| | ᠠᠯᠢᠪᠠ ᠲᠦᠷᠦ ᠤᠯᠤᠰ ᠤᠨ ᠡᠷᠬᠡ ᠵᠠᠰᠠᠭ᠂ ᠰᠦᠷ ᠬᠦᠴᠦᠨ ᠤ ᠪᠡᠯᠭᠡᠳᠡᠯ ᠨᠢ ᠲᠦᠷᠦ ᠶᠢᠨ ᠲᠠᠮᠠᠭ᠎ᠠ ᠪᠢᠯᠡ᠃ | ᠰᠤᠷᠪᠤᠯᠵᠢ ᠪᠢᠴᠢᠭ ᠤᠨ ᠮᠡᠳᠡᠭᠡ ᠪᠠᠷ ᠤᠨ ᠲᠤᠭᠠᠯᠠᠯ ᠠᠴᠠ ᠡᠮᠦᠨᠡᠬᠢ 4 — 1 ᠳ᠋ᠤᠭᠡᠷ ᠵᠠᠭᠤᠨ ᠤ ᠦᠶ᠎ᠡ ᠳᠤ | ᠾᠦᠩᠨᠦ ᠶᠢᠨ ᠬᠠᠭᠠᠨ ᠳᠤ ᠲᠦᠷᠦ ᠶᠢᠨ ᠲᠠᠮᠠᠭ᠎ᠠ ᠲᠠᠢ ᠪᠠᠶᠢᠵᠠᠢ᠃ ᠡᠨᠡ ᠪᠤᠯ ᠮᠤᠩᠭᠤᠯ ᠤᠨ ᠬᠠᠮᠤᠭ ᠡᠷᠳᠡᠨ ᠤ | ᠲᠦᠷᠦ ᠶᠢᠨ ᠲᠠᠮᠠᠭ᠎ᠠ ᠶᠤᠮ᠃ 4 ᠳ᠋ᠤᠭᠡᠷ ᠵᠠᠭᠤᠨ ᠤ ᠦᠶᠡᠰ ᠤᠨ ᠮᠤᠩᠭᠤᠯ ᠤᠭᠰᠠᠭᠠᠳᠠᠨ ᠤ ᠲᠤᠪᠠ ᠠᠶᠢᠮᠠᠭ ᠤᠨ | ᠬᠠᠭᠠᠨ ᠳᠤ 《 ᠬᠦᠷᠡᠩ ᠴᠠᠴᠤᠭ ᠤᠭᠤᠰᠤᠷ ᠲᠠᠢ ᠠᠯᠳᠠᠨ ᠲᠠᠮᠠᠭ᠎ᠠ ᠲᠠᠢ 》 ᠪᠠᠶᠢᠵᠠᠢ᠃ 8 ᠳ᠋ᠤᠭᠠᠷ ᠵᠠᠭᠤᠨ ᠤ | ᠦᠶ᠎ᠡ ᠶᠢᠨ ᠨᠠᠢᠮᠠᠨ ᠠᠶᠢᠮᠠᠭ ᠤᠨ ᠲᠡᠷᠢᠭᠦᠯᠡᠭᠴᠢ 《 ᠠᠯᠳᠠᠨ ᠲᠠᠮᠠᠭ᠎ᠠ 》 ᠶᠢ ᠬᠠᠳᠠᠭᠠᠯᠠᠳᠠᠭ ᠪᠠᠶᠢᠵᠠᠢ᠃ 13 | ᠳ᠋ᠤᠭᠠᠷ ᠵᠠᠭᠤᠨ ᠤ ᠨᠢᠭᠡᠳᠦᠭᠰᠡᠨ ᠮᠤᠩᠭᠤᠯ ᠭᠦᠷᠦᠨ ᠡᠭᠦᠰᠦᠭᠰᠡᠨ ᠠᠴᠠ ᠬᠤᠶᠢᠰᠢ ᠲᠦᠷᠦ ᠶᠢᠨ ᠬᠠᠰᠪᠤᠤ ᠲᠠᠮᠠᠭ᠎ᠠ | ᠬᠡᠷᠡᠭᠯᠡᠬᠦ ᠪᠤᠯᠵᠠᠢ᠃ ᠡᠨᠡ ᠦᠶ᠎ᠡ ᠶᠢᠨ ᠲᠠᠮᠠᠭ᠎ᠠ ᠶᠢᠨ ᠲᠤᠷᠠᠰᠬᠠᠯ ᠨᠢ 1246 ᠤᠨ ᠳᠤ ᠮᠤᠩᠭᠤᠯ ᠤᠨ ᠶᠡᠭᠡ | ᠬᠠᠭᠠᠨ ᠬᠦᠶᠦᠭ ᠠᠴᠠ ᠫᠠᠭᠪᠠ ᠯᠠᠮᠠ ᠳᠤ ᠢᠯᠡᠭᠡᠭᠰᠡᠨ ᠪᠢᠴᠢᠭ ᠲᠤ ᠲᠠᠷᠤᠭᠰᠠᠨ ᠲᠠᠮᠠᠭᠠᠨ ᠤ ᠲᠠᠷᠤᠳᠠᠰᠤ ᠶᠤᠮ᠃ | ᠲᠡᠷᠡ ᠲᠠᠮᠠᠭᠠᠨ ᠤ ᠪᠢᠴᠢᠭ ᠨᠢ 《 ᠮᠦᠩᠬᠡ ᠲᠡᠭᠷᠢ ᠶᠢᠨ ᠬᠦᠴᠦᠨ ᠳᠤᠷ ᠶᠡᠭᠡ ᠮᠤᠩᠭᠤᠯ ᠤᠯᠤᠰ ᠤᠨ ᠲᠠᠯᠠᠢ | ᠬᠠᠭᠠᠨ ᠤ ᠵᠠᠷᠯᠢᠭ ᠢᠯᠡ ᠪᠤᠯᠬᠤ ᠢᠷᠭᠡᠨ ᠳᠤᠷ ᠬᠦᠷᠪᠡᠰᠤ ᠪᠢᠰᠢᠷᠡᠳᠦᠭᠡᠢ ᠠᠶᠤᠳᠤᠭᠠᠢ 》 ᠭᠡᠰᠡᠨ ᠪᠠᠶᠢᠨ᠎ᠠ᠃ | | | ᠪᠡᠯᠡᠳᠬᠡᠭᠰᠡᠨ ᠨᠢ᠄ ᠡᠷᠳᠡᠨᠢᠬᠦᠦ | ᠨᠠᠶᠢᠷᠠᠭᠤᠯᠤᠭᠰᠠᠨ ᠨᠢ᠄ ᠨᠠᠮᠤᠷ | ᠬᠢᠨᠠᠭᠰᠠᠨ ᠨᠢ᠄ ᠤᠷᠢᠬᠠᠨ | | |