ᠠᠯᠠᠱᠠ ᠨᠤᠳᠤᠬ ᠤᠨ ᠲᠡᠮᠡᠭᠡᠨ ᠡᠳ᠋ᠯᠠᠯ ᠭᠡᠷᠡᠭᠯᠠᠯ ᠵᠢᠴᠢ ᠲᠦᠷᠣᠯ ᠵᠦᠢᠯ ᠪᠣᠯᠣᠨ ᠲᠤᠭ᠎ᠠ ᠭᠡᠮᠵᠢᠶ᠎ᠠ
ᠨᠡᠶᠢᠲᠡᠯᠡᠭᠰᠡᠨ ᠴᠠᠭ᠄
2020/3/5
ᠠᠯᠠᠱᠠ ᠨᠣᠳᠤᠭ ᠤᠨ ᠣᠯᠠᠮᠵᠢᠯᠠᠯᠳᠣ ︽ᠡᠯᠠᠰᠣᠨ ᠲᠡᠯᠡᠢ ᠶᠢᠨ ᠣᠩᠭᠤᠴᠨ︾ — ᠲᠡᠮᠡᠭᠡᠨ ᠲᠡᠭᠡᠭᠡᠪᠣᠷᠢ ᠨᠢ ᠡᠯᠠᠰᠣ ᠮᠡᠩᠬ᠎ᠠ᠂ ᠴᠦᠯᠯᠡᠷᠭᠡᠭ ᠨᠣᠳᠤᠭ ᠤᠨ ᠣᠡᠴᠡᠯᠢᠬ ᠲᠤ ᠲᠣᠭᠢᠷᠡᠬᠰᠠᠨ ᠨᠣᠳᠤᠭ ᠣᠰᠣᠨ ᠤ ᠡᠭᠢ ᠪᠠᠶᠠᠯᠢᠭ᠂ ᠲᠡᠪᠣᠰᠣ ᠬᠤᠵᠢᠷ ᠢᠶᠠᠨ ᠣᠯᠠᠷᠢᠯ ᠤᠨ ᠬᠤᠪᠢᠶᠠᠷᠢ ᠲᠠᠢ ᠭᠠᠳᠠᠬᠰᠢ ᠲᠡᠭᠡᠭᠡᠪᠣᠷᠢᠯᠡᠨ ᠵᠣᠭᠤᠰ ᠮᠦᠩᠭᠦ ᠪᠣᠯᠭᠠᠬᠤ᠂ ᠠᠮᠣ ᠭᠦᠨᠡᠰᠣ ᠪᠠᠷ ᠰᠣᠯᠢᠬᠤ᠂ ᠠᠮᠢᠳᠣᠷᠠᠯ ᠣᠶᠢᠯᠡᠣᠠᠪᠣᠷᠢᠯᠡᠯ ᠤᠨ ᠭᠡᠷᠡᠭᠴᠡᠭᠡ ᠲᠠᠢ ᠡᠳ᠋ ᠪᠣᠳᠠᠰ ᠤᠨ ᠵᠦᠢᠯ ᠢᠶᠠᠨ ᠠᠪᠬᠤ ᠳᠤ ᠪᠦᠷ ᠲᠡᠮᠡᠭᠡᠨ ᠲᠡᠭᠡᠭᠡᠪᠣᠷᠢ ᠳᠡᠭᠡᠨ ᠲᠦᠰᠢᠭᠯᠡᠳᠡᠭ ᠪᠠᠶᠢᠵᠡᠢ᠃ ᠲᠠᠶᠢᠨᠭᠦ ᠲᠡᠮᠡᠭᠡᠨ ᠲᠡᠭᠡᠭᠡᠪᠣᠷᠢ ᠶᠢᠨ ᠡᠳ᠋ᠯᠠᠯ ᠭᠡᠷᠡᠭᠯᠡᠯ ᠢᠶᠠᠨ ᠦᠪᠠᠷ ᠢᠶᠠᠨ ᠪᠣᠯᠪᠠᠰᠣᠷᠠᠭᠤᠯᠵᠤ ᠬᠢᠵᠤ᠂ ᠪᠣᠰᠣᠣᠨ ᠠᠴᠠ ᠢᠯᠭᠠᠬᠳᠠᠬᠤ ᠦᠪᠠᠷ ᠤᠨ ᠭᠡᠰᠡᠨ ᠣᠡᠴᠡᠯᠢᠬ ᠲᠠᠢ᠂ ᠲᠦᠷᠣᠯ ᠵᠦᠢᠯ᠂ ᠲᠤᠭ᠎ᠠ ᠭᠡᠮᠵᠢᠶ᠎ᠠ ᠨᠢ ᠣᠶᠢᠯᠡᠳᠣᠯᠭᠡ ᠶᠢᠨ ᠲᠣᠮᠳᠠ ᠭᠦᠭᠵᠢᠵᠣ ᠲᠦᠷᠢᠮᠵᠢᠭᠰᠡᠨ᠂ ᠣᠳᠠᠭᠠᠨ ᠣᠨ ᠤ ᠲᠡᠣᠭᠡ ᠲᠠᠢ᠂ ᠡᠳ᠋ᠯᠠᠵᠣ ᠭᠡᠷᠡᠭᠯᠡᠭᠦ ᠳᠤ ᠲᠣᠭᠢᠷᠠᠮᠵᠢᠲᠠᠢ᠂ ᠠᠪᠰᠠᠷᠬᠠᠨ ᠪᠦᠭᠡᠣᠨ ᠲᠡᠰᠪᠣᠷᠢᠳᠠᠢ᠂ ᠪᠠᠶ᠎ᠠ ᠪᠠᠨ ᠲᠠᠭᠠᠭᠠᠬᠰᠠᠨ ᠲᠣᠰᠬᠠᠢ ᠲᠡᠮᠡᠭᠡᠨ ᠠᠶᠠᠨ ᠤ ᠲᠡᠭᠡᠭᠡᠪᠣᠷᠢ ᠶᠢᠨ ᠲᠣᠨᠤᠭ ᠪᠣᠯᠵᠣ ᠪᠦᠷᠢᠯᠳᠣᠨ ᠲᠣᠬᠳᠠᠬᠰᠠᠨ ᠲᠡᠮᠡᠭᠡᠨ ᠠᠶᠠᠨ ᠲᠡᠭᠡᠭᠡᠪᠣᠷᠢ ᠶᠢᠨ ᠰᠣᠶᠣᠯ ᠪᠤᠢ ᠪᠤᠯᠤᠬᠰᠠᠨ ᠶᠤᠮ᠃ ᠴᠠᠭ ᠡᠷᠡᠨ ᠤ ᠬᠦᠭᠵᠢᠯᠳᠠ ᠤᠯᠠᠷᠢᠯᠳᠠ ᠶᠢ ᠳᠠᠭᠠᠯᠳᠤᠨ᠂ ︽ᠲᠡᠮᠡᠭᠡᠳᠣ ᠨᠣᠳᠤᠭ︾ ᠤᠨ ᠲᠡᠮᠡᠭᠡᠨ ᠰᠣᠶᠣᠯ ᠤᠨ ᠠᠶᠠᠨ ᠲᠡᠭᠡᠭᠡᠪᠣᠷᠢ ᠶᠢᠨ ᠡᠳ᠋ᠯᠠᠯ ᠭᠡᠷᠡᠭᠯᠡᠯ ᠤᠨ ᠲᠣᠰᠬᠠᠢ ᠲᠦᠷᠣᠯ ᠵᠦᠢᠯ ᠶᠠᠪᠣᠬᠤ ᠲᠣᠳᠣᠮ ᠪᠢᠳᠠᠨ ᠠᠴᠠ ᠬᠤᠯᠠᠳᠠᠵᠣ ᠪᠠᠶᠢᠬᠤ ᠲᠣᠯᠨ ᠮᠡᠷᠳᠡᠵᠣ ᠣᠷᠭᠢᠬᠳᠠᠬᠤ ᠠᠴᠠ ᠪᠣᠯᠭᠤᠮᠵᠢᠯᠠᠨ᠂ ᠡ᠊ᠨᠳᠠ ᠳᠤᠰᠬᠠᠢᠢᠯᠠᠨ ᠨᠡᠯᠢᠶᠡᠳ ᠨᠠᠷᠢᠯᠢᠭ ᠲᠤᠭ᠎ᠠ ᠬᠡᠮᠵᠢᠶ᠎ᠠ ᠲᠠᠢ ᠨᠢ ᠪᠢᠴᠢᠭᠯᠡᠨ ᠳᠡᠮᠳᠡᠭᠯᠡᠵᠤ᠂ ᠬᠤᠶᠢᠴᠢ ᠦᠶ᠎ᠠ ᠶᠢᠨ ᠭᠦᠮᠣᠰ ᠲᠡᠭᠡᠨ ᠣᠯᠠᠮᠵᠢᠯᠠᠨ ᠥᠯᠡᠳᠡᠭᠡᠬᠦ ᠶᠢ ᠵᠤᠷᠢᠪᠠ᠃ ᠵᠠᠭᠠᠰᠣ᠄ 13 ᠵᠢᠩ ᠢᠮᠠᠭᠠᠨ ᠨᠣᠣᠰᠣᠨ ᠠᠴᠠ 10 ᠵᠢᠩ ᠦᠷᠮᠦᠭ ᠣᠳᠠᠰᠣ ᠡᠭᠡᠷᠡᠵᠣ ᠪᠣᠯᠪᠠᠰᠣᠷᠠᠭᠤᠯᠵᠣ ᠭᠠᠷᠭᠠᠳᠠᠭ᠃ ᠡᠶᠢᠮᠤ ᠠᠴᠠ 1 ᠬᠤᠣᠰ ᠵᠠᠭᠠᠰᠣᠨ ᠤ ᠬᠠᠯᠢᠰᠣ ᠶᠢᠨ ᠬᠦᠨᠳᠤ ᠨᠢ 10 ᠵᠢᠩ ᠪᠣᠯᠣᠨ᠎ᠠ᠃ ᠡᠪᠡᠰᠣ᠄ 1 ᠬᠤᠣᠰ ᠵᠠᠭᠠᠰᠣ ᠴᠢᠭᠢᠭᠦ ᠳᠤ ᠴᠢᠨᠡᠷ ᠰᠠᠶᠢᠳᠠᠢ ᠪᠣᠭᠤᠳᠠᠢ ᠶᠢᠨ ᠡᠪᠠᠰᠣ 30 ᠵᠢᠩ ᠣᠷᠣᠨ᠎ᠠ᠃ ᠱᠠᠳᠤ᠄ 2 ᠮᠣᠳᠣᠨ ᠱᠠᠳᠤ᠂ 7 ᠵᠢᠩ ᠭᠦᠠᠳᠣ᠂ 6 ᠲᠣᠬᠤᠢ ᠣᠷᠳᠣ᠂ ᠭᠡᠷᠪᠠ ᠵᠠᠭᠠᠰᠤᠨ ᠱᠠᠳᠤ ᠣᠬᠤᠷᠳᠠᠪᠠᠯ ᠲᠡᠮᠡᠭᠡᠨ ᠤ ᠰᠡᠭᠡᠷ ᠪᠣᠯᠣᠨ ᠲᠠᠰᠢᠶᠠᠨ ᠲᠣᠯᠣᠭᠠᠢ ᠶᠢ ᠲᠠᠷᠣᠨ᠎ᠠ᠃ ᠰᠢᠳᠠᠮᠠᠰᠣ᠄ ᠵᠠᠭᠠᠰᠣᠨ ᠤ ᠬᠠᠪᠠᠭᠠᠰᠣ ᠶᠢᠨ ᠭᠡᠯᠡᠭᠡᠢ ᠰᠢᠳᠠᠮᠠᠰᠣ ᠨᠢ 6 ᠠᠯᠳᠠ ᠣᠷᠳᠣ ᠪᠠᠶᠢᠵᠤ᠂ 5 ᠯᠠᠩ ᠨᠣᠣᠰᠣ ᠣᠷᠣᠨ᠎ᠠ᠃ ᠲᠣᠰᠢᠶ᠎ᠠ᠄ ᠵᠠᠭᠠᠰᠤᠨ ᠤ ᠱᠠᠳᠤ ᠨᠢ ᠡᠮᠣᠨ᠎ᠠ ᠬᠤᠶᠢᠨ᠎ᠠ ᠪᠠᠨ 2 ᠲᠣᠰᠢᠶ᠎ᠠ ᠲᠠᠢ᠂ ᠬᠤᠶᠢᠨᠡᠭᠢ ᠲᠣᠰᠢᠶ᠎ᠠ ᠨᠢ ᠲᠠᠯᠢᠮ ᠬᠢᠷᠢᠳᠡᠢ᠂ ᠡᠮᠣᠨ᠎ᠠ ᠲᠣᠰᠢᠶ᠎ᠠ ᠨᠢ ᠠᠯᠳᠠ ᠬᠢᠷᠢᠳᠡᠢ᠂ 1 ᠵᠢᠩ ᠨᠣᠣᠰᠣ ᠣᠷᠣᠨ᠎ᠠ᠃ ᠣᠯᠣᠩ᠄ ᠶᠠᠷᠣ ᠶᠢᠨ ᠣᠯᠣᠩ ᠢ ᠵᠦᠪ ᠰᠣᠯᠣᠭᠠᠢ ᠬᠤᠶᠠᠷ ᠢᠶᠠᠷ ᠲᠠᠮᠣᠵᠣ ᠬᠠᠪᠳᠠᠭᠠᠢ ᠣᠶᠣᠳᠠᠭ᠂ 2 ᠠᠯᠳᠠ ᠣᠷᠳᠣ᠂ 1 ᠵᠢᠩ ᠨᠣᠣᠰᠣ ᠣᠷᠣᠨ᠎ᠠ᠃ ᠰᠤᠷ᠄ ᠵᠠᠭᠠᠰᠣᠨ ᠬᠠᠪᠠᠭᠠᠰᠣᠨ ᠤ ᠰᠤᠷ ᠨᠢ 1 ᠲᠣᠬᠤᠢ ᠣᠷᠳᠣ᠂ ᠰᠢᠭᠡᠵᠢ ᠬᠤᠷᠣᠭᠤ ᠠᠴᠠ ᠨᠡᠷᠢᠨ ᠰᠢᠭ᠋᠂ ᠦᠵᠦᠭᠦᠷ ᠲᠡᠭᠡᠨ ᠨᠦᠭᠡ ᠲᠠᠢ᠂ ᠠᠪᠴᠥ ᠶᠠᠪᠣᠬᠤ ᠳᠠᠭᠠᠨ ᠵᠠᠭᠠᠰᠣᠨ ᠤ ᠲᠡᠷ᠎ᠠ ᠣᠷᠣᠭᠤ ᠬᠠᠣᠠᠬᠤᠵᠣ ᠲᠠᠯᠪᠢᠭᠠᠣᠨ ᠭᠡᠷᠡᠭᠯᠡᠨ᠎ᠠ᠃ ᠬᠥᠳᠡᠷᠡᠮᠵᠢ᠄ ᠬᠤᠶᠠᠷ ᠰᠣᠮᠠᠯ ᠢ ᠬᠤᠭᠤᠷᠣᠠᠳᠣ ᠨᠢ ᠬᠤᠯᠪᠣᠵᠣ ᠲᠡᠩᠨᠡᠭᠦ ᠳᠤ ᠭᠡᠷᠡᠭᠯᠡᠳᠡᠭ ᠭᠤᠷᠮᠣᠰᠣᠨ ᠲᠡᠭᠡᠰᠣ ᠶᠢ ᠬᠡᠯᠡᠨ᠎ᠡ᠂ ᠲᠡᠷᠡ ᠨᠢ 7 ᠠᠯᠳᠠ ᠣᠷᠳᠣ᠂ 3 ᠵᠢᠩ 5 ᠯᠠᠩ ᠨᠣᠣᠰᠣ ᠣᠷᠣᠨ᠎ᠠ᠃ ᠠᠷᠭᠠᠮᠵᠢ᠄ ᠠᠴᠢᠶ᠎ᠠ ᠭᠦᠰᠭᠡ ᠲᠠᠷᠣᠭᠤᠯᠬᠤ᠂ ᠲᠡᠮᠡᠭᠡ ᠭᠡᠷᠣᠭᠦ᠂ ᠵᠠᠭᠡᠭᠯᠠᠬᠦ ᠳᠤ ᠭᠡᠷᠡᠭᠯᠡᠳᠡᠭ ᠭᠤᠷᠮᠣᠰᠣᠨ ᠲᠡᠭᠡᠰᠣ ᠶᠢ ᠬᠡᠯᠡᠨ᠎ᠡ᠂ 7 ᠠᠯᠳᠠ ᠣᠷᠳᠣ᠂ 3 ᠵᠢᠩ 5 ᠯᠠᠩ ᠨᠣᠣᠰᠣ ᠣᠷᠣᠨ᠎ᠠ᠃ ᠪᠤᠷᠠᠠᠳᠠᠭ᠄ ᠶᠠᠷᠣᠨᠢ ᠵᠢᠩ ᠤᠨ ᠪᠤᠷᠠᠠᠳᠠᠭ ᠭᠡᠵᠣ ᠭᠡᠯᠡᠳᠡᠭ ᠵᠣᠷᠰᠢᠯ ᠲᠠᠢ᠂ 2 ᠠᠯᠳᠠ ᠣᠷᠳᠣ᠂ 1 ᠵᠢᠩ 2 ᠯᠠᠩ ᠨᠣᠣᠰᠣ ᠣᠷᠣᠨ᠎ᠠ᠃ ᠭᠡᠪᠠᠴᠥ ᠨᠠᠷᠢᠨ ᠪᠦᠳᠦᠭᠦᠨ᠂ ᠣᠷᠳᠣ ᠣᠬᠤᠷ ᠨᠢ ᠠᠳᠠᠯᠢ ᠪᠤᠰᠤ ᠭᠡᠷᠡᠭᠴᠡᠭᠡ ᠪᠠᠨ ᠦᠵᠡᠵᠣ ᠲᠠᠮᠣᠨ᠎ᠠ᠃ ᠭᠤᠳᠣᠩ ︵ᠨᠠᠷᠢᠬᠠᠨ ᠰᠠᠪᠠ︶᠄ 3 ᠲᠣᠬᠤᠢ ᠣᠷᠳᠣ᠂ 8 ᠢᠮᠠᠬᠤ ᠦᠷᠭᠡᠨ᠂ 1 ᠡᠩ ᠤᠨ ᠭᠡᠮᠵᠢᠶ᠎ᠠ ᠲᠠᠢ᠂ ᠨᠢᠭᠡ ᠬᠤᠣᠰ ᠨᠢ 5 ᠵᠢᠩ ᠭᠦᠠᠳᠣ᠂ ᠲᠣᠷᠣᠮ ᠭᠤᠨ᠎ᠠ ᠳᠤ ᠲᠡᠪᠣᠰᠣ᠂ ᠭᠦᠨᠡᠰᠣᠨ ᠤ ᠲᠦᠷᠣᠯ ᠵᠦᠢᠯ ᠢ ᠠᠴᠢᠬᠤ ᠳᠤ ᠲᠣᠣᠷ᠎ᠠ ᠨᠢ ᠲᠡᠯᠳᠡᠷ ᠲᠣᠬᠤᠵᠣ᠂ ᠠᠮᠠᠨ ᠲᠠᠯ᠎ᠠ ᠶᠢ ᠬᠤᠯᠪᠣᠨ ᠣᠶᠠᠵᠣ ᠣᠨᠣᠭᠤᠯᠵᠣ ᠠᠴᠢᠨ᠎ᠠ᠃ ᠰᠣᠮᠠᠯ ︵ᠣᠭᠤᠳᠠ︶᠄ 3 ᠲᠣᠬᠤᠢ ᠣᠷᠳᠣ᠂ 1 ᠲᠣᠬᠤᠢ 5 ᠢᠮᠠᠬᠤ ᠦᠷᠭᠡᠨ᠂ 2 ᠡᠩ ᠤᠨ ᠭᠡᠮᠵᠢᠶ᠎ᠠ ᠲᠠᠢ᠂ ᠨᠢᠭᠡ ᠬᠤᠣᠰ ᠨᠢ 6 ᠵᠢᠩ ᠭᠦᠠᠳᠣ᠂ ᠪᠠᠭ᠎ᠠ ᠠᠳᠠ ᠪᠣᠯᠣᠨ ᠢᠩᠭᠡᠨ ᠳᠤ ᠲᠠᠪᠣᠰᠣ᠂ ᠠᠮᠣ ᠭᠦᠨᠠᠰᠣᠨ ᠤ ᠵᠦᠢᠯ ᠠᠴᠢᠬᠤ ᠳᠤ ᠭᠡᠷᠡᠭᠯᠡᠨ᠎ᠠ᠃ ᠵᠢᠰᠢᠭᠦᠣ ᠠᠮᠨ ᠲᠠᠢ ᠰᠣᠮᠠᠯ᠄ 3 ᠲᠣᠬᠤᠢ 5 ᠢᠮᠠᠬᠤ ᠣᠷᠳᠣ᠂ 1 ᠲᠣᠬᠤᠢ 8 ᠢᠮᠠᠬᠤ ᠦᠷᠭᠡᠨ᠂ 2 ᠡᠩ ᠤᠨ ᠭᠡᠮᠵᠢᠶ᠎ᠠ ᠲᠠᠢ᠂ ᠨᠢᠭᠡ ᠬᠤᠣᠰ ᠨᠢ 10 ᠵᠢᠩ ᠭᠦᠠᠳᠣ᠂ ᠪᠦᠳᠦᠭᠦᠨ ᠠᠳᠠᠨ ᠳᠤ ᠲᠠᠪᠣᠰᠣ᠂ ᠠᠮᠣ ᠭᠦᠨᠠᠰᠣᠨ ᠤ ᠵᠦᠢᠯ ᠠᠴᠢᠬᠤ ᠳᠤ ᠭᠡᠷᠡᠭᠯᠡᠨ᠎ᠠ᠃ ᠢᠮᠠᠭᠠᠨ ᠨᠣᠣᠰᠣᠨ ᠣᠳᠠᠰᠣ ᠪᠠᠷ ᠨᠡᠭᠡᠭᠰᠡᠨ ᠦᠷᠮᠦᠭ ᠰᠣᠮᠠᠯ ᠢ ᠪᠦᠳᠦᠭᠦᠯᠢᠭ ᠰᠢᠷᠭᠡᠭ ᠲᠠᠢ ᠲᠡᠪᠣᠰᠣ ᠠᠴᠢᠬᠤ ᠳᠤ ᠭᠡᠷᠡᠭᠯᠡᠨ᠎ᠠ᠃ ᠲᠡᠮᠡᠭᠡᠨ ᠨᠣᠣᠰᠣᠨ ᠣᠳᠠᠰᠣ ᠪᠠᠷ ᠨᠡᠭᠡᠭᠰᠡᠨ ᠦᠷᠮᠦᠭ ᠰᠣᠮᠠᠯ ᠨᠢ ᠨᠠᠷᠢᠨ ᠰᠢᠷᠭᠡᠭ ᠲᠠᠢ ᠲᠤᠯᠠ ᠡᠯᠠᠰᠣ ᠰᠢᠷᠣᠢ ᠴᠤ ᠨᠡᠪᠳᠡᠷᠠᠵᠣ ᠣᠷᠣᠬᠤ ᠦᠭᠡᠢ᠂ ᠠᠮᠣ ᠭᠦᠨᠠᠰᠣᠨ ᠤ ᠵᠦᠢᠯ ᠠᠴᠢᠬᠤ ᠳᠤ ᠭᠡᠷᠡᠭᠯᠡᠨ᠎ᠠ᠃ ᠬᠤᠩᠬᠤ᠄ ᠲᠡᠮᠡᠭᠡᠨ ᠠᠶᠠᠨ ᠤ ᠬᠤᠩᠬᠤ ᠨᠢ ᠭᠦᠮᠣᠷᠢᠬᠦᠦ ᠴᠣᠮᠪᠣᠭᠤᠷ ᠭᠡᠯᠪᠡᠷᠢᠳᠡᠢ᠂ ᠭᠤᠣᠯ ᠳᠠᠭᠠᠨ ᠲᠡᠯᠡᠣᠠᠭᠦ ᠲᠣᠭᠤᠢ ᠮᠣᠳᠣᠨ ᠭᠡᠯᠨ ᠲᠠᠢ᠂ ᠲᠣᠣᠷ᠎ᠠ ᠨᠢ ᠱᠣᠮᠳᠠᠢ ᠭᠤᠶᠣ ᠰᠠᠴᠤᠭ ᠲᠠᠢ᠂ ᠶᠡᠭᠡ᠂ ᠲᠣᠮᠳᠠ᠂ ᠪᠠᠭ᠎ᠠ ᠭᠡᠵᠣ ᠭᠤᠷᠪᠠᠨ ᠵᠦᠢᠯ ᠤᠨ ᠬᠤᠩᠬᠤ ᠪᠠᠶᠢᠳᠠᠭ᠃ ᠬᠤᠩᠬᠤ ᠪᠠᠨ ᠨᠢᠭᠡ ᠭᠠᠷ ᠲᠡᠮᠡᠭᠡᠨ ᠤ ᠬᠠᠮᠤᠭ ᠤᠨ ᠰᠡᠭᠦᠯᠴᠢ ᠶᠢᠨ ᠠᠳᠠᠨ ᠤ ᠠᠴᠢᠶᠠᠨ ᠠᠴᠠ ᠵᠡᠭᠦᠨ᠎ᠠ᠃ ᠡᠭᠦᠨ ᠤ ᠣᠶᠢᠯᠠᠳᠣᠯ ᠨᠢ ᠲᠣᠣᠷᠠᠭᠢ ᠮᠠᠳᠣ᠄ ᠠᠶᠠᠠᠴᠢᠨ ᠪᠣᠯᠣᠨ ᠲᠡᠮᠡᠭᠡᠨ ᠳᠤ ᠴᠤᠭ ᠵᠢᠪᠬᠤᠭ᠎ᠠ᠂ ᠭᠦᠴᠥᠨ ᠴᠢᠳᠠᠯ ᠨᠡᠮᠡᠭᠳᠡᠭᠦᠯᠵᠣ᠂ ᠶᠠᠳᠠᠷᠠᠭ᠎ᠠ ᠲᠠᠶᠢᠯᠵᠣ᠂ ᠬᠤᠯᠨ ᠵᠠᠮ ᠤᠨ ᠠᠯᠬᠤᠭ᠎ᠠ ᠲᠠᠭᠠᠷᠠᠭᠤᠯᠣᠨ᠎ᠠ᠃ ᠠᠶᠠᠨ ᠤ ᠴᠦᠷᠭᠡᠯᠡᠭᠡ ᠲᠠᠢ ᠲᠡᠮᠡᠭᠡ ᠰᠣᠭᠤᠷᠠᠵᠣ ᠬᠤᠴᠣᠷᠬᠤ ᠠᠴᠠ ᠰᠡᠷᠭᠡᠶᠢᠯᠡᠨ᠎ᠠ᠃ ᠠᠶᠠᠨ ᠤ ᠴᠦᠷᠭᠡᠯᠡᠭᠡ ᠲᠠᠢ ᠲᠡᠮᠡᠭᠡ ᠦᠷᠭᠦᠭᠦ ᠠᠴᠠ ᠰᠠᠷᠭᠡᠶᠢᠯᠡᠨ᠎ᠠ᠃ ᠠᠶᠠᠨ ᠵᠠᠮ ᠲᠠᠭᠠᠣ ᠬᠢ ᠠᠮᠢᠳᠠᠨ ᠬᠤᠩᠬᠤ ᠶᠢᠨ ᠲᠠᠭᠤᠨ ᠠᠴᠠ ᠦᠷᠭᠦᠨ ᠵᠠᠶᠢᠯᠡᠵᠣ᠂ ᠵᠠᠮ ᠲᠠᠯᠪᠢᠵᠣ ᠰᠠᠨᠠᠭ᠎ᠠ ᠠᠮᠣᠷ ᠠᠶᠠᠯᠠᠨ᠎ᠠ᠃ ᠭᠠᠯ ᠤᠨ ᠠᠬᠠᠯᠠᠭᠴᠢ ᠳᠠᠭᠠᠨ ᠴᠢᠮᠡᠭᠡ ᠦᠭᠴᠥ᠂ ︽ᠪᠢ ᠶᠠᠪᠣᠵᠣ ᠪᠠᠶᠢᠨ᠎ᠠ︾ ᠭᠡᠰᠡᠨ ᠢᠶᠠᠨ ᠮᠡᠳᠡᠭᠳᠡᠨ᠎ᠠ᠃ ᠡᠭᠦᠨ ᠠᠴᠠ ᠭᠠᠳᠠᠨ᠎ᠠ᠂ ᠠᠯᠠᠱᠠ ᠮᠣᠩᠭᠤᠯᠴᠣᠣᠨ ᠲᠡᠮᠡᠭᠡᠨ ᠤ ᠡᠳ᠋ᠯᠠᠯ ᠭᠡᠷᠡᠭᠯᠡᠯ᠂ ᠲᠡᠭᠡᠰᠣᠨ ᠤ ᠵᠦᠢᠯᠡᠰ ᠢ ᠭᠦᠩᠭᠡᠨ ᠂ ᠵᠦᠭᠡᠯᠡᠨ᠂ ᠪᠦᠭᠡ᠂ ᠭᠠᠷ ᠲᠤ ᠬᠠᠯᠨ ᠦᠭᠡᠢ ᠭᠡᠮᠠᠨ ᠵᠣᠬᠳᠣᠷ᠂ ᠡᠪᠣᠳᠦᠭ᠂ ᠰᠢᠯᠢ᠂ ᠪᠦᠭᠦ ᠶᠢᠨ ᠰᠠᠴᠤᠭ ᠵᠡᠷᠭᠡ ᠨᠣᠣᠰᠣ ᠪᠠᠷ ᠲᠠᠮᠤᠳᠠᠬ ᠪᠠᠶᠢᠵᠡᠢ᠃ ᠲᠡᠬᠦᠨᠴᠢᠯᠡᠨ᠂ ᠣᠷᠢᠳᠣ ᠮᠣᠩᠭᠤᠯ ᠣᠷᠣᠨ ᠤ ᠪᠤᠶᠢᠳᠠ ᠪᠦᠭᠯᠡᠭᠦᠣ ᠭᠤᠪᠢ ᠨᠣᠳᠤᠭ ᠤᠨ ᠮᠠᠯᠴᠢᠣᠨ ᠮᠠᠨᠢ ᠵᠠᠭᠠᠰᠣ ᠴᠢᠭᠢᠭᠦ ᠡᠪᠠᠰᠣ ᠪᠠᠨ ᠲᠣᠰ ᠭᠠᠵᠡᠷ ᠠᠴᠠ ᠭᠠᠷᠳᠠᠭ ᠵᠡᠭᠡᠰᠣ᠂ ᠬᠠᠨᠠᠨ ᠬᠤᠯᠣᠰᠣᠨ ᠤ ᠨᠠᠪᠴᠢ᠂ ᠭᠢᠶᠠᠭ᠂ ᠰᠣᠯᠢ᠂ ᠴᠦᠯᠢᠭᠡᠷ ᠤᠨ ᠰᠠᠮ ᠵᠡᠷᠭᠡ ᠶᠢ ᠠᠰᠢᠬᠯᠠᠵᠣ ᠭᠡᠷᠡᠭᠯᠡᠳᠡᠭ ᠪᠠᠶᠢᠪᠠ᠃ ︽ᠲᠡᠮᠡᠭᠡᠳᠣ ᠨᠣᠳᠤᠭ︾ ᠤᠨ ᠲᠠᠮᠡᠭᠡᠨ ᠠᠶᠠᠠᠴᠢᠨ ᠤ ᠲᠣᠨᠤᠭ ᠨᠢ ᠦᠪᠠᠷᠮᠢᠴᠨ ᠨᠠᠷ᠎ᠠ ᠲᠠᠢ᠂ ᠲᠤᠭ᠎ᠠ ᠭᠡᠮᠵᠢᠶ᠎ᠠ ᠨᠢ ᠠᠳᠠᠯᠢ ᠦᠭᠡᠢ᠂ ᠦᠭᠡᠷ᠎ᠠ ᠭᠠᠵᠡᠷ ᠤᠨ ᠬᠢᠨ ᠲᠠᠢ ᠵᠦᠷᠢᠶᠡᠲᠠᠢ ᠪᠠᠶᠢᠬᠤ ᠨᠢ ᠲᠠᠮᠵᠢᠭ ᠦᠭᠡᠢ᠂ ᠦᠵᠡᠬᠦ ᠮᠡᠷᠬᠡᠳ ᠪᠤᠯᠭᠤᠭᠠᠮᠤ᠃ᠪᠡᠯᠡᠳᠬᠡᠭᠰᠡᠨ ᠨᠢ᠄ ᠡᠷᠳᠡᠨᠢᠬᠦᠦ ᠨᠠᠶᠢᠷᠠᠭᠤᠯᠤᠭᠰᠠᠨ ᠨᠢ᠄ ᠨᠠᠮᠤᠷ ᠬᠢᠨᠠᠭᠰᠠᠨ ᠨᠢ᠄ ᠤᠷᠢᠬᠠᠨ  
 
ᠢᠷᠡᠯᠲᠡ᠄ ᠲᠤᠰ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号