᠷᠢᠶᠠᠨ ᠠᠪᠬᠤ ᠠᠴᠠ ᠭᠠᠳᠠᠨ᠎ᠠ᠂ ᠳᠡᠭᠡᠷ᠎ᠠ ᠨᠢ ᠪᠠᠰᠠ ᠨᠢᠭᠡ ᠶᠢᠰᠦ  ᠪᠠᠷ ᠳᠤᠷᠭᠠᠵᠦ᠂ ᠤᠨᠤᠭᠠᠴᠢ ᠶᠢ ᠨᠢ ᠠᠷᠪᠠ ᠳᠠᠰᠢᠭᠤᠷᠳᠠᠨ᠎ᠠ᠂ ᠵᠠᠮ ᠳᠤᠮᠳᠠ ᠠᠴᠠ ᠤᠷᠤᠯᠳᠤᠭᠠᠨ ᠳᠤ ᠤᠷᠤᠭᠰᠠᠨ ᠬᠦᠮᠦᠨ ᠤ ᠮᠤᠷᠢ ᠶᠢ ᠨᠢ ᠳᠤᠰᠤᠨ ᠠᠪᠴᠤ ᠢᠷᠡᠭᠰᠡᠨ ᠳᠡᠷᠡ ᠬᠦᠮᠦᠨ ᠨᠢ ᠠᠪᠤᠨ᠎ᠠ᠃ ︽ᠳᠠᠪᠤᠳᠤᠭᠠᠷ ᠵᠦᠢᠯ᠄ ᠵᠠᠰᠠᠬᠤᠯ ᠤᠭᠳᠤᠬᠤᠯ ᠠᠴᠠ ᠭᠠᠳᠠᠨ᠎ᠠ᠂ ᠵᠠᠷᠯᠢᠭ ᠦᠭᠡᠢ ᠬᠦᠮᠦᠨ ᠤᠴᠢᠬᠤᠯᠠ ᠤᠨᠤᠭᠰᠠᠨ ᠮᠤᠷᠢᠨ ᠢ ᠠᠪᠬᠤ ᠪᠢᠢ᠃︾ — ᠵᠠᠰᠠᠭᠤᠯ᠂ ᠤᠭᠳᠤᠭᠤᠯ ︵ᠤᠷᠤᠯᠳᠤᠭᠠᠨ ᠳᠤ ᠤᠷᠤᠯᠴᠠᠭᠰᠠᠨ ᠬᠦᠮᠦᠰ ᠢ ᠡᠭᠡᠵᠦ ᠢᠷᠡᠬᠦᠢ ᠳᠤᠷ ᠳᠤᠰᠴᠤ ᠠᠪᠬᠤ ᠬᠦᠮᠦᠰ ᠢ ᠬᠡᠯᠡᠵᠦ ᠪᠤᠢ︶ ᠠᠴᠠ ᠭᠠᠳᠠᠨ᠎ᠠ ᠦᠭᠡᠷ᠎ᠠ ᠬᠦᠮᠤᠨ ᠵᠠᠷᠯᠢᠭ ᠵᠢᠭᠠᠪᠤᠷᠢ ᠦᠭᠡᠢ ᠪᠠᠷ ᠳᠤᠰᠤᠨ ᠠᠪᠤᠪᠠᠯ ᠮᠤᠷᠢ ᠶᠢ ᠨᠢ ᠬᠤᠷᠢᠶᠠᠨ ᠠᠪᠤᠨ᠎ᠠ᠃ ︽ᠵᠢᠷᠭᠤᠳᠤᠭᠠᠷ ᠵᠦᠢᠯ᠄ [ ᠪᠠᠢ ] ᠳᠤᠳᠠᠬᠤ ᠠᠪᠴᠤ ᠢᠷᠡᠬᠦᠯᠡ ᠬᠡᠬᠡᠷᠡ ᠶᠢᠨ ᠪᠠᠶᠠᠨ ᠠᠴᠠ ᠬᠦᠢᠴᠡᠭᠡᠵᠦ ᠠᠪᠤᠬᠠᠳ ᠬᠠᠳᠠᠨ᠎ᠠ ᠨᠢᠭᠡ ᠮᠤᠷᠢ ᠪᠠᠭᠠᠯᠵᠢ ᠠᠪᠬᠤ᠃ ᠡᠰᠡ ᠢᠷᠡᠭᠰᠡᠨ ᠨᠤᠶᠠᠳ ᠤᠨ ᠪᠠᠢ ᠶᠢ ᠢᠨᠤ ᠬᠤᠯᠪᠤᠭᠠᠳᠠᠢ ᠠᠪᠬᠤ᠃︾ — ᠳᠤᠭᠳᠠᠭᠠᠭᠰᠠᠨ ᠤᠷᠤᠯᠳᠤᠭᠠᠨ ᠤ ᠵᠠᠮ ᠢᠶᠠᠷ ᠶᠠᠪᠤᠭᠰᠠᠨ ᠦᠭᠡᠢ ᠪᠠᠷ ᠬᠡᠬᠡᠷ᠎ᠠ ᠪᠠᠶᠢᠬᠤ ᠤᠷᠤᠯᠳᠤᠭᠠᠨ ᠤ ᠵᠠᠮ ᠲᠡᠭᠡᠷᠡᠭᠢ ᠫᠠᠶᠢᠰᠠ ᠲᠡᠮᠳᠡᠭ ᠢ ᠠᠪᠴᠤ ᠢᠷᠡᠭᠰᠡᠳ ᠢ ᠮᠤᠷᠢ ᠪᠠᠷ ᠲᠡᠬᠢᠨ ᠢᠶᠠᠷ ᠳᠤᠷᠭᠠᠨ᠎ᠠ᠃ ᠪᠠᠶᠢᠴᠠᠭᠠᠭᠴᠢ ᠨᠢ ᠡᠭᠦᠷᠭᠡ ᠪᠠᠨ ᠬᠦᠢᠴᠡᠳᠭᠡᠭᠰᠡᠨ ᠢ ᠬᠡᠷᠡᠴᠢᠯᠡᠬᠦ ᠫᠠᠶᠢᠰᠠ ᠲᠡᠮᠳᠡᠭ ᠢᠶᠠᠨ ᠠᠪᠴᠢᠷᠠᠭᠰᠡᠨ ᠦᠭᠡᠢ ᠪᠤᠯ ᠮᠦᠨ ᠮᠤᠷᠢ ᠪᠠᠷ ᠲᠡᠬᠢᠨ ᠢᠶᠠᠷ ᠲᠤᠷᠭᠠᠨ᠎ᠠ᠃ ︽ᠳᠤᠯᠤᠳᠤᠭᠠᠷ ᠵᠦᠢᠯ᠄ ᠬᠦᠢᠭᠰᠡᠨ ᠮᠤᠷᠢᠨ ᠢ ᠰᠢᠳᠦᠨ ᠢ ᠦᠵᠡᠬᠦᠢ ᠶᠢᠨ ᠤᠷᠢᠳ ᠬᠠᠷᠢᠬᠤᠯᠠ ᠪᠠᠢ ᠦᠭᠬᠦ ᠦᠭᠡᠢ ᠃︾ — ᠤᠷᠤᠯᠳᠤᠭᠠᠨ ᠤ ᠮᠤᠷᠢᠨ ᠤ ᠨᠠᠰᠦ ᠵᠢᠯ ᠢ ᠦᠵᠡᠬᠦ ᠠᠴᠠ ᠡᠮᠦᠨ᠎ᠠ ᠤᠷᠤᠯᠳᠤᠭᠠᠨ ᠳᠤ ᠤᠷᠤᠯᠴᠠᠬᠤ ᠫᠠᠶᠢᠰᠠ ᠲᠡᠮᠳᠡᠭ ᠦᠭᠬᠦ ᠦᠭᠡᠢ᠃ ︽ᠨᠠᠢᠮᠠᠳᠤᠭᠠᠷ ᠵᠦᠢᠯ᠄ ᠳᠡᠷᠢᠭᠦᠯᠡᠭᠴᠢ ᠢᠷᠡᠭᠰᠡᠨ ᠮᠤᠷᠢ᠂ ᠤᠳᠠᠭᠠᠬᠢ ᠮᠤᠷᠢᠨ ᠠᠴᠠ ᠪᠠᠨ ᠪᠦᠬᠦᠯᠢ ᠪᠡᠶ᠎ᠠ ᠪᠠᠨ ᠦᠩᠭᠡᠷᠡᠬᠦᠯᠡ ᠬᠠᠷᠤᠭᠰᠠᠨ ᠳᠤ ᠳᠤᠭᠠᠬᠤ᠃ ᠮᠤᠷᠢᠨ ᠤ ᠵᠠᠷᠢᠮ ᠪᠡᠶ᠎ᠠ ᠢᠯᠡᠳᠦᠭᠰᠡᠨ ᠢ ᠳᠤᠭᠠᠬᠤ ᠦᠭᠡᠢ᠃ ᠬᠤᠶᠠᠷ ᠮᠤᠷᠢ ᠴᠢᠴᠠᠬᠤ ᠢᠷᠡᠬᠦᠯᠡ᠃ ᠠᠳᠠᠭ ᠤᠨ ᠳᠡᠮᠳᠡᠭ ᠬᠦᠷᠳᠡᠯᠡ ᠠᠯᠢᠨ ᠢ ᠬᠠᠷᠠᠬᠤᠯᠠ ᠳᠡᠬᠦᠨᠢ ᠳᠤᠭᠠᠬᠤ᠃ ᠳᠤᠩ ᠡᠰᠡ ᠬᠠᠷᠤᠯᠴᠠᠬᠤᠯᠠ ᠳᠡᠬᠢᠵᠢ ᠤᠷᠤᠯᠳᠤ᠃︾ — ᠳᠦᠷᠦᠬᠦᠯᠡᠵᠦ ᠢᠷᠡᠭᠰᠡᠨ ᠮᠤᠷᠢ ᠡᠷᠬᠡᠪᠰᠢ ᠳᠠᠷᠠᠭᠠᠬᠢ ᠮᠤᠷᠢ  ᠠᠴᠠ ᠪᠠᠨ ᠨᠢᠭᠡ ᠪᠡᠶ᠎ᠠ ᠤᠷᠢᠳᠠᠭᠰᠠᠨ ᠪᠠᠶᠢᠪᠠᠯ ᠰᠠᠢᠢ ᠳᠦᠷᠦᠭᠦᠯᠡᠭᠰᠡᠨ ᠢᠶᠠᠷ ᠪᠤᠳᠤᠨ᠎ᠠ᠃ ᠵᠦᠪᠬᠡᠨ ᠮᠤᠷᠢ ᠶᠢᠨ ᠪᠡᠶ᠎ᠠ  ᠶᠢᠨ ᠨᠢᠭᠡ ᠬᠡᠰᠡᠭ ᠨᠢ ᠤᠷᠢᠳᠠᠵᠦ ᠭᠠᠷᠤᠭᠰᠠᠨ ᠪᠤᠯ ᠲᠦᠷᠦᠬᠦᠯᠡᠭᠰᠡᠨ ᠳᠤ ᠳᠤᠭᠠᠴᠠᠭᠳᠠᠬᠤ ᠦᠭᠡᠢ᠃ ᠬᠡᠷᠪᠡ ︵ᠬᠤᠶᠢᠨᠡᠬᠢ ᠮᠤᠷᠢᠳ ᠠᠴᠠ︶ ᠬᠤᠶᠠᠷ ᠮᠤᠷᠢ ᠰᠠᠴᠠᠭᠤ ᠢᠷᠡᠵᠦ᠂ ᠬᠡᠨ ᠤᠷᠢᠳᠠᠪᠠᠷ ᠪᠠᠷᠢᠶᠠᠨ ᠲᠡᠭᠡᠷ᠎ᠡ ᠢᠷᠡᠭᠰᠠᠨ ᠪᠤᠯ ᠳᠡᠬᠦᠨ ᠢ ᠤᠷᠢᠳᠠᠭᠰᠠᠨ ᠢᠶᠠᠷ ᠪᠤᠳᠤᠨ᠎ᠠ᠃ ᠶᠠᠭ ᠳᠤᠳᠤᠷᠬᠠᠢ ᠦᠭᠡᠢ ᠮᠠᠷᠭᠤᠭᠠᠨ ᠲᠠᠢ ᠶᠢ ᠨᠢ ᠳᠠᠬᠢᠵᠦ ᠤᠷᠤᠯᠳᠤᠭᠤᠯᠤᠨ᠎ᠠ᠃ ︽ᠶᠢᠰᠦᠳᠦᠭᠡᠷ ᠵᠦᠢᠯ᠄ ᠪᠠᠢ ᠳᠤ ᠤᠷᠤᠬᠤ ᠮᠤᠷᠢ ᠤᠨᠠᠭᠠᠳ ᠬᠦᠤ ᠶᠠᠪᠠᠭᠠᠨ ᠢᠶᠠᠷ ᠬᠦᠢᠵᠦ ᠤᠷᠤᠬᠤᠯᠠ ᠳᠤᠭᠠᠬᠤ ᠃︾ — ᠤᠷᠤᠯᠳᠤᠭᠠᠨ ᠳᠤ ᠤᠷᠤᠯᠴᠠᠭᠰᠠᠨ ᠫᠠᠶᠢᠰᠠ ᠲᠠᠢ ᠤᠨᠤᠭᠠᠴᠢᠨ ᠮᠤᠷᠢᠨ ᠠᠴᠠ ᠪᠠᠨ ᠤᠢᠢᠴᠢᠭᠰᠠᠨ ᠪᠤᠯᠪᠠᠴᠤ ᠶᠠᠪᠠᠭᠠᠨ ᠢᠶᠠᠷ ᠡᠴᠤᠰ ᠤᠨ ᠱᠤᠭᠤᠮ ᠳᠤ ᠬᠦᠶᠦᠨ ᠬᠦᠷᠦᠭᠰᠡᠨ ᠪᠤᠯ ᠬᠦᠴᠦᠨ ᠲᠠᠢ᠃ ︽ᠠᠷᠪᠠᠳᠤᠭᠠᠷ ᠵᠦᠢᠯ᠄ ᠶᠡᠷᠤ ᠵᠠᠰᠠᠬᠤᠯ ᠤᠭᠳᠤᠬᠤᠯ ᠬᠦᠤ ᠳᠤ ᠳᠠᠰᠢᠬᠤᠷ ᠦᠭᠬᠦ ᠦᠭᠡᠢ᠃ ᠬᠡᠷᠪᠡ ᠦᠭᠪᠡᠰᠤ ᠦᠭᠬᠦᠭᠴᠢ ᠠᠴᠠ ᠬᠤᠨᠢ ᠠᠪᠬᠤ᠃ ᠤᠷᠤᠯᠳᠤᠭᠰᠠᠨ ᠮᠤᠷᠢ ᠨᠢ ᠪᠡᠶ᠎ᠠ ᠶᠢ [ ᠵᠠᠰᠠᠬᠤᠯ ] ᠴᠤᠬᠢᠬᠤ ᠦᠭᠡᠢ᠃︾ — ᠬᠢᠨᠠᠭᠴᠢ ᠪᠠ ᠤᠬᠳᠤᠭᠤᠯ ᠤᠨᠤᠭᠠᠴᠢᠨ ᠳᠤ ᠳᠠᠰᠢᠭᠤᠷ ᠭᠠᠷᠳᠠᠭᠤᠯᠤᠨ ᠦᠭᠴᠤ ᠪᠤᠯᠬᠤ ᠦᠭᠡᠢ᠂ ᠬᠡᠷᠪᠡ ᠳᠠᠰᠢᠭᠤᠷ ᠭᠠᠷᠳᠠᠭᠤᠯᠤᠨ ᠦᠭᠬᠦᠭᠰᠡᠨ ᠪᠠᠶᠢᠪᠠᠯ ᠦᠭᠬᠦᠭᠰᠡᠨ ᠬᠦᠮᠦᠨ ᠢ ᠨᠢᠭᠡ ᠬᠤᠨᠢ ᠪᠠᠷ ᠳᠤᠷᠭᠠᠨ᠎ᠠ᠃ ᠬᠢᠨᠠᠭᠴᠢ  ᠠᠴᠠ ᠤᠷᠤᠯᠳᠤᠭᠠᠨ ᠤ ᠮᠤᠷᠢ ᠶᠢ ᠭᠤᠶᠠᠳᠠᠵᠦ ᠪᠤᠯᠬᠤ ᠦᠭᠡᠢ᠃ ︽ᠠᠷᠪᠠᠨ ᠨᠢᠭᠡᠳᠦᠭᠡᠷ ᠵᠦᠢᠯ᠄ ᠤᠷᠤᠯᠳᠤᠬᠤ ᠬᠦᠤ ᠶᠢ ᠶᠡᠭᠡ ᠪᠠᠭ᠎ᠠ ᠭᠡᠬᠦᠢ ᠶᠢᠨ ᠳᠤᠰ ᠠᠯᠢ ᠡᠵᠡᠨ ᠢ ᠳᠤᠷᠠᠪᠠᠷ ᠮᠡᠳᠡᠳᠦᠭᠡᠢ᠃︾ — ᠤᠨᠤᠭᠠᠴᠢᠨ ᠤ ᠶᠡᠭᠡ ᠪᠠᠭ᠎ᠠ ᠶᠢ ᠮᠤᠷᠢᠨ ᠤ ᠡᠵᠡᠨ ᠨᠢ ᠰᠤᠩᠭᠤᠨ ᠳᠤᠭᠳᠠᠭᠠᠨ᠎ᠠ᠃ ︽ᠠᠷᠪᠠᠨ ᠬᠤᠶᠠᠳᠤᠭᠠᠷ ᠵᠦᠢᠯ᠄ ᠶᠡᠷᠤ ᠠᠬ᠎ᠠ ᠨᠠᠰᠤᠳᠤ ᠮᠤᠷᠢᠨ ᠢ ᠳᠤᠷᠤᠭᠰᠢᠨ ᠢ ᠤᠷᠤᠬᠤᠯᠵᠦ ᠤᠷᠤᠯᠳᠤᠬᠤ ᠦᠭᠡᠢ᠃ ᠳᠡᠬᠦᠦ ᠨᠠᠰᠤᠳᠤ ᠶᠢ ᠳᠡᠭᠡᠭᠰᠢ ᠠᠬ᠎ᠠ ᠨᠠᠰᠤᠳᠤ ᠳᠤ ᠤᠷᠤᠬᠤᠯᠵᠦ ᠤᠷᠤᠯᠳᠤᠬᠤ ᠳᠤ ᠭᠡᠮ ᠦᠭᠡᠢ᠃ ᠶᠡᠷᠤ ᠤᠷᠤᠯᠳᠤᠬᠤ ᠮᠤᠷᠢᠨ ᠢ ᠨᠠᠰᠤᠨ ᠯᠠᠪ ᠲᠦᠷᠪᠡᠨ ᠵᠢᠬ᠎ᠠ ᠢᠭᠠᠠᠰᠢ ᠶᠢ ᠤᠷᠤᠬᠤ᠃︾ — ᠬᠦᠭᠰᠢᠨ ᠮᠤᠷᠢ᠂ ᠳᠤᠷᠤᠢ ᠮᠤᠷᠢ ᠶᠢ ᠤᠷᠤᠯᠳᠤᠭᠠᠨ ᠳᠤ ᠤᠷᠤᠭᠤᠯᠬᠤ ᠦᠭᠡᠢ᠂ ᠪᠠᠭ᠎ᠠ ᠨᠠᠰᠤᠨ ᠤ ᠮᠤᠷᠢ ᠶᠢ ᠤᠷᠤᠯᠳᠤᠭᠠᠨ ᠳᠤ ᠤᠷᠤᠭᠤᠯᠵᠦ ᠪᠤᠯᠤᠨ᠎ᠠ ︵ᠳᠠᠭ᠎ᠠ ᠠᠴᠠ ᠳᠡᠭᠡᠭᠰᠢᠬᠢ ᠶᠢ ᠵᠢᠭᠠᠭᠰᠠᠨ ᠪᠤᠯᠤᠯᠳᠠᠢ︶᠃ ᠡ᠊ᠩ᠊ ᠤᠨ ᠤᠷᠤᠯᠳᠤᠭᠠᠨ ᠤ ᠮᠤᠷᠢ ᠶᠢ ᠲᠦᠷᠪᠡᠨ ᠰᠢᠳᠦᠲᠠᠢ ᠪᠠᠷ ᠬᠢᠵᠠᠭᠠᠷᠯᠠᠨ᠎ᠠ᠃ ︽ᠠᠷᠪᠠᠨ ᠭᠤᠷᠪᠠᠳᠤᠭᠠᠷ ᠵᠦᠢᠯ᠄ ᠳᠡᠷᠢᠭᠦᠯᠡᠭᠰᠡᠨ ᠶᠡᠭᠡ ᠰᠤᠶᠤᠯᠠᠨ ᠮᠤᠷᠢᠨ ᠢ ᠨᠤᠶᠠᠳ ᠬᠡᠷᠡᠭᠯᠡᠵᠦ ᠠᠪᠬᠤᠯᠠ᠃ ᠨᠢᠭᠡ ᠳᠡᠮᠡᠭᠡ ᠨᠠᠢᠮᠠᠨ ᠠᠳᠤᠭᠤ ᠬᠠᠶᠢᠷᠠᠯᠵᠢ ᠠᠪᠬᠤ ᠪᠢᠢ᠃ ᠳᠡᠷᠢᠭᠦᠯᠡᠭᠰᠡᠨ ᠬᠢᠵᠠᠯᠠᠨ ᠳᠤ ᠨᠢᠭᠡ ᠳᠡᠮᠡᠭᠡ ᠵᠢᠷᠬᠤᠬᠠᠨ ᠠᠳᠤᠭᠤ᠃ ᠳᠡᠷᠢᠭᠦᠯᠡᠭᠰᠡᠨ ᠰᠢᠳᠦᠯᠡᠨ ᠳᠤ ᠨᠢᠭᠡ ᠳᠡᠮᠡᠭᠡ ᠲᠦᠷᠪᠡᠨ ᠠᠳᠤᠭᠤ᠃ ᠳᠡᠷᠢᠭᠦᠯᠡᠭᠰᠡᠨ ᠰᠠᠷᠪᠠᠭᠠᠨ ᠳᠤ ᠨᠢᠭᠡ ᠳᠡᠮᠡᠭᠡ ᠬᠤᠶᠠᠷ ᠠᠳᠤᠬᠤ ᠦᠭᠬᠦ ᠪᠢᠢ᠃︾ — ᠳᠡᠷᠢᠬᠦᠨ ᠱᠠᠩ ᠬᠦᠷᠳᠡᠭᠰᠡᠨ ᠰᠤᠶᠤᠭᠠᠯᠠᠩ ᠮᠤᠷᠢ ᠶᠢ ᠨᠤᠶᠡᠳ ᠤᠨᠤᠵᠦ ᠡᠳ᠋ᠯᠡᠶ᠎ᠠ ᠬᠡᠪᠡᠯ ᠡᠷᠭᠡᠪᠰᠢ ᠨᠢᠭᠡ ᠳᠡᠮᠡᠭᠡ ᠨᠠᠢᠮᠠᠨ ᠠᠳᠤᠭᠤ ᠳᠤᠰᠢᠶᠠᠨ᠎ᠠ᠃ ᠲᠦᠷᠦᠬᠦᠯᠡᠭᠰᠡᠨ ᠬᠢᠵᠠᠭᠠᠯᠠᠩ ᠮᠤᠷᠢ ᠳᠤ ᠨᠢᠭᠡ ᠳᠡᠮᠡᠭᠡ ᠵᠢᠷᠭᠤᠭᠠᠨ ᠠᠳᠤᠭᠤ᠂ ᠲᠦᠷᠦᠬᠦᠯᠡᠭᠰᠡᠨ ᠰᠢᠳᠦᠯᠡᠩ ᠮᠤᠷᠢ ᠳᠤ ᠨᠢᠭᠡ ᠳᠡᠮᠡᠭᠡ ᠲᠦᠷᠪᠡᠨ ᠠᠳᠤᠭᠤ᠂ ᠲᠦᠷᠦᠬᠦᠯᠡᠭᠰᠡᠨ ᠰᠠᠷᠪᠠ ᠶᠢ ᠨᠢᠭᠡ ᠳᠡᠮᠡᠭᠡ ᠬᠤᠶᠠᠷ ᠮᠤᠷᠢ ᠦᠭᠴᠤ ᠠᠪᠴᠤ ᠪᠤᠯᠤᠨ᠎ᠠ᠃ ︵ᠲᠤᠷᠤᠨᠠᠲ᠋ᠢᠪ ᠤᠨ ᠨᠠᠶᠢᠷᠠᠭᠤᠯᠤᠨ ᠲᠠᠶᠢᠯᠪᠤᠷᠢᠯᠠᠭᠰᠠᠨ ︽ᠬᠠᠯᠬ᠎ᠠ ᠵᠢᠷᠤᠮ︾ ᠬᠡᠬᠦ ᠨᠤᠮ ᠠᠴᠠ ᠡᠰᠢᠯᠡᠪᠠ︶ ᠪᠦᠬᠦ᠋ᠢᠯᠡ ᠠᠭᠤᠯᠭ᠎ᠠ ᠠᠴᠠ ᠨᠢ ᠦᠵᠡᠬᠦ ᠳᠤ ᠳᠤᠰ ᠬᠠᠤᠯᠢ ᠳᠤᠭᠳᠠᠭᠠᠯ ᠨᠢ ᠮᠤᠷᠢᠨ ᠤᠷᠤᠯᠳᠤᠭᠠᠨ ᠳᠠᠬᠢ ᠬᠢᠨᠠᠭᠴᠢ ᠪᠠᠶᠢᠴᠠᠭᠠᠭᠴᠢ ᠤᠬᠳᠤᠭᠤᠯ ᠤᠨ ᠡᠷᠬᠡ ᠡᠭᠦᠷᠭᠡ ᠶᠢ ᠳᠤᠭᠳᠠᠭᠠᠭᠰᠠᠨ ᠠᠴᠠ ᠭᠠᠳᠠᠨ᠎ᠠ ᠮᠤᠷᠢᠨ ᠤᠷᠤᠯᠳᠤᠭᠠᠨ ᠤ ᠡᠯ᠎ᠠ ᠲᠦᠷᠦᠯ ᠤᠨ ᠬᠡᠷᠡᠭ ᠶᠠᠪᠤᠳᠠᠯ᠂ ᠵᠢᠱᠢᠶᠡᠯᠡᠪᠡᠯ ᠤᠷᠤᠯᠳᠤᠭᠠᠨ ᠤ ᠭᠠᠷᠤᠭ᠎ᠠ ᠲᠡᠭᠡᠷ᠎ᠡ ᠬᠦᠷᠴᠤ ᠤᠷᠤᠯᠳᠤᠭᠠᠨ ᠡᠬᠢᠯᠡᠬᠦ ᠳᠡᠮᠳᠡᠭ ᠢᠶᠠᠨ ᠠᠪᠣᠭᠰᠠᠨ ᠤ ᠳᠠᠷᠠᠭ᠎ᠠ ᠰᠠᠶ᠋ᠢ ᠤᠷᠤᠯᠳᠤᠵᠦ ᠪᠤᠯᠬᠤ᠂ ᠤᠷᠤᠯᠳᠤᠭᠠᠨ ᠤ ᠳᠤᠮᠳᠠ ᠠᠴᠠ ᠰᠢᠷᠭᠤᠯᠠᠨ ᠤᠷᠤᠬᠤ᠂ ᠤᠷᠤᠯᠳᠤᠭᠠᠨ ᠤ ᠮᠤᠷᠢᠳ ᠢ ᠳᠤᠰᠴᠤ ᠤᠭᠳᠤᠬᠤ᠂ ᠤᠷᠤᠯᠳᠤᠭᠠᠨ ᠤ ᠮᠤᠷᠢᠨ ᠤ ᠨᠠᠰᠣ ᠵᠢᠯ ᠵᠡᠷᠭᠡ ᠳᠤ ᠬᠠᠤᠯᠢ ᠴᠠᠭᠠᠵᠠ ᠶᠢᠨ ᠬᠢᠵᠠᠭᠠᠷᠯᠠᠯ ᠬᠢᠵᠦ᠂ ᠮᠤᠷᠢ ᠤᠷᠤᠯᠳᠤᠬᠤ ᠶᠤᠰᠤ ᠵᠠᠩᠰᠢᠯ  ᠨᠢ ᠬᠠᠤᠯᠢ ᠴᠠᠭᠠᠵᠠ ᠶᠢᠨ ᠦᠨᠳᠤᠰᠦᠯᠡᠯ ᠲᠠᠢ ᠪᠤᠯᠤᠭᠰᠠᠨ ᠪᠠᠶᠢᠨ᠎ᠠ᠃ ᠰᠢᠨᠵᠢᠯᠡᠭᠡ ᠮᠡᠷᠭᠡᠵᠢᠯ ᠬᠦᠭᠵᠢᠵᠦ ᠮᠡᠳᠡᠭᠡ ᠵᠠᠩᠬᠢ ᠲᠦᠭᠡᠮᠡᠯᠵᠢᠭᠰᠡᠨ ᠦᠨᠦᠳᠦᠷ ᠤᠨ ᠡᠷᠡᠨ ᠳᠤ ᠮᠠᠰᠢᠨ ᠲᠧᠭᠨᠢᠭ ᠬᠦᠮᠦᠨ ᠲᠦᠷᠦᠯᠬᠢᠳᠡᠨ ᠤ ᠠᠮᠢᠳᠦᠷᠡᠯ ᠳᠤ ᠤᠷᠤᠵᠦ᠂ ᠮᠤᠷᠢᠨ ᠤ ᠮᠠᠰᠢ ᠤᠯᠠᠨ ᠦᠢᠯᠡᠳᠦᠯ ᠴᠢᠳᠡᠮᠵᠢ ᠶᠢ ᠤᠷᠤᠯᠠᠵᠦ ᠴᠢᠳᠠᠭᠰᠠᠨ ᠴᠤ ᠮᠤᠷᠢᠨ ᠤ ᠠᠵᠦ ᠦᠢᠯᠡᠰ ᠢ ᠬᠦᠭᠵᠢᠬᠦᠯᠬᠦ ᠨᠢ ᠳᠡᠯᠡᠬᠡᠢ ᠨᠡᠶᠢᠳᠡ ᠶᠢᠨ ᠬᠠᠮᠳᠤ ᠶᠢᠨ ᠡᠷᠢᠯ ᠬᠦᠰᠡᠯ ᠪᠤᠯᠤᠭᠠᠳ ᠪᠠᠶᠢᠨ᠎ᠠ᠃ ᠶᠠᠫᠦᠨ ᠤᠯᠤᠰ ᠢᠶᠠᠷ ᠶᠠᠷᠢᠬᠤ ᠳᠤ 1862 ᠤᠨ ᠠᠴᠠ ᠡᠭᠢᠯᠠᠨ ᠶᠡᠫᠤᠨᠴᠤᠳ ᠮᠤᠷᠢᠨ ᠤᠷᠤᠯᠳᠤᠭᠠᠨ ᠢ ᠤᠷᠤᠭᠤᠯᠤᠨ ᠠᠪᠴᠢᠷᠠᠵᠦ᠂ 8 ᠵᠢᠯ ᠤᠨ ᠬᠢᠨᠢ ᠳᠠᠷᠠᠭ᠎ᠠ ᠬᠠᠮᠤᠭ ᠤᠨ ᠲᠦᠷᠦᠭᠦᠦ ᠪᠦᠬᠦ ᠤᠯᠤᠰ ᠤᠨ ᠴᠢᠨᠡᠷᠳᠡᠢ ᠮᠤᠷᠢᠨ ᠤᠷᠤᠯᠳᠤᠭᠠᠨ ᠢ ᠡᠷᠬᠢᠯᠡᠨ ᠶᠠᠪᠤᠭᠳᠠᠭᠤᠯᠵᠦ᠂ ᠳᠠᠬᠢᠨ 1863 ᠤᠨ ᠳᠤ ᠮᠤᠷᠢᠨ ᠤᠷᠤᠯᠳᠤᠭᠠᠨ ᠤ ᠣᠣᠭᠠᠨ ᠬᠠᠤᠯᠢ ᠪᠠᠨ ᠳᠤᠭᠳᠠᠭᠠᠨ ᠬᠡᠷᠡᠭᠵᠢᠬᠦᠯᠦᠭᠰᠡᠨ ᠠᠴᠠ ᠨᠠᠰᠢ᠂ ᠤᠳᠤᠬᠠᠨ ᠳᠤ ᠵᠢᠯ ᠪᠦᠷᠢ ᠪᠠᠷᠤᠭ 8800 ᠭᠠᠷᠤᠢ ᠤᠷᠤᠯᠳᠤᠭᠠᠨ ᠤ ᠮᠤᠷᠢ ᠶᠢ ᠭᠠᠳᠠᠭᠰᠢ ᠪᠤᠷᠤᠯᠠᠭᠤᠯᠤᠨ᠂ ᠮᠤᠷᠢᠨ ᠤᠷᠤᠯᠳᠤᠭᠠᠨ ᠢ ᠰᠤᠨᠢᠷᠬᠬᠠᠤ ᠨᠢ ᠶᠠᠫᠤᠨᠴᠤᠳ ᠤᠨ ᠠᠮᠢᠳᠤᠷᠠᠯ ᠳᠠᠬᠢ ᠴᠢᠬᠤᠯᠠ ᠨᠢᠭᠡᠨ ᠬᠠᠪᠤ ᠴᠡᠩᠬᠡᠯ ᠪᠤᠯᠵᠦ ᠬᠦᠭᠵᠢᠭᠰᠡᠨ ᠪᠠᠶᠢᠨ᠎ᠠ᠃ ᠮᠠᠨ ᠤ ᠮᠤᠩᠭᠤᠯ ᠨᠤᠳᠤᠭ ᠲᠤ ᠵᠢᠯ ᠪᠦᠷᠢ ᠨᠠᠶᠢᠷ ᠨᠠᠭᠠᠳᠤᠮ ᠦᠷᠬᠦᠯᠵᠢᠯᠡᠵᠦ᠂ ᠨᠠᠶᠢᠷ ᠨᠠᠭᠠᠳᠤᠮ ᠤᠨ ᠳᠤᠮᠳᠠ ᠮᠤᠷᠢᠨ ᠤᠷᠤᠯᠳᠤᠭᠠᠨ ᠶᠡᠷᠤ ᠳᠡᠭᠡᠨ ᠴᠢᠬᠤᠯᠠ ᠪᠠᠶᠢᠷᠢ ᠪᠠᠨ ᠡᠵᠡᠯᠡᠭᠰᠡᠭᠡᠷ ᠪᠠᠶᠢᠨ᠎ᠠ᠃ ᠬᠤᠪᠢ ᠬᠦᠮᠦᠨ ᠤ ᠡᠷᠬᠢᠯᠡᠵᠦ ᠪᠠᠶᠢᠭ᠎ᠠ ᠨᠠᠶᠢᠷ ᠨᠠᠭᠠᠳᠤᠮ ᠠᠴᠠ ᠡᠬᠢᠯᠡᠨ ᠬᠤᠰᠢᠭᠤ ᠠᠶᠢᠮᠠᠭ ᠤᠨ ᠳᠡᠰ ᠤᠨ ᠨᠠᠶᠢᠷ ᠨᠠᠭᠠᠳᠤᠮ ᠳᠤᠯᠳᠠᠯ᠎ᠠ ᠴᠤᠬᠤᠮ ᠬᠡᠴᠢᠨᠡᠨ ᠳᠠᠯᠠᠪᠠᠢ ᠮᠤᠷᠢᠨ ᠤᠷᠤᠯᠳᠤᠭᠠᠨ ᠶᠠᠪᠤᠭᠳᠠᠵᠦ ᠪᠠᠶᠢᠭ᠎ᠠ ᠶᠢ ᠠᠳᠡ ᠪᠦᠷᠢᠳᠬᠡᠬᠦ ᠶᠢᠨ ᠠᠷᠭ᠎ᠠ ᠦᠭᠡᠢ ᠴᠤ᠂ ᠤᠳᠤᠬᠠᠨ ᠳᠤ ᠡᠨᠡᠬᠦ ᠲᠦᠷᠦᠯ ᠵᠦᠢᠯ ᠨᠢ ᠰᠤᠶᠤᠯ ᠵᠤᠭᠠᠴᠠᠯ ᠪᠤᠶᠤ ᠨᠤᠳᠤᠭ ᠤᠰᠤ ᠪᠠᠨ ᠭᠠᠳᠠᠭᠰᠢ ᠤᠬᠠᠭᠤᠯᠤᠨ ᠳᠠᠨᠢᠯᠴᠠᠭᠤᠯᠬᠤ ᠳᠤ ᠤᠨᠴᠡ ᠨᠢᠭᠡᠨ ᠲᠦᠷᠦᠯ ᠳᠡᠮᠳᠡᠭ ᠪᠤᠯᠵᠦ᠂ ᠬᠦᠮᠦᠰ ᠤᠨ ᠪᠠᠭ᠋ᠠᠷᠬᠠᠯ ᠢ ᠳᠠᠳᠠᠵᠦ ᠪᠠᠶᠢᠳᠠᠭ ᠨᠢ ᠲᠤᠳᠤᠷᠬᠠᠢ ᠶᠤᠮ᠃ 2005 ᠤᠨ ᠤ ᠪᠠᠷᠠᠭᠤᠨ ᠦᠵᠦᠮᠦᠴᠢᠨ ᠬᠤᠰᠢᠭᠤᠨ ᠤ ︽ᠬᠢᠨᠢᠰ ᠤᠨ ᠳᠡᠮᠳᠡᠭᠯᠡᠯ︾ ᠳᠤ ᠪᠢᠴᠢᠭᠦᠯᠦᠭᠰᠡᠨ 800 ᠠᠵᠢᠨᠠᠢ ᠬᠦᠯᠦᠭ ᠤᠨ ᠤᠷᠤᠯᠳᠤᠭᠠᠨ᠂ ᠲᠦᠩᠯᠢᠶᠤᠤ ᠬᠤᠳᠠ ᠶᠢᠨ ᠵᠢᠷᠤᠬᠡ ᠮᠠᠯᠵᠢᠯ ᠤᠨ ᠳᠠᠯᠠᠪᠠᠢ ᠳᠤ ᠶᠠᠪᠤᠭᠳᠠᠬᠤ ᠵᠢᠯ ᠪᠦᠷᠢ ᠶᠢᠨ 8 ᠰᠠᠷ᠎ᠠ ᠶᠢᠨ 18 ᠤ ᠮᠤᠷᠢᠨ ᠤᠷᠤᠯᠳᠤᠭᠠᠨ ᠤ ᠨᠠᠶᠢᠷ ᠵᠡᠷᠭᠡ ᠨᠢ ᠮᠤᠩᠭᠤᠯ ᠨᠤᠳᠤᠭ ᠲᠤ ᠵᠤᠭᠠᠴᠠᠭᠰᠠᠳ ᠤᠨ ᠰᠡᠳᠬᠢᠯ ᠤᠨ ᠪᠠᠭ᠋ᠠᠳᠤᠯ ᠪᠤᠯᠵᠦ ᠪᠠᠶᠢᠳᠠᠭ᠃ ᠤᠳᠤᠬᠠᠨ ᠪᠤᠯᠳᠠᠯ᠎ᠠ ᠮᠠᠨ ᠤ ᠤᠷᠤᠨ ᠳᠤ ᠴᠢᠨᠠᠭᠰᠢᠯᠠᠪᠠᠯ ᠪᠦᠬᠦ ᠤᠯᠤᠰ ᠲᠤ ᠮᠤᠷᠢᠨ ᠤᠷᠤᠯᠳᠤᠭᠠᠨ ᠤ ᠳᠤᠬᠠᠢ ᠭᠠᠵᠠᠷ ᠤᠷᠤᠨ ᠤ ᠪᠤᠳᠠᠳᠤ ᠪᠠᠶᠢᠳᠠᠯ ᠳᠠᠭᠠᠨ ᠨᠡᠶᠢᠴᠡᠭᠰᠡᠨ ᠲᠦᠷᠢᠮ ᠳᠤᠭᠳᠠᠭᠠᠯ ᠪᠠᠶᠢᠳᠠᠭ ᠴᠤ᠂ ᠳᠤᠰᠬᠠᠢ ᠨᠢᠭᠡᠨ ᠬᠠᠤᠯᠢ ᠴᠠᠭᠠᠵᠠ ᠶᠢᠨ ᠳᠤᠭᠳᠠᠭᠠᠯ ᠮᠡᠨᠳᠦᠯᠡᠭᠡ ᠦᠭᠡᠢ ᠪᠠᠶᠢᠭᠰᠠᠭᠠᠷ᠃ ︽ᠬᠠᠯᠬ᠎ᠠ ᠵᠢᠷᠤᠮ︾ ᠤᠨ ︽ᠤᠷᠤᠯᠳᠤᠬᠠᠨ ᠤ ᠴᠠᠬᠠᠵᠠ︾ ᠶᠢ ᠳᠠᠨᠢᠯᠴᠠᠭᠤᠯᠤᠨ ᠰᠤᠳᠤᠯᠵᠦ᠂ ᠪᠤᠳᠠᠳᠠᠢ ᠳᠤ ᠤᠯᠠᠷᠢᠭᠤᠯᠤᠨ ᠬᠡᠷᠡᠭᠯᠡᠬᠦ ᠨᠢ ᠮᠠᠰᠢ ᠶᠡᠭᠡ ᠤᠳᠤᠬᠢᠴᠢ ᠠᠴᠢ ᠬᠤᠯᠪᠤᠭᠳᠠᠯ ᠲᠠᠢ᠂ ᠨᠡᠩ ᠴᠤ ᠮᠤᠩᠭᠤᠯ ᠦᠨᠳᠤᠰᠦᠳᠡᠨ ᠤ ᠡᠷᠳᠡᠨ ᠤ ᠬᠠᠤᠯᠢ ᠲᠦᠷᠢᠮ ᠢ ᠰᠤᠳᠤᠯᠬᠤ ᠳᠤ ᠴᠢᠬᠤᠯᠠ ᠶᠡᠭᠡ ᠡᠷᠳᠡᠮ ᠰᠢᠨᠵᠢᠯᠡᠭᠡᠨ ᠤ ᠠᠴᠢ ᠬᠤᠯᠪᠤᠭᠳᠠᠯ ᠲᠠᠢ ᠶᠤᠮ᠃ ᠪᠡᠯᠡᠳᠬᠡᠭᠰᠡᠨ ᠨᠢ᠄ ᠡᠷᠳᠡᠨᠢᠬᠦᠦ ᠨᠠᠶᠢᠷᠠᠭᠤᠯᠤᠭᠰᠠᠨ ᠨᠢ᠄ ᠨᠠᠮᠤᠷ ᠬᠢᠨᠠᠭᠰᠠᠨ ᠨᠢ᠄ ᠤᠷᠢᠬᠠᠨ  
 
ᠢᠷᠡᠯᠲᠡ᠄ ᠲᠣᠰ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号