| | ᠮᠤᠩᠭᠤᠯ ᠬᠦᠮᠦᠨ ᠤ ᠲᠦᠷᠦᠯ ᠨᠢ ᠶᠡᠷᠦᠩᠭᠡᠢ ᠳᠡᠭᠡᠨ ᠤᠷᠤᠨ ᠨᠤᠲᠤᠭ ᠲᠠᠭᠠᠨ ᠦᠰᠴᠦ ᠲᠦᠷᠦᠭᠰᠡᠨ ᠨᠤᠲᠤᠭ | ᠤᠨ ᠬᠦᠮᠦᠨ ᠪᠤᠯᠤᠨ᠎ᠠ᠃ ᠲᠡᠲᠡ ᠭᠤᠤᠯᠲᠠᠭᠤ ᠠᠽᠢᠶ᠎ᠠ ᠲᠢᠪ᠂ ᠤᠮᠠᠷᠠᠲᠤ ᠠᠮᠧᠷᠢᠺᠠ ᠲᠢᠪ ᠪᠤᠯᠤᠨ ᠯᠠᠲ᠋ᠢᠨ | ᠠᠮᠧᠷᠢᠺᠠ ᠲᠢᠪ ᠵᠡᠷᠭᠡ ᠭᠤᠷᠪᠠᠨ ᠶᠡᠭᠡ ᠲᠢᠪ ᠲᠤ ᠲᠠᠷᠬᠠᠵᠤ ᠪᠠᠶᠢᠭ᠎ᠠ ᠶᠤᠮ᠃ ᠮᠤᠩᠭᠤᠯ ᠬᠦᠮᠦᠨ ᠤ ᠲᠦᠷᠦᠯ ᠳᠤ | ᠬᠡᠲᠤᠶᠢᠪᠡᠷ ᠮᠠᠰᠢ ᠤᠯᠠᠨ ᠨᠡᠭᠦᠲᠡᠯᠴᠢᠨ ᠦᠨᠲᠦᠰᠦᠲᠡᠨ ᠨᠦᠭᠦᠳ ᠪᠤᠢ ᠪᠤᠯᠪᠠᠴᠤ ᠲᠡᠲᠡ ᠴᠦᠮ ᠦᠪᠡᠷ ᠤᠨ | ᠤᠯᠠᠮᠵᠢᠯᠠᠯᠲᠤ ᠨᠤᠲᠤᠭ ᠤᠷᠤᠨ ᠳᠠᠭᠠᠨ ᠤᠰᠤ ᠪᠡᠯᠴᠢᠭᠡᠷ ᠢᠶᠠᠨ ᠲᠠᠭᠠᠵᠤ ᠨᠡᠭᠦᠲᠡᠯᠯᠡᠲᠡᠭ ᠶᠤᠮ᠃ | ᠮᠤᠩᠭᠤᠯ ᠲᠦᠷᠦᠯᠬᠢᠲᠡᠨ ᠬᠡᠲᠦᠨ ᠲᠦᠮᠡᠨ ᠵᠢᠯ ᠤᠨ ᠡᠮᠤᠨᠡᠬᠢ ᠡᠷᠲᠡ ᠲᠡᠭᠡᠷ᠎ᠡ ᠦᠶ᠎ᠡ ᠳᠤ ᠮᠤᠩᠭᠤᠯ ᠤᠨ | ᠦᠨᠲᠦᠷᠯᠢᠭ — ᠮᠤᠩᠭᠤᠯ ᠤᠨ ᠡᠬᠡ ᠭᠠᠵᠠᠷ ᠲᠤ ᠡᠭᠦᠰᠦᠨ ᠬᠦᠭᠵᠢᠵᠦ᠂ ᠠᠵᠤ ᠲᠦᠷᠦᠨ ᠤᠷᠤᠰᠢᠵᠤ ᠪᠠᠶᠢᠯ᠎ᠠ᠃ | ᠬᠤᠵᠢᠮ ᠨᠢ ᠪᠠᠶᠢᠭᠠᠯᠢ ᠶᠢᠷᠲᠢᠨᠴᠦ ᠶᠢᠨ ᠬᠤᠪᠢᠷᠠᠯ ᠪᠠ ᠬᠦᠮᠦᠨ ᠲᠦᠷᠦᠯᠬᠢᠲᠡᠨ ᠤ ᠨᠡᠶᠢᠭᠡᠮ ᠤᠨ ᠬᠦᠭᠵᠢᠯᠲᠡ ᠶᠢ | ᠲᠠᠭᠠᠯᠲᠤᠵᠤ᠂ ᠡᠲᠡᠭᠡᠷ ᠮᠤᠩᠭᠤᠯ ᠲᠦᠷᠦᠯᠬᠢᠲᠡᠨ ᠲᠠᠯᠠᠢ ᠲᠠᠩᠬᠢᠰ ᠢᠶᠠᠷ ᠲᠡᠨᠤᠨ ᠶᠡᠪᠤᠵᠤ᠂ ᠲᠡᠯᠡᠭᠡᠢ ᠶᠢᠨ ᠡᠯ᠎ᠡ | ᠭᠠᠵᠠᠷ ᠨᠡᠭᠦᠲᠡᠯᠯᠡᠨ ᠤᠴᠢᠵᠤ᠂ ᠰᠢᠨ᠎ᠡ ᠶᠢᠷᠲᠢᠨᠴᠦ ᠶᠢ ᠴᠤᠭᠴᠠᠯᠠᠵᠤ᠂ ᠰᠢᠨ᠎ᠡ ᠰᠤᠶᠤᠯ ᠢ ᠡᠭᠦᠲᠦᠨ ᠪᠦᠲᠦᠭᠡᠪᠡᠢ᠃ | ᠮᠤᠩᠭᠤᠯ ᠬᠦᠮᠦᠨ᠂ ᠮᠤᠩᠭᠤᠯ ᠲᠦᠷᠦᠯ ᠬᠦᠮᠦᠨ᠂ ᠮᠤᠩᠭᠤᠯᠯᠢᠶᠠ ᠬᠦᠮᠦᠨ ᠪᠤᠯ ᠨᠢᠭᠡ ᠴᠢᠰᠤᠨ ᠤᠲᠤᠮ ᠤᠨ | ᠤᠷᠤᠭ ᠲᠤᠲᠤᠮ ᠤᠨ ᠲᠦᠷᠦᠯ ᠤᠭᠰᠠᠭᠠᠲᠠᠨ ᠪᠤᠯᠤᠨ᠎ᠠ᠃ ᠮᠤᠩᠭᠤᠯ ᠲᠦᠷᠦᠯ ᠬᠦᠮᠦᠨ ᠤ ᠬᠠᠮᠤᠭ ᠤᠨ ᠶᠡᠭᠡ ᠨᠢᠭᠡ | ᠤᠨᠴᠠᠯᠢᠭ ᠪᠤᠯ ᠨᠢᠯᠬ᠎ᠠ ᠬᠡᠥᠬᠡᠳ ᠤᠨ ᠬᠢᠨᠢ ᠰᠡᠭᠦᠵᠢᠨ ᠲᠡᠭᠡᠷ᠎ᠡ ᠨᠢ ᠠᠶᠠᠭᠠᠨ ᠴᠢᠨᠡᠭᠡᠨ ᠨᠢᠭᠡ ᠬᠡᠰᠡᠭ ᠬᠦᠬᠡ ᠮᠡᠩᠬᠡ | ᠲᠠᠢ ᠪᠢᠯᠡ᠃ ᠡᠭᠦᠨ ᠢ 《 ᠮᠤᠩᠭᠤᠯ ᠲᠤᠯᠪᠤ 》 ᠭᠡᠲᠡᠭ ᠰᠡᠨ᠃ ᠡᠨᠡ ᠬᠦ ᠬᠦᠬᠡ ᠮᠡᠩᠬᠡ ᠨᠢ ᠲᠡᠭᠡᠲᠦ ᠲᠡᠭᠷᠢ | ᠠᠴᠠ ᠢᠪᠡᠭᠡᠭᠰᠡᠨ ᠬᠦᠬᠡ ᠮᠡᠩᠭᠡ ᠪᠤᠯᠠᠢ᠂ ᠡᠨᠡ ᠨᠢ ᠮᠤᠩᠭᠤᠯ ᠬᠦᠮᠦᠨ ᠤ ᠴᠢᠰᠤᠨ ᠤᠲᠤᠮ ᠤᠨ ᠬᠦᠬᠡ ᠮᠡᠩᠭᠡ | ᠪᠤᠯᠤᠨ᠎ᠠ᠃ ᠡᠨᠡ ᠬᠦ 《 ᠮᠤᠩᠭᠤᠯ ᠲᠤᠯᠪᠤ 》 ᠨᠢ ᠮᠤᠩᠭᠤᠯ ᠬᠦᠮᠦᠨ᠂ ᠮᠤᠩᠭᠤᠯ ᠲᠦᠷᠦᠯ ᠬᠦᠮᠦᠨ᠂ | ᠮᠤᠩᠭᠤᠯᠯᠢᠶᠠ ᠬᠦᠮᠦᠨ ᠳᠤ ᠯᠡ ᠪᠠᠶᠢᠭ᠎ᠠ ᠤᠨᠴᠠ ᠲᠡᠮᠲᠡᠭ — ᠴᠢᠰᠤᠨ ᠤᠲᠤᠮ ᠤᠨ ᠢᠮ ᠲᠡᠮᠲᠡᠭ᠂ ᠤᠲᠤᠮ | ᠤᠭᠰᠠᠭᠠᠨ ᠤ ᠪᠡᠯᠭᠡ ᠲᠡᠮᠲᠡᠭ ᠪᠤᠯᠠᠢ᠃ | ᠡᠷᠲᠡᠮ ᠰᠢᠨᠵᠢᠯᠡᠭᠡᠨ ᠤ ᠬᠢᠨ ᠮᠤᠩᠭᠤᠯ ᠦᠨᠲᠦᠰᠦᠲᠡᠨ ᠪᠤᠯ ᠬᠦᠮᠦᠨ ᠲᠦᠷᠦᠯᠬᠢᠲᠡᠨ ᠤ ᠭᠤᠷᠪᠠᠨ ᠶᠡᠭᠡ | ᠬᠦᠮᠦᠨ ᠤ ᠲᠦᠷᠦᠯ ᠤᠨ ᠨᠢᠭᠡ ᠨᠢ ᠮᠦᠨ᠃ ᠮᠤᠩᠭᠤᠯ ᠬᠦᠮᠦᠨ ᠤ ᠲᠦᠷᠦᠯ ᠲᠤᠲᠤᠷ᠎ᠠ ᠮᠤᠩᠭᠤᠯ ᠦᠨᠲᠦᠰᠦᠲᠡᠨ | ᠪᠤᠯ ᠭᠤᠤᠯ ᠲᠤᠯᠭᠠᠭᠤᠷᠢ ᠪᠤᠯᠲᠠᠭ᠂ ᠲᠡᠲᠡ ᠪᠠᠷ ᠠᠽᠢᠶ᠎ᠠ ᠶᠢᠨ ᠮᠤᠩᠭᠤᠯ ᠤᠨ ᠦᠨᠲᠦᠷᠯᠢᠭ ᠲᠠᠬᠢ ᠨᠤᠲᠤᠭ ᠤᠨ | ᠬᠦᠮᠦᠨ ᠮᠦᠨ᠂ ᠮᠤᠩᠭᠤᠯ ᠶᠠᠰᠤᠲᠠᠨ ᠤ ᠶᠡᠬᠡᠩᠬᠢ ᠨᠢ ᠪᠤᠶᠤ ᠦᠨᠲᠦᠰᠦᠨ ᠲᠡᠭᠡᠷ᠎ᠡ ᠪᠠᠨ ᠮᠤᠩᠭᠤᠯ ᠠᠴᠠ | ᠰᠠᠯᠪᠤᠷᠢᠯᠠᠨ ᠭᠠᠷᠴᠦ ᠤᠭᠰᠠᠭ᠎ᠠ ᠦᠨᠲᠦᠰᠦᠲᠡᠨ ᠪᠤᠯᠵᠤ ᠪᠦᠷᠢᠯᠲᠦᠭᠰᠡᠨ ᠭᠡᠵᠦ ᠦᠵᠡᠵᠦ ᠪᠤᠢ᠃ ᠡᠶᠢᠮᠤ ᠠᠴᠠ | ᠮᠤᠩᠭᠤᠯ ᠦᠨᠲᠦᠰᠦᠲᠡᠨ ᠤ ᠡᠭᠦᠰᠦᠯ ᠪᠦᠷᠢᠯᠲᠦᠯ ᠨᠢ ᠪᠦᠬᠦᠶᠢᠯᠡ ᠮᠤᠩᠭᠤᠯᠴᠤᠳ ᠯᠤᠭ᠎ᠠ ᠬᠤᠯᠪᠤᠭᠲᠠᠬᠤ ᠶᠤᠮ᠂ | ᠪᠦᠭᠦᠲᠡ ᠮᠤᠩᠭᠤᠯ ᠶᠠᠰᠤᠲᠠᠨ ᠦᠨᠲᠦᠰᠦᠲᠡᠨ ᠯᠦᠭᠡ ᠬᠤᠯᠪᠤᠭᠲᠠᠬᠤ ᠶᠤᠮ᠃ | ᠮᠤᠩᠭᠤᠯ ᠤᠨ ᠨᠡᠶᠢᠭᠡᠮ ᠤᠨ ᠬᠦᠭᠵᠢᠯᠲᠡ ᠶᠢᠨ ᠱᠠᠲᠤ ᠦᠶ᠎ᠡ ᠨᠢ ᠲᠤᠪ ᠲᠤᠲᠤᠷᠬᠠᠢ᠂ ᠴᠠᠭ ᠬᠤᠭᠤᠴᠠᠭ᠎ᠠ ᠨᠢ | ᠤᠷᠲᠤ ᠤᠲᠠᠭᠠᠨ᠂ ᠮᠠᠲ᠋ᠧᠷᠢᠶᠠᠯ ᠡᠯᠪᠡᠭ ᠪᠠᠶᠠᠯᠢᠭ᠂ ᠮᠦᠨ ᠡᠯ᠎ᠡ ᠲᠦᠷᠦ ᠭᠦᠷᠦᠨ ᠤ ᠨᠡᠶᠢᠭᠡᠮ ᠤᠨ ᠰᠢᠨᠵᠢ ᠴᠢᠨᠠᠷ | ᠨᠢ ᠲᠤᠲᠤᠷᠬᠠᠢ᠂ ᠤᠨᠴᠠᠯᠢᠭ ᠨᠢ ᠲᠤᠪᠤᠶᠢᠮ᠎ᠠ ᠪᠠᠶᠢᠵᠤ᠂ ᠤᠪᠤᠭ ᠲᠦᠷᠦᠯ ᠤᠨ ᠪᠠᠶᠢᠭᠤᠯᠤᠯᠲᠤ ᠨᠡᠶᠢᠭᠡᠮ᠂ ᠪᠤᠭᠤᠯᠲᠤ | ᠨᠡᠶᠢᠭᠡᠮ ᠨᠢ ᠪᠦᠷ ᠡᠶᠢᠮᠤ ᠪᠠᠶᠢᠵᠤ᠂ ᠲᠤᠶᠢᠯ ᠤᠨ ᠲᠤᠲᠤᠷᠬᠠᠢ ᠪᠠᠶᠢᠲᠠᠭ᠃ | ᠲᠡᠥᠬᠡ ᠶᠢᠨ ᠡᠷᠲᠡᠮᠲᠡᠳ ᠤᠪᠤᠭ ᠲᠦᠷᠦᠯ ᠤᠨ ᠨᠡᠶᠢᠭᠡᠮ ᠤᠨ ᠤᠨᠴᠠᠯᠢᠭ ᠢ ᠭᠤᠷᠪᠠᠨ ᠲᠠᠯ᠎ᠠ ᠪᠠᠷ | ᠬᠤᠷᠢᠶᠠᠩᠭᠤᠶᠢᠯᠠᠭᠰᠠᠨ ᠪᠠᠶᠢᠨ᠎ᠠ᠄ | 1. ᠤᠷᠤᠭ ᠤᠨ ᠬᠤᠪᠢᠰᠤᠯ ᠤᠯᠠᠷᠢᠯ ᠨᠢ ᠴᠤᠯ ᠲᠤᠷ᠎ᠠ ᠵᠤᠷᠢᠭ ᠤᠨ ᠴᠢᠰᠤᠨ ᠤᠲᠤᠮ ᠤᠨ ᠤᠷᠤᠭ ᠠᠴᠠ — | ᠲᠡᠳ᠋ᠯᠡᠬᠦ ᠴᠢᠰᠤᠨ ᠤᠲᠤᠮ ᠤᠨ ᠤᠷᠤᠭ ᠪᠤᠯᠵᠤ᠂ ᠡᠴᠤᠰ ᠲᠤ ᠨᠢᠭᠡ ᠡᠷ᠎ᠡ ᠨᠢᠭᠡ ᠡᠮ᠎ᠡ ᠶᠢᠨ ᠤᠷᠤᠭ ᠪᠤᠯᠵᠤ ᠪᠢᠯᠡ᠃ | | 2. ᠤᠪᠤᠭ ᠲᠦᠷᠦᠯ ᠤᠨ ᠨᠡᠶᠢᠭᠡᠮ ᠪᠤᠯ ᠡᠬᠡ ᠤᠲᠤᠮ ᠢᠶᠠᠷ ᠭᠤᠤᠯ ᠪᠤᠯᠭᠠᠲᠠᠭ ᠰᠠᠨ᠃ 3. ᠡᠬᠡ ᠤᠲᠤᠮ ᠤᠨ | ᠤᠪᠤᠭ ᠲᠦᠷᠦᠯ ᠤᠨ ᠨᠡᠶᠢᠭᠡᠮ ᠳᠤ ᠬᠤᠪᠢ ᠬᠦᠮᠦᠨ ᠤ ᠡᠳ᠋ ᠬᠦᠷᠦᠩᠭᠡ ᠭᠡᠵᠦ ᠦᠭᠡᠢ ᠪᠠᠶᠢᠵᠠᠢ᠃ | ᠲᠠᠶᠠᠩ ᠲᠡᠯᠡᠬᠡᠢ ᠳᠤ ᠠᠯᠲᠠᠷ ᠲᠠᠢ ᠶᠢᠷᠲᠢᠨᠴᠦ ᠲᠡᠯᠡᠬᠡᠢ ᠶᠢᠨ ᠤᠨᠢᠰᠤᠭ᠎ᠠ ᠭᠡᠮᠡᠭᠲᠡᠬᠦ — ᠠᠮᠢᠯᠠᠭᠰᠠᠨ ᠡᠲᠤᠷ | ᠠᠷᠠᠯ ᠲᠡᠭᠡᠷᠡᠬᠢ ᠴᠢᠯᠠᠭᠤᠨ ᠬᠦᠮᠦᠨ ᠤ ᠬᠦᠷᠦᠭ ᠢ ᠤᠪᠤᠭ ᠲᠦᠷᠦᠯ ᠤᠨ ᠨᠡᠶᠢᠭᠡᠮ ᠤᠨ ᠦᠶ᠎ᠡ ᠳᠠᠬᠢ ᠢᠨᠳᠢᠶᠠᠨ | ᠮᠤᠩᠭᠤᠯᠴᠤᠳ ᠵᠤᠬᠢᠶᠠᠵᠤ ᠪᠦᠲᠦᠭᠡᠭᠰᠡᠨ ᠪᠠᠶᠢᠨ᠎ᠠ᠃ | ᠰᠢᠪᠧᠷᠢᠶ᠎ᠠ ᠶᠢᠨ ᠶᠧᠨᠢᠰᠠᠢ ᠮᠦᠷᠡᠨ ᠤ ᠬᠦᠪᠡᠭᠡ ᠲᠡᠭᠡᠷ᠎ᠡ᠂ ᠪᠠᠶᠢᠭᠠᠯ ᠨᠠᠭᠤᠷ ᠲᠠᠭᠠᠤ ᠤᠷᠤᠨ ᠢᠶᠠᠷ᠂ ᠮᠤᠩᠭᠤᠯ | ᠤᠯᠤᠰ ᠤᠨ ᠠᠷᠤ ᠨᠤᠲᠤᠭ ᠲᠤ᠂ ᠦᠪᠦᠷ ᠮᠤᠩᠭᠤᠯ ᠤᠨ ᠰᠢᠯᠤᠭᠤᠨ ᠬᠦᠬᠡ ᠬᠤᠰᠢᠭᠤ ᠵᠡᠷᠭᠡ ᠤᠷᠤᠨ ᠳᠤ ᠪᠦᠷ | ᠴᠢᠯᠠᠭᠤᠨ ᠬᠦᠷᠦᠭ ᠲᠤᠷᠠᠰᠬᠠᠯ ᠪᠤᠢ᠃ | ᠠᠮᠢᠯᠠᠭᠰᠠᠨ ᠡᠲᠤᠷ ᠠᠷᠠᠯ ᠲᠡᠭᠡᠷᠡᠬᠢ ᠴᠢᠯᠠᠭᠤᠨ ᠬᠦᠮᠦᠨ ᠤ ᠬᠦᠷᠦᠭ ᠪᠤᠯᠤᠨ ᠮᠤᠩᠭᠤᠯ ᠤᠷᠤᠨ ᠤ ᠴᠢᠯᠠᠭᠤᠨ | ᠬᠦᠷᠦᠭ ᠤᠨ ᠰᠠᠶᠢᠯᠵᠤ ᠴᠤᠭᠴᠠᠯᠠᠭᠰᠠᠨ ᠨᠢ ᠠᠲᠠᠯᠢ᠂ ᠲᠦᠷᠰᠦ ᠬᠡᠯᠪᠡᠷᠢ ᠨᠢ ᠤᠶᠢᠷᠠᠯᠴᠠᠭ᠎ᠠ ᠪᠠᠶᠢᠲᠠᠭ᠃ ᠡᠶᠢᠮᠤ | ᠠᠴᠠ᠂ ᠡᠨᠡ ᠬᠡᠲᠦᠨ ᠭᠠᠵᠠᠷ ᠤᠨ ᠬᠦᠷᠦᠭ ᠲᠤᠷᠠᠰᠬᠠᠯ ᠨᠢ ᠨᠢᠭᠡ ᠰᠢᠰᠲ᠋ᠧᠮ ᠤᠨ ᠪᠠᠶᠢᠵᠤ᠂ ᠨᠢᠭᠡ ᠲᠦᠷᠦᠯ ᠤᠨ | ᠰᠤᠶᠤᠯ ᠪᠤᠯᠬᠤ ᠶᠢ ᠬᠠᠷᠠᠭᠤᠯᠵᠤ ᠪᠠᠶᠢᠬᠤ ᠶᠤᠮ᠃ | ᠨᠢᠤ ᠾᠧ ᠯᠢᠶᠠᠩ ᠲᠠᠪᠠᠭ᠎ᠠ ᠠᠴᠠ ᠢᠯᠡᠷᠡᠭᠦᠯᠦᠭᠰᠡᠨ ᠲᠠᠬᠢᠨᠢ ᠶᠢᠨ ᠰᠦᠮ᠎ᠡ ᠪᠤᠯᠤᠨ ᠨᠢᠭᠡ ᠪᠦᠯᠦᠭ ᠴᠢᠯᠠᠭᠤᠨ | ᠤᠩᠭᠤᠨ ᠨᠢ 1 ᠲᠦᠮᠡᠨ ᠵᠢᠯ ᠤᠨ ᠡᠮᠤᠨᠡᠬᠢ ᠰᠢᠨ᠎ᠡ ᠴᠢᠯᠠᠭᠤᠨ ᠪᠠᠭᠠᠵᠢ ᠶᠢᠨ ᠦᠶ᠎ᠡ ᠶᠢᠨ ᠬᠢ ᠪᠤᠯᠤᠨ᠎ᠠ᠃ ᠲᠠᠬᠢᠨᠢ | ᠶᠢ ᠡᠬᠡ ᠶᠢᠨ ᠶᠤᠰᠤ ᠪᠠᠷ ᠬᠦᠨᠲᠦᠯᠡᠵᠦ᠂ ᠬᠦᠷᠦᠭ ᠵᠢᠷᠤᠭ ᠲᠤ ᠪᠤᠰᠬᠠᠨ ᠲᠠᠬᠢᠵᠤ᠂ ᠡᠬᠡᠴᠢᠯᠡᠯ ᠤᠨ ᠤᠪᠤᠭ ᠲᠦᠷᠦᠯ | ᠤᠨ ᠨᠡᠶᠢᠭᠡᠮ ᠤᠨ ᠪᠠᠶᠢᠲᠠᠯ ᠢ ᠪᠦᠬᠦ ᠲᠠᠯ᠎ᠠ ᠪᠠᠷ ᠢᠯᠡᠳᠬᠡᠵᠦ ᠪᠤᠢ ᠪᠤᠯᠠᠢ᠃ | ᠡᠷᠲᠡᠮᠲᠡᠳ ᠤᠨ ᠦᠵᠡᠬᠦ ᠪᠠᠷ᠂ ᠮᠤᠩᠭᠤᠯ ᠤᠨ ᠤᠪᠤᠭ ᠲᠦᠷᠦᠯ ᠤᠨ ᠨᠡᠶᠢᠭᠡᠮ ᠨᠢ ᠨᠠᠷᠢᠯᠢᠭ ᠴᠢᠯᠠᠭᠤᠨ ᠪᠠᠭᠠᠵᠢ | ᠶᠢᠨ ᠰᠡᠭᠦᠯᠴᠢ᠂ ᠰᠢᠨ᠎ᠡ ᠴᠢᠯᠠᠭᠤᠨ ᠪᠠᠭᠠᠵᠢ ᠶᠢᠨ ᠡᠬᠢᠨ ᠠᠴᠠ ᠡᠬᠢᠯᠡᠵᠦ᠂ ᠬᠦᠷᠡᠯ ᠪᠠᠭᠠᠵᠢ ᠶᠢᠨ ᠦᠶ᠎ᠡ ᠶᠢᠨ ᠡᠬᠢ | ᠬᠦᠷᠲᠡᠯ᠎ᠡ ᠦᠷᠬᠦᠯᠵᠢᠯᠡᠪᠡ᠃ ᠴᠠᠭ ᠦᠶ᠎ᠡ ᠶᠢᠨ ᠲᠠᠯ᠎ᠠ ᠪᠠᠷ ᠠᠪᠴᠦ ᠬᠡᠯᠡᠪᠡᠯ 1 ᠲᠦᠮᠡ 5 ᠮᠢᠩᠭᠠᠨ ᠵᠢᠯ ᠠᠴᠠ 7 | — 8 ᠮᠢᠩᠭᠠᠨ ᠵᠢᠯ ᠤᠨ ᠡᠮᠤᠨ᠎ᠡ ᠪᠤᠯᠲᠠᠯ᠎ᠠ᠂ ᠪᠠᠷᠤᠭ 8 ᠮᠢᠩᠭ᠎ᠠ ᠠᠴᠠ 1 ᠲᠦᠮᠡ ᠵᠢᠯ ᠦᠷᠬᠦᠯᠵᠢᠯᠡᠭᠰᠡᠨ | ᠪᠠᠶᠢᠨ᠎ᠠ᠃ | ᠮᠤᠩᠭᠤᠯ ᠤᠨ ᠪᠤᠭᠤᠯ ᠤᠨ ᠨᠡᠶᠢᠭᠡᠮ ᠤᠨ ᠰᠢᠨᠵᠢ ᠴᠢᠨᠠᠷ ᠨᠢ ᠲᠤᠲᠤᠷᠬᠠᠢ᠂ ᠪᠤᠭᠤᠯ ᠤᠨ ᠨᠡᠶᠢᠭᠡᠮ ᠤᠨ ᠴᠠᠭ ᠨᠢ | ᠤᠷᠲᠤ ᠤᠲᠠᠭᠠᠨ᠂ ᠴᠠᠭ ᠦᠶ᠎ᠡ ᠶᠢᠨ ᠴᠢᠨᠠᠷ ᠨᠢ ᠲᠤᠲᠤᠷᠬᠠᠢ ᠪᠠᠶᠢᠲᠠᠭ᠃ ᠮᠤᠩᠭᠤᠯ ᠤᠨ ᠪᠤᠭᠤᠯᠲᠤ ᠨᠡᠶᠢᠭᠡᠮ ᠤᠨ | ᠬᠦᠭᠵᠢᠯᠲᠡ ᠠᠴᠠ ᠦᠵᠡᠪᠡᠯ᠂ ᠲᠡᠷᠡ ᠨᠢ ᠤᠪᠤᠭ ᠲᠦᠷᠦᠯ ᠤᠨ ᠨᠡᠶᠢᠭᠡᠮ ᠤᠨ ᠲᠤᠲᠤᠷ᠎ᠠ ᠨᠢᠭᠡᠨᠲᠡ ᠬᠦᠭᠵᠢᠵᠦ᠂ | ᠪᠤᠯᠪᠠᠰᠤᠷᠠᠵᠤ᠂ ᠨᠡᠶᠢᠭᠡᠮ ᠤᠨ ᠲᠤᠭᠲᠠᠯᠴᠠᠭ᠎ᠠ ᠲᠠᠢ ᠪᠤᠯᠵᠠᠢ᠃ | ᠮᠤᠩᠭᠤᠯ ᠤᠨ ᠪᠤᠭᠤᠯᠲᠤ ᠨᠡᠶᠢᠭᠡᠮ ᠨᠢ ᠭᠤᠤᠯᠲᠠᠭᠤ ᠭᠤᠷᠪᠠᠨ ᠵᠤᠶᠢᠯ ᠤᠨ ᠬᠡᠯᠪᠡᠷᠢ ᠪᠠᠷ ᠢᠯᠡᠷᠡᠵᠦ ᠪᠤᠢ᠄ | 1. ᠮᠤᠩᠭᠤᠯ ᠤᠨ ᠤᠪᠤᠭ ᠲᠦᠷᠦᠯ ᠤᠨ ᠨᠡᠶᠢᠭᠡᠮ ᠤᠨ ᠵᠠᠲᠠᠷᠠᠯ ᠤᠨ ᠶᠠᠪᠤᠴᠠ ᠳᠤ ᠬᠡᠰᠡᠭ ᠠᠶᠢᠮᠠᠭ ᠤᠨ | ᠠᠬᠠᠯᠠᠭᠴᠢ ᠪᠤᠶᠤ ᠡᠰᠡᠭᠦᠯ᠎ᠡ ᠰᠢᠨ᠎ᠡ ᠪᠠᠷ ᠮᠠᠨᠲᠤᠭᠰᠠᠨ ᠤᠨᠴᠠ ᠡᠷᠬᠡᠲᠡᠨ ᠳᠤ ᠲᠡᠭᠦᠨ ᠤ ᠬᠠᠷᠢᠶ᠎ᠠ ᠭᠠᠵᠠᠷ ᠪᠤᠶᠤ | ᠰᠠᠭᠤᠭᠠᠯᠢ ᠢᠷᠭᠡᠨ ᠲᠠᠢ ᠪᠠᠶᠢᠵᠠᠢ᠃ ᠡᠷᠬᠡ ᠲᠤᠰᠢᠶᠠᠯ ᠤᠨ ᠬᠢᠨᠢ ᠶᠡᠭᠡ ᠪᠠᠭ᠎ᠠ ᠶᠢ ᠦᠨᠲᠦᠰᠦᠯᠡᠵᠦ ᠲᠤᠭᠲᠠᠭᠠᠭᠰᠠᠨ | ᠲᠡᠲᠡᠭᠡᠷ ᠬᠠᠷᠢᠶᠠᠨ ᠤ ᠭᠠᠵᠠᠷ ᠲᠤ ᠤᠷᠤᠰᠢᠨ ᠰᠠᠭᠤᠬᠤ ᠢᠷᠭᠡᠳ ᠨᠢ ᠴᠦᠮ ᠬᠠᠷᠢᠶᠠᠲᠤ ᠪᠤᠭᠤᠯ ᠪᠤᠯᠠᠢ᠃ | ᠡᠶᠢᠮᠤᠷᠬᠦᠦ ᠢᠷᠭᠡᠨ ᠢᠶᠠᠷ ᠪᠦᠷᠢᠯᠲᠦᠭᠰᠡᠨ ᠪᠤᠭᠤᠯ ᠢ 《 ᠤᠩᠭᠤ ᠪᠤᠭᠤᠯ ︵ungu bogol︶ 》 ︵ᠡᠷᠲᠡᠨ | ᠤ ᠪᠤᠭᠤᠯ︶ ᠭᠡᠲᠡᠭ᠃ | 2. ᠲᠠᠶᠢᠨ ᠤ ᠤᠯᠵᠠᠯᠠᠭᠲᠠᠭᠰᠠᠳ ᠪᠤᠶᠤ ᠡᠰᠡᠭᠦᠯ᠎ᠡ ᠠᠷᠠᠯᠵᠢᠶ᠎ᠠ ᠰᠤᠯᠢᠯᠴᠠᠭ᠎ᠠ ᠬᠢᠵᠤ ᠠᠪᠤᠭᠰᠠᠨ ᠪᠤᠭᠤᠯ | ᠪᠠᠶᠢᠲᠠᠭ᠃ ᠠᠶᠢᠮᠠᠭ ᠤᠨ ᠲᠠᠶᠢᠨ ᠪᠠᠶᠢᠯᠲᠤᠭᠠᠨ ᠤ ᠲᠤᠮᠲᠠ ᠲᠠᠶᠢᠨ ᠤ ᠢᠯᠠᠭᠴᠢ ᠨᠢ ᠤᠯᠵᠠᠯᠠᠭᠲᠠᠭᠰᠠᠳ ᠢᠶᠠᠨ | ᠲᠠᠶᠢᠨ ᠤ ᠪᠡᠯᠡᠭ ᠪᠤᠯᠭᠠᠨ ᠠᠶᠢᠮᠠᠭ ᠤᠨ ᠠᠬᠠᠯᠠᠭᠴᠢ ᠪᠤᠯᠤᠨ ᠰᠢᠨ᠎ᠠ ᠪᠠᠷ ᠮᠠᠨᠲᠤᠭᠰᠠᠨ ᠲᠠᠪᠬᠤᠷᠭᠠᠨ ᠳᠠᠭᠠᠨ | ᠬᠤᠪᠢᠶᠠᠨ ᠦᠭᠲᠡᠭ ᠪᠠᠶᠢᠨ᠎ᠠ᠃ ᠪᠤᠭᠤᠯ ᠤᠨ ᠡᠵᠡᠳ ᠡᠲᠡᠭᠡᠷ ᠤᠯᠵᠠᠯᠠᠭᠰᠠᠳ ᠢ ᠬᠤᠪᠢ ᠶᠢᠨ ᠭᠡᠷ ᠤᠨ ᠦᠮᠴᠢ | ᠪᠤᠯᠭᠠᠨ ᠵᠠᠷᠤᠴᠠᠯᠠᠲᠠᠭ ᠪᠠᠶᠢᠨ᠎ᠠ᠃ ᠡᠶᠢᠮᠤᠷᠬᠦᠦ ᠪᠤᠭᠤᠯ ᠢ 《 ᠭᠡᠷ ᠤᠨ ᠪᠤᠭᠤᠯ 》 ᠪᠤᠶᠤ 《 ᠡᠭᠦᠲᠡᠨ ᠪᠤᠭᠤᠯ | 》 ᠭᠡᠲᠡᠭ᠃ | 3.《 ᠬᠠᠷᠢᠶᠠᠲᠤ ᠪᠤᠭᠤᠯ 》 ᠪᠤᠶᠤ 《 ᠬᠠᠮᠵᠢᠯᠭ᠎ᠠ ᠪᠤᠭᠤᠯ 》 | ᠲᠠᠶᠢᠴᠢᠭᠤᠳ · ᠮᠠᠨᠰᠠᠩ᠂ ᠮᠤᠩᠭᠤᠯ ᠦᠨᠲᠦᠰᠦᠲᠡᠨ ᠤ ᠪᠦᠷᠢᠨ ᠲᠡᠥᠬᠡ | | | ᠪᠡᠯᠡᠳᠬᠡᠭᠰᠡᠨ ᠨᠢ᠄ ᠡᠷᠳᠡᠨᠢᠬᠦᠦ | ᠨᠠᠶᠢᠷᠠᠭᠤᠯᠤᠭᠰᠠᠨ ᠨᠢ᠄ ᠨᠠᠮᠤᠷ | ᠬᠢᠨᠠᠭᠰᠠᠨ ᠨᠢ᠄ ᠤᠷᠢᠬᠠᠨ |