ᠬᠠᠳᠠᠭ ᠤᠨ ᠶᠤᠰᠤᠨ
ᠨᠡᠶᠢᠲᠡᠯᠡᠭᠰᠡᠨ ᠴᠠᠭ᠄
2020/3/5
 ᠮᠤᠩᠭᠤᠯᠴᠤᠳ ᠡᠷᠳᠠ ᠲᠡᠬᠡᠷ᠎ᠡ ᠦᠶ᠎ᠡ ᠠᠴᠠ ᠬᠠᠳᠠᠭ ᠢ ᠡᠷᠬᠢᠮᠯᠡᠭᠰᠡᠬᠡᠷ ᠢᠷᠡᠵᠡᠢ᠃ ᠬᠠᠳᠠᠭ ᠨᠢ ᠲᠦᠪᠡᠳ ᠢᠶᠠᠷ ︽ᠦᠩᠬᠡ︾ ᠬᠡᠰᠡᠨ ᠤᠳᠬ᠎ᠠ ᠲᠠᠢ ᠦᠬᠡ᠃ ᠬᠠᠳᠠᠭ ᠦᠭᠭᠦ ᠳᠡᠭᠡᠨ ᠬᠠᠳᠠᠭ ᠤᠨ ᠠᠮᠨ ᠶᠢ ᠲᠤᠬᠠᠢ ᠶᠢᠨ ᠭᠦᠮᠤᠨ  ᠤ ᠪᠠᠨ ᠦᠬᠡᠳᠠ ᠠᠴᠠ ᠬᠠᠷᠠᠭᠤᠯᠤᠨ ᠬᠤᠶᠠᠷ ᠭᠠᠷ ᠢᠶᠠᠷ ᠢᠶᠠᠨ ᠦᠭᠳᠡᠭ ᠨᠢ ︽ᠠᠷᠢᠭᠤᠨ ᠰᠠᠶᠢᠬᠠᠨ ᠰᠠᠳᠬᠢᠯ ᠤᠨ ᠡᠭᠦᠳᠠᠨ ᠠᠴᠠ ᠪᠠᠷᠢᠵᠤ ᠪᠠᠶᠢᠭ᠎ᠠ ᠪᠡᠯᠡᠭ᠂ ᠲᠠᠨ ᠳᠤ ᠦᠯᠵᠡᠢ ᠲᠠᠢ ᠪᠤᠯᠤᠭ᠂ ᠪᠢᠳᠠᠨ ᠤ ᠡᠶ᠎ᠡ ᠡᠪ ᠬᠤᠶᠢᠰᠢᠳᠠ ᠴᠤ ᠴᠡᠪᠡᠷ ᠠᠷᠢᠭᠤᠨ ᠪᠠᠶᠢᠨ᠎ᠠ︾ ᠬᠡᠰᠡᠨ ᠤᠳᠬ᠎ᠠ ᠲᠠᠢ ᠠᠵᠠᠢ᠃ ᠬᠠᠳᠠᠭ ᠢ ᠬᠤᠶᠠᠷ ᠭᠠᠷ ᠲᠠᠭᠠᠨ ᠠᠪᠤᠭᠠᠳ ᠲᠤᠯᠤᠭᠠᠢ ᠲᠠᠯ᠎ᠠ ᠶᠢ ᠨᠢ ᠪᠠᠷᠠᠭᠤᠨ ᠭᠠᠷ ᠲᠡᠬᠡᠷ᠎ᠡ ᠪᠠᠨ ᠲᠠᠯᠪᠢᠳᠠᠭ᠃ ᠡᠨᠡ ᠨᠢ ᠬᠠᠳᠠᠭ ᠤᠨ ᠬᠡ ᠲᠤᠯᠤᠭᠠᠢ ᠶᠢ ᠲᠤᠷᠤᠭᠰᠢ ᠬᠠᠷᠠᠭᠤᠯᠳᠠᠭ ᠦᠭᠡᠢ ᠲᠠᠢ ᠬᠤᠯᠪᠤᠭ᠎ᠠ ᠲᠠᠢ᠃ ᠬᠠᠷᠢᠨ ᠭᠠᠰᠢᠭᠤᠳᠠᠯ  ᠤᠨ ᠬᠠᠳᠠᠭ ᠢ ᠡᠪᠬᠡᠵᠤ ᠦᠭᠳᠡᠭ᠃ ᠬᠠᠳᠠᠭ ᠢ ᠪᠤᠩᠬᠤᠨ ᠳᠤ ᠬᠢᠳᠡᠭ ᠶᠤᠰᠤ ᠤᠭᠳᠤ ᠦᠭᠡᠢ ᠶᠤᠮ᠃ ᠬᠠᠳᠠᠭ ᠨᠢ ᠴᠠᠭᠠᠨ᠂ ᠭᠦᠬᠡ᠂ ᠰᠢᠷ᠎ᠠ᠂ ᠤᠯᠠᠭᠠᠨ᠂ ᠨᠤᠭᠤᠭᠠᠨ ᠬᠡᠰᠡᠨ ᠦᠨᠳᠤᠰᠤᠨ ᠲᠠᠪᠤᠨ ᠦᠩᠬᠡ ᠲᠠᠢ ᠪᠠᠶᠢᠳᠠᠭ ᠪᠠ ᠲᠤᠰ ᠲᠤᠰ ᠲᠠᠭᠠᠨ ᠵᠠᠩ ᠦᠢᠯᠨ᠂ ᠪᠡᠯᠬᠡᠳᠡᠯ ᠢ ᠠᠭᠤᠯᠳᠠᠭ ᠪᠠᠶᠢᠨ᠎ᠠ᠃ ᠴᠠᠭᠠᠨ ᠦᠩᠬᠡ ᠶᠢᠨ ᠬᠠᠳᠠᠭ᠄ ︽ᠲᠡᠬᠡᠳᠤ ᠶᠢᠨ ᠰᠢᠳᠢ ᠪᠦᠳᠤᠬᠡᠯ︾ ᠢ ᠪᠡᠯᠬᠡᠳᠡᠭᠦ ᠪᠦᠬᠡᠳ ᠡᠷᠳᠡᠮ ᠨᠤᠮ ᠤᠨ ᠤᠷᠬᠢᠯ ᠳᠤ ᠭᠦᠷᠭᠦ ᠮᠦᠨ ᠴᠢᠨᠡᠷ ᠤᠨ ᠪᠡᠯᠬᠡᠳᠡᠯ ᠠᠭᠤᠯᠤᠭᠰᠡᠨ ᠪᠠᠶᠢᠳᠠᠭ᠃ ᠶᠡᠬᠡᠪᠴᠢᠯᠡᠨ ᠨᠤᠮ ᠤᠨ ᠦᠢᠯᠨ ᠳᠤ ᠬᠡᠷᠡᠭᠯᠡᠳᠡᠭ ᠠᠵᠠᠢ᠃ ᠰᠢᠷ᠎ᠠ ᠦᠩᠬᠡ ᠶᠢᠨ ᠬᠠᠳᠠᠭ᠄ ︽ᠲᠡᠯᠬᠡᠷᠡᠩᠭᠦᠢ ᠶᠢᠨ ᠦᠢᠯᠨ︾ ᠶᠢᠨ ᠢᠳᠠ ᠰᠢᠳᠢ ᠶᠢ ᠪᠡᠯᠬᠡᠳᠡᠭᠦ ᠪᠠ ᠨᠠᠰᠤ ᠪᠤᠶᠠᠨ᠂ ᠡᠷᠳᠡᠮ ᠴᠢᠳᠠᠯ ᠤᠨ ᠭᠦᠴᠤ ᠶᠢ ᠠᠭᠤᠯᠳᠠᠭ᠃ ᠶᠡᠬᠡᠪᠴᠢᠯᠡᠨ ᠱᠠᠰᠢᠨ ᠪᠤᠯᠤᠨ ᠭᠦᠨᠳᠤᠳᠬᠡᠯ ᠤᠨ ᠦᠢᠯᠨ  ᠳᠤ ᠬᠡᠷᠡᠭᠯᠡᠳᠡᠭ᠃ ᠭᠦᠬᠡ ᠦᠩᠬᠡ ᠶᠢᠨ ᠬᠠᠳᠠᠭ᠄ ︽ᠠᠮᠢᠷᠠᠯᠠᠭᠤᠯᠬᠤᠢ ᠦᠢᠯᠨ︾ ᠶᠢᠨ ᠰᠢᠳᠢ ᠶᠢ ᠪᠡᠯᠬᠡᠳᠡᠭᠦ ᠪᠠ ᠡᠪᠡᠳᠴᠢᠨ᠂ ᠠᠳᠠ ᠪᠠᠷᠴᠢᠳ ᠢ ᠲᠠᠷᠤᠬᠤ ᠶᠢᠨ ᠰᠢᠳᠤᠬᠡᠨ ᠪᠠᠷᠢᠯᠳᠤᠯᠭ᠎ᠠ ᠪᠤᠯᠳᠠᠭ᠃ ᠪᠠᠰᠠ ᠨᠠᠶᠢᠳᠠ ᠶᠢᠨ ᠭᠦᠨᠳᠤᠳᠬᠡᠯ ᠤᠨ ᠵᠠᠩ ᠦᠢᠯᠨ ᠳᠤ ᠬᠡᠷᠡᠭᠯᠡᠳᠡᠭ᠃ ᠤᠯᠠᠭᠠᠨ ᠦᠩᠬᠡ ᠶᠢᠨ ᠬᠠᠳᠠᠭ᠄ ᠡᠷᠢᠬᠡᠨ ᠦᠢᠯᠨ︾ ᠶᠢᠨ ᠢᠳᠠ ᠰᠢᠳᠢ ᠶᠢ ᠪᠡᠯᠬᠡᠳᠡᠭᠦ ᠪᠠ ᠡᠨᠡ ᠨᠢ ᠠᠯᠳᠠᠷ ᠨᠡᠷ᠎ᠡ ᠲᠡᠭᠦᠰ ᠡᠳ᠋ᠯᠡᠯ ᠤᠨ ᠪᠠᠶᠠᠯᠢᠭ ᠬᠤᠷᠠᠬᠤᠶᠢᠴᠠ ᠰᠢᠳᠤᠬᠡᠨ ᠪᠠᠷᠢᠯᠳᠤᠯᠭ᠎ᠠ ᠲᠠᠢ᠂ ᠡᠶᠢᠮᠤ ᠳᠡᠭᠡᠨ ᠲᠦᠷᠤ ᠶᠢᠨ ᠶᠡᠬᠡᠰ ᠲᠡᠬᠡᠳᠤᠰ ᠲᠤ ᠪᠠᠷᠢᠬᠤ ᠪᠠ ᠭᠦᠨᠳᠤᠳᠬᠡᠯ ᠤᠨ ᠢᠳᠡᠭᠡ ᠶᠢ ᠪᠦᠳᠡᠬᠡᠳᠡᠭ ᠪᠠᠶᠢᠨ᠎ᠠ᠃ ᠨᠤᠭᠤᠭᠠᠨ ᠦᠩᠬᠡ ᠶᠢᠨ ᠬᠠᠳᠠᠭ᠄ ︽ᠬᠠᠳᠠᠭᠤ ᠦᠢᠯᠨ︾ ᠶᠢᠨ ᠰᠢᠳᠢ ᠶᠢ ᠪᠡᠯᠬᠡᠳᠡᠭᠦ ᠪᠠ ᠲᠠᠶᠢᠰᠤᠨ᠂ ᠰᠠᠭᠠᠳ ᠲᠦᠳᠬᠡᠷ᠂ ᠠᠳᠠ ᠴᠢᠳᠭᠦᠷ ᠢ ᠵᠠᠶᠢᠯᠠᠭᠤᠯᠬᠤ ᠶᠢᠨ ᠭᠦᠴᠤ ᠶᠢ ᠬᠠᠶᠢᠷᠠᠯᠠᠳᠠᠭ᠂ ᠱᠠᠰᠢᠨ ᠤ ᠬᠠᠳᠠᠭᠤ ᠦᠢᠯᠨ ᠶᠢᠨ ᠲᠠᠭᠠᠤᠬᠠᠯ ᠳᠤ ᠪᠠᠷᠢᠳᠠᠭ ᠪᠠᠶᠢᠵᠠᠢ᠃ ᠬᠠᠳᠠᠭ ᠤᠨ ᠡᠭᠦᠰᠤᠯ ᠬᠠᠳᠠᠭ ᠢ ᠡᠳᠤᠬᠡ ᠶᠢᠨ ᠭᠦᠮᠤᠰ ᠲᠦᠪᠡᠳ ᠠᠴᠠ ᠡᠭᠦᠰᠤᠭ᠍ᠰᠡᠨ ᠮᠡᠳᠤ ᠶᠠᠷᠢᠵᠤ ᠪᠠᠶᠢᠨ᠎ᠠ᠃ ᠬᠡᠳᠡᠯ᠎ᠡ ᠪᠠᠷᠢᠮᠳᠠ ᠦᠭᠡᠢ᠃ ᠦᠨᠡᠨ ᠳᠡᠭᠡᠨ ᠬᠠᠳᠠᠭ ᠪᠤᠯ ᠮᠤᠩᠭᠤᠯ ᠠᠴᠠ ᠡᠭᠦᠰᠴᠡᠢ᠃ ᠮᠤᠩᠭᠤᠯᠴᠤᠳ ᠡᠷᠳᠡ  ᠳᠡᠭᠡᠨ ᠬᠤᠷᠠᠭᠠᠨ ᠤ ᠠᠷᠠᠰᠤ ︵ᠬᠤᠷᠠᠰᠬ᠎ᠠ︶ ᠪᠠᠷ ᠪᠡᠯᠡᠭ ᠪᠠᠷᠢᠵᠤ ᠪᠠᠶᠢᠭᠰᠡᠨ ᠲᠤᠬᠠᠢ ᠰᠠᠷᠵᠢᠶ᠎ᠠ ︵ᠰᠠᠰᠬᠢᠶ᠎ᠠ︶  ᠶᠢᠨ ᠨᠤᠮ ︵ᠰᠡᠰᠬᠢᠶ᠎ᠠ ᠪᠠᠨᠳᠢᠳᠠ ᠭᠦᠩᠭᠠᠵᠠᠯᠰᠠᠨ ᠤ ᠵᠤᠬᠢᠶᠠᠯ᠂ ᠵᠠᠮ ᠤᠨ ᠲᠡᠮᠳᠡᠭᠯᠡᠯ︶ ᠳᠤ ᠲᠡᠮᠳᠡᠭᠯᠡᠭᠰᠡᠨ ᠪᠠᠶᠢᠳᠠᠭ ᠃ ᠬᠡᠭᠦ ᠳᠡᠭᠡᠨ ᠬᠠᠳᠠᠭ ᠢ ᠬᠤᠪᠢᠯᠠᠢ ᠬᠠᠭᠠᠨ ᠤ ᠦᠶ᠎ᠠ ᠳᠤ ᠵᠤᠬᠢᠶᠠᠵᠤ᠂ ᠲᠡᠬᠡᠷ᠎ᠡ ᠨᠢ ᠬᠤᠪᠢᠯᠠᠢ ᠬᠠᠭᠠᠨ ᠤ ᠲᠦᠷᠪᠡᠨ ᠵᠦᠢᠯ ᠤᠨ ᠵᠠᠷᠯᠢᠭ ᠢ ︵ᠲᠦᠪᠡᠳ ᠢᠶᠠᠷ︶ ᠪᠢᠴᠢᠵᠤ ᠫᠠᠭᠫᠠ ᠯᠠᠮᠨ ᠳᠤ ᠪᠠᠷᠢᠭᠰᠡᠨ ᠪᠠᠶᠢᠨ᠎ᠠ᠃ ᠲᠡᠷᠨ ᠲᠦᠷᠪᠡᠨ ᠵᠠᠷᠯᠢᠭ ᠤᠨ ᠤᠳᠬ᠎ᠠ ᠨᠢ ᠬᠡᠪᠡᠯ᠄ ︽ᠡᠳᠤᠷ ᠤᠨ ᠪᠠᠶᠠᠷ᠂ ᠰᠦᠨᠢ ᠶᠢᠨ ᠪᠠᠶᠠᠷ᠂ ᠡᠳᠤᠷ ᠰᠦᠨᠢ ᠢᠯᠭᠠᠯ ᠦᠭᠡᠢ ᠪᠠᠶᠠᠷ ᠪᠠᠶ᠋ᠰᠬᠤᠯᠠᠩ ᠲᠠᠢ ᠪᠠᠶᠢᠬᠤ᠂ ᠭᠤᠷᠪᠠᠨ ᠡᠷᠳᠡᠨᠢ ᠶᠢᠨ ᠦᠯᠵᠡᠢ ᠬᠤᠳᠤᠭ ᠢᠷᠡᠭᠦ ᠪᠤᠯᠳᠤᠭᠠᠢ︕︾ ᠬᠠᠳᠠᠭ ᠨᠢ ᠬᠠᠭᠠᠨ ᠭᠦᠮᠤᠨ ᠤ ᠪᠡᠯᠡᠭ ᠤᠴᠢᠷ ᠠᠴᠠ ᠲᠡᠷᠨ ᠨᠢ ᠮᠤᠩᠭᠤᠯ ᠲᠦᠪᠡᠳ ᠭᠦᠮᠤᠰ ᠪᠤᠶᠤ ᠪᠤᠷᠬᠠᠨ ᠱᠠᠰᠢᠨ ᠤ ᠨᠢᠬᠡᠨ ᠭᠦᠨᠳᠤᠳᠬᠡᠯ ᠡᠳ᠋ ᠪᠤᠯᠤᠭᠰᠡᠨ ᠪᠠᠶᠢᠨ᠎ᠠ᠃ᠪᠡᠯᠡᠳᠬᠡᠭᠰᠡᠨ ᠨᠢ᠄ ᠡᠷᠳᠡᠨᠢᠬᠦᠦ ᠨᠠᠶᠢᠷᠠᠭᠤᠯᠤᠭᠰᠠᠨ ᠨᠢ᠄ ᠨᠠᠮᠤᠷ ᠬᠢᠨᠠᠭᠰᠠᠨ ᠨᠢ᠄ ᠤᠷᠢᠬᠠᠨ  
 
ᠢᠷᠡᠯᠲᠡ᠄ ᠲᠤᠰ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号