| | ᠦᠨᠲᠦᠰᠦᠲᠡᠨ᠂ ᠦᠨᠲᠦᠰᠦᠲᠡᠨ ᠤ ᠨᠡᠷᠡᠶᠢᠲᠦᠯ᠂ ᠦᠨᠲᠦᠰᠦᠲᠡᠨ ᠤ ᠪᠦᠷᠢᠯᠲᠦᠯ ᠤᠨ ᠠᠰᠠᠭᠤᠲᠠᠯ | ᠲᠡᠥᠬᠡᠴᠢᠳ ᠤᠨ ᠦᠵᠡᠬᠦ ᠪᠠᠷ᠂ ᠮᠤᠩᠭᠤᠯ ᠤᠨ ᠤᠪᠤᠭ ᠲᠦᠷᠦᠯ ᠤᠨ ᠨᠡᠶᠢᠭᠡᠮ ᠤᠨ ᠰᠡᠭᠦᠯᠴᠢ ᠶᠢᠨ | ᠬᠤᠭᠤᠴᠠᠭ᠎ᠠ᠂ ᠪᠤᠭᠤᠯᠲᠤ ᠨᠡᠶᠢᠭᠡᠮ ᠤᠨ ᠡᠬᠢᠨ ᠤ ᠬᠤᠭᠤᠴᠠᠭ᠎ᠠ᠂ ᠲᠤᠬᠠᠶᠢᠯᠠᠪᠠᠯ ᠬᠦᠷᠡᠯ ᠪᠠᠭᠠᠵᠢ ᠶᠢᠨ ᠦᠶ᠎ᠡ᠂ | ᠪᠠᠷᠤᠭ 7— 8 ᠮᠢᠩᠭᠠᠨ ᠵᠢᠯ ᠤᠨ ᠡᠮᠤᠨ᠎ᠡ ᠮᠤᠩᠭᠤᠯ ᠦᠨᠲᠦᠰᠦᠲᠡᠨ ᠨᠢᠭᠡᠨᠲᠡ ᠪᠦᠷᠢᠯᠲᠦᠵᠡᠢ᠃ ᠬᠦᠮᠦᠨ | ᠲᠦᠷᠦᠯᠬᠢᠲᠡᠨ ᠤ ᠤᠬᠠᠭᠠᠨ ᠤ ᠡᠭᠦᠲᠡᠨ ᠠᠴᠠ ᠦᠵᠡᠪᠡᠯ 《 ᠮᠤᠩᠭᠤᠯ 》 ᠨᠢ ᠭᠠᠭᠴᠠ ᠬᠦ ᠮᠤᠩᠭᠤᠯ | ᠦᠨᠲᠦᠰᠦᠲᠡᠨ ᠤ ᠨᠡᠷᠡᠶᠢᠲᠦᠯ ᠲᠡᠲᠤᠢ ᠪᠢᠰᠢ᠂ ᠲᠡᠷᠡ ᠨᠢ ᠪᠠᠰᠠ ᠮᠤᠩᠭᠤᠯ ᠲᠦᠷᠦᠯᠬᠢᠲᠡᠨ ᠤ ᠶᠡᠷᠤᠩᠬᠡᠢ ᠨᠡᠷᠡᠶᠢᠲᠦᠯ | ᠪᠤᠯᠬᠤ ᠶᠤᠮ᠃ | 《 ᠦᠨᠲᠦᠰᠦᠲᠡᠨ ᠪᠤᠯ ᠪᠠᠶᠢᠭᠠᠯᠢ ᠶᠢᠨ ᠬᠦᠴᠦᠨ ᠠᠴᠠ ᠲᠦᠷᠦᠭᠲᠡᠵᠦ᠂ ᠲᠦᠷᠦ ᠪᠤᠯ ᠵᠡᠪᠰᠡᠭᠲᠦ ᠬᠦᠴᠦᠨ ᠠᠴᠠ | ᠲᠦᠷᠦᠭᠲᠡᠮᠤᠢ᠃ ᠦᠨᠲᠦᠰᠦᠲᠡᠨ ᠤ ᠪᠦᠷᠢᠯᠲᠦᠯ ᠳᠤ ᠴᠢᠰᠤᠨ ᠰᠦᠯᠪᠡᠭᠡ᠂ ᠠᠵᠤ ᠠᠮᠢᠲᠤᠷᠠᠯ᠂ ᠦᠭᠡ ᠬᠡᠯᠡ᠂ | ᠦᠰᠦᠭ ᠪᠢᠴᠢᠭ᠂ ᠱᠠᠰᠢᠨ ᠰᠤᠷᠲᠠᠬᠤᠨ᠂ ᠵᠠᠩ ᠲᠠᠳᠬᠠᠯ ᠲᠠᠢ ᠬᠤᠯᠪᠤᠭ᠎ᠠ ᠲᠠᠢ ᠪᠠᠶᠢᠲᠠᠭ ᠰᠠᠨ᠃ 》—— | ᠰᠦᠨ ᠸᠧᠨ | 《 ᠦᠨᠲᠦᠰᠦᠲᠡᠨ ᠪᠤᠯ ᠬᠦᠮᠦᠰ ᠤᠨ ᠲᠡᠥᠬᠡ ᠶᠢᠨ ᠬᠦᠭᠵᠢᠯ ᠤᠨ ᠶᠠᠪᠤᠴᠠ ᠳᠤ ᠪᠤᠢ ᠪᠤᠯᠵᠤ ᠪᠦᠷᠢᠯᠲᠦᠭᠰᠡᠨ | ᠬᠠᠮᠲᠤ ᠨᠡᠶᠢᠲᠡ ᠶᠢᠨ ᠨᠤᠲᠤᠭ ᠲᠡᠪᠢᠰᠬᠡᠷ ᠲᠠᠢ᠂ ᠬᠠᠮᠲᠤ ᠨᠡᠶᠢᠲᠡ ᠶᠢᠨ ᠠᠵᠤ ᠠᠬᠤᠢ ᠠᠵᠤ ᠲᠦᠷᠦᠬᠦ ᠪᠠ ᠵᠢᠴᠢ | ᠬᠠᠮᠲᠤ ᠨᠡᠶᠢᠲᠡ ᠶᠢᠨ ᠰᠤᠶᠤᠯ ᠳᠤ ᠢᠯᠡᠷᠡᠭᠰᠡᠨ ᠬᠠᠮᠲᠤ ᠨᠡᠶᠢᠲᠡ ᠶᠢᠨ ᠵᠠᠩ ᠰᠡᠳᠬᠢᠭᠦᠢ ᠶᠢᠨ ᠲᠦᠷᠦᠯᠬᠢ ᠴᠢᠨᠠᠷ ᠤᠨ | ᠰᠠᠭᠤᠷᠢ ᠲᠡᠭᠡᠷ᠎ᠡ ᠲᠡᠥᠬᠡ ᠶᠢᠨ ᠶᠤᠰᠤᠭᠠᠷ ᠪᠦᠷᠢᠯᠲᠦᠭᠰᠡᠨ ᠬᠦᠮᠦᠰ ᠤᠨ ᠪᠠᠲᠤ ᠲᠤᠭᠲᠠᠩᠭᠤᠢ ᠬᠠᠮᠲᠤ ᠶᠢᠨ ᠴᠤᠭᠴᠠ | ᠪᠠᠶᠢᠬᠤ ᠰᠠᠨ᠃ 》 —— ᠰᠲ᠋ᠠᠯᠢᠨ | ᠮᠤᠩᠭᠤᠯ ᠦᠨᠲᠦᠰᠦᠲᠡᠨ ᠤ ᠨᠡᠷᠡᠶᠢᠲᠦᠯ —《 ᠮᠤᠩᠭᠤᠯ 》 ᠭᠡᠬᠦ ᠡᠨᠡ ᠬᠦ ᠲᠤᠰᠬᠠᠢ ᠨᠡᠷᠡᠰ ᠪᠠᠷ ᠮᠤᠩᠭᠤᠯ | ᠦᠨᠲᠦᠰᠦᠲᠡᠨ ᠪᠦᠷᠢᠯᠲᠦᠨ ᠲᠤᠭᠲᠠᠨᠢᠬᠤ ᠶᠢᠨ ᠵᠡᠷᠭᠡ ᠪᠠᠷ ᠪᠤᠢ ᠪᠤᠯᠵᠤ᠂ ᠦᠨᠲᠦᠰᠦᠲᠡᠨ ᠤ ᠨᠡᠷᠡᠶᠢᠲᠦᠯ ᠪᠤᠯᠤᠭᠰᠠᠨ | ᠪᠦᠭᠡᠳ ᠲᠡᠷᠡ ᠨᠢ ᠮᠤᠩᠭᠤᠯ ᠤᠨ ᠡᠯ᠎ᠡ ᠠᠶᠢᠮᠠᠭ ᠤᠨ ᠲᠤᠮᠲᠠ 《 ᠮᠤᠩᠭᠤᠯ 》 ᠭᠡᠬᠦ ᠨᠡᠷᠡᠶᠢᠲᠦᠯ ᠢᠶᠠᠷ | ᠤᠯᠠᠮᠵᠢᠯᠠᠭᠲᠠᠵᠤ ᠢᠷᠡᠵᠦ ᠪᠢᠯᠡ᠃ | 《 ᠮᠤᠩᠭᠤᠯ 》 ᠭᠡᠬᠦ ᠦᠭᠡ — ᠮᠤᠩᠭᠤᠯ ᠦᠨᠲᠦᠰᠦᠲᠡᠨ ᠤ ᠨᠡᠷᠡᠶᠢᠲᠦᠯ ᠨᠢ ᠠᠯᠢ ᠡᠷᠲᠡ 5 ᠮᠢᠩᠭᠠᠨ ᠵᠢᠯ | ᠤᠨ ᠡᠮᠤᠨ᠎ᠡ 《 ᠮᠠᠨ — ᠮᠠᠩ 》 ︵蛮︶ ᠤᠨ ᠲᠠᠭᠤᠲᠠᠯᠭ᠎ᠠ ᠪᠠᠷ ᠬᠢᠲᠡᠳ ᠰᠤᠷᠪᠤᠯᠵᠢ ᠪᠢᠴᠢᠭ ᠲᠤ | ᠢᠯᠡᠷᠡᠭᠰᠡᠨ ᠪᠠᠶᠢᠨ᠎ᠠ᠃ | ᠰᠤᠷᠪᠤᠯᠵᠢ ᠪᠢᠴᠢᠭ ᠲᠠᠬᠢ 《 ᠮᠠᠨ 》 ︵蛮︶ 《 ᠮᠠᠨ ᠢ 》 ︵蛮 夷︶ 《 ᠮᠠᠨ ᠷᠦᠩ | 》 ︵蛮戎︶ 《 ᠤᠯᠠᠨ ᠮᠠᠨ 》 ︵百 蛮︶ ᠵᠡᠷᠭᠡ ᠨᠡᠷᠡᠶᠢᠲᠦᠯ ᠨᠢ ᠶᠡᠷᠤᠩᠭᠡᠢ ᠳᠤᠨᠢ 《 ᠤᠯᠠᠨ | ᠮᠠᠨ 》 ︵百 蛮︶ ᠪᠤᠶᠤ 《 ᠤᠮᠠᠷᠠᠲᠤ ᠮᠠᠨ 》 ︵北 蛮︶ 《 ᠡᠮᠤᠨᠡᠲᠦ ᠮᠠᠨ 》 ︵南 蛮 | ︶ ᠪᠤᠯᠤᠨ᠎ᠠ᠃ ᠡᠨᠡ ᠬᠦ 《 ᠮᠠᠨ 》 ︵蛮︶ ᠨᠢ ᠲᠠᠷᠤᠢ ᠬᠠᠲᠤᠨ ᠭᠤᠤᠯ ᠤᠨ ᠤᠷᠤᠰᠬᠠᠯ ᠲᠠᠭᠠᠤ ᠤᠷᠤᠨ ᠤ | ᠰᠢᠶᠠᠨ ᠢᠥᠢ ︵荤 粥︶᠂ ᠬᠢᠶᠠᠨ ︵猃 狁︶᠂ ᠪᠢᠲᠠᠭᠦᠳ ︵北 狄︶᠂ ᠾᠦᠨ ︵ᠬᠦᠮᠦᠨ︶ | ᠨᠦᠭᠦᠳ ︵ᠾᠦᠩᠨᠤ︶ ᠵᠡᠷᠭᠡ ᠤᠯᠠᠨ ᠮᠤᠩᠭᠤᠯᠵᠢᠨ ᠠᠶᠢᠮᠠᠭ ᠢ ᠵᠢᠭᠠᠵᠤ ᠪᠠᠶᠢᠨ᠎ᠠ᠃ ᠡᠶᠢᠨ ᠬᠦ᠂ ᠮᠠᠩᠭᠤᠯ ︵ | ᠮᠤᠩᠭᠤᠯ︶ ᠪᠠᠷ ᠮᠠᠨ — ᠮᠠᠩ ︵蟒︶ ᠠᠴᠠ ᠢᠷᠡᠯᠲᠡ ᠲᠠᠢ ᠪᠢᠯᠡ᠃ | 《 ᠮᠤᠩᠭᠤᠯ ᠤᠨ ᠨᠢᠭᠤᠴᠠ ᠲᠤᠪᠴᠢᠶᠠᠨ 》 ᠳᠤ 《 ᠮᠤᠩᠭᠤᠯ 》 ᠭᠡᠬᠦ ᠦᠭᠡ ᠲᠠᠢ ᠬᠤᠯᠪᠤᠭᠲᠠᠯ ᠪᠦᠬᠦᠢ | ᠦᠭᠡ ᠨᠡᠶᠢᠲᠡ ᠭᠤᠷᠪᠠᠨᠲᠠ ᠭᠠᠷᠤᠭᠰᠠᠨ ᠪᠠᠶᠢᠨ᠎ᠠ᠄ | 1.— ᠮᠠᠩᠭᠤᠯ 2.— ᠮᠠᠩᠭᠤᠳ᠂ ᠮᠠᠩᠭᠤᠳ ᠤᠨ᠂ ᠮᠠᠩᠭᠤᠳ ᠢᠶᠠᠨ᠂ 3.— ᠮᠠᠩᠭᠤᠰ᠂ ᠮᠠᠩᠭᠤᠰ ᠤᠨ | ᠭᠡᠬᠦ ᠮᠡᠲᠤ | 《 ᠨᠢᠭᠤᠴᠠ ᠲᠤᠪᠴᠢᠶᠠᠨ 》 ᠳᠤ 《 ᠮᠤᠩᠭᠤᠯ 》 ᠤᠨ ᠤᠤᠯ ᠪᠢᠴᠢᠯᠭᠡ ᠨᠢ —《 ᠮᠠᠩᠭᠤᠯ 》 ᠪᠠᠶᠢᠵᠤ | ᠂ 《 忙豁仑纽察脱察安 》—《 ᠮᠠᠩᠭᠤᠯ ᠤᠨ ᠨᠢᠭᠤᠴᠠ ᠲᠤᠪᠴᠢᠶᠠᠨ 》 ᠭᠡᠮᠡᠲᠡᠭ᠃ | | 《 ᠮᠤᠩᠭᠤᠯ 》 ᠭᠡᠬᠦ ᠦᠭᠡ ᠨᠢ 《 ᠮᠠᠩᠭᠤᠰ 》 ᠠᠴᠠ ᠢᠷᠡᠯᠲᠡ ᠲᠠᠢ᠂ 《 ᠮᠠᠩᠭᠤᠰ 》 ᠭᠡᠬᠦ ᠦᠭᠡ | ᠶᠢᠨ ᠬᠤᠪᠢᠷᠠᠯ ᠪᠤᠯᠬᠤ ᠶᠢ ᠢᠯᠡᠳᠭᠡᠵᠦ ᠪᠠᠶᠢᠭ᠎ᠠ ᠰᠠᠨ᠃ | ᠬᠡᠯᠡᠨ ᠵᠦᠢ ᠶᠢᠨ ᠲᠠᠯ᠎ᠠ ᠪᠠᠷ᠂ ᠮᠠᠩᠭᠤᠯ — ᠮᠠᠩᠭᠤᠳ — ᠮᠠᠩᠭᠤᠰ ᠭᠤᠷᠪᠠᠨ ᠦᠭᠡ ᠶᠢᠨ ᠢᠵᠠᠭᠤᠷ ᠨᠢ | ᠨᠢᠭᠡ ᠪᠠᠶᠢᠵᠤ —《 ᠮᠠᠩ 》 ︵忙᠂ 蟒︶ ᠪᠤᠯᠠᠢ᠃ 《 ᠮᠠᠩᠭᠤᠰ 》 ᠪᠦᠭᠡᠰᠦ 《 ᠮᠠᠩ 》 ᠤᠨ | ᠤᠯᠠᠨ ᠲᠤᠭ᠎ᠠ ᠪᠤᠯᠤᠨ᠎ᠠ᠃ | ᠡᠷᠲᠡᠨ ᠤ ᠮᠤᠩᠭᠤᠯ ᠬᠡᠯᠡᠨ ᠤ ᠲᠦᠷᠢᠮ ᠤᠨ ᠲᠠᠯ᠎ᠠ ᠪᠠᠷ ᠠᠪᠴᠦ ᠬᠡᠯᠡᠪᠡᠯ᠄ L(l勒)᠂ d(t惕)᠂ | S(s思) ᠨᠢ ᠴᠦᠮ ᠤᠯᠠᠨ ᠲᠤᠭᠠᠨ ᠤ ᠲᠠᠭᠠᠪᠤᠷᠢ ᠪᠤᠯᠤᠨ᠎ᠠ᠃ | ᠮᠤᠩᠭᠤᠯᠴᠤᠳ ᠤᠨ ᠡᠨᠡ ᠬᠦ ᠦᠨᠲᠦᠰᠦᠲᠡᠨ ᠤ ᠨᠡᠷᠡᠶᠢᠲᠦᠯ — ᠮᠠᠩᠭᠤᠯ ᠨᠢ ᠮᠠᠩ ᠤᠨ ᠰᠢᠲᠦᠯᠭᠡ᠂ ᠮᠠᠩ | ᠮᠤᠭᠠᠢ ᠶᠢᠨ ᠲᠤᠲ᠋ᠧᠮ ᠲᠠᠢ ᠬᠤᠯᠪᠤᠭ᠎ᠠ ᠲᠠᠢ᠃ ᠮᠤᠩᠭᠤᠯ ᠦᠨᠲᠦᠰᠦᠲᠡᠨ ᠤ ᠡᠨᠡ ᠬᠦ ᠨᠡᠷᠡᠶᠢᠲᠦᠯ᠄ ᠮᠤᠩᠭᠤᠯ — | ᠮᠠᠩᠭᠤᠯ ᠦᠭᠡ ᠪᠠᠷ ᠮᠠᠩ — ᠮᠠᠩᠭᠤᠰ ᠠᠴᠠ ᠢᠷᠡᠯᠲᠡ ᠲᠠᠢ ᠰᠠᠨ᠃ ᠮᠤᠩᠭᠤᠯᠴᠤᠳ ᠪᠠᠷ ᠮᠠᠩ — ᠮᠠᠩᠭᠤᠰ | ᠤᠨ ᠰᠢᠲᠦᠯᠭᠡ᠂ ᠮᠠᠩ — ᠮᠠᠩᠭᠤᠰ ᠤᠨ ᠲᠤᠲ᠋ᠧᠮ ᠢᠶᠠᠷ ᠦᠨᠲᠦᠰᠦᠲᠡᠨ ᠢᠶᠠᠨ ᠨᠡᠷᠡᠶᠢᠳᠴᠦ᠄ ᠮᠤᠩᠭᠤᠯ ︵ | ᠮᠠᠩᠭᠤᠯ︶ ᠭᠡᠮᠡᠭᠰᠡᠨ᠃ | ᠮᠤᠩᠭᠤᠯ ᠦᠨᠲᠦᠰᠦᠲᠡᠨ ᠪᠦᠷᠢᠯᠲᠦᠭᠡᠳ ᠨᠢᠭᠡᠨᠲᠡ 8 ᠮᠢᠩᠭ᠎ᠠ ᠭᠠᠷᠤᠢ ᠵᠢᠯ ᠪᠤᠵᠤ ᠪᠠᠶᠢᠨ᠎ᠠ᠃ 《 ᠮᠠᠩᠭᠤᠯ | mangggol 》—《 ᠮᠠᠨ man 》—《 ᠮᠤᠩᠭᠤᠯ monggol 》 ᠤᠨ ᠬᠡᠯᠪᠡᠷᠢ ᠪᠠᠷ | ᠤᠯᠠᠮᠵᠢᠯᠠᠭᠲᠠᠨ ᠢᠷᠡᠵᠦ ᠪᠢᠯᠡ᠃ ᠤᠯᠠᠨ ᠵᠢᠯ ᠢᠶᠠᠷ ᠪᠢᠴᠢᠵᠤ ᠤᠯᠠᠨ ᠶᠠᠩᠵᠤ ᠪᠠᠷ ᠭᠠᠯᠢᠭᠯᠠᠵᠤ ᠪᠠᠶᠢᠭᠰᠠᠨ | ᠪᠤᠯᠪᠠᠴᠦ 《 ᠮᠤᠩᠭᠤᠯ 》 ᠭᠡᠲᠡᠭ ᠡᠨᠡ ᠬᠦ ᠦᠨᠲᠦᠰᠦᠲᠡᠨ ᠤ ᠨᠡᠷᠡᠶᠢᠲᠦᠯ ᠶᠡᠷᠤ ᠨᠢ ᠬᠤᠪᠢᠷᠠᠭᠰᠠᠨ ᠦᠭᠡᠢ ᠪᠢᠯᠡ | ᠃ ᠮᠤᠩᠭᠤᠯ ᠦᠨᠲᠦᠰᠦᠲᠡᠨ ᠪᠦᠷᠢᠯᠲᠦᠭᠰᠡᠨ ᠠᠴᠠ ᠢᠨᠠᠭᠰᠢᠬᠢ 7—8 ᠮᠢᠩᠭᠠᠨ ᠵᠢᠯ ᠤᠨ ᠲᠤᠷᠰᠢ᠂ ᠮᠠᠰᠢ ᠤᠯᠠᠨ | ᠤᠪᠤᠭ ᠠᠶᠢᠮᠠᠭᠲᠠᠨ ᠨᠢᠭᠡᠳᠴᠦ ᠪᠠᠶᠢᠨ᠎ᠠ᠂ ᠰᠠᠯᠵᠤ ᠪᠠᠶᠢᠨ᠎ᠠ᠂ ᠰᠠᠯᠵᠤ ᠪᠠᠶᠢᠨ᠎ᠠ᠂ ᠨᠢᠭᠡᠳᠴᠦ ᠪᠠᠶᠢᠪᠠᠴᠦ᠂ ᠲᠡᠥᠬᠡ | ᠶᠢᠨ ᠬᠦᠭᠵᠢᠯᠲᠡ ᠶᠢᠨ ᠶᠠᠮᠠᠷ ᠱᠠᠲᠤ ᠦᠶ᠎ᠡ ᠳᠤ ᠴᠦ ᠲᠡᠲᠡ ᠨᠠᠷ ᠴᠦᠮ ᠮᠤᠩᠭᠤᠯ ᠬᠦᠮᠦᠨ ᠪᠠᠶᠢᠯ᠎ᠠ᠃ | 《 ᠤᠯᠠᠭᠠᠨᠬᠠᠲᠠ ᠶᠢᠨ ᠰᠤᠶᠤᠯ 》᠂ 《 ᠪᠤᠷᠤᠲᠤᠬᠤᠢ ᠶᠢᠨ ᠰᠤᠶᠤᠯ 》 ᠢᠶᠠᠷ ᠲᠦᠯᠦᠭᠡᠯᠡᠭᠦᠯᠦᠭᠰᠡᠨ | ᠮᠤᠩᠭᠤᠯ ᠤᠨ ᠦᠨᠲᠦᠷᠯᠢᠭ ᠤᠨ ᠲᠤᠮᠲᠠᠲᠤ᠂ ᠡᠮᠤᠨᠡᠲᠦ ᠬᠡᠰᠡᠭ ᠤᠨ ᠡᠷᠲᠡᠨ ᠤ ᠰᠤᠶᠤᠯ ᠤᠨ ᠰᠢᠰᠲ᠋ᠧᠮ ᠢ | ᠪᠦᠷᠢᠯᠲᠦᠭᠦᠯᠦᠭᠰᠡᠨ ᠪᠠᠶᠢᠨ᠎ᠠ᠃ | ᠦᠨᠡᠨ ᠪᠤᠲᠠᠲᠠᠢ ᠪᠠᠷ ᠮᠤᠩᠭᠤᠯ ᠤᠨ ᠨᠡᠶᠢᠭᠡᠮ ᠤᠨ ᠬᠡᠯᠪᠡᠷᠢ ᠰᠢᠨᠵᠢ ᠶᠢ ᠲᠤᠰᠬᠠᠭᠰᠠᠨ᠂ ᠡᠰᠡᠭᠦᠯ᠎ᠡ ᠮᠤᠩᠭᠤᠯ ᠤᠨ | ᠨᠡᠶᠢᠭᠡᠮ ᠤᠨ ᠪᠦᠲᠦᠴᠡ ᠶᠢ ᠬᠠᠷᠠᠭᠤᠯᠤᠭᠰᠠᠨ ᠨᠢ᠂ ᠬᠠᠷᠠᠬᠠᠨ ᠬᠠᠲᠤᠨ ᠭᠤᠤᠯ ᠤᠨ ᠬᠦᠪᠡᠭᠡᠨ ᠳᠠᠬᠢ ᠬᠢᠶᠠᠨ | ᠬᠠᠭᠠᠨᠲᠤ ᠤᠯᠤᠰ ᠪᠤᠯᠬᠤ ᠶᠤᠮ᠃ ᠬᠢᠶᠠᠨ ᠬᠠᠭᠠᠨᠲᠤ ᠤᠯᠤᠰ ᠨᠢ ᠶᠠᠭ ᠬᠦᠷᠡᠯ ᠪᠠᠭᠠᠵᠢ ᠶᠢᠨ ᠦᠶ᠎ᠡ ᠶᠢᠨ ᠲᠤᠮᠲᠠᠴᠢ | ᠬᠤᠭᠤᠴᠠᠭᠠᠨ ᠳᠤ ᠪᠠᠶᠢᠵᠤ᠂ ᠮᠤᠩᠭᠤᠯ ᠤᠨ ᠪᠤᠭᠤᠯ ᠤᠨ ᠨᠡᠶᠢᠭᠡᠮ ᠤᠨ ᠬᠦᠭᠵᠢᠯᠲᠡ ᠶᠢᠨ ᠱᠠᠲᠤᠨ ᠳᠤ ᠪᠠᠶᠢᠵᠠᠢ᠃ | ᠬᠢᠶᠠᠨ —《 ᠰᠢᠶᠠ — ᠰᠢᠶᠠᠨ ᠶᠦᠨ — khiyan 》 ᠪᠤᠯ ᠮᠤᠩᠭᠤᠯ ᠤᠨ ᠨᠢᠭᠡᠨ ᠠᠶᠢᠮᠠᠭ ᠶᠤᠮ᠂ | ᠾᠦᠨᠤ ︵ᠾᠦᠩᠨᠤ︶ ᠶᠢᠨ ᠡᠪᠦᠭᠡ ᠲᠡᠭᠡᠲᠦᠰ ᠬᠢᠶᠠᠨ ᠠᠶᠢᠮᠠᠭ ᠪᠤᠯᠠᠢ᠃ | ᠷᠠᠰᠢᠳ᠋ ᠤᠨ 《 ᠰᠤᠲᠤᠷ ᠤᠨ ᠴᠢᠭᠤᠯᠭᠠᠨ 》 ᠳᠤ᠄ 《 ᠬᠢᠶᠠᠨ — ᠰᠢᠶᠠᠨ ᠶᠦᠨ ᠭᠡᠲᠡᠭ ᠨᠢ ᠮᠤᠩᠭᠤᠯ | ᠬᠡᠯᠡᠨ ᠳᠤ ᠠᠭᠤᠯᠠᠨ ᠠᠴᠠ ᠪᠠᠭᠤᠭᠰᠠᠨ ᠬᠦᠷᠬᠢᠷ᠎ᠡ ᠭᠡᠰᠡᠨ ᠤᠳᠬ᠎ᠠ ᠲᠠᠢ᠂ ᠬᠢᠶᠠᠨᠴᠤᠳ ᠡᠷᠡᠯᠭᠡᠭ ᠪᠠᠭᠠᠲᠤᠷ | ᠵᠤᠷᠢᠭᠲᠠᠢ ᠪᠠᠶᠢᠲᠠᠭ ᠪᠤᠯᠬᠤᠷ ᠬᠦᠮᠦᠰ ᠲᠡᠲᠡᠨ ᠢ ᠢᠩᠬᠢᠵᠤ ᠨᠡᠷᠡᠶᠢᠳᠴᠡᠢ᠃ ᠬᠢᠶᠡᠳ ᠪᠤᠯ ᠬᠢᠶᠠᠨ ᠤ ᠤᠯᠠᠨ ᠲᠤᠭ᠎ᠠ | ᠪᠤᠯᠤᠨ᠎ᠠ ᠁ 》 | ᠬᠢᠶᠠᠨ ︵ᠰᠢᠶᠠ — khiyan︶ ᠬᠠᠭᠠᠨᠲᠤ ᠲᠦᠷᠦ ᠶᠢᠨ ᠡᠪᠦᠭᠡ ᠲᠡᠭᠡᠲᠦᠰ ᠺᠦᠨ ︵鲧︶ ᠪᠤᠯ | ᠠᠯᠲᠠᠷᠲᠤ ᠲᠡᠥᠭᠡᠲᠦ ᠬᠦᠮᠦᠨ ᠪᠢᠯᠡ᠃ ᠺᠦᠨ ᠭᠡᠲᠡᠭ ᠨᠢ ᠤᠲᠤ ᠦᠶ᠎ᠡ ᠶᠢᠨ ᠮᠤᠩᠭᠤᠯ ᠭᠡᠯᠡᠨ ᠳᠤ ᠬᠦᠮᠦᠨ — | khun ︵khumun︶ ᠭᠡᠲᠡᠭ᠃ ᠺᠦᠨ ︵鲧︶ —Gun ᠢᠶᠠᠷ᠂ ᠬᠦᠮᠦᠨ khun ᠭᠡᠵᠦ ᠦᠪᠡᠷ ᠶᠢ | ᠪᠠᠨ ᠨᠡᠷᠡᠯᠡᠵᠡᠢ᠃ ᠡᠨᠡ ᠨᠢ ᠨᠢᠭᠡ ᠵᠤᠶᠢᠯ ᠤᠨ ᠱᠠᠰᠢᠨ ᠰᠤᠷᠲᠠᠬᠤᠨ ᠤ ᠰᠢᠲᠦᠯᠭᠡ ᠮᠦᠨ᠂ ᠲᠤᠲ᠋ᠧᠮ ᠤᠨ ᠰᠢᠲᠦᠯᠭᠡ | ᠪᠤᠯᠠᠢ᠃ ᠪᠦᠷᠲᠡ ᠴᠢᠨ᠋ᠸ᠎ᠠ ᠬᠤᠸᠠ ᠮᠠᠷᠠᠯ ᠪᠤᠯᠤᠨ ᠴᠢᠩᠬᠢᠰ ᠬᠠᠭᠠᠨ ︵ᠴᠢᠩᠬᠢᠰ ᠲᠡᠭᠷᠢ︶ ᠪᠤᠯ ᠪᠦᠷ ᠴᠦ ᠰᠢᠲᠦᠯᠭᠡ | — ᠲᠤᠲ᠋ᠧᠮ ᠢᠶᠠᠷ ᠦᠪᠡᠷ ᠢ ᠪᠠᠨ ᠨᠡᠷᠡᠯᠡᠭᠰᠡᠨ ᠪᠠᠶᠢᠲᠠᠭ᠃ ᠡᠨᠡ ᠨᠢ ᠨᠢᠭᠡ ᠲᠠᠯ᠎ᠠ ᠪᠠᠷ ᠲᠡᠲᠡ ᠪᠤᠯ ᠬᠠᠭᠠᠨ ᠡᠵᠡᠨ᠂ | ᠨᠦᠬᠦᠭᠡ ᠲᠠᠯ᠎ᠠ ᠪᠠᠷ ᠲᠤᠲ᠋ᠧᠮ ᠤᠨ ᠰᠢᠲᠦᠯᠭᠡ ᠪᠠᠶᠢᠵᠤ᠂ ᠲᠠᠪᠬᠤᠷ ᠤᠳᠬ᠎ᠠ ᠲᠠᠢ ᠶᠤᠮ᠃ | ᠰᠧ ᠮᠠ ᠴᠢᠶᠠᠨ ᠤ 《 ᠰᠤᠲᠤᠷ ᠲᠡᠮᠲᠡᠭᠯᠡᠯ 》 ᠳᠤ ᠲᠡᠮᠲᠡᠭᠯᠡᠭᠰᠡᠨ 《 ᠾᠦᠨᠤ 》 — khun ︵ | ᠬᠦᠮᠦᠨ︶ ᠪᠤᠯᠤᠨ 《 ᠰᠢᠥᠸᠠᠨ ᠶᠠᠨ ᠤ ᠱᠠᠰᠳᠢᠷ 》 ᠳᠤ ᠲᠡᠮᠲᠡᠭᠯᠡᠭᠰᠡᠨ 《 ᠾᠦᠨᠤ 》 — khun ᠪᠤᠯ | ᠪᠦᠷ ᠯᠡ ᠨᠢᠭᠡ ᠤᠳᠬ᠎ᠠ ᠲᠠᠢ — ᠬᠦᠮᠦᠨ khun ᠪᠤᠯᠤᠨ᠎ᠠ᠃ ᠬᠦᠮᠦᠨ ︵鲧︶ ᠪᠤᠯ ᠢᠥᠢ ᠬᠠᠭᠠᠨ ᠤ | ᠡᠴᠢᠭᠡ ᠮᠦᠨ᠂ ᠺᠦᠨ ᠪᠤᠯᠤᠨ ᠢᠥᠢ ᠶᠢᠨ ᠠᠮᠢᠲᠤᠷᠠᠵᠤ ᠪᠠᠶᠢᠭᠰᠠᠨ ᠴᠠᠭ ᠦᠶ᠎ᠡ ᠨᠢ ᠶᠠᠭ ᠮᠤᠩᠭᠤᠯ ᠤᠨ ᠪᠤᠭᠤᠯᠲᠤ | ᠨᠡᠶᠢᠭᠡᠮ ᠤᠨ ᠬᠦᠭᠵᠢᠯ ᠤᠨ ᠱᠠᠲᠤ ᠪᠤᠯᠤᠨ᠎ᠠ᠃ ᠬᠢᠶᠠᠨ ︵ᠰᠢᠶᠠᠨ ᠶᠦᠨ — ︵khiyan︶ ᠤ ᠡᠪᠦᠭᠡ | ᠲᠡᠭᠡᠲᠦᠰ ᠪᠤᠯᠬᠤ ᠺᠦᠨ ︵khun︶ ᠪᠤᠯᠤᠨ ᠢᠥᠢ ᠬᠠᠭᠠᠨ ᠬᠢᠶᠠᠨ ︵khiyan︶ ᠬᠠᠭᠠᠨᠲᠤ ᠤᠯᠤᠰ ᠤᠨ | ᠰᠠᠭᠤᠷᠢ ᠶᠢ ᠴᠤᠭᠴᠠᠯᠠᠭᠰᠠᠨ ᠶᠤᠮ᠂ ᠡᠨᠡ ᠨᠢ ᠪᠠᠷᠤᠭ ᠨᠡᠶᠢᠲᠡ ᠶᠢᠨ ᠤᠨ ᠲᠤᠭᠠᠯᠠᠯ ᠠᠴᠠ ᠡᠮᠤᠨ᠎ᠡ 22 ᠳ᠋ᠤᠭᠠᠷ | ᠵᠠᠭᠤᠨ ᠤ ᠦᠶ᠎ᠡ ᠪᠤᠯᠤᠨ᠎ᠠ᠃ ᠢᠥᠢ ᠶᠢᠨ ᠬᠦᠪᠡᠭᠦᠨ ᠴᠢ ᠪᠠᠷ ᠬᠢᠶᠠᠨ ︵khiyan︶ ᠮᠤᠩᠭᠤᠯ ᠪᠤᠭᠤᠯᠲᠤ | ᠪᠠᠶᠢᠭᠤᠯᠤᠯᠲᠤ ᠬᠠᠭᠠᠨᠲᠤ ᠲᠦᠷᠦ ᠶᠢ ᠡᠭᠦᠰᠭᠡᠨ ᠪᠠᠶᠢᠭᠤᠯᠪᠠ᠃ | ᠤᠮᠠᠷᠠᠲᠤ ᠤᠷᠤᠨ ᠤ ᠰᠤᠶᠤᠯ ᠲᠤᠮᠲᠠᠲᠤ ᠤᠯᠤᠰ ᠤᠨ ᠰᠤᠶᠤᠯ ᠪᠤᠯᠪᠠᠰᠤᠨ ᠤ ᠡᠭᠦᠰᠦᠯ ᠢ ᠰᠢᠭᠤᠳ | ᠨᠦᠯᠦᠭᠡᠯᠡᠵᠦ᠂ ᠲᠤᠮᠲᠠᠲᠤ ᠤᠯᠤᠰ ᠤᠨ ᠲᠡᠥᠭᠡ ᠶᠢᠨ ᠬᠦᠭᠵᠢᠯᠲᠡ ᠶᠢᠨ ᠠᠬᠢᠴᠠ ᠨᠢ ᠬᠢᠶᠠᠨ ᠪᠢᠲᠠᠭᠦᠳ ᠵᠸᠤ ᠵᠡᠷᠭᠡ | ᠭᠤᠷᠪᠠᠨ ᠲᠦᠷᠦ ᠶᠢᠨ ᠡᠷᠲᠡᠨ ᠤ ᠰᠤᠶᠤᠯ ᠪᠤᠯᠪᠠᠰᠤᠨ ᠤ ᠤᠨᠴᠠᠯᠢᠭ ᠪᠤᠯᠤᠨ ᠬᠡᠪ ᠴᠢᠨᠠᠷ ᠢ ᠨᠦᠯᠦᠭᠡᠯᠡᠪᠡ᠃ | ᠬᠢᠶᠠᠨ ᠨᠢ ᠰᠢᠶᠠᠨ ᠶᠦᠨ — khiyan᠂ ᠪᠢᠲᠡᠭᠦᠳ ᠪᠠᠷ᠄ ᠳ᠋ᠢ — ᠪᠸᠢ ᠳ᠋ᠢ —Bid Gud ᠪᠤᠯᠠᠢ᠃ | 《 ᠱᠠᠩ 》《 ᠪᠢᠲᠠᠭᠦᠳ 》 ᠭᠡᠰᠡᠨ ᠦᠰᠦᠭ ᠢᠶᠠᠷ ᠦᠵᠡᠬᠦᠯ᠎ᠡ ᠭᠠᠵᠠᠷ ᠤᠨ ᠨᠡᠷ᠎ᠡ ᠮᠦᠷᠲᠡᠭᠡᠨ ᠤᠯᠤᠰ ᠤᠨ | ᠨᠡᠷ᠎ᠡ ᠮᠦᠨ᠃ 《 ᠪᠢᠲᠠᠭᠦᠳ 》 ᠪᠤᠯ ᠮᠤᠩᠭᠤᠯ ᠤᠨ ᠤᠯᠠᠨ ᠠᠶᠢᠮᠠᠭ ᠤᠨ ᠨᠢᠭᠡ ᠠᠶᠢᠮᠠᠭ ᠤᠭᠰᠠᠭ᠎ᠠ — | ᠪᠢᠲᠠᠭᠦᠳ ᠠᠶᠢᠮᠠᠭ ᠪᠤᠯᠠᠢ᠃ | ᠬᠢᠲᠡᠳ ᠲᠤᠯᠭᠤᠷ ᠪᠢᠴᠢᠭ ᠲᠤ 《 ᠪᠸᠢ ᠳ᠋ᠢ 》 ︵北狄 —Beidi︶᠂ 《 ᠳ᠋ᠢ 》 ︵狄 — | di︶᠂ 《 ᠮᠠᠨ ᠳ᠋ᠢ 》 ︵蛮 狄 — Mandi︶ ᠮᠡᠲᠦ ᠪᠠᠷ ᠲᠡᠮᠲᠡᠭᠯᠡᠵᠤ ᠪᠤᠢ᠃ 《 ᠪᠸᠢ ᠳ᠋ᠢ 》᠂ | 《 ᠳ᠋ᠢ 》 ᠭᠡᠲᠡᠭ ᠨᠢ 《 Bid Gud 》 ᠭᠡᠰᠡᠨ ᠮᠤᠩᠭᠤᠯ ᠦᠭᠡ᠂ ᠲᠤᠰᠬᠠᠢ ᠨᠡᠷ᠎ᠡ ᠲᠤᠮᠢᠶ᠎ᠠ ᠪᠤᠯᠤᠨ᠎ᠠ᠃ | ᠬᠢᠲᠠᠳ ᠢᠶᠠᠷ ᠪᠢᠲᠡᠭᠦᠳ ︵Bid Gud︶ ᠢ ᠪᠸᠢ ᠳ᠋ᠢ ︵Bei Di︶ ᠬᠡᠵᠦ ᠠᠪᠢᠶᠠᠴᠢᠯᠠᠨ ᠪᠢᠴᠢᠭᠰᠡᠨ ᠨᠢ | ᠲᠤᠩ ᠲᠤᠬᠢᠷᠠᠮᠵᠢ ᠲᠠᠢ ᠶᠤᠮ᠃ | 《 ᠪᠢᠲᠡᠭᠦᠳ — Bid Gud 》 ᠪᠤᠯ ︵Bid — nar᠂ Bid — nuud︶ ᠪᠢ — ᠪᠢᠲᠡ ᠨᠡᠷ | ᠂ ᠪᠢ — ᠪᠢᠲᠡ ᠨᠦᠭᠦᠳ ᠭᠡᠰᠡᠨ ᠪᠡᠶ᠎ᠡ ᠶᠢᠨ ᠲᠦᠯᠦᠭᠡᠨ ᠤ ᠦᠭᠡ ᠪᠠᠷ ᠪᠦᠷᠢᠯᠲᠦᠭᠰᠡᠨ᠂ ᠦᠭᠡᠷ᠎ᠡ ᠪᠠᠷ ᠬᠡᠯᠡᠪᠡᠯ | ᠪᠡᠶ᠎ᠡ ᠶᠢᠨ ᠲᠦᠯᠦᠭᠡᠨ ᠤ ᠦᠭᠡ ᠶᠢᠨ ᠨᠡᠶᠢᠯᠡᠮᠡᠯ ᠴᠤᠭᠴᠠ ᠮᠦᠨ᠂ ᠴᠡᠪᠡᠷ ᠮᠤᠩᠭᠤᠯ ᠦᠭᠡ ᠪᠤᠯᠠᠢ᠃ ᠡᠶᠢᠨ ᠬᠦ᠂ | ᠪᠢᠲᠡᠭᠦᠳ ᠪᠤᠯ ᠦᠨᠲᠦᠰᠦᠲᠡᠨ ᠤ ᠨᠡᠷ᠎ᠡ᠂ ᠱᠠᠩ ᠨᠢ ᠭᠠᠵᠠᠷ ᠤᠨ ᠨᠡᠷ᠎ᠡ ᠪᠠᠶᠢᠵᠤ᠂ ᠭᠠᠵᠠᠷ ᠤᠨ ᠨᠡᠷ᠎ᠡ ᠪᠠᠷ ᠤᠯᠤᠰ | ᠢᠶᠠᠨ ᠨᠡᠷᠡᠮᠵᠢᠯᠡᠵᠤ — ᠱᠠᠩ ᠪᠢᠲᠡᠭᠦᠳ᠂ ᠱᠠᠩ ᠬᠠᠭᠠᠨᠲᠤ ᠤᠯᠤᠰ ᠪᠤᠯᠠᠢ᠃ | ᠬᠢᠶᠡᠨ ᠪᠤᠯ ᠤᠭᠰᠠᠭᠠᠲᠠᠨ ᠤ ᠪᠠᠨ ᠨᠡᠷ᠎ᠡ ᠪᠠᠷ ᠤᠯᠤᠰ ᠢᠶᠠᠨ ᠨᠡᠷᠡᠯᠡᠵᠦ — ᠬᠢᠶᠠᠨ ᠬᠠᠭᠠᠨᠲᠤ ᠤᠯᠤᠰ ᠭᠡᠮᠡᠪᠡ᠃ | ᠱᠠᠩ ᠪᠦᠭᠡᠰᠦ ᠭᠠᠵᠠᠷ ᠤᠨ ᠨᠡᠷ᠎ᠡ ᠪᠠᠷ ᠤᠯᠤᠰ ᠢᠶᠠᠨ ᠨᠡᠷᠡᠶᠢᠳᠴᠦ᠂ ᠱᠠᠩ — ᠳ᠋ᠢ ᠱᠠᠩ — ᠪᠢᠲᠡᠭᠦᠳ ᠱᠠᠩ | ᠬᠠᠭᠠᠨᠲᠤ ᠤᠯᠤᠰ ᠭᠡᠮᠡᠪᠡ᠃ 《 ᠳ᠋ᠢ — 狄 》 ᠭᠡᠭᠴᠢ ᠨᠢ ᠮᠤᠩᠭᠤᠯ ᠢᠶᠠᠷ ᠪᠢᠲᠡᠭᠦᠳ ᠭᠡᠲᠡᠭ᠂ ᠤᠯᠠᠨ | ᠮᠤᠩᠭᠤᠯ ᠤᠨ ᠲᠤᠮᠲᠠ ᠤᠯᠠᠮᠵᠢᠯᠠᠭᠲᠠᠵᠤ ᠢᠷᠡᠭᠰᠡᠨ ᠲᠤᠰᠬᠠᠢ ᠨᠡᠷ᠎ᠡ ᠲᠤᠮᠢᠶ᠎ᠠ᠂ ᠤᠯᠠᠨ ᠮᠤᠩᠭᠤᠯ ᠤᠨ ᠨᠢᠭᠡ | ᠠᠶᠢᠮᠠᠭ — ᠪᠢᠲᠡᠭᠦᠳ ᠠᠶᠢᠮᠠᠭ ᠪᠤᠯᠠᠢ᠃ | ᠪᠢᠲᠡᠭᠦᠳ ᠪᠤᠯ ᠨᠤᠬᠠᠢ ᠶᠢᠨ ᠰᠢᠲᠦᠯᠭᠡ ᠲᠠᠢ ᠨᠤᠬᠠᠢ ᠶᠢᠨ ᠲᠤᠲ᠋ᠧᠮᠲᠤ ᠦᠨᠲᠦᠰᠦᠲᠡᠨ ᠶᠤᠮ᠃ | ᠡᠲᠦᠭᠡ ᠶᠢᠨ ᠦᠪᠦᠷ ᠮᠤᠩᠭᠤᠯ ᠤᠨ ᠵᠡᠭᠦᠨ ᠤᠷᠤᠨ ᠤ ᠬᠠᠷᠠᠴᠢᠨ᠂ ᠲᠦᠮᠡᠳ ᠵᠡᠷᠭᠡ ᠭᠠᠵᠠᠷ ᠤᠨ ᠦᠯᠡᠮᠵᠢ | ᠤᠯᠠᠨ ᠳ᠋ᠢ ᠤᠪᠤᠭᠲᠤ ᠮᠤᠩᠭᠤᠯᠴᠤᠳ ᠪᠤᠶᠤ ᠬᠢᠲᠠᠳ ᠭᠠᠵᠠᠷ ᠤᠨ ᠳ᠋ᠢ ᠤᠪᠤᠭᠲᠠᠨ ᠪᠤᠯ ᠴᠦᠮ ᠪᠢᠲᠡᠭᠦᠳ ᠮᠦᠨ᠃ | ᠬᠢᠶᠠᠨ ᠪᠢᠲᠡᠭᠦᠳ ᠬᠠᠭᠠᠨᠲᠤ ᠤᠯᠤᠰ ᠤᠨ ᠪᠠᠶᠢᠭᠤᠯᠤᠭᠲᠠᠭᠰᠠᠨ ᠨᠢ ᠲᠤᠮᠲᠠᠲᠤ ᠤᠯᠤᠰ ᠤᠨ ᠲᠡᠥᠬᠡᠨ ᠲᠡᠭᠡᠷ᠎ᠡ | ᠤᠷᠢᠳ ᠭᠠᠷᠤᠭ᠎ᠠ ᠦᠭᠡᠢ᠂ ᠴᠠᠭ ᠦᠶ᠎ᠡ ᠶᠢ ᠵᠠᠭᠠᠭᠯᠠᠭᠰᠠᠨ ᠠᠭᠤᠤ ᠶᠡᠭᠡ ᠠᠴᠢ ᠬᠤᠯᠪᠤᠭᠲᠠᠯ ᠲᠠᠢ ᠶᠤᠮ᠃ | ᠾᠦᠨᠤ — ︵胡奴︶ ᠪᠤᠯ ᠮᠤᠩᠭᠤᠯ ᠦᠭᠡ Khun ︵ᠺᠦᠨ᠂ ᠬᠦᠮᠦᠨ︶ ᠪᠠᠶᠢᠵᠤ᠂ ᠠᠮᠠᠨ ᠶᠠᠷᠢᠶᠠᠨ | ᠤ 《 ᠬᠦᠮᠦᠨ 》᠂ ᠤᠯᠠᠨ ᠲᠤᠭ᠎ᠠ ᠨᠢ — ᠬᠦᠮᠦᠨ ᠨᠦᠭᠦᠳ ᠪᠤᠯᠠᠢ᠃ ᠰᠧ ᠮᠠ ᠴᠢᠶᠠᠨ ᠤ 《 ᠰᠤᠲᠤᠷ | ᠲᠡᠮᠲᠡᠭᠯᠡᠯ 》 ᠳᠤ 《 ᠾᠦᠨᠤ᠂ 匈奴 》 ᠭᠡᠵᠦ᠂ 《 ᠾᠦ — 胡》 ᠭᠡᠮᠡᠨ ᠲᠦᠭᠦᠮᠴᠢᠯᠡᠵᠦ ᠪᠢᠯᠡ | ᠃ ᠲᠡᠭᠡᠭᠡᠳ ᠲᠡᠭᠦᠨ ᠤ ᠵᠡᠭᠦᠨ ᠲᠡᠯ᠎ᠡ ᠶᠢᠨ ᠬᠢ ᠶᠢ 《 ᠵᠡᠭᠦᠨ ᠾᠦᠨᠤ — ᠳ᠋ᠦᠩᠬᠤ —东胡 》 ᠭᠡᠮᠡᠨ | ᠲᠡᠮᠲᠡᠭᠯᠡᠪᠡ᠃ | 《 ᠾᠦᠨᠤ ︵Khun︶ 》 ᠪᠤᠯ ᠮᠤᠩᠭᠤᠯ ᠦᠭᠡ 《 ᠬᠦᠮᠦᠨ ︵Khun︶ 》 ᠪᠠᠶᠢᠵᠤ᠂ ᠲᠤᠰᠬᠠᠢ | ᠨᠡᠷᠡᠰ ᠦᠭᠡ ᠪᠤᠯᠠᠢ᠃ ᠲᠡᠷᠡ ᠨᠢ ᠤᠯᠠᠨ ᠮᠤᠩᠭᠤᠯᠵᠢᠨ ᠠᠶᠢᠮᠠᠭ ᠤᠨ ᠨᠢᠭᠡ ᠨᠢ ᠪᠠᠶᠢᠵᠤ᠂ 《 ᠬᠦᠮᠦᠨ ᠨᠦᠭᠦᠳ | 》᠂ 《 ᠵᠡᠭᠦᠨ ᠬᠦᠮᠦᠨ ᠨᠦᠭᠦᠳ 》 ᠪᠦᠷᠢᠯᠲᠦᠭᠰᠡᠨ ᠠᠵᠢ᠃ 《 ᠵᠡᠭᠦᠨ ᠬᠦᠮᠦᠨ ᠨᠦᠭᠦᠳ 》 ᠪᠤᠯᠤᠨ 《 | ᠬᠦᠮᠦᠨ ᠨᠦᠭᠦᠳ 》 ᠨᠢ ᠢᠵᠢᠯ ᠦᠭᠡᠰ᠂ ᠨᠢᠭᠡ ᠯᠡ ᠤᠬᠠᠭᠲᠠᠬᠤᠨ᠂ ᠲᠡᠥᠬᠡ ᠶᠢᠨ ᠨᠤᠮ ᠪᠢᠴᠢᠭ ᠲᠠᠬᠢ ᠬᠤᠶᠠᠷ | ᠵᠤᠶᠢᠯ ᠤᠨ ᠲᠡᠮᠲᠡᠭᠯᠡᠯ ᠲᠡᠲᠦᠢ ᠶᠤᠮ᠃ | ᠭᠠᠨᠰᠤ ᠮᠤᠵᠢ ᠶᠢᠨ ᠳ᠋ᠦᠨ ᠬᠤᠸᠠᠩ ᠤᠨ ᠰᠤᠷᠪᠤᠯᠵᠢ ᠪᠴᠢᠭ — ᠰᠤᠭᠲᠠ ᠮᠤᠩᠭᠤᠯ ᠮᠠᠲ᠋ᠧᠷᠢᠶᠠᠯ ᠲᠤᠲᠤᠷ᠎ᠠ | ᠠᠴᠠ 《 ᠾᠦᠩᠨᠦ ︵匈奴︶ 》 ᠶᠢᠨ ᠲᠤᠬᠠᠢ ᠰᠤᠭᠲᠠ ᠮᠤᠩᠭᠤᠯ ᠦᠰᠦᠭ ᠤᠨ 《VWN— ︵ | Khun— ᠬᠦᠮᠦᠨ︶ 》 ᠭᠡᠰᠡᠨ ᠢᠵᠠᠭᠤᠷ ᠤ ᠲᠡᠮᠲᠡᠭᠯᠡᠯ ᠢ ᠢᠯᠡᠷᠡᠭᠦᠯᠦᠭᠰᠡᠨ ᠪᠠᠶᠢᠨ᠎ᠠ᠃ ᠡᠨᠡ ᠪᠤᠯ 《 | ᠾᠦᠩᠨᠦ ︵匈奴︶ 》 ᠭᠡᠮᠡᠬᠦ ᠦᠭᠡ ᠶᠢᠨ ᠲᠤᠬᠠᠢ ᠬᠠᠮᠤᠭ ᠤᠨ ᠨᠠᠶᠢᠲᠠᠪᠤᠷᠢ ᠲᠠᠢ ᠲᠡᠥᠬᠡ ᠶᠢᠨ ᠪᠠᠷᠢᠮᠲᠠ | ᠮᠠᠲ᠋ᠧᠷᠢᠶᠠᠯ ᠪᠤᠯᠤᠨ᠎ᠠ᠃ ᠲᠡᠷᠡ ᠨᠢ ᠮᠤᠩᠭᠤᠯ ᠦᠰᠦᠭ ᠢᠶᠠᠷ ᠮᠤᠩᠭᠤᠯ ᠭᠡᠯᠡ ᠶᠢ ᠲᠡᠮᠲᠡᠭᠯᠡᠭᠰᠡᠨ ᠬᠠᠮᠤᠭ ᠤᠨ | ᠤᠨᠤᠪᠴᠢᠲᠠᠢ ᠨᠠᠶᠢᠲᠠᠪᠤᠷᠢᠲᠠᠢ ᠪᠠᠷᠢᠮᠲᠠ ᠪᠤᠯᠤᠨ᠎ᠠ᠂ ᠮᠦᠨ ᠴᠦ 《 ᠾᠦᠩᠨᠦ ︵匈奴︶ 》 ᠶᠢᠨ | ᠨᠡᠷᠡᠶᠢᠲᠦᠯ ᠤᠨ ᠲᠤᠬᠠᠢ ᠲᠡᠥᠬᠡᠨ ᠲᠤᠲᠤᠯᠠᠯᠲᠠ ᠪᠤᠯᠤᠨ᠎ᠠ᠃ | ᠨᠡᠶᠢᠲᠡ ᠶᠢᠨ ᠤᠨ ᠲᠤᠭᠠᠯᠠᠯ ᠤᠨ 4—5 ᠳ᠋ᠤᠭᠠᠷ ᠵᠠᠭᠤᠨ ᠤ ᠦᠶ᠎ᠡ ᠶᠢᠨ ᠷᠤᠮᠴᠤᠳ ᠤᠨ ᠲᠡᠮᠲᠡᠭᠯᠡᠯ ᠢ | ᠦᠨᠲᠦᠰᠦᠯᠡᠪᠡᠯ᠂ ᠾᠦᠨᠦ ᠨᠦᠭᠦᠳ ᠤᠨ ᠪᠡᠶ᠎ᠡ ᠶᠢᠨ ᠰᠢᠨᠵᠢ ᠲᠦᠯᠦᠪ ᠨᠢ ᠲᠤᠤᠷᠠᠬᠢ ᠮᠡᠲᠤ ᠬᠡᠲᠦᠨ ᠤᠨᠴᠠᠯᠢᠭ ᠲᠠᠢ | 1. ᠲᠤᠮᠲᠠ ᠵᠡᠷᠭᠡ ᠶᠢᠨ ᠪᠡᠶ᠎ᠡ ᠲᠠᠢ᠃ ᠯᠠᠭᠱᠠᠨ ᠪᠦᠲᠦᠭᠦᠨ ᠬᠦᠲᠡᠷ ᠴᠢᠬᠢᠷᠠᠭ᠂ ᠬᠦᠯ ᠨᠢ ᠪᠠᠭ᠋ᠠᠨ ᠤᠬᠤᠷ᠂ | ᠰᠠᠭᠤᠪᠠᠯ ᠦᠨᠲᠦᠷ ᠬᠠᠷᠠᠭᠲᠠᠲᠠᠭ᠂ ᠴᠡᠭᠡᠵᠢ ᠬᠠᠨᠠᠭᠠᠷ ᠮᠦᠷᠦ ᠦᠷᠭᠡᠨ᠂ ᠲᠦᠷᠪᠡᠨ ᠮᠦᠴᠢ ᠨᠢ ᠬᠦᠲᠡᠷ ᠴᠢᠬᠢᠷᠠᠭ᠃ | | 2. ᠾᠦᠨᠦᠴᠤᠳ ᠤᠨ ᠲᠤᠯᠤᠭᠠᠢ ᠲᠤᠭᠤᠷᠢᠭ᠂ ᠵᠢᠵᠢᠭ ᠬᠤᠤᠰ ᠨᠢᠲᠦ ᠲᠠᠢ᠂ ᠲᠡᠭᠰᠢ ᠨᠠᠮ ᠬᠠᠴᠠᠷ ᠲᠠᠢ᠂ | ᠬᠠᠪᠲᠠᠭᠠᠢ ᠬᠠᠮᠠᠷ ᠲᠠᠢ᠂ ᠰᠢᠩᠭᠡᠪᠲᠦᠷ ᠰᠠᠬᠠᠯ ᠲᠠᠢ ᠶᠤᠮ᠃ | ᠾᠦᠨᠦ — ᠾᠦᠩᠨᠦᠴᠦᠳ ᠤᠨ ᠡᠪᠦᠭᠡ ᠲᠡᠭᠡᠲᠦᠰ ᠢ ᠲᠡᠥᠬᠡ ᠶᠢᠨ ᠰᠤᠷᠪᠤᠯᠵᠢ ᠪᠢᠴᠢᠭ ᠲᠤ ᠾᠦᠨ ᠡᠤ — 昆 | 吾 ︵Khun︶ ᠭᠡᠮᠡᠨ ᠲᠡᠮᠲᠡᠭᠯᠡᠵᠦ ᠪᠤᠢ᠃ ᠡᠨᠡ ᠨᠢ ᠲᠡᠭᠡᠷ᠎ᠡ ᠦᠭᠦᠯᠡᠭᠰᠡᠨ ᠬᠢᠶᠠᠨ — 夏(Khiyan) | ᠬᠠᠭᠠᠨᠲᠤ ᠤᠯᠤᠰ ᠤᠨ ᠡᠪᠦᠭᠡ ᠲᠡᠭᠡᠲᠦᠰ ᠪᠤᠯᠬᠤ ᠢᠥᠢ ᠬᠠᠭᠠᠨ ᠤ ᠡᠴᠢᠭᠡ ᠺᠦᠨ — 鲧 ︵Khun︶ ᠯᠦᠭᠡ | ᠠᠲᠠᠯᠢ ᠤᠳᠬ᠎ᠠ ᠲᠠᠢ Khun — ᠬᠦᠮᠦᠨ ᠪᠤᠯᠠᠢ᠃ | 《 胡奴 》 ᠶᠢᠨ ᠲᠤᠬᠠᠢ ᠾᠦᠨᠦ᠂ ᠾᠦᠩᠨᠦ᠂ ᠾᠦᠨ᠂ ᠾᠦᠨᠡ᠂ ᠾᠦᠨ ᠡᠤ᠂ ᠺᠦᠨ — ᠬᠦᠨ᠂ | 鲧 — 昆吾 — 胡奴 — 匈奴 — 胡 —昏 ᠵᠡᠷᠭᠡ ᠤᠯᠠᠨ ᠪᠢᠴᠢᠯᠭᠡ ᠪᠤᠢ᠂ | ᠴᠦᠮ ᠬᠦᠮᠦᠨ᠂ ᠬᠦᠮᠦᠨ ᠨᠦᠭᠦᠳ᠂ ᠾᠦᠨᠦ ᠨᠦᠭᠦᠳ ᠪᠤᠯᠠᠢ᠃ ᠾᠦᠨ ᠡᠤ ᠪᠤᠯ ᠬᠢᠶᠠᠨ — ᠰᠢᠶᠠᠨ | Khiyan ᠬᠠᠭᠠᠨᠲᠤ ᠤᠯᠤᠰ ᠤᠨ ᠨᠢᠭᠡᠨ ᠬᠠᠷᠢᠶ᠎ᠠ ᠤᠯᠤᠰ ᠪᠠᠶᠢᠵᠤ᠂ ᠮᠤᠩᠭᠤᠯ ᠠᠶᠢᠮᠠᠭ ᠤᠨ ᠨᠢᠭᠡ ᠰᠠᠯᠪᠤᠷᠢ — | ᠾᠦᠨ ᠡᠤ Khun — ︵ᠬᠦᠮᠦᠨ︶ ᠮᠤᠩᠭᠤᠯ ᠠᠶᠢᠮᠠᠭ ᠪᠤᠯᠠᠢ᠃ ᠡᠨᠡᠬᠦ ᠾᠦᠨ ᠡᠤ ︵Khun — ᠬᠦᠮᠦᠨ | ︶ ᠠᠶᠢᠮᠠᠭ ᠨᠢ ᠲᠠᠷᠤᠢ ᠬᠤᠵᠢᠮ ᠤᠨ ᠦᠶ᠎ᠡ ᠶᠢᠨ ᠾᠦᠨᠦ 《 胡奴 》 Khun — ᠬᠦᠮᠦᠨ ᠠᠶᠢᠮᠠᠭ | ᠪᠤᠯᠠᠢ᠃ ᠲᠠᠷᠤᠢ ᠰᠧ ᠮᠠ ᠴᠢᠶᠠᠨ ᠤ 《 ᠰᠤᠲᠤᠷ ᠲᠡᠮᠲᠡᠭᠯᠡᠯ 》 ᠳᠤ ᠲᠡᠮᠲᠡᠭᠯᠡᠭᠰᠡᠨ ᠾᠦᠨᠦ ᠨᠦᠭᠦᠳ ︵ | ᠬᠦᠮᠦᠨ ᠨᠦᠭᠦᠳ︶ — Khun ᠤᠨ ᠡᠪᠦᠭᠡ ᠲᠡᠭᠡᠲᠦᠰ ᠪᠤᠯᠤᠨ᠎ᠠ᠃ | 200 ᠵᠢᠯ ᠤᠨ ᠡᠮᠤᠨ᠎ᠡ ᠤᠷᠤᠰ ᠤᠨ ᠡᠷᠲᠡᠮᠲᠡᠨ ᠫᠢᠴᠢᠥᠷᠢᠨ ᠪᠤᠯ ᠬᠠᠮᠤᠭ ᠲᠦᠷᠦᠭᠦᠨ ᠳᠤ ᠾᠦᠨᠦ ᠪᠤᠯ — | ᠲᠠᠷᠤᠢ ᠮᠤᠩᠭᠤᠯ ᠬᠦᠮᠦᠨ ᠮᠦᠨ ᠭᠡᠵᠦ ᠲᠠᠷᠠᠳᠴᠦ ᠪᠢᠯᠡ᠃ ᠾᠦᠨᠦ ᠨᠦᠭᠦᠳ ᠪᠤᠯ ᠲᠠᠷᠤᠢ ᠮᠤᠩᠭᠤᠯ ᠬᠦᠮᠦᠨ | ᠮᠦᠨ᠂ ᠾᠦᠨᠦᠴᠤᠳ ᠪᠤᠯ ᠮᠤᠩᠭᠤᠯ ᠤᠨ ᠦᠨᠲᠦᠷᠯᠢᠭ ᠲᠠᠬᠢ ᠠᠩᠬ᠎ᠠ ᠲᠡᠷᠢᠭᠦᠨ ᠤ ᠵᠤᠭᠰᠤᠭ᠎ᠠ ᠬᠦᠮᠦᠨ — | ᠤᠬᠠᠭᠠᠨ ᠮᠡᠲᠡᠷᠡᠯ ᠲᠠᠢ ᠬᠦᠮᠦᠨ ᠶᠤᠮ᠃ ᠮᠤᠩᠭᠤᠯ ᠤᠨ ᠦᠨᠲᠦᠷᠯᠢᠭ ᠤᠨ ᠨᠤᠲᠤᠭ ᠤᠨ ᠬᠦᠮᠦᠨ — ᠪᠠᠯᠠᠷ | ᠡᠷᠲᠡᠨ ᠤ ᠦᠶ᠎ᠡ ᠶᠢᠨ ᠮᠤᠩᠭᠤᠯ ᠬᠦᠮᠦᠨ ᠪᠤᠯᠠᠢ᠃ ᠾᠦᠨᠦ ᠮᠤᠩᠭᠤᠯ ᠬᠠᠭᠠᠨᠲᠤ ᠤᠯᠤᠰ ᠪᠤᠯ ᠮᠤᠩᠭᠤᠯ ᠤᠨ | ᠲᠡᠥᠬᠡᠨ ᠲᠡᠭᠡᠷᠡᠬᠢ ᠠᠩᠬᠠᠨ ᠤ ᠹᠸᠥᠲᠠᠯ ᠤᠨ ᠬᠠᠭᠠᠨᠲᠤ ᠲᠦᠷᠦ ᠪᠤᠯᠬᠤ ᠪᠦᠭᠡᠳ ᠬᠠᠮᠤᠭ ᠤᠨ ᠤᠷᠲᠤ ᠤᠲᠠᠭᠠᠨ | ᠲᠡᠥᠬᠡ ᠲᠠᠢ ᠮᠤᠩᠭᠤᠯ ᠬᠠᠭᠠᠨᠲᠤ ᠤᠯᠤᠰ ᠤᠨ ᠨᠢᠭᠡ ᠨᠢ ᠪᠤᠯᠬᠤ ᠶᠤᠮ᠃ | ᠨᠡᠶᠢᠲᠡ ᠶᠢᠨ ᠤᠨ ᠲᠤᠭᠠᠯᠠᠯ ᠤᠨ 4—5 ᠳ᠋ᠤᠭᠠᠷ ᠵᠠᠭᠤᠨ ᠤ ᠦᠶᠡᠰ᠂ ᠲᠤᠮᠲᠠᠲᠤ ᠤᠯᠤᠰ ᠤᠨ ᠲᠡᠥᠬᠡ | ᠲᠡᠭᠡᠷ᠎ᠡ ᠨᠡᠯᠢᠶᠡᠳ ᠬᠦᠨ ᠨᠦᠯᠦᠭᠡ ᠲᠠᠢ ᠦᠨᠲᠦᠰᠦᠲᠡᠨ ᠤ ᠲᠤᠲᠤᠷ᠎ᠠ ᠰᠢᠶᠠᠨᠪᠢ ᠪᠤᠯᠤᠨ ᠨᠢᠷᠤᠭᠤᠨ ᠮᠤᠩᠭᠤᠯ | ᠪᠠᠶᠢᠭ᠎ᠠ᠃ | ᠰᠦᠢ ᠤᠯᠤᠰ ᠪᠤᠯ ᠰᠢᠶᠡᠨᠪᠢ ᠦᠨᠲᠦᠰᠦᠲᠡᠨ ᠤ ᠤᠯᠤᠰ ᠶᠤᠮ᠂ ᠢᠥᠢ ᠸᠧᠨ ᠤᠪᠤᠭᠲᠠᠢ᠃ ᠰᠦᠢ ᠤᠯᠤᠰ ᠤᠨ | ᠲᠦᠷᠦ ᠪᠤᠯ ᠰᠢᠶᠡᠨᠪᠢᠴᠤᠳ ᠤᠨ ᠵᠠᠰᠠᠭ ᠲᠦᠷᠦ ᠪᠤᠯᠬᠤ ᠶᠤᠮ ᠭᠡᠵᠡᠢ᠃ | ᠰᠢᠶᠡᠨᠪᠢ ᠪᠤᠯᠤᠨ ᠦᠬᠤᠸᠠᠨ ᠤᠤᠯ ᠨᠢ ᠵᠡᠭᠦᠨ ᠾᠦᠨᠦ ᠶᠢᠨ ᠠᠶᠢᠮᠠᠭ ᠤᠨ ᠬᠤᠯᠪᠤᠭᠠᠨ ᠤ ᠬᠤᠶᠠᠷ ᠲᠤᠮᠤ ᠱᠤᠤ | ᠠᠶᠢᠮᠠᠭ ᠪᠠᠶᠢᠯ᠎ᠠ᠃ | ᠹᠢᠨᠯᠠᠨᠳ᠋ ᠤᠨ ᠲᠤᠤᠯᠢᠰ ᠪᠤᠯᠬᠤ 《 ᠺᠠᠯᠠᠶᠢᠸᠠᠯᠠ 》 ᠪᠤᠯᠤᠨ ᠮᠤᠩᠭᠤᠯ ᠤᠨ 《 ᠵᠢᠩᠭᠠᠷ 》 ᠪᠤᠯ ᠡᠭᠡᠴᠢ | ᠲᠡᠭᠦᠦ ᠬᠤᠶᠠᠷ ᠲᠤᠤᠯᠢᠰ ᠪᠤᠯᠬᠤ ᠶᠤᠮ᠃ ᠰᠢᠶᠡᠨᠪᠢᠴᠤᠳ ᠤᠨ ᠰᠡᠭᠦᠯᠡᠷ ᠮᠤᠩᠭᠤᠯ ᠤᠨ ᠲᠡᠥᠬᠡᠨ ᠲᠡᠭᠡᠷ᠎ᠡ ᠨᠦᠯᠦᠭᠡ | ᠶᠡᠬᠡᠲᠡᠢ ᠨᠢ ᠬᠠᠷᠠᠬᠠᠨ ᠨᠢᠷᠤᠭᠤᠨ ᠦᠨᠲᠦᠰᠦᠲᠡᠨ — ᠨᠢᠷᠤᠭᠤᠨ ᠤᠯᠤᠰ ᠪᠤᠯᠤᠨ᠎ᠠ᠃ ᠨᠢᠷᠤᠭᠤᠨ ᠮᠤᠩᠭᠤᠯ ᠪᠠᠷ | ᠨᠡᠶᠢᠲᠡ ᠶᠢᠨ ᠤᠨ ᠲᠤᠭᠠᠯᠠᠯ ᠤᠨ 4 ᠳ᠋ᠤᠭᠡᠷ ᠵᠠᠭᠤᠨ ᠤ ᠡᠴᠤᠰ ᠢᠶᠠᠷ ᠮᠤᠩᠭᠤᠯ ᠬᠠᠭᠠᠨᠲᠤ ᠤᠯᠤᠰ ᠢ ᠪᠠᠶᠢᠭᠤᠯᠵᠤ᠂ | ᠪᠠᠷᠤᠭ ᠨᠢᠭᠡ ᠵᠠᠭᠤ ᠢᠯᠡᠭᠦᠦ ᠵᠢᠯ ᠦᠷᠬᠦᠯᠵᠢᠯᠡᠵᠡᠢ᠃ ᠮᠤᠩᠭᠤᠯ ᠤᠨ ᠲᠡᠥᠬᠡᠨ ᠲᠡᠭᠡᠷ᠎ᠡ ᠴᠠᠭ ᠬᠤᠭᠤᠴᠠᠭ᠎ᠠ ᠨᠢ | ᠤᠷᠲᠤ᠂ ᠠᠰᠤᠷᠤ ᠶᠡᠭᠡ ᠨᠦᠯᠦᠭᠡ ᠲᠠᠢ ᠤᠯᠤᠰ ᠤᠨ ᠨᠢᠭᠡ ᠪᠤᠯᠤᠨ᠎ᠠ᠃ | ᠡᠷᠲᠡᠨ ᠤ ᠮᠤᠩᠭᠤᠯᠴᠤᠳ ︵ᠪᠠᠷᠤᠭ ᠨᠡᠶᠢᠲᠡ ᠶᠢᠨ ᠤᠨ ᠲᠤᠭᠠᠯᠠᠯ ᠠᠴᠠ ᠡᠮᠤᠨ᠎ᠡ 5 ᠳ᠋ᠤᠭᠠᠷ ᠵᠠᠭᠤᠨ︶ | ᠦᠪᠡᠷᠰᠡᠳ ᠢ ᠪᠠᠨ ᠬᠤᠶᠠᠷ ᠶᠡᠭᠡ ᠪᠦᠯᠦᠭ ᠪᠤᠯᠭᠠᠨ ᠬᠤᠪᠢᠶᠠᠭᠠᠳ᠂ ᠨᠢᠭᠡ ᠨᠢ 《 ᠲᠡᠷᠯᠢᠬᠢᠨ 》 ᠭᠡᠵᠦ᠂ | ᠨᠦᠬᠦᠭᠡ ᠨᠢ 《 ᠨᠢᠷᠤᠭᠤᠨ 》 ᠭᠡᠲᠡᠭ ᠪᠠᠶᠢᠪᠠ᠃ ᠭᠡᠬᠦ ᠳᠡᠭᠡᠨ 《 ᠲᠡᠷᠯᠢᠬᠢᠨ 》 ᠡᠩ ᠤᠨ ᠮᠤᠩᠭᠤᠯ ᠭᠡᠳ᠂ | 《 ᠨᠢᠷᠤᠭᠤᠨ 》 ᠢ ᠨᠢ ᠲᠦᠪ ᠮᠤᠩᠭᠤᠯ ᠭᠡᠲᠡᠭ ᠪᠤᠶᠤ ᠭᠤᠤᠯ ᠮᠤᠩᠭᠤᠯ ᠭᠡᠲᠡᠭ ᠪᠠᠶᠢᠵᠠᠢ᠃ 《 ᠨᠢᠷᠤᠭᠤᠨ | 》 ᠭᠡᠲᠡᠭ ᠨᠢ ᠶᠠᠭ ᠵᠸᠤ ᠤᠯᠤᠰ ᠲᠤ ᠲᠡᠶᠢᠯᠤᠭ᠍ᠲᠡᠭᠡᠳ᠂ ᠬᠠᠲᠤᠨ ᠭᠤᠤᠯ ᠤᠨ ᠤᠷᠤᠰᠬᠠᠯ ᠲᠠᠭᠠᠤ ᠤᠷᠤᠨ ᠠᠴᠠ | ᠲᠠᠭᠤᠭᠲᠠᠨ ᠭᠠᠷᠤᠭᠰᠠᠨ ᠲᠦᠷᠪᠡᠨ ᠴᠢᠨ᠋ᠸ᠎ᠠ᠂ ᠲᠦᠷᠪᠡᠨ ᠬᠤᠸᠠ ᠮᠠᠷᠠᠯ ᠲᠤᠲ᠋ᠧᠮᠳᠠᠳ ᠤᠨ ᠬᠤᠶᠢᠴᠢᠰ — ᠬᠢᠶᠠᠨ ︵ | ᠰᠢᠶᠠᠨ ᠶᠦᠨ︶ ᠮᠤᠩᠭᠤᠯ ᠪᠤᠯᠤᠨ᠎ᠠ᠃ ᠴᠢᠩᠬᠢᠰ ᠬᠠᠭᠠᠨ ᠤ ᠲᠡᠭᠡᠲᠦᠰ ᠪᠦᠷᠲᠡ ᠴᠢᠨ᠋ᠸ᠎ᠠ᠂ ᠬᠤᠸᠠ ᠮᠠᠷᠠᠯ ᠤᠨ | ᠪᠤᠷᠬᠠᠨ ᠬᠠᠯᠲᠤᠨ ᠤᠨ ᠴᠠᠭ ᠦᠶ᠎ᠡ ᠳᠤ ᠬᠦᠷᠦᠭᠡᠳ ᠲᠡᠷᠯᠢᠬᠢᠨ ᠮᠤᠩᠭᠤᠯ ᠪᠤᠯᠤᠨ ᠨᠢᠷᠤᠭᠤᠨ ᠮᠤᠩᠭᠤᠯ ᠤᠨ | ᠠᠩᠬᠢᠯᠠᠯ ᠨᠢ ᠤᠯᠠᠮ ᠲᠤᠲᠤᠷᠬᠠᠢ ᠪᠤᠯᠵᠠᠢ᠃ | ᠨᠢᠷᠤᠭᠤᠨ ᠤᠯᠤᠰ ᠤᠨ ᠪᠠᠶᠢᠭᠤᠯᠤᠭᠲᠠᠭᠰᠠᠨ ᠨᠢ 《 ᠪᠤᠭᠤᠮᠲᠠ ᠶᠢᠨ ᠭᠠᠲᠠᠨᠠᠬᠢ ᠬᠤᠭᠤᠰᠤᠨ 》 ᠤᠷᠤ ᠶᠢ | ᠨᠦᠬᠦᠪᠦᠷᠢᠯᠡᠪᠡ᠃ ᠲᠤᠮᠲᠠᠲᠤ ᠤᠯᠤᠰ ᠤᠨ ᠲᠡᠥᠬᠡᠨ ᠲᠡᠭᠡᠷ᠎ᠡ ᠾᠦᠨᠦ ᠶᠢᠨ ᠲᠠᠷᠠᠭ᠎ᠠ ᠪᠠᠷ ᠨᠡᠯᠢᠶᠡᠳ ᠶᠡᠭᠡ ᠲᠤᠰᠬᠠᠯ | ᠲᠠᠢ ᠨᠢ ᠲᠦᠷᠺ — ᠲᠦᠷᠺᠮᠡᠨ ᠪᠤᠯᠤᠨ᠎ᠠ᠃ ᠡᠨᠡ ᠲᠦᠷᠺ ᠨᠢ ᠮᠦᠨ ᠬᠦ ᠮᠤᠩᠭᠤᠯ ᠶᠤᠮ — ᠲᠦᠷᠺ ᠮᠤᠩᠭᠤᠯ᠂ | ᠮᠤᠩᠭᠤᠯ ᠤᠨ ᠰᠠᠯᠪᠤᠷᠢ ᠠᠶᠢᠮᠠᠭ᠂ ᠮᠤᠩᠭᠤᠯ ᠤᠨ ᠨᠢᠭᠡ ᠠᠶᠢᠮᠠᠭ ᠪᠤᠯᠠᠢ᠃ | ᠲᠡᠥᠬᠡ ᠶᠢᠨ ᠲᠤᠯᠭᠤᠷ ᠪᠢᠴᠢᠭ ᠲᠤ ᠲᠡᠮᠲᠡᠭᠯᠡᠭᠰᠡᠨ ᠢᠶᠠᠷ ᠬᠢᠲᠠᠨ ᠪᠤᠯ ᠾᠦᠨᠦ ᠮᠤᠩᠭᠤᠯ ᠰᠢᠰᠲ᠋ᠧᠮ ᠳᠠᠬᠢ | ᠰᠢᠶᠡᠨᠪᠢ ᠦᠨᠲᠦᠰᠦᠲᠡᠨ ᠤ ᠨᠢᠭᠡ ᠰᠠᠯᠪᠤᠷᠢ ᠪᠤᠯᠤᠨ᠎ᠠ᠃ ᠲᠡᠭᠦᠨ ᠤ ᠡᠪᠦᠭᠡ ᠲᠡᠭᠡᠲᠦᠰ ᠵᠡᠭᠦᠨ ᠾᠦᠨᠦ ︵ᠳ᠋ᠦᠩᠬᠤ︶ | ᠨᠢ ᠮᠤᠲᠤᠨ ᠴᠠᠨ ᠢᠥᠢ ᠳᠤ ᠡᠪᠲᠡᠭᠲᠡᠭᠡᠳ ᠰᠢᠶᠡᠨᠪᠢ ᠠᠭᠤᠯᠠᠨ ᠳᠤ ᠤᠬᠤᠷᠢᠨ ᠤᠷᠤᠵᠤ ᠰᠠᠭᠤᠭᠠᠳ ᠰᠢᠶᠠᠨᠪᠢ | ᠤᠪᠤᠭᠲᠠᠨ ᠭᠡᠮᠡᠪᠡ᠃ ᠬᠢᠲᠠᠨ ᠪᠤᠯᠤᠨ ᠢᠥᠢ ᠸᠧᠨ᠂ ᠺᠦᠮᠦᠰᠢ ᠦᠨᠲᠦᠰᠦᠲᠡᠨ ᠤ ᠬᠤᠯᠪᠤᠭ᠎ᠠ ᠪᠤᠯᠵᠤ ᠪᠦᠷᠢᠯᠲᠦᠵᠡᠢ | ᠃ —— ᠲᠠᠶᠢᠴᠢᠭᠤᠳ · ᠮᠠᠨᠰᠠᠩ᠂ ᠮᠤᠩᠭᠤᠯ ᠦᠨᠲᠦᠰᠦᠲᠡᠨ ᠤ ᠪᠦᠷᠢᠨ ᠲᠡᠥᠬᠡ | | | ᠪᠡᠯᠡᠳᠬᠡᠭᠰᠡᠨ ᠨᠢ᠄ ᠡᠷᠳᠡᠨᠢᠬᠦᠦ | ᠨᠠᠶᠢᠷᠠᠭᠤᠯᠤᠭᠰᠠᠨ ᠨᠢ᠄ ᠨᠠᠮᠤᠷ | ᠬᠢᠨᠠᠭᠰᠠᠨ ᠨᠢ᠄ ᠤᠷᠢᠬᠠᠨ |