| | ᠢᠵᠠᠭᠤᠷ ᠤᠷᠠᠯᠢᠬ ᠤᠨ ︽ᠨᠢᠭᠤᠴᠨ ᠲᠤᠪᠴᠢᠶᠠᠨ︾ | ᠤᠯᠠᠨ ᠤ ᠮᠡᠳᠡᠭᠡᠵᠢ ᠪᠠᠷ᠂ ︽ᠮᠤᠩᠭᠤᠯ ᠤᠨ ᠨᠢᠭᠤᠴᠨ ᠲᠤᠪᠴᠢᠶᠠᠨ︾ ᠪᠤᠯ ᠮᠤᠩᠭᠤᠯ ᠬᠦᠮᠦᠨ ᠮᠤᠩᠭᠤᠯ | ᠨᠤᠳᠤᠬ ᠲᠠᠭᠠᠨ ᠮᠤᠩᠭᠤᠯ ᠤᠬᠠᠭᠠᠨ ᠢᠶᠠᠷ ᠢᠶᠠᠨ ᠪᠢᠴᠢᠵᠦ ᠦᠯᠡᠳᠡᠭᠡᠭᠰᠡᠨ ᠠᠮᠢᠳᠤᠷᠠᠯ ᠠᠬᠤᠢ ᠶᠢᠨ ᠬᠢᠨᠢ ᠲᠡᠦᠬᠡ | ᠪᠠᠶᠢᠵᠤ᠂ ᠮᠤᠩᠭᠤᠯ ᠤᠨ ᠲᠡᠦᠬᠡᠨ ᠭᠤᠷᠪᠠᠨ ᠰᠤᠷᠪᠤᠯᠵᠢ ᠪᠢᠴᠢᠭ ᠤᠨ ᠨᠢᠬᠡᠨ᠂ ᠮᠤᠩᠭᠤᠯ ᠤᠷᠠᠨ ᠵᠤᠬᠢᠶᠠᠯ ᠤᠨ | ᠭᠤᠷᠪᠠᠨ ᠤᠷᠬᠢᠯ ᠤᠨ ᠨᠢᠬᠡᠨ ᠬᠡᠮᠡᠭᠳᠡᠳᠡᠭ᠃ 1989 ᠤᠨ ᠳᠤ᠂ ᠫᠠᠷᠢᠰ ᠬᠤᠳᠠ ᠳᠤ ᠪᠤᠯᠤᠬᠰᠠᠨ ᠤᠯᠠᠨ | ᠤᠯᠤᠰ ᠤᠨ ᠬᠤᠯᠪᠤᠭᠠᠳᠤ ᠪᠠᠶᠢᠭᠤᠯᠤᠯᠭ᠎ᠠ ᠶᠢᠨ ᠰᠤᠷᠭᠠᠨ ᠬᠦᠮᠦᠵᠢᠯ ᠰᠢᠨᠵᠢᠯᠡᠬᠦ ᠤᠬᠠᠭᠠᠨ ᠰᠤᠶᠤᠯ ᠤᠨ ᠵᠤᠬᠢᠶᠠᠨ | ᠪᠠᠶᠢᠭᠤᠯᠤᠯᠳᠠ ᠶᠢᠨ 131 ᠳ᠋ᠤᠭᠠᠷ ᠬᠤᠷᠠᠯᠳᠤᠭᠠᠨ ᠢᠶᠠᠷ᠂ ︽ᠮᠤᠩᠭᠤᠯ ᠤᠨ ᠨᠢᠭᠤᠴᠠ ᠲᠤᠪᠴᠢᠶᠠᠨ︾ ᠢ | ᠲᠡᠯᠡᠬᠡᠢ ᠶᠢᠨ ᠢᠵᠠᠭᠤᠷ ᠤᠷᠠᠯᠢᠬ ᠤᠨ ᠪᠠᠶᠠᠨ ᠲᠠᠩᠰᠤᠬ ᠰᠠᠩ ᠬᠦᠮᠦᠷᠬᠡ ᠳᠤ ᠵᠦᠢ ᠶᠤᠰᠤᠭᠠᠷ ᠤᠷᠤᠵᠤ ᠪᠠᠶᠢᠭ᠎ᠠ | ᠬᠡᠵᠦ ᠵᠠᠷᠯᠠᠨ ᠲᠤᠩᠬᠠᠬᠯᠠᠬᠰᠠᠨ ᠪᠠᠶᠢᠳᠠᠬ᠃ ᠲᠡᠷᠡ ᠦᠨᠡᠯᠡᠯᠳᠡ ᠳᠤ᠂ ᠮᠤᠩᠭᠤᠯ ᠤᠨ ᠨᠢᠭᠤᠴᠠ ᠲᠣᠪᠴᠢᠶᠠᠨ ᠪᠣᠯ | ᠮᠣᠩᠭᠤᠯ ᠦᠨᠳᠦᠰᠦᠲᠡᠨ ᠲᠡᠳᠦᠢ ᠦᠬᠡᠢ ᠲᠡᠯᠡᠬᠡᠢ ᠳ᠋ᠡᠬᠢᠨ ᠤ ᠰᠤᠶᠤᠯ ᠳᠤ ᠲᠡᠦᠬᠡ ᠤᠷᠠᠨ ᠵᠤᠬᠢᠶᠠᠯ ᠤᠨ ᠦᠨ᠎ᠠ | ᠴᠡᠨ᠎ᠠ ᠲᠠᠢ ᠪᠦᠳᠦᠬᠡᠯ︔ ᠤᠷᠠᠨ ᠰᠠᠶᠢᠬᠠᠨ ᠭᠤᠸ᠎ᠠ ᠵᠦᠢ ᠶᠢᠨ ᠪᠤᠯᠤᠨ ᠢᠷᠠᠭᠤ ᠨᠠᠶᠢᠷᠠᠬ ᠤᠨ ᠦᠯᠡᠮᠵᠢ ᠶᠢᠨ | ᠴᠢᠨᠠᠷ ᠢᠶᠠᠷ ᠢᠶᠠᠨ᠂ ᠬᠡᠯᠡᠨ ᠤ ᠪᠠᠶᠠᠯᠢᠬ ᠦᠪᠡᠷᠮᠢᠴᠡ ᠰᠢᠨᠵᠢ ᠪᠠᠷ ᠢᠶᠠᠨ ᠮᠤᠩᠭᠤᠯ ᠤᠨ ᠤᠷᠠᠨ ᠵᠤᠬᠢᠶᠠᠯ ᠤᠨ | ᠲᠡᠦᠬᠡᠨ ᠳᠤ ᠭᠠᠷᠤᠬᠰᠠᠨ ᠬᠤᠤᠰ ᠦᠬᠡᠢ ᠪᠦᠳᠦᠬᠡᠯ︔ ᠲᠤᠷᠤᠨᠠᠳᠠᠬᠢᠨ ᠤ ᠲᠡᠦᠬᠡ ᠤᠷᠠᠨ ᠵᠤᠬᠢᠶᠠᠯ ᠤᠨ ᠠᠭᠤᠤ | ᠪᠦᠳᠦᠬᠡᠯ︔ ᠮᠤᠩᠭᠤᠯ ᠲᠡᠷᠡᠴᠢᠯᠡᠨ ᠲᠦᠪ ᠠᠽᠢᠶ᠎ᠠ ᠶᠢᠨ ᠪᠤᠰᠤᠳ ᠤᠷᠤᠨ ᠤ ᠲᠡᠦᠬᠡ ᠶᠢᠨ ᠴᠢᠬᠤᠯᠠ ᠰᠤᠷᠪᠤᠯᠵᠢ | ᠪᠢᠴᠢᠭ ᠮᠦᠨ ᠭᠡᠵᠡᠢ᠃ ᠮᠤᠩᠭᠤᠯ ᠤᠯᠤᠰ ᠤᠨ ᠶᠡᠷᠦᠩᠬᠡᠶᠢᠯᠡᠭᠴᠢ ᠪᠠᠰᠠ ᠵᠠᠷᠯᠢᠬ ᠨᠡᠶᠢᠳᠡᠯᠡᠵᠦ᠂ ᠮᠤᠩᠭᠤᠯ ᠤᠨ ᠶᠡᠭᠡ | ᠬᠠᠭᠠᠳ ᠤᠨ ᠤᠬᠰᠠᠭ᠎ᠠ ᠭᠠᠷᠤᠯ᠂ ᠮᠤᠩᠭᠤᠯᠴᠤᠳ ᠤᠨ ᠠᠬᠤᠢ ᠠᠮᠢᠳᠤᠷᠠᠯ᠂ ᠬᠡᠯᠡ ᠪᠢᠴᠢᠭ ᠤᠳᠬ᠎ᠠ ᠰᠤᠶᠤᠯ᠂ | ᠦᠨᠳᠦᠰᠦᠳᠡᠨ ᠤ ᠲᠡᠦᠬᠡ᠂ ᠠᠷᠠᠳ ᠤᠨ ᠠᠮᠠᠨ ᠵᠤᠬᠢᠶᠠᠯ᠂ ᠪᠦᠬᠡ ᠮᠦᠷᠬᠦᠯ ᠵᠠᠩ ᠵᠠᠩᠰᠢᠯ ᠤᠨ ᠶᠡᠭᠡ ᠨᠡᠪᠳᠡᠷᠬᠡᠢ | ᠲᠤᠯᠢ︔ ᠮᠤᠩᠭᠤᠯ ᠬᠡᠯᠡᠨ ᠤ ᠦᠬᠡ ᠶᠢᠨ ᠤᠷᠠᠯᠢᠬ ᠤᠨ ᠰᠤᠩᠭᠤᠳᠠᠬ ᠪᠦᠳᠦᠬᠡᠯ︔ ᠨᠡᠬᠦᠳᠡᠯᠴᠢᠨ ᠤ ᠰᠤᠶᠤᠯ ᠤᠨ | ᠦᠯᠦ ᠲᠠᠪᠳᠠᠬᠳᠠᠬᠤ ᠬᠤᠤᠰ ᠦᠬᠡᠢ ᠰᠢᠨᠵᠢ ᠪᠠᠷ ᠢᠶᠠᠨ ᠡᠷᠡᠨ ᠵᠠᠭᠤᠨ ᠢ ᠡᠵᠡᠯᠡᠭᠰᠡᠨ ᠶᠡᠭᠡ ᠲᠤᠤᠯᠢᠰ︔ ᠲᠠᠯ᠎ᠠ | ᠨᠤᠳᠤᠬ ᠤᠨ ᠠᠩᠬᠢᠯᠤᠮ᠎ᠠ ᠦᠨᠦᠷ ᠨᠡᠪᠳᠡ ᠰᠢᠩᠭᠡᠭᠰᠡᠨ ᠲᠡᠦᠬᠡ ᠤᠨ ᠴᠠᠬ ᠤᠨ ᠲᠠᠷᠠᠭᠠᠯᠠᠯ ᠤᠨ ᠪᠢᠴᠢᠭ ᠮᠦᠨ ᠭᠡᠵᠦ | ᠦᠨᠳᠦᠷ ᠦᠨᠡᠯᠡᠵᠡᠢ᠃ ︽ᠮᠤᠩᠭᠤᠯ ᠤᠨ ᠨᠢᠭᠤᠴᠠ ᠲᠤᠪᠴᠢᠶᠠᠨ︾ ᠢ ᠲᠡᠯᠡᠬᠡᠢ ᠶᠢᠨ ᠰᠤᠶᠤᠯ ᠤᠨ ᠦᠪ ᠲᠤ | ᠪᠦᠷᠢᠳᠬᠡᠬᠦᠯᠦᠭᠰᠡᠨ ᠠᠴᠠ ᠨᠠᠰᠢ᠂ ︽ᠮᠤᠩᠭᠤᠯ ᠤᠨ ᠨᠢᠭᠤᠴᠠ ᠲᠤᠪᠴᠢᠶᠠᠨ︾ ᠬᠡᠳᠡᠭ ᠰᠤᠳᠤᠯᠤᠯ ᠮᠤᠩᠭᠤᠯ | ᠰᠤᠳᠤᠯᠤᠯ ᠤᠨ ᠴᠢᠬᠤᠯᠠ ᠰᠠᠯᠪᠤᠷᠢ ᠪᠤᠯᠵᠤ ᠬᠦᠭᠵᠢᠬᠡᠳ᠂ ᠡᠷᠳᠡᠮ ᠰᠢᠨᠵᠢᠯᠡᠬᠡᠨ ᠤ ᠬᠦᠷᠢᠶᠡᠨ ᠳᠤ | ᠲᠤᠭᠤᠯᠭᠠᠪᠤᠷᠢᠳᠠᠢ ᠰᠤᠳᠤᠯᠤᠬᠳᠠᠬᠤ ᠪᠤᠯᠵᠠᠢ᠃ ᠬᠡᠪᠡᠴᠦ ᠡᠨᠡᠬᠦ ᠠᠭᠤᠤ ᠪᠦᠳᠦᠬᠡᠯ ᠢ ᠵᠦᠪᠬᠡᠨ ᠴᠦᠬᠡᠨ ᠬᠡᠳᠦᠨ | ᠡᠷᠳᠡᠮᠳᠡᠨ ᠮᠡᠷᠬᠡᠳ ᠯᠡ ᠰᠤᠳᠤᠯᠤᠭᠠᠳ ᠪᠤᠯᠬᠤ ᠪᠢᠰᠢ᠂ ᠬᠠᠷᠢᠨ ᠪᠦᠬᠦ ᠨᠡᠶᠢᠬᠡᠮ ᠨᠡᠶᠢᠳᠡ ᠶᠢᠨ ᠬᠡᠪᠴᠢᠶᠡᠨ ᠳᠤ | ᠲᠦᠬᠡᠬᠡᠨ ᠲᠡᠯᠭᠡᠷᠡᠬᠦᠯᠵᠦ᠂ ᠲᠡᠬᠦᠨ ᠤ ᠦᠨ᠎ᠡ ᠴᠡᠨ᠎ᠠ ᠤᠳᠬ᠎ᠠ ᠠᠭᠤᠯᠭ᠎ᠠ ᠶᠢ ᠰᠤᠷᠳᠠᠯᠴᠢᠯᠠᠨ ᠤᠬᠠᠭᠤᠯᠪᠠᠯ | ᠵᠦᠢᠳᠡᠢ ᠶᠤᠮ᠃ ᠶᠠᠬ ᠡᠶᠢᠮᠦ ᠠᠴᠠ ᠤᠳᠤ ᠮᠠᠨ ᠤ ᠤᠷᠤᠨ ᠳᠤ᠂ ︽ᠮᠤᠩᠭᠤᠯ ᠤᠨ ᠨᠢᠭᠤᠴᠠ ᠲᠤᠪᠴᠢᠶᠠᠨ︾ ᠢ | ᠴᠢᠯᠠᠭᠤ᠂ ᠶᠠᠰᠤᠨ᠂ ᠠᠷᠠᠰᠤᠨ ᠲᠡᠭᠡᠷ᠎ᠡ ᠰᠡᠶᠢᠯᠦᠨ ᠮᠦᠩᠬᠡᠯᠡᠬᠦ ᠮᠡᠳᠦ ᠶᠢᠨ ︽ᠮᠤᠩᠭᠤᠯ ᠤᠨ ᠨᠢᠭᠤᠴᠠ ᠲᠤᠪᠴᠢᠶᠠᠨ | ︾ ᠢ ᠵᠦᠢᠯ ᠪᠦᠷᠢ ᠶᠢᠨ ᠬᠡᠯᠪᠡᠷᠢ ᠲᠦᠷᠰᠦ ᠪᠠᠷ ᠲᠦᠷᠰᠦᠵᠢᠬᠦᠯᠦᠨ ᠪᠦᠳᠦᠬᠡᠬᠦ ᠬᠡᠯᠪᠡᠷᠢᠯ ᠪᠤᠢ ᠪᠤᠯᠵᠠᠢ᠃ | ᠮᠤᠳᠤᠨ ᠲᠡᠭᠡᠷ᠎ᠡ ᠰᠡᠶᠢᠯᠦᠭᠰᠡᠨ ︽ᠨᠢᠭᠤᠴᠠ ᠲᠤᠪᠴᠢᠶᠠᠨ︾ | 12 ᠰᠠᠷ᠎ᠠ ᠶᠢᠨ 6 — 10 ᠤ ᠡᠳᠦᠷ ᠪᠤᠯᠳᠠᠯ᠎ᠠ᠂ ᠦᠪᠦᠷ ᠮᠤᠩᠭᠤᠯ ᠤᠨ ᠶᠡᠭᠡ ᠰᠤᠷᠭᠠᠭᠤᠯᠢ ᠶᠢᠨ | ᠦᠨᠳᠦᠰᠦᠳᠡᠨ ᠤ ᠮᠦᠽᠸᠢ ᠳᠤ ᠶᠠᠪᠤᠬᠳᠠᠬᠰᠠᠨ ᠮᠤᠳᠤᠨ ᠲᠡᠭᠡᠷ᠎ᠡ ᠰᠡᠶᠢᠯᠦᠭᠰᠡᠨ ︽ᠮᠤᠩᠭᠤᠯ ᠤᠨ ᠨᠢᠭᠤᠴᠠ | ᠲᠤᠪᠴᠢᠶᠠᠨ︾ ᠢ ᠪᠠᠭᠳᠠᠭᠠᠬᠰᠠᠨ ︽ᠮᠤᠩᠭᠤᠯ ᠤᠨ ᠨᠢᠭᠤᠴᠠ ᠲᠤᠪᠴᠢᠶᠠᠨ︾ ᠤ ᠤᠯᠠᠨ ᠬᠡᠯᠡᠨ ᠤ ᠪᠠᠷ ᠬᠡᠪᠯᠡᠯ ᠤᠨ | ᠦᠵᠡᠰᠬᠦᠯᠡᠩ ᠳᠤ᠂ ᠮᠤᠳᠤᠨ ᠲᠡᠭᠡᠷ᠎ᠡ ᠰᠡᠶᠢᠯᠦᠭᠰᠡᠨ ︽ᠮᠤᠩᠭᠤᠯ ᠤᠨ ᠨᠢᠭᠤᠴᠠ ᠲᠤᠪᠴᠢᠶᠠᠨ︾ ᠲᠤᠭᠤᠷᠢᠨ | ᠰᠤᠨᠢᠷᠬᠠᠬᠴᠢᠳ ᠤᠨ ᠠᠩᠬᠠᠷᠤᠯ ᠢ ᠶᠠᠭᠠᠬᠢᠬᠤ ᠶᠢᠨ ᠠᠷᠭ᠎ᠠ ᠦᠬᠡᠢ ᠲᠠᠳᠠᠬᠰᠠᠨ ᠶᠤᠮ᠃ ᠵᠠᠷᠢᠮᠠᠳ ᠨᠢ ᠡᠨᠡᠬᠦ ᠮᠤᠳᠤᠨ | ᠨᠤᠮ ᠢ ᠦᠵᠡᠴᠢᠭᠡᠭᠡᠳ ᠶᠠᠬ ᠲᠠᠷᠤᠮᠠᠯᠯᠠᠬᠰᠠᠨ ᠰᠢᠬ ᠬᠡᠵᠦ ᠭᠠᠶᠢᠬᠠᠵᠠᠭᠠᠨᠠ᠃ ᠡᠶᠢᠮᠦᠷᠬᠦ ᠮᠤᠳᠤᠨ ᠲᠡᠭᠡᠷ᠎ᠡ | ᠰᠡᠶᠢᠯᠦᠭᠰᠡᠨ ︽ᠮᠤᠩᠭᠤᠯ ᠤᠨ ᠨᠢᠭᠤᠴᠠ ᠲᠤᠪᠴᠢᠶᠠᠨ︾ ᠨᠢ ᠴᠠᠭᠠᠰᠤᠨ ᠬᠡᠪᠯᠡᠯ ᠠᠴᠠ ᠤᠨᠴᠠ ᠢᠯᠭᠠᠭᠠᠳᠠᠢ | ᠪᠠᠶᠢᠵᠤ᠂ ᠤᠷᠠᠯᠠᠨ ᠪᠦᠳᠦᠬᠡᠬᠦ ᠳᠤ ᠮᠠᠰᠢ ᠶᠡᠭᠡ ᠬᠦᠴᠦ ᠬᠦᠳᠡᠯᠮᠦᠷᠢ ᠤᠷᠤᠬᠤ᠂ ᠨᠡᠶᠢᠬᠡᠮ ᠨᠡᠶᠢᠳᠡ ᠳᠤ ᠤᠯᠠᠨ ᠪᠢᠰᠢ | ᠪᠠᠶᠢᠳᠠᠬ ᠬᠡᠰᠡᠨ ᠤᠳᠬ᠎ᠠ ᠪᠠᠷ ᠢᠶᠠᠨ ᠮᠠᠰᠢ ᠰᠤᠨᠢᠨ ᠰᠤᠳᠤᠨ ᠪᠤᠯᠵᠦ᠂ ᠦᠨᠳᠦᠷ ᠦᠨᠡᠯᠡᠭᠳᠡᠳᠡᠭ᠃ ︽ | ᠮᠤᠩᠭᠤᠯ ᠤᠨ ᠨᠢᠭᠤᠴᠠ ᠲᠤᠪᠴᠢᠶᠠᠨ︾ ᠢ ᠮᠤᠳᠤᠨ ᠲᠡᠭᠡᠷ᠎ᠡ ᠰᠡᠶᠢᠯᠦᠨ ᠪᠦᠳᠦᠭᠡᠭᠰᠡᠨ ᠮᠤᠩᠭᠤᠯ ᠤᠯᠤᠰ ᠤᠨ | ᠲᠦᠷᠦᠳᠦ ᠶᠤᠰᠤ ᠬᠠᠭᠠᠳ ᠤᠨ ᠰᠠᠩ ᠤᠨ ᠦᠪᠦᠷ ᠮᠤᠩᠭᠤᠯ ᠳᠠᠬᠢ ᠪᠦᠷᠢᠨ ᠡᠷᠬᠡᠳᠦ ᠵᠠᠬᠢᠷᠤᠯ᠂ ᠴᠢᠨᠤᠰ ᠦᠪ | ᠰᠤᠶᠤᠯ ᠤᠨ ᠰᠠᠩ ᠤᠨ ᠬᠡᠷᠡᠭ ᠮᠡᠳᠡᠭᠴᠢᠳ ᠤᠨ ᠲᠠᠷᠤᠭ᠎ᠠ ᠴᠤᠬᠳᠤᠨᠠᠷᠠᠨ ᠰᠤᠷᠪᠤᠯᠵᠢᠯᠠᠭ᠎ᠠ ᠬᠦᠯᠢᠶᠡᠬᠦ ᠳᠡᠭᠡᠨ | ᠨᠡᠯᠢᠶᠡᠳ ᠨᠠᠷᠢᠯᠢᠬ ᠲᠠᠶᠢᠯᠪᠤᠷᠢᠯᠠᠨ ᠲᠠᠨᠢᠯᠴᠠᠭᠤᠯᠤᠯ᠎ᠠ᠃ ᠨᠢᠬᠡᠨᠳᠡ ᠴᠢᠯᠠᠭᠤᠨ ᠲᠡᠭᠡᠷ᠎ᠡ ︽ᠮᠤᠩᠭᠤᠯ ᠤᠨ ᠨᠢᠭᠤᠴᠠ | ᠲᠤᠪᠴᠢᠶᠠᠨ︾ ᠢ ᠰᠡᠶᠢᠯᠦᠨ ᠦᠯᠡᠳᠡᠭᠡᠭᠰᠡᠨ ᠠᠷᠤ ᠬᠤᠷᠴᠢᠨ ᠨᠤᠳᠤᠬᠳᠠᠢ ᠲᠡᠷᠡ ᠪᠠᠷ᠂ ᠮᠤᠩᠭᠤᠯ ᠤᠯᠤᠰ ᠢᠶᠠᠷ | ᠠᠶᠠᠯᠠᠨ ᠪᠠᠶᠢᠭᠠᠯᠢ ᠶᠢᠨ ᠰᠠᠶᠢᠬᠠᠨ ᠳᠤᠨᠢ ᠰᠤᠬᠳᠤᠭᠤᠷᠠᠨ ᠪᠠᠶᠢᠬᠤ ᠳᠠᠭᠠᠨ᠂ ᠨᠢᠭᠤᠴᠠ ᠲᠤᠪᠴᠢᠶᠠᠨ ᠢ ᠮᠤᠳᠤᠨ | ᠲᠡᠭᠡᠷ᠎ᠠ ᠰᠡᠶᠢᠯᠦᠨ ᠪᠦᠳᠦᠬᠡᠬᠦ ᠬᠡᠰᠡᠨ ᠪᠤᠳᠤᠯ ᠲᠤᠯᠤᠭᠠᠢ ᠳᠤᠨᠢ ᠵᠢᠷᠤᠰᠬᠢᠵᠠᠢ᠃ ᠬᠠᠷᠢᠵᠤ ᠢᠷᠡᠭᠰᠡᠨ ᠤ ᠪᠠᠨ ᠲᠠᠷᠠᠭ᠎ᠠ | 2011 ᠤᠨ ᠠᠴᠠ ᠡᠬᠢᠯᠡᠨ ᠰᠡᠶᠢᠯᠬᠦ ᠳᠤ ᠲᠤᠬᠢᠷᠠᠮᠵᠢᠳᠠᠢ ᠮᠤᠳᠤ ᠡᠷᠢᠨ ᠲᠤᠷᠰᠢᠵᠤ᠂ ᠰᠡᠬᠦᠯ ᠳᠤᠨᠢ ᠤᠳ᠋ᠪᠠᠯ᠎ᠠ | ᠮᠤᠳᠤ ᠶᠢ ᠤᠯᠤᠭᠠᠳ ᠰᠡᠶᠢᠯᠵᠦ ᠡᠬᠢᠯᠡᠪᠡ᠃ ᠲᠡᠬᠦᠨ ᠢᠶᠠᠷ ᠲᠡᠷᠢᠬᠦᠯᠡᠬᠦᠯᠦᠭᠰᠡᠨ ᠴᠢᠨᠤᠰ ᠦᠪ ᠰᠤᠶᠤᠯ ᠤᠨ | ᠰᠠᠩ ᠤᠨ ᠬᠢᠨ ᠡᠳᠦᠷ ᠤᠨ ᠨᠠᠷᠠ ᠲᠠᠢ ᠤᠷᠤᠯᠳᠤᠨ ᠨᠦᠢᠷ ᠢᠶᠠᠨ ᠬᠠᠭᠠᠰᠯᠠᠨ ᠨᠦᠷᠢᠨ ᠴᠢᠷᠮᠠᠶᠢᠭᠠᠳ ᠬᠤᠶᠠᠷ ᠵᠢᠯ ᠤᠨ | ᠬᠤᠭᠤᠴᠠᠭ᠎ᠠ ᠭᠡᠷᠡᠭᠯᠡᠨ ︽ᠨᠢᠭᠤᠴᠠ ᠲᠤᠪᠴᠢᠶᠠᠨ︾ ᠢ ᠮᠤᠳᠤᠨ ᠲᠡᠭᠡᠷ᠎ᠡ ᠰᠡᠶᠢᠯᠵᠦ ᠲᠠᠭᠤᠰᠬᠠᠵᠠᠢ᠃ ᠴᠤᠬᠳᠤᠨᠠᠷᠠᠨ | ᠲᠦᠷᠦᠬᠦᠳᠡᠢ ᠴᠢᠨᠤᠰ ᠦᠪ ᠰᠤᠶᠤᠯ ᠤᠨ ᠰᠠᠩ ᠪᠤᠯ ᠠᠩᠬ᠎ᠠ ᠲᠦᠷᠦᠬᠦᠨ ᠳᠡᠭᠡᠨ᠂ 2007 ᠤᠨ ᠳᠤ | ᠪᠠᠶᠢᠭᠤᠯᠤᠬᠳᠠᠬᠰᠠᠨ ᠮᠤᠩᠭᠤᠯ ᠤᠨᠴᠠᠯᠢᠬᠳᠠᠢ ᠵᠡᠬᠦᠯᠳᠡ ᠴᠢᠮᠡᠭᠯᠡᠯ ᠢ ᠰᠡᠶᠢᠯᠳᠡᠭ ︽ᠴᠢᠨᠤᠰ ᠴᠢᠯᠠᠭᠤᠨ ᠤᠷᠠᠯᠠᠯ ᠤᠨ | ᠦᠷᠬᠦᠬᠡ︾ ᠪᠤᠯᠤᠨ ᠨᠤᠮ ᠪᠢᠴᠢᠭ ᠬᠤᠷᠢᠶᠠᠨ ᠬᠠᠳᠠᠭᠠᠯᠠᠳᠠᠬ ︽ᠴᠢᠨᠤᠰ ᠨᠤᠮ ᠤᠨ ᠦᠷᠬᠦᠬᠡ︾ ᠪᠠᠶᠢᠬᠰᠠᠨ ᠢᠶᠠᠨ | 2013 ᠤᠨ ᠳᠤ᠂ ᠬᠤᠶᠠᠭᠤᠯᠠ ᠶᠢ ᠨᠢᠬᠡᠳᠬᠡᠨ ᠨᠡᠶᠢᠯᠡᠬᠦᠯᠦᠭᠡᠳ ᠴᠢᠨᠤᠰ ᠦᠪ ᠰᠤᠶᠤᠯ ᠤᠨ ᠰᠠᠩ ᠪᠤᠯᠭᠠᠨ | ᠪᠠᠶᠢᠭᠤᠯᠵᠠᠢ᠃ ᠮᠤᠳᠤᠨ ᠲᠡᠭᠡᠷ᠎ᠡ ᠰᠡᠶᠢᠯᠦᠭᠰᠡᠨ ᠨᠢᠭᠤᠴᠠ ᠲᠤᠪᠴᠢᠶᠠᠨ ᠢ ᠰᠠᠪᠠᠯᠠᠬᠰᠠᠨ ᠪᠤᠷᠤ ᠠᠪᠳᠠᠷ᠎ᠠ ᠶᠢᠨ | ᠬᠠᠵᠠᠭᠤ ᠳᠠᠬᠢ ᠰᠢᠯᠢᠨ ᠬᠡᠷ ᠲᠠᠢ ᠡᠷᠡᠭᠡᠢ ᠶᠢᠨ ᠴᠢᠨᠡᠬᠡᠨ ︽ᠮᠤᠩᠭᠤᠯ ᠤᠨ ᠨᠢᠭᠤᠴᠠ ᠲᠤᠪᠴᠢᠶᠠᠨ︾ ᠲᠤᠭᠤᠷᠢᠨ | ᠰᠤᠨᠢᠷᠬᠠᠬᠴᠢᠳ ᠤᠨ ᠬᠠᠷᠠᠭ᠎ᠠ ᠶᠢ ᠪᠤᠯᠢᠶᠠᠨ᠎ᠠ᠃ ᠨᠡᠬᠡᠷᠡᠨ ᠨᠠᠰᠤ ᠪᠡᠶ᠎ᠠ ᠬᠦᠢᠴᠡᠭᠰᠡᠨ ᠡᠷ᠎ᠡ ᠬᠦᠮᠦᠨ ᠤ ᠡᠷᠡᠬᠡᠢ | ᠬᠤᠷᠤᠭᠤᠨ ᠤ ᠬᠢᠷᠢᠳᠡᠢ ︽ᠨᠢᠭᠤᠴᠠ ᠲᠤᠪᠴᠢᠶᠠᠨ︾ ᠲᠠᠯᠪᠢᠭᠠᠰᠤᠳᠠᠢ ᠬᠠᠷᠠᠬᠳᠠᠨ᠎ᠠ᠃ ︽ᠮᠤᠩᠭᠤᠯ ᠤᠯᠤᠰ ᠲᠤ | 5 ᠦᠷᠡᠵᠢᠬᠦᠯᠬᠦ 10 ᠶᠢᠨ ᠬᠡᠮᠵᠢᠶ᠎ᠡ ᠲᠠᠢ ᠵᠢᠭᠠᠬᠠᠨ ᠨᠢᠭᠤᠴᠠ ᠲᠤᠪᠴᠢᠶᠠᠨ ᠪᠠᠶᠢᠬᠰᠠᠨ᠃ ᠮᠠᠨ ᠤ ᠬᠢᠭᠰᠡᠨ ᠡᠨᠡ | ᠨᠤᠮ ᠪᠤᠯ 3 ᠦᠷᠡᠵᠢᠬᠦᠯᠬᠦ 4 ᠶᠢᠨ ᠬᠡᠮᠵᠢᠶ᠎ᠠ ᠲᠠᠢ ᠬᠢᠭᠰᠡᠨ ᠪᠤᠯᠬᠤᠷ ᠨᠦᠬᠦᠬᠡ ᠵᠢᠭᠠᠬᠠᠨ ᠨᠢᠭᠤᠴᠠ | ᠲᠤᠪᠴᠢᠶᠠᠨ ᠠᠴᠠ ᠬᠠᠭᠠᠰ ᠢᠶᠠᠷ ᠵᠢᠵᠢᠭᠷᠡᠵᠡᠢ᠃ ᠪᠢ ᠡᠬᠦᠨ ᠠᠴᠠ ᠵᠢᠭᠠᠬᠠᠨ ᠨᠢᠭᠤᠴᠠ ᠲᠤᠪᠴᠢᠶᠠᠨ ᠢ ᠬᠠᠷᠠᠵᠤ | ᠪᠠᠶᠢᠭ᠎ᠠ ᠦᠬᠡᠢ︾ ᠭᠡᠳ ᠴᠤᠬᠳᠤᠨᠠᠷᠠᠨ ᠬᠠᠵᠠᠭᠤ ᠠᠴᠠ ᠲᠤᠪᠴᠢᠬᠠᠨ ᠲᠠᠨᠢᠯᠴᠠᠭᠤᠯᠵᠤ ᠭᠠᠷᠤᠨ᠎ᠠ᠃ ᠡᠬᠦᠨ ᠢ | ᠠᠩᠬ᠎ᠠ ᠬᠠᠷᠠᠭᠠᠳ ᠺᠤᠮᠫᠢᠦ᠋ᠲ᠋ᠧᠷ ᠮᠡᠷᠬᠡᠵᠢᠯ ᠢ ᠠᠰᠢᠬᠯᠠᠨ ᠪᠦᠳᠦᠭᠡᠭᠰᠡᠨ ᠶᠠᠭᠤᠮ᠎ᠠ ᠪᠤᠯᠬᠤ ᠨᠢ ᠡ ᠬᠡᠳᠡᠭ ᠲᠠᠭᠠᠮᠠᠬ | ᠮᠠᠨᠢ ᠴᠤᠬᠳᠤᠨᠠᠷᠠᠨ ᠤ ᠶᠠᠷᠢᠶ᠎ᠠ ᠪᠠᠷ ᠭᠡᠷᠡᠴᠢᠯᠡᠭᠳᠡᠯᠠ᠃ | 9 ᠬᠡᠯᠡᠨ ᠤ ᠪᠠᠷ ᠬᠡᠪᠯᠡᠯ ᠤᠨ 210 ᠭᠠᠷᠤᠢ ︽ᠨᠢᠭᠤᠴᠠ ᠲᠤᠪᠴᠢᠶᠠᠨ︾ | ᠤᠯᠠᠩᠬᠢ ᠬᠦᠮᠦᠰ ᠡᠬᠦᠨ ᠢ ᠰᠤᠨᠢᠷᠬᠠᠬᠤ ᠨᠢ ᠪᠠᠭ᠎ᠠ ᠪᠠᠶᠢᠵᠤ᠂ ᠲᠡᠯᠬᠡᠨ ᠲᠠᠯᠪᠢᠬᠰᠠᠨ ᠤᠯᠠᠨ ᠬᠡᠯᠡᠨ ᠤ ᠪᠠᠷ | ᠬᠡᠪᠯᠡᠯ ᠤᠨ ︽ᠮᠤᠩᠭᠤᠯ ᠤᠨ ᠨᠢᠭᠤᠴᠠ ᠲᠤᠪᠴᠢᠶᠠᠨ︾ ᠤᠷᠤᠭᠤ ᠱᠤᠩᠭᠤᠯᠠᠬᠤ ᠨᠢ ᠢᠯᠡᠬᠦᠦ ᠪᠠᠶᠢᠯ᠎ᠠ᠃ | ᠵᠠᠷᠢᠮᠠᠳ ᠨᠢ ᠵᠢᠷᠤᠬ ᠤᠨ ᠮᠠᠰᠢᠨ ᠢᠶᠠᠨ ᠬᠢᠯᠠᠯᠵᠠᠭᠤᠯᠤᠨ ᠰᠡᠬᠦᠳᠡᠷᠯᠡᠨᠡ᠃ ᠶᠡᠷᠦᠨᠢ ︽ᠮᠤᠩᠭᠤᠯ ᠤᠨ ᠨᠢᠭᠤᠴᠠ | ᠲᠤᠪᠴᠢᠶᠠᠨ︾ ᠲᠡᠯᠡᠬᠡᠢ ᠲᠡᠭᠡᠷᠡᠬᠢ ᠡᠯ᠎ᠡ ᠤᠯᠤᠰ ᠤᠨ 29 ᠬᠡᠯᠡᠨ ᠳᠤ ᠤᠷᠴᠢᠭᠤᠯᠤᠬᠳᠠᠨ ᠬᠡᠪᠯᠡᠭᠳᠡᠭᠰᠡᠨ ᠬᠡᠬᠦ | ᠶᠠᠷᠢᠶ᠎ᠠ ᠶᠠᠪᠤᠳᠠᠬ᠃ ᠦᠨᠡᠨ ᠳᠡᠭᠡᠨ᠂ ᠲᠡᠯᠡᠬᠡᠢ ᠶᠢᠨ 25 ᠬᠡᠯᠡᠨ ᠳᠤ ᠤᠷᠴᠢᠭᠤᠯᠤᠬᠳᠠᠬᠰᠨᠨ ᠭᠡᠳᠡᠭ ᠳ᠋ᠦᠩ ᠢ | ᠴᠤᠬᠳᠤᠨᠠᠷᠠᠨ ᠨᠢᠭᠤᠴᠠ ᠲᠤᠪᠴᠢᠶᠠᠨ ᠤ ᠡᠷᠢᠯ ᠰᠤᠷᠠᠯ ᠢᠶᠠᠷ ᠶᠠᠪᠤᠵᠤ ᠪᠠᠶᠢᠬᠤ ᠳᠠᠭᠠᠨ ᠭᠠᠷᠭᠠᠵᠠᠢ᠃ ᠭᠠᠭᠴᠠᠬᠦ | ᠶᠠᠫᠤᠨ ᠬᠡᠯᠡᠨ ᠳᠤ ᠪᠠᠰᠠ 6 ᠵᠦᠢᠯ ᠤᠨ ᠪᠠᠷ ᠭᠡᠪᠯᠡᠯ ᠪᠤᠢ᠃ ᠡᠳᠡᠭᠡᠷ ᠨᠤᠮ ᠤᠳ ᠢ ᠨᠤᠮ ᠰᠤᠳᠤᠷ ᠲᠤ ᠪᠠᠭ᠋ᠠᠳᠠᠢ | ᠪᠠᠰᠠ ᠮᠤᠩᠭᠤᠯ ᠲᠤᠯᠭᠤᠷ ᠪᠢᠴᠢᠭ᠂ ᠠᠷᠠᠳ ᠤᠨ ᠲᠠᠭᠤᠤ᠂ ᠡᠷᠳᠡᠨ ᠤ ᠲᠡᠦᠬᠡ ᠰᠤᠳᠤᠷ᠂ ᠰᠡᠳᠬᠦᠯ ᠵᠡᠷᠬᠡ ᠶᠢ | ᠤᠯᠳᠠᠬᠤ ᠶᠢᠨ ᠬᠢᠷᠢ ᠪᠠᠷ ᠬᠤᠷᠢᠶᠠᠨ ᠴᠤᠬᠯᠠᠭᠤᠯᠳᠠᠬ ᠴᠤᠬᠳᠤᠨᠠᠷᠠᠨ ᠦᠪᠦᠷ ᠮᠤᠩᠭᠤᠯ ᠠᠴᠠ ᠭᠠᠳᠠᠨ᠎ᠠ ᠲᠠᠪᠤ | ᠵᠢᠷᠭᠤᠭᠠᠨ ᠤᠯᠤᠰ ᠤᠷᠤᠨ ᠢᠶᠠᠷ ᠬᠦᠷᠴᠦ ᠪᠠᠶᠢᠵᠤ ᠬᠤᠷᠢᠶᠠᠨ ᠴᠤᠬᠯᠠᠭᠤᠯᠵᠠᠢ᠃ ︽ᠡᠮᠦᠨ᠎ᠡ ᠨᠢ ᠮᠢᠨᠤ ᠨᠤᠮ ᠤᠨ | ᠴᠤᠬᠯᠠᠭᠤᠯᠭ᠎ᠠ ᠳᠤ ᠪᠠᠰᠠ ︿ᠮᠤᠩᠭᠤᠯ ᠤᠨ ᠨᠢᠭᠤᠴᠠ ᠲᠤᠪᠴᠢᠶᠠᠨ﹀ ᠪᠠᠶᠢᠬᠰᠠᠨ᠃ 2013 ᠤᠨ ᠠᠴᠠ ᠡᠬᠢᠯᠡᠨ | ᠬᠠᠨᠳᠤᠯᠭ᠎ᠠ ᠲᠠᠢ ᠪᠠᠷ ᠮᠤᠩᠭᠤᠯ ᠤᠨ ᠨᠢᠭᠤᠴᠠ ᠲᠤᠪᠴᠢᠶᠠᠨ ᠴᠤᠬᠯᠠᠭᠤᠯᠵᠤ ᠡᠬᠢᠯᠡᠭᠡᠳ ᠤᠳᠤ 9 ᠬᠡᠯᠡᠨ ᠤ ᠪᠠᠷ | ᠬᠡᠪᠯᠡᠯ ᠤᠨ 210 ᠭᠠᠷᠤᠢ ᠨᠤᠮ ᠪᠠᠶᠢᠭ᠎ᠠ᠃ ᠬᠡᠬᠦ ᠳᠡᠭᠡᠨ ᠵᠠᠷᠢᠮ ᠨᠤᠮ ᠨᠢ ᠪᠦᠷ ᠤᠯᠳᠠᠬᠤ ᠪᠠᠨ ᠪᠠᠶᠢᠴᠢᠬᠠᠬᠰᠠᠨ | ᠰᠢᠦ︾ ᠬᠡᠵᠦ ᠴᠤᠬᠳᠤᠨᠠᠷᠠᠨ ᠭᠡᠯᠡᠨ᠎ᠡ᠃ ᠲᠡᠷᠡ ᠭᠠᠭᠴᠠ ︽ᠮᠤᠩᠭᠤᠯ ᠤᠨ ᠨᠢᠭᠤᠴᠠ ᠲᠤᠪᠴᠢᠶᠠᠨ︾ | ᠴᠤᠬᠯᠠᠭᠤᠯᠤᠭᠠᠳ ᠵᠤᠬᠰᠤᠬᠤ ᠦᠬᠡᠢ᠂ ᠬᠠᠭᠤᠴᠢᠨ ᠤ ᠨᠤᠮ ᠰᠤᠳᠤᠷ᠂ ᠰᠢᠨᠡᠬᠡᠨ ᠬᠡᠪᠯᠡᠭᠳᠡᠭᠰᠡᠨ ᠨᠤᠮ ᠲᠡᠪᠳᠡᠷ ᠢ | ᠤᠯᠳᠠᠬᠤ ᠶᠢᠨ ᠬᠢᠷᠢ ᠪᠠᠷ ᠬᠤᠷᠢᠶᠠᠨ ᠠᠪᠴᠤ ᠬᠠᠳᠠᠭᠠᠯᠠᠳᠠᠬ ᠪᠠᠶᠢᠵᠠᠢ᠃ ᠠᠩᠬ᠎ᠠ ᠡᠬᠢᠨ ᠳᠡᠭᠡᠨ ᠤᠯᠠᠩᠬᠢ ᠨᠤᠮ ᠳᠤ | ᠪᠠᠭ᠋ᠠᠳᠠᠢ ᠬᠦᠮᠦᠨ ᠲᠠᠢ ᠠᠳᠠᠯᠢ ᠪᠠᠷ᠂ ᠠᠪᠤᠬᠰᠠᠨ ᠨᠤᠮ ᠨᠢ ᠤᠯᠠᠳᠠᠬᠤ ᠶᠢ ᠲᠠᠭᠠᠯᠳᠤᠨ ᠨᠤᠮ ᠤᠨ ᠬᠡᠮᠵᠢᠶ᠎ᠡ ᠨᠢ | ᠠᠭᠠᠵᠢᠮ ᠢᠶᠠᠷ ᠶᠡᠬᠡᠰᠦᠨ᠂ ᠬᠤᠵᠢᠮ ᠨᠢ 2007 ᠤᠨ ᠳᠤ᠂ ᠴᠢᠨᠤᠰ ᠨᠤᠮ ᠤᠨ ᠦᠷᠬᠦᠬᠡ ᠶᠢ ᠪᠠᠶᠢᠭᠤᠯᠤᠨ | ᠨᠤᠮ ᠤᠨ ᠴᠤᠬᠯᠠᠭᠤᠯᠭ᠎ᠠ ᠳᠠᠭᠠᠨ ᠰᠢᠭᠤᠳᠴᠠᠢ᠃ ᠦᠪᠦᠷ ᠮᠤᠩᠭᠤᠯ ᠠᠴᠠ ᠨᠤᠮ ᠬᠤᠳᠠᠯᠳᠤᠨ ᠠᠪᠬᠤ ᠪᠠᠷ | ᠵᠤᠬᠰᠤᠬᠤ ᠦᠬᠡᠢ᠂ ᠮᠤᠩᠭᠤᠯ᠂ ᠶᠠᠫᠤᠨ᠂ ᠭᠧᠷᠮᠠᠨ᠂ ᠤᠷᠤᠰ᠂ ᠬᠠᠩᠭᠠᠷᠢ᠂ ᠰᠤᠯᠤᠩᠭᠤᠰ᠂ ᠡᠮᠦᠨᠡᠳᠦ ᠠᠽᠢᠶ᠎ᠠ ᠶᠢᠨ | ᠤᠯᠤᠰ ᠤᠷᠤᠨ ᠨᠤᠭᠤᠳ ᠢᠶᠠᠷ ᠬᠦᠷᠴᠦ ᠨᠤᠮ ᠬᠤᠳᠠᠯᠳᠤᠨ ᠠᠪᠳᠠᠬ ᠪᠦᠬᠡᠳ ᠨᠤᠮ ᠢᠶᠠᠷ ᠨᠤᠮ ᠰᠤᠯᠢᠨ᠂ | ᠬᠦᠮᠦᠨ ᠤ ᠬᠦᠷᠭᠡᠭᠰᠡᠨ ᠨᠤᠮ ᠢ ᠨᠡᠶᠢᠯᠡᠬᠦᠯᠦᠭᠡᠳ ᠤᠳᠤ ᠲᠡᠬᠦᠨ ᠤ ᠨᠤᠮ ᠤᠨ ᠴᠤᠬᠯᠠᠭᠤᠯᠭ᠎ᠠ ᠨᠢ 5 ᠲᠦᠮᠡ ᠪᠠᠷ | ᠲᠤᠭᠠᠯᠠᠬᠳᠠᠬᠤ ᠪᠠᠶᠠᠯᠢᠬ ᠬᠠᠳᠠᠭᠠᠯᠠᠬᠳᠠᠴᠠ ᠲᠠᠢ ᠪᠤᠯᠤᠬᠰᠠᠨ ᠠᠵᠢ᠃ | ᠭᠡᠨᠡᠳᠳᠡ ᠭᠠᠳᠠᠨ᠎ᠠ ᠠᠴᠠ ᠤᠯᠠᠭᠠᠨ ᠦᠩᠬᠡ ᠶᠢᠨ ᠰᠤᠷᠤᠬᠴᠢ ᠬᠤᠪᠴᠠᠰᠤᠳᠠᠢ ᠰᠤᠷᠤᠬᠴᠢᠳ ᠨᠢᠬᠡ ᠮᠦᠷ ᠢᠶᠠᠷ | ᠮᠦᠷᠯᠡᠨ ᠤᠷᠤᠵᠤ ᠢᠷᠡᠭᠡᠳ ᠦᠵᠡᠰᠬᠦᠯᠡᠩ ᠢ ᠰᠤᠨᠢᠷᠬᠠᠵᠠᠭᠠᠨᠠ᠃ ᠦᠪᠦᠷ ᠮᠣᠩᠭᠤᠯ ᠤᠨ ᠪᠠᠭᠰᠢ ᠶᠢᠨ ᠶᠡᠭᠡ | ᠰᠤᠷᠭᠠᠭᠤᠯᠢ ᠶᠢᠨ ᠬᠠᠷᠢᠶᠠᠳᠤ ᠲᠤᠮᠳᠠᠳᠤ ᠰᠤᠷᠭᠠᠭᠤᠯᠢ ᠶᠢᠨ 180 ᠰᠤᠷᠤᠬᠴᠢ ᠪᠠᠭᠰᠢ ᠶᠢᠨ ᠢᠶᠠᠨ ᠲᠠᠭᠠᠭᠤᠯᠭ᠎ᠠ ᠪᠠᠷ | ᠦᠵᠡᠰᠬᠦᠯᠡᠩ ᠢ ᠰᠤᠨᠢᠷᠬᠠᠬᠤ ᠪᠠᠷ ᠢᠷᠡᠭᠰᠡᠨ ᠨᠢ ᠡᠨᠡ ᠪᠠᠶᠢᠵᠠᠢ᠃ ᠴᠣᠬᠲᠣᠨᠠᠷᠠᠨ ᠤᠯᠠᠩᠬᠢ ᠨᠤᠮ | ᠴᠤᠬᠯᠠᠭᠤᠯᠤᠬᠴᠢᠳ ᠬᠠᠳᠠᠭᠠᠯᠠᠬᠴᠢᠳ ᠲᠠᠢ ᠠᠳᠠᠯᠢ ᠪᠠᠷ ᠬᠠᠳᠠᠭᠠᠯᠠᠬᠰᠠᠨ ᠨᠤᠮ ᠢᠶᠠᠨ ᠬᠤᠷᠢᠶᠠᠭᠠᠳ ᠰᠠᠭᠤᠳᠠᠬ | ᠪᠢᠰᠢ᠂ ᠬᠠᠷᠢᠨ ᠨᠤᠮ ᠲᠤᠳᠤᠷ᠎ᠠ ᠰᠢᠩᠭᠡᠭᠰᠡᠨ ᠡᠷᠳᠡᠮ ᠤᠬᠠᠭᠠᠨ ᠢ ᠨᠡᠩ ᠤᠯᠠᠨ ᠬᠦᠮᠦᠨ ᠳᠤ ᠡᠳ᠋ᠯᠡᠬᠦᠯᠬᠦ ᠶᠢ | ᠪᠤᠳᠤᠵᠤ ᠶᠠᠪᠤᠳᠠᠬ᠃ ᠲᠡᠷᠡ 200 ᠭᠠᠷᠤᠢ ᠲᠦᠮᠡᠨ ᠲᠦᠬᠦᠷᠢᠭ ᠵᠠᠷᠤᠴᠠᠭᠤᠯᠤᠨ ᠬᠤᠳᠠᠯᠳᠤᠨ ᠠᠪᠤᠬᠰᠠᠨ | ᠨᠤᠮ ᠢᠶᠠᠨ ᠬᠦᠬᠡᠬᠤᠳᠠ ᠳᠤ ᠭᠤᠷᠪᠠᠨ ᠭᠠᠵᠠᠷ ᠬᠤᠪᠢᠶᠠᠨ ᠲᠠᠯᠪᠢᠵᠤ᠂ ᠡᠷᠢᠵᠦ ᠬᠦᠷᠦᠭᠰᠡᠨ ᠬᠦᠮᠦᠨ ᠳᠡᠭᠡᠨ ᠦᠨ᠎ᠡ | ᠲᠦᠯᠦᠪᠦᠷᠢ ᠦᠬᠡᠢ ᠪᠠᠷ ᠵᠢᠬᠡᠯᠡᠬᠦᠯᠦᠨ ᠤᠩᠰᠢᠭᠤᠯᠳᠠᠬ᠃ ᠪᠠᠰᠠ ᠡᠨᠡ ᠵᠢᠯ ᠤᠨ ︽ᠨᠤᠮ ᠲᠠᠢ ᠮᠤᠩᠭᠤᠯ︾ | ᠠᠵᠢᠯᠯᠠᠭᠠᠨ ᠳᠤ᠂ 500 ᠭᠠᠷᠤᠢ ᠨᠤᠮ ᠢ ᠲᠤᠷᠰᠢᠯᠳᠠ ᠶᠢᠨ ᠪᠠᠭ᠎ᠠ ᠰᠤᠷᠭᠠᠭᠤᠯᠢ ᠶᠢᠨ ᠬᠡᠦᠬᠡᠳ ᠤᠳ ᠲᠤ | ᠬᠠᠨᠳᠢᠪᠯᠠᠵᠠᠢ᠃ ᠤᠳᠤ ᠪᠣᠯᠬᠤ ᠳᠤ᠂ ᠲᠡᠷᠡ ᠨᠢᠬᠡᠨᠳᠡ ᠬᠦᠮᠦᠨ ᠠᠷᠠᠳ ᠲᠠᠭᠠᠨ 5000 ᠨᠤᠮ ᠬᠠᠨᠳᠢᠪᠯᠠᠭᠠᠳ᠂ | ᠬᠤᠵᠢᠮ ᠨᠡᠶᠢᠬᠡᠮ ᠨᠡᠶᠢᠳᠡ ᠳᠤ ᠬᠠᠨᠳᠤᠭᠤᠯᠤᠬᠰᠠᠨ ᠤᠩᠰᠢᠯᠭ᠎ᠠ ᠶᠢᠨ ᠦᠷᠦᠬᠡ ᠪᠠᠶᠢᠭᠤᠯᠤᠨ᠂ ᠬᠦᠮᠦᠰ ᠲᠤ ᠦᠨ᠎ᠡ | ᠲᠦᠯᠦᠪᠦᠷᠢ ᠦᠬᠡᠢ ᠪᠠᠷ ᠨᠤᠮ ᠤᠩᠰᠢᠭᠤᠯᠬᠤ ᠬᠡᠵᠦ ᠪᠤᠳᠤᠵᠤ ᠰᠡᠳᠬᠢᠵᠦ ᠶᠠᠪᠤᠨ᠎ᠠ᠃ | ᠤᠷᠠᠨ ᠬᠠᠳᠬᠤᠮᠠᠯ ᠤᠨ ︽ᠨᠢᠭᠤᠴᠠ ᠲᠤᠪᠴᠢᠶᠠᠨ︾ | ᠰᠠᠨᠠᠭ᠎ᠠ ᠤᠷᠠᠨ ᠪᠤᠯ ᠭᠠᠷ ᠤᠷᠠᠨ ᠬᠡᠵᠦ ᠮᠤᠩᠭᠤᠯᠴᠤᠳ ᠰᠡᠴᠡᠯᠡᠳᠡᠭ᠃ ᠦᠵᠡᠰᠬᠦᠯᠡᠩ ᠤᠨ ᠲᠦᠪ ᠭᠤᠤᠯ ᠳᠠᠬᠢ | ᠬᠠᠨᠠᠨ ᠳ᠋ᠡᠷᠡ ᠰᠤᠷᠪᠤᠯᠵᠢᠯᠠᠭ᠎ᠠ ᠪᠠᠷ ︽ᠤᠳᠤ ᠶᠢᠨ ᠬᠡᠦᠬᠡᠳ ᠤᠳ ᠨᠢᠭᠤᠴᠠ ᠲᠤᠪᠴᠢᠶᠠᠨ ᠪᠠᠶᠢᠳᠤᠭᠠᠢ ᠡᠩ ᠤᠨ | ᠨᠤᠮ ᠢᠶᠠᠨ ᠴᠤ ᠤᠩᠰᠢᠬᠤ ᠪᠠᠨ ᠪᠠᠶᠢᠬᠰᠨᠨ᠃ ︿ᠮᠤᠩᠭᠤᠯ ᠤᠨ ᠨᠢᠭᠤᠴᠠ ᠲᠤᠪᠴᠢᠶᠠᠨ﹀ ᠢ ᠬᠠᠳᠬᠤᠮᠠᠯᠯᠠᠵᠤ | ᠭᠠᠷᠭᠠᠪᠠᠯ ᠬᠤᠵᠢᠮ ᠤᠨ ᠦᠷ᠎ᠠ ᠬᠤᠶᠢᠴᠢᠰ ᠲᠠᠭᠠᠨ ᠦᠪ ᠪᠤᠯᠭᠠᠨ ᠦᠯᠡᠳᠡᠭᠡᠵᠦ ᠪᠤᠯᠬᠤ ᠪᠦᠬᠡᠳ ᠢᠳᠡᠭ | ᠢᠳᠡᠭ ᠢᠶᠠᠷ ᠬᠠᠶᠠᠬᠳᠠᠵᠤ ᠪᠠᠶᠢᠭ᠎ᠠ ᠮᠤᠩᠭᠤᠯ ᠪᠦᠰᠡᠬᠦ᠋ᠢᠴᠦᠳ ᠤᠨ ᠦᠢᠯᠡ ᠤᠶᠤᠳᠠᠯ ᠤᠨ ᠤᠷ᠎ᠠ ᠠᠪᠢᠶᠠᠰ ᠢ ᠴᠤ | ᠮᠦᠩᠬᠡᠯᠡᠨ ᠦᠯᠡᠳᠡᠭᠡᠵᠦ ᠪᠤᠯᠤᠨ᠎ᠠ︾ ᠭᠡᠵᠦ ᠶᠠᠷᠢᠵᠤ ᠪᠠᠶᠢᠯ᠎ᠠ᠃ ᠮ᠊ • ᠠᠯᠤᠰ ᠪᠠᠭ᠎ᠠ ᠵᠠᠯᠠᠭᠤ ᠠᠴᠠ ᠪᠠᠨ | ᠰᠤᠷᠭᠠᠭᠤᠯᠢ ᠰᠤᠶᠤᠯ ᠤᠨ ᠮᠦᠷ ᠬᠦᠬᠡᠬᠡᠵᠦ᠂ ᠠᠵᠢᠯ ᠶᠠᠪᠤᠳᠠᠯ ᠬᠡᠵᠦ ᠶᠠᠭᠠᠷᠠᠬᠰᠠᠭᠠᠷ ᠦᠢᠯᠡ ᠤᠶᠤᠳᠠᠯ ᠠᠴᠠ ᠪᠠᠨ | ᠨᠡᠯᠢᠶᠡᠳ ᠵᠠᠶᠢᠳᠠᠴᠢᠬᠠᠬᠰᠠᠨ ᠪᠠᠶᠢᠵᠠᠢ᠃ ᠬᠡᠬᠦ ᠳᠡᠭᠡᠨ ᠡᠮᠡᠭᠡ ᠡᠵᠢ ᠪᠤᠯᠤᠨ ᠡᠵᠢ ᠶᠢᠨ ᠬᠢᠨᠢ ᠦᠶ᠎ᠠ ᠳᠤ ᠴᠦᠮ | ᠦᠢᠯᠡ ᠤᠶᠤᠵᠤ ᠪᠠᠶᠢᠬᠰᠠᠨ ᠪᠤᠯᠬᠤᠷ ᠤᠢ ᠲᠦᠢᠨ ᠳᠤᠨᠢ ᠤᠷᠠᠨ ᠬᠠᠳᠬᠤᠮᠠᠯ ᠤᠨ ᠠᠪᠢᠶᠠᠰ ᠮᠠᠨᠠᠬᠳᠠᠵᠤ | ᠪᠠᠶᠢᠬᠰᠠᠨ ᠤ ᠠᠴᠢ ᠪᠠᠷ 5 ᠵᠢᠯ ᠤᠨ ᠴᠠᠬ ᠵᠠᠷᠤᠴᠠᠭᠤᠯᠤᠨ 12 ᠪᠦᠯᠦᠭ ᠤᠨ ︽ᠮᠤᠩᠭᠤᠯ ᠤᠨ ᠨᠢᠭᠤᠴᠠ | ᠲᠤᠪᠴᠢᠶᠠᠨ︾ ᠢ ᠬᠠᠳᠬᠤᠮᠠᠯᠯᠠᠨ ᠭᠠᠷᠭᠠᠵᠠᠢ᠃ ᠲᠡᠬᠦᠨ ᠤ ᠬᠠᠳᠬᠤᠮᠠᠯ ᠳᠤ᠂ ᠠᠷᠤ ᠬᠤᠷᠴᠢᠨ ᠤᠶᠤᠳᠠᠯ ᠤᠨ | ᠮᠤᠰᠬᠢᠮᠠᠯ᠂ ᠤᠷᠢᠶᠠᠮᠠᠯ᠂ ᠰᠡᠶᠢᠯᠦᠮᠡᠯ᠂ ᠨᠠᠭᠠᠮᠠᠯ ᠢ ᠰᠢᠩᠬᠡᠬᠡᠨ ᠤᠷᠤᠭᠤᠯᠵᠤ ᠴᠢᠳᠠᠬᠰᠠᠨ ᠪᠦᠬᠡᠳ ᠨᠢᠭᠤᠴᠠ | ᠲᠤᠪᠴᠢᠶᠠᠨ ᠤ ᠠᠷᠪᠠᠨ ᠬᠤᠶᠠᠷ ᠨᠢᠭᠤᠷ ᠤᠨ ︽ᠮᠤᠩᠭᠤᠯ ᠤᠨ ᠨᠢᠭᠤᠴᠠ ᠲᠤᠪᠴᠢᠶᠠᠨ︾ ᠬᠡᠬᠦ ᠦᠰᠦᠭ ᠢ ᠬᠡ | ᠤᠭᠠᠯᠵᠠ᠂ ᠡᠪᠬᠡᠮᠡᠯ ᠲᠢᠭ᠂ ᠬᠦᠢᠯᠡᠰᠦᠨ ᠬᠤᠸᠠᠷ᠂ ᠲᠦᠷᠪᠡᠨ ᠬᠦᠴᠦᠳᠡᠨ ᠢᠶᠠᠷ ᠴᠢᠮᠡᠭᠯᠡᠨ ᠤᠶᠦᠵᠠᠢ᠃ ᠪᠠᠰᠠ | ᠴᠢᠩᠬᠢᠰ ᠬᠠᠭᠠᠨ ᠤ ᠪᠠᠭᠠᠳᠤᠷ ᠤᠳ ᠢ ᠠᠯᠲᠠᠷᠲᠣ ᠵᠢᠷᠣᠬᠴᠢᠨ ᠰᠡᠴᠡᠨ ᠤ ᠵᠢᠷᠤᠬᠰᠠᠨ ᠵᠢᠷᠤᠬ ᠢ ᠦᠨᠳᠦᠰᠦᠯᠡᠨ | ᠬᠠᠳᠬᠤᠮᠠᠯᠯᠠᠵᠤ ᠭᠠᠷᠭᠠᠭᠠᠳ ᠰᠢᠯᠦᠭ ᠬᠠᠪᠰᠤᠷᠭᠠᠬᠰᠠᠨ ᠨᠢ ᠠᠵᠢᠬᠯᠠᠬᠳᠠᠵᠤ ᠪᠠᠶᠢᠯ᠎ᠠ᠃ ᠦᠵᠡᠰᠬᠦᠯᠡᠩ ᠢ ᠨᠠ᠊ • | ᠰᠠᠶᠢᠰᠢᠶᠠᠯᠳᠤ᠂ ᠦ᠊ • ᠨᠠᠷᠠᠨᠪᠠᠳᠤ ᠵᠡᠷᠬᠡ ᠶᠢᠨ ᠠᠬᠰᠢᠷᠠᠭ᠎ᠠ ᠪᠤᠭᠤᠷᠤᠯ ᠡᠷᠳᠡᠮᠳᠡᠨ ᠮᠡᠷᠭᠡᠳ᠂ ᠲᠤᠮᠳᠠᠳᠤ | ᠰᠤᠷᠭᠠᠭᠤᠯᠢ ᠶᠢᠨ ᠰᠤᠷᠤᠬᠴᠢᠳ᠂ ᠵᠠᠯᠠᠭᠤ ᠤᠶᠤᠳᠠᠳ᠂ ᠨᠡᠶᠢᠬᠡᠮ ᠤᠨ ᠡᠯ᠎ᠡ ᠡᠳᠡᠭᠡᠳ ᠤᠨ ᠬᠢᠨ ᠬᠦᠷᠴᠦ | ᠰᠤᠨᠢᠷᠬᠠᠬᠰᠠᠨ ᠢᠶᠠᠷ ᠪᠠᠷᠠᠬᠤ ᠦᠬᠡᠢ᠂ ᠭᠧᠷᠮᠠᠨ᠂ ᠶᠠᠫᠤᠨ ᠤ ᠡᠷᠳᠡᠮᠳᠡᠳ᠂ ᠮᠤᠩᠭᠤᠯ ᠤᠯᠤᠰ ᠤᠨ ᠡᠷᠳᠡᠮᠳᠡᠳ | ᠤᠶᠤᠳᠠᠳ ᠬᠦᠷᠴᠦ ᠠᠮᠳᠠᠷᠬᠠᠨ ᠰᠤᠨᠢᠷᠬᠠᠵᠠᠢ᠃ | ᠮᠤᠩᠭᠤᠯ ᠤᠯᠤᠰ ᠲᠠᠬᠢ ︽ᠨᠢᠭᠤᠴᠠ ᠲᠤᠪᠴᠢᠶᠠᠨ︾ | ᠤᠳᠤᠮ ᠨᠢᠭᠡᠳᠡᠢ ᠬᠦᠷᠰᠢ ᠵᠡᠷᠬᠡᠯᠡᠳᠡᠭᠡ ᠮᠤᠩᠭᠤᠯ ᠤᠯᠤᠰ ᠤᠨ ᠬᠢᠨ ︽ᠮᠤᠩᠭᠤᠯ ᠤᠨ ᠨᠢᠭᠤᠴᠠ ᠲᠤᠪᠴᠢᠶᠠᠨ︾ ᠢ | ᠬᠢᠷᠢ ᠵᠡᠷᠬᠡ ᠰᠤᠨᠢᠷᠬᠠᠨ ᠰᠤᠳᠤᠯᠳᠠᠬ ᠪᠤᠯᠬᠤ ᠶᠢ ᠮᠡᠳᠡᠬᠦ ᠪᠠᠷ ᠮᠤᠩᠭᠤ᠋ ᠤᠯᠤᠰ ᠤᠨ ᠲᠦᠷᠦᠳᠦ ᠶᠤᠰᠤ ᠬᠠᠭᠠᠳ ᠤᠨ | ᠰᠠᠩ ᠤᠨ ᠬᠡᠷᠡᠭ ᠮᠡᠳᠡᠭᠴᠢᠳ ᠤᠨ ᠲᠠᠷᠤᠭ᠎ᠠ ᠬᠦᠡᠦ᠋ᠢᠯᠡᠰ ᠢ ᠰᠤᠷᠪᠤᠯᠵᠢᠯᠠᠬᠤ ᠳᠤ ᠲᠡᠷᠡ ︽︿ᠮᠤᠩᠭᠤᠯ ᠤᠨ | ᠨᠢᠭᠤᠴᠠ ᠲᠤᠪᠴᠢᠶᠠᠨ﹀ ᠢ ᠮᠠᠨ ᠤ ᠬᠢᠨ ᠤ ᠡᠷᠳᠡᠮ ᠰᠢᠨᠵᠢᠯᠡᠬᠡᠨ ᠤ ᠬᠦᠷᠢᠶᠡᠨ ᠳᠤ ᠮᠠᠰᠢ ᠬᠦᠨᠳᠦᠳᠬᠡᠨ ᠰᠤᠳᠤᠯᠵᠤ | ᠤᠯᠠᠨ ᠨᠤᠮ ᠭᠠᠷᠭᠠᠳᠠᠬ᠂ ᠬᠠᠷᠢᠨ ᠵᠠᠯᠠᠭᠤᠴᠤᠳ ᠪᠠᠭᠠᠴᠤᠳ ᠭᠠᠳᠠᠭᠠᠳᠤ ᠶᠢᠨ ᠰᠤᠶᠤᠯ ᠤᠷᠤᠭᠤ ᠬᠤᠰᠢᠭᠤᠷᠠᠭᠠᠳ | ᠨᠢᠭᠤᠴᠠ ᠲᠤᠪᠴᠢᠶᠠᠨ ᠢ ᠲᠡᠳᠦ᠋ᠢᠯᠡ ᠰᠤᠨᠢᠷᠬᠠᠳᠠᠬ ᠦᠬᠡᠢ᠂ ᠡᠨᠡ ᠲᠠᠯ᠎ᠠ ᠪᠠᠷ ᠦᠪᠦᠷ ᠮᠤᠩᠭᠤᠯᠴᠤᠳ ᠮᠠᠨ ᠠᠴᠠ | ᠲᠦᠷᠦᠬᠦᠯᠡᠵᠦ ᠪᠠᠶᠢᠨ᠎ᠠ︾ ᠬᠡᠵᠦ ᠶᠠᠷᠢᠨ᠎ᠠ᠃ ᠴᠤᠬᠳᠤᠨᠠᠷᠠᠨ ᠢ ᠶᠠᠭᠠᠬᠢᠭᠠᠳ ᠮᠤᠩᠭᠤᠯ ᠤᠯᠤᠰ ᠤᠨ ᠲᠦᠷᠦᠳᠦ | ᠶᠤᠰᠤ ᠬᠠᠭᠠᠳ ᠤᠨ ᠰᠠᠩ ᠤᠨ ᠦᠪᠦᠷ ᠮᠤᠩᠭᠤᠯ ᠳᠠᠬᠢ ᠪᠦᠷᠢᠨ ᠡᠷᠬᠡᠳᠦ ᠵᠠᠬᠢᠷᠤᠯ ᠢᠶᠠᠷ ᠲᠤᠮᠢᠯᠠᠬᠰᠠᠨ ᠲᠤᠬᠠᠢ | ᠰᠤᠨᠢᠭᠤᠴᠢᠯᠠᠬᠤ ᠳᠤ ᠲᠡᠷᠡ ︽ᠡᠨᠡ ᠵᠠᠯᠠᠭᠤ ᠮᠤᠩᠭᠤᠯ ᠲᠡᠦᠬᠡ ᠰᠤᠶᠤᠯ ᠳᠠᠭᠠᠨ ᠰᠡᠳᠬᠢᠯ ᠤᠨ ᠤᠬ ᠠᠴᠠ ᠪᠠᠨ | ᠬᠠᠶᠢᠷᠠᠳᠠᠢ᠂ ᠪᠠᠰᠠ ᠦᠨᠡᠨᠴᠢ ᠰᠢᠳᠤᠷᠭᠤ ᠡᠷᠡᠰ ᠰᠢᠭᠤᠷᠬᠠᠢ ᠪᠠᠶᠢᠳᠠᠬ ᠢ ᠨᠢ ᠲᠤᠭᠤᠭᠠᠳ ᠪᠢᠳᠡ ᠲᠡᠬᠦᠨ ᠢ ᠪᠦᠷᠢᠨ | ᠡᠷᠬᠡᠳᠦ ᠵᠠᠬᠢᠷᠤᠯ ᠢᠶᠠᠷ ᠲᠤᠮᠢᠯᠠᠬᠰᠠᠨ ᠯᠡ ᠳ᠋ᠠ︾ ᠬᠡᠨ᠎ᠡ᠃ ᠬᠦᠡᠦ᠋ᠢᠯᠡᠰ ᠤᠨ ᠲᠠᠷᠤᠭᠠᠯᠠᠬᠰᠠᠨ ᠮᠤᠩᠭᠤᠯ ᠤᠯᠤᠰ ᠤᠨ | ᠲᠦᠷᠦᠰᠦ ᠶᠤᠰᠤ ᠬᠠᠭᠠᠳ ᠤᠨ ᠰᠠᠩ ᠬᠡᠭᠴᠢ ᠪᠤᠯ 16 ᠵᠢᠯ ᠤᠨ ᠡᠮᠦᠨ᠎ᠡ ᠮᠤᠩᠭᠤᠯ ᠤᠨ ᠲᠤᠮᠤ ᠲᠤᠮᠤ ᠡᠷᠳᠡᠮᠳᠡᠨ | ᠮᠡᠷᠭᠡᠳ ᠤᠨ ᠰᠠᠨᠠᠭᠠᠴᠢᠯᠠᠭ᠎ᠠ ᠪᠠᠷ ᠪᠠᠶᠢᠭᠤᠯᠤᠬᠳᠠᠬᠰᠠᠨ᠂ ᠮᠤᠩᠭᠤᠯ ᠲᠡᠦᠬᠡ ᠰᠤᠶᠤᠯ ᠢᠶᠠᠨ ᠵᠠᠯᠭᠠᠮᠵᠢᠯᠠᠨ | ᠦᠯᠡᠳᠡᠬᠡᠵᠦ ᠶᠡᠭᠡ ᠲᠡᠦᠬᠡ ᠪᠠᠷ ᠢᠶᠠᠨ ᠪᠠᠭ᠋ᠠᠷᠬᠠᠬᠤ ᠰᠡᠳᠬᠢᠯᠬᠡ ᠶᠢ ᠪᠤᠢ ᠪᠤᠯᠭᠠᠬᠤ ᠵᠤᠷᠢᠯᠭ᠎ᠠ ᠲᠠᠢ ᠪᠠᠷ᠂ ᠲᠡᠦᠬᠡ | ᠰᠤᠶᠤᠯ ᠢᠶᠠᠨ ᠰᠤᠳᠤᠯᠤᠨ ᠶᠡᠭᠡ ᠬᠠᠭᠠᠳ ᠤᠨ ᠰᠡᠳᠦᠪ ᠠᠭᠤᠯᠭ᠎ᠠ ᠲᠠᠢ ᠤᠷᠠᠨ ᠪᠦᠳᠦᠬᠡᠯ ︵ᠬᠦᠰᠢᠶ᠎ᠡ ᠪᠠᠷᠢᠮᠠᠯ᠂ | ᠤᠷᠠᠨ ᠵᠢᠷᠤᠬ᠂ ᠨᠤᠮ᠂ ᠺᠢᠨᠣ᠋ ᠲᠧᠯᠸᠢᠰ ᠢ ᠴᠦᠮ ᠪᠠᠭᠳᠠᠭᠠᠨ᠎ᠠ︶ ᠲᠤᠭᠤᠷᠪᠢᠳᠠᠬ᠂ ᠦᠪᠦᠷ ᠮᠤᠩᠭᠤᠯ ᠪᠤᠯᠤᠨ | ᠤᠷᠤᠰ ᠲᠤ ᠴᠦᠮ ᠬᠤᠪᠢᠶᠠᠷᠢ ᠪᠠᠶᠢᠭᠤᠯᠤᠯᠭ᠎ᠠ ᠲᠠᠢ ᠲᠤᠮᠤ ᠪᠠᠶᠢᠭᠤᠯᠤᠯᠭ᠎ᠠ ᠬᠡᠰᠡᠨ ᠢ ᠶᠠᠷᠢᠯᠴᠠᠭᠠᠨ ᠠᠴᠠ ᠮᠡᠳᠡᠯ᠎ᠡ᠃ | ᠶᠡᠷᠦᠨᠢ ᠮᠤᠩᠭᠤᠯ ᠤᠯᠤᠰ ᠲᠤ ︽ᠮᠤᠩᠭᠤᠯ ᠤᠨ ᠨᠢᠭᠤᠴᠠ ᠲᠤᠪᠴᠢᠶᠠᠨ︾ ᠤ ᠰᠢᠨᠵᠢᠯᠡᠭᠡ ᠰᠤᠳᠤᠯᠭᠠᠨ ᠤ ᠤᠯᠠ | ᠮᠦᠷ ᠢ ᠬᠠᠶᠢᠬᠤ ᠳᠤ᠂ ᠵᠠᠭᠤᠭᠠᠳ ᠵᠢᠯ ᠤᠨ ᠡᠮᠦᠨᠡᠬᠢ 1917 ᠤᠨ ᠳᠤ᠂ ᠲᠠᠭᠤᠷ ᠤᠨ ᠴᠡᠩᠳᠦ ᠬᠦᠩ ᠬᠡᠳᠡᠭ | ᠬᠦᠮᠦᠨ ᠭᠠᠯᠢᠬᠯᠠᠵᠤ ᠦᠯᠡᠳᠡᠭᠡᠭᠰᠡᠨ ᠬᠢᠳᠠᠳ ᠬᠡᠯᠡᠨ ᠠᠴᠠ ᠮᠤᠩᠭᠤᠯ ᠬᠡᠯᠡ ᠤᠷᠤᠭᠤ ᠪᠠᠨ ᠬᠦᠷᠪᠡᠬᠦᠯᠦᠨ | ᠦᠯᠡᠳᠡᠭᠡᠵᠡᠢ᠃ 1947 ᠤᠨ ᠳᠤ᠂ ᠮᠤᠩᠭᠤᠯ ᠤᠯᠤᠰ ᠤᠨ ᠶᠡᠭᠡ ᠡᠷᠳᠡᠮᠳᠡᠨ ᠴ᠊ • ᠲᠠᠮᠳᠢᠡᠰᠦ᠋ᠷᠦᠩ ᠤᠷᠴᠢᠨ | ᠴᠠᠬ ᠤᠨ ᠮᠤᠩᠭᠤᠯ ᠬᠡᠯᠡᠨ ᠳᠤ ᠤᠷᠴᠢᠭᠤᠯᠵᠤ᠂ ᠡᠨᠡ ᠤᠷᠴᠢᠭᠤᠯᠭ᠎ᠠ ᠨᠢ ᠬᠠᠮᠤᠬ ᠤᠨ ᠤᠷᠠᠨ ᠨᠠᠶᠢᠳᠠᠪᠤᠷᠢᠳᠠᠢ | ᠤᠳᠬ᠎ᠠ ᠲᠡᠬᠦᠯᠳᠡᠷ ᠤᠷᠴᠢᠭᠤᠯᠭ᠎ᠠ ᠬᠡᠵᠦ ᠦᠨᠡᠯᠡᠭᠳᠡᠭᠰᠡᠨ ᠪᠠᠶᠢᠳᠠᠬ᠃ ᠶᠡᠷᠡᠭᠡᠳ ᠤᠨ ᠪᠤᠯᠤᠭᠠᠳ ︽ᠮᠤᠩᠭᠤᠯ ᠤᠨ | ᠨᠢᠭᠤᠴᠠ ᠲᠤᠪᠴᠢᠶᠠᠨ︾ ᠤ ᠲᠤᠬᠠᠢ ᠰᠤᠳᠤᠯᠭᠠᠨ ᠤᠯᠠᠮ ᠡᠷᠴᠢ ᠬᠦᠴᠦᠳᠡᠢ ᠦᠷᠨᠢᠵᠦ᠂ ᠬᠦᠷᠪᠡᠬᠦᠯᠬᠡ᠂ | ᠤᠷᠴᠢᠭᠤᠯᠭ᠎ᠠ᠂ ᠲᠠᠶᠢᠯᠪᠤᠷᠢᠯᠠᠯᠳᠠ ᠮᠡᠳᠦ ᠶᠢᠨ ᠤᠯᠠᠨ ᠰᠠᠶᠢᠬᠠᠨ ᠪᠦᠳᠦᠬᠡᠯ ᠮᠡᠨᠳᠦᠯᠡᠬᠡᠳ ᠲᠡᠯᠡᠬᠡᠢ ᠨᠡᠶᠢᠳᠡ ᠶᠢᠨ | ᠠᠩᠬᠠᠷᠤᠯ ᠳᠤ ᠬᠦᠷᠴᠡᠢ᠃ 2004 ᠤᠨ ᠳᠤ ᠮᠤᠩᠭᠤᠯ ᠤᠯᠤᠰ ᠤᠨ ᠬᠤᠶᠠᠳᠠᠬᠢ ᠶᠡᠷᠦᠩᠬᠡᠶᠢᠯᠡᠭᠴᠢ ᠪᠠᠭᠠᠪᠠᠨᠳᠢ | ᠮᠤᠩᠭᠤᠯ ᠤᠨ ᠨᠢᠭᠤᠴᠠ ᠲᠤᠪᠴᠢᠶᠠᠨ ᠢ ᠡᠷᠬᠢᠮᠯᠡᠨ ᠲᠡᠭᠡᠳᠦᠯᠡᠬᠦ ᠵᠠᠷᠯᠢᠬ ᠪᠠᠭᠤᠯᠭᠠᠨ᠂ ᠠᠷᠠᠳ ᠨᠡᠶᠢᠳᠡ ᠪᠠᠷ ᠢᠶᠠᠨ | ᠮᠤᠩᠭᠤᠯ ᠤᠨ ᠨᠢᠭᠤᠴᠠ ᠲᠤᠪᠴᠢᠶᠠᠨ ᠤ ᠪᠠᠶᠠᠯᠢᠬ ᠠᠭᠤᠯᠭ᠎ᠠ ᠲᠠᠢ ᠲᠠᠨᠢᠯᠴᠠᠶ᠎ᠠ ᠬᠡᠵᠦ ᠤᠷᠢᠶᠠᠯᠠᠬᠰᠠᠨ ᠠᠴᠠ ᠭᠠᠳᠠᠨ᠎ᠠ | ᠶᠡᠭᠡ ᠮᠤᠩᠭᠤᠯ ᠤᠯᠤᠰ ᠪᠠᠶᠢᠭᠤᠯᠤᠬᠳᠠᠬᠰᠠᠨ 800 ᠵᠢᠯ ᠤᠨ ᠤᠢ ᠳᠤ᠂ ︽ᠮᠤᠩᠭᠤᠯ ᠤᠨ ᠨᠢᠭᠤᠴᠠ ᠲᠤᠪᠴᠢᠶᠠᠨ︾ | ᠢ ᠮᠦᠩᠬᠦ ᠪᠠᠷ ᠪᠦᠳᠦᠬᠡᠵᠦ ᠦᠬᠡ ᠦᠰᠦᠭ ᠪᠦᠷᠢ ᠶᠢ ᠨᠢ ᠠᠯᠳᠠ ᠪᠠᠷ ᠰᠢᠷᠠᠬᠰᠠᠨ ᠴᠤᠷᠢ ᠶᠢᠨ ᠭᠠᠭᠴᠠ ᠪᠠᠷ ᠢ | ᠮᠤᠩᠭᠤᠯ ᠤᠯᠤᠰ ᠤᠨ ᠲᠦᠷᠦ ᠶᠢᠨ ᠤᠷᠳᠤᠨ ᠳᠤ ᠵᠠᠯᠠᠵᠤ ᠲᠠᠯᠪᠢᠵᠠᠢ᠃ | ᠲᠦᠬᠡᠵᠦ ᠲᠡᠯᠭᠡᠷᠡᠭᠰᠡᠨ ︽ᠨᠢᠭᠤᠴᠠ ᠲᠤᠪᠴᠢᠶᠠᠨ︾ | ᠮᠤᠩᠭᠤᠯᠴᠤᠳ ᠮᠠᠨᠢ ᠤᠢᠢᠷ᠎ᠠ ᠶᠢᠨ ᠵᠢᠯ ᠠᠴᠠ ︽ᠮᠤᠩᠭᠤᠯ ᠤᠨ ᠨᠢᠭᠤᠴᠠ ᠲᠤᠪᠴᠢᠶᠠᠨ︾ ᠢ ᠶᠠᠰᠤ᠂ ᠴᠢᠯᠠᠭᠤ᠂ | ᠮᠤᠳᠤ᠂ ᠪᠦᠰ ᠵᠡᠷᠬᠡ ᠤᠯᠠᠨ ᠵᠦᠢᠯ ᠤᠨ ᠶᠠᠭᠤᠮᠠᠨ ᠳᠤ ᠤᠯᠠᠨ ᠵᠦᠢᠯ ᠤᠨ ᠲᠦᠷᠰᠦ ᠬᠡᠯᠪᠡᠷᠢ ᠪᠠᠷ ᠤᠷᠠᠯᠠᠨ | ᠪᠦᠳᠦᠬᠡᠵᠦ ᠪᠠᠶᠢᠬᠤ ᠨᠢ ︽ᠮᠤᠩᠭᠤᠯ ᠤᠨ ᠨᠢᠭᠤᠴᠠ ᠲᠤᠪᠴᠢᠶᠠᠨ︾ ᠤ ᠤᠯᠠᠮᠵᠢᠯᠠᠯ ᠵᠠᠯᠭᠠᠮᠵᠢᠯᠠᠯ | ᠲᠡᠯᠭᠡᠷᠡᠬᠦᠯᠦᠯᠳᠡ ᠳᠤ ᠠᠰᠢᠬ ᠲᠠᠢ᠃ ᠡᠨᠡ ᠨᠢ ᠮᠤᠩᠭᠤᠯᠴᠤᠳ ᠲᠡᠦᠬᠡ ᠰᠤᠶᠤᠯ ᠢᠶᠠᠨ ᠲᠦᠬᠡᠬᠡᠨ ᠲᠡᠯᠭᠡᠷᠡᠬᠦᠯᠵᠦ᠂ | ᠭᠠᠳᠠᠷ ᠶᠢᠷᠳᠢᠨᠴᠦ ᠳᠤ ᠲᠠᠨᠢᠭᠤᠯᠵᠤ ᠪᠠᠶᠢᠬᠤ ᠶᠢᠨ ᠨᠢᠬᠡᠨ ᠢᠯᠡᠷᠡᠯ ᠮᠦᠨ᠃ ᠨᠡᠬᠡᠷᠡᠨ ᠮᠤᠩᠭᠤᠯ ᠤᠯᠤᠰ ᠤᠨ | ᠲᠦᠷᠦᠳᠦ ᠶᠤᠰᠤ ᠬᠠᠭᠠᠳ ᠤᠨ ᠰᠠᠩ ᠤᠨ ᠬᠡᠷᠡᠭ ᠮᠡᠳᠡᠭᠴᠢᠳ ᠤᠨ ᠲᠠᠷᠤᠭ᠎ᠠ ᠬᠦᠡᠦ᠋ᠢᠯᠡᠰ ᠤᠨ ᠶᠠᠷᠢᠬᠰᠠᠨ ᠮᠡᠳᠦ᠂ | ᠪᠢᠳᠡ ᠦᠪᠡᠰᠦᠪᠡᠨ ᠲᠦᠬᠡᠬᠡᠨ ᠲᠡᠯᠬᠡᠷᠡᠬᠦᠯᠬᠦ ᠦᠪᠡᠷᠳᠡᠬᠡᠨ ᠰᠤᠷᠳᠠᠯᠴᠢᠯᠠᠬᠤ ᠦᠬᠡᠢ ᠪᠤᠯ ᠪᠢᠳᠡᠨ ᠤ ᠡᠮᠦᠨ᠎ᠡ ᠠᠴᠠ | ᠬᠡᠨ ᠴᠤ ᠬᠦᠴᠦᠨ ᠵᠢᠳᠬᠦᠬᠦ ᠦᠬᠡᠢ᠃ ︽ᠮᠤᠩᠭᠤᠯ ᠤᠨ ᠨᠢᠭᠤᠴᠠ ᠲᠤᠪᠴᠢᠶᠠᠨ︾ ᠤ ᠦᠨ᠎ᠠ ᠴᠡᠨ᠎ᠡ ᠤᠳᠬ᠎ᠠ | ᠤᠴᠢᠷ ᠢ ᠪᠦᠬᠦ ᠠᠷᠠᠳ ᠲᠠᠭᠠᠨ ᠲᠠᠨᠢᠭᠤᠯᠤᠨ ᠮᠡᠳᠡᠬᠦᠯᠬᠦ ᠲᠤᠬᠠᠢ ᠦᠪᠦᠷ ᠮᠤᠩᠭᠤᠯ ᠤᠨ ᠶᠡᠭᠡ ᠰᠤᠷᠭᠠᠭᠤᠯᠢ ᠶᠢᠨ | ᠫᠷᠦᠹᠧᠰᠰᠤᠷ ᠪᠦᠷᠢᠠᠪᠠᠳᠤ ᠠᠴᠠ ᠰᠤᠷᠪᠤᠯᠵᠢᠯᠠᠭ᠎ᠠ ᠠᠪᠬᠤ ᠳᠤ ᠲᠡᠷᠡ ᠪᠠᠷ ︽ᠡᠷᠳᠡᠮ ᠰᠢᠨᠵᠢᠯᠡᠬᠡᠨ ᠤ ᠬᠦᠷᠢᠶᠡᠨ ᠳᠤ | ᠨᠢᠭᠤᠴᠠ ᠲᠤᠪᠴᠢᠶᠠᠨ ᠤ ᠦᠨ᠎ᠠ ᠴᠡᠨ᠎ᠡ ᠶᠢ ᠦᠨᠳᠦᠷ ᠦᠨᠡᠯᠡᠨ ᠬᠦᠨᠳᠦᠳᠬᠡᠨ ᠰᠤᠳᠤᠯᠵᠤ ᠪᠠᠶᠢᠳᠠᠬ᠂ ᠬᠠᠷᠢᠨ | ᠨᠢᠭᠤᠴᠠ ᠲᠤᠪᠴᠢᠶᠠᠨ ᠤ ᠦᠨ᠎ᠡ ᠦᠷᠳᠡᠭ ᠢ ᠬᠡᠷᠬᠢᠨ ᠪᠦᠬᠦ ᠠᠷᠠᠳ ᠲᠠᠭᠠᠨ ᠲᠠᠨᠢᠭᠤᠯᠤᠨ ᠮᠡᠳᠡᠬᠦᠯᠬᠦ ᠪᠤᠢ ᠬᠡᠳᠡᠭ | ᠠᠰᠠᠭᠤᠳᠠᠯ ᠪᠢᠳᠡᠨ ᠤ ᠡᠮᠦᠨ᠎ᠠ ᠲᠤᠯᠭᠠᠷᠠᠵᠤ ᠪᠠᠶᠢᠨ᠎ᠠ᠃ ᠤᠳᠤ ︿ᠮᠤᠩᠭᠤᠯ ᠤᠨ ᠨᠢᠭᠤᠴᠠ ᠲᠤᠪᠴᠢᠶᠠᠨ﹀ ᠢ ᠶᠠᠰᠤ | ᠴᠢᠯᠠᠭᠤ ᠮᠤᠳᠤᠨ ᠲᠡᠭᠡᠷ᠎ᠡ ᠰᠡᠶᠢᠯᠦᠨ ᠦᠯᠡᠳᠡᠬᠡᠬᠦ᠂ ᠤᠷᠠᠯᠠᠨ ᠬᠠᠳᠬᠤᠮᠠᠯᠯᠠᠬᠤ ᠵᠡᠷᠬᠡ ᠶᠢᠨ ᠤᠯᠠᠨ ᠵᠦᠢᠯ ᠤᠨ | ᠬᠡᠯᠪᠡᠷᠢ ᠲᠦᠷᠰᠦ ᠪᠠᠷ ᠢᠯᠡᠷᠡᠬᠦᠯᠬᠦ ᠨᠢ ᠨᠢᠬᠡᠨ ᠵᠦᠢᠯ ᠤᠨ ᠬᠡᠯᠪᠡᠷᠢᠯ ᠪᠤᠯᠤᠭᠠᠳ ᠪᠠᠶᠢᠨ᠎ᠠ᠂ ᠬᠤᠵᠢᠮ ᠪᠠᠰᠠ ᠨᠡᠩ | ᠤᠯᠠᠨ ᠵᠦᠢᠯ ᠤᠨ ᠬᠡᠯᠪᠡᠷᠢ ᠪᠠᠷ ᠢᠯᠡᠷᠡᠬᠦ ᠬᠠᠨᠳᠤᠰᠢ ᠲᠠᠢ᠃ ᠡᠶᠢᠮᠦᠷᠬᠦ ᠤᠯᠠᠨ ᠵᠦᠢᠯ ᠤᠨ ᠠᠷᠭ᠎ᠠ ᠪᠠᠷᠢᠯ ᠢᠶᠠᠷ | ᠰᠡᠶᠢᠷᠡᠬᠦᠯᠦᠨ ᠲᠤᠳᠤᠷᠠᠭᠤᠯᠬᠤ᠂ ᠰᠡᠶᠢᠯᠦᠨ ᠦᠯᠡᠳᠡᠭᠡᠬᠦ ᠶᠢ ᠪᠢᠳᠡ ᠭᠠᠳᠠᠭᠤᠷᠴᠢᠯᠠᠬᠤ ᠦᠬᠡᠢ᠃ ᠤᠯᠠᠨ ᠵᠦᠢᠯ ᠤᠨ | ᠬᠡᠯᠪᠡᠷᠢ ᠲᠦᠷᠰᠦ ᠪᠠᠷ ᠢᠯᠡᠷᠡᠬᠦᠯᠬᠦ ᠨᠢ ᠮᠦᠨᠴᠦ ᠬᠢᠪᠡᠰᠦ ᠵᠤᠬᠢᠬᠤ ᠵᠦᠢᠯ ᠪᠤᠯᠤᠨ᠎ᠠ᠃ ᠪᠢᠳᠡ ᠪᠠᠰᠠ ᠦᠰᠪᠦᠷᠢ ᠶᠢᠨ | ᠪᠠᠭᠠᠴᠤᠳ ᠲᠠᠭᠠᠨ ᠵᠤᠷᠢᠭᠤᠯᠤᠨ ᠺᠠᠷᠲ᠋ᠤᠨ ᠺᠢᠨᠣ᠋ ᠦᠢᠯᠡᠳᠬᠦ᠂ ᠲᠠᠶᠢᠰᠠᠨ ᠤ ᠤᠷᠠᠯᠢᠬ ᠢᠶᠠᠷ ᠢᠯᠡᠷᠡᠬᠦᠯᠬᠦ᠂ | ᠬᠡᠦᠬᠡᠳ ᠤᠨ ᠤᠩᠰᠢᠬᠤ ᠨᠤᠮ ᠵᠡᠷᠬᠡ ᠶᠢ ᠴᠦᠮ ᠭᠠᠷᠭᠠᠵᠤ ᠪᠤᠯᠤᠨ᠎ᠠ᠃ ᠶᠠᠷᠢᠶᠠᠨ ᠦᠬᠡᠢ᠂ ᠨᠢᠭᠤᠴᠠ ᠲᠤᠪᠴᠢᠶᠠᠨ | ᠬᠡᠳᠦᠢ ᠤᠯᠠᠨ ᠵᠦᠢᠯ ᠤᠨ ᠬᠡᠯᠪᠡᠷᠢ ᠲᠦᠷᠰᠦ ᠪᠠᠷ ᠢᠯᠡᠷᠡᠵᠦ ᠪᠠᠶᠢᠪᠠᠯ ᠮᠤᠩᠭᠤᠯ ᠤᠨ ᠨᠢᠭᠤᠴᠠ ᠲᠤᠪᠴᠢᠶᠠᠨ ᠢ | ᠲᠦᠬᠡᠬᠡᠨ ᠲᠡᠯᠬᠡᠷᠡᠬᠦᠯᠬᠦ ᠳᠤ ᠪᠤᠳᠠᠳᠤ ᠠᠴᠢ ᠬᠤᠯᠪᠤᠬᠳᠠᠯ ᠲᠠᠢ᠃ ᠭᠡᠬᠦ ᠳᠡᠭᠡᠨ ᠴᠢᠩᠬᠢᠰ ᠬᠠᠭᠠᠨ ᠤ ᠬᠦᠯᠦᠭ ᠤᠨ | ᠲᠤᠭᠤᠷᠠᠢ ᠪᠠᠷ ᠲᠡᠯᠡᠬᠡᠢ ᠳ᠋ᠠᠬᠢᠨ ᠢ ᠲᠦᠪᠰᠢᠳᠭᠡᠭᠰᠡᠨ ᠦᠯᠢᠬᠡᠷ ᠦᠢᠯᠡ ᠶᠠᠪᠤᠳᠠᠯ ᠢ ᠯᠡ ᠤᠩᠰᠢᠨ ᠪᠠᠭ᠋ᠠᠷᠬᠠᠬᠤ ᠪᠢᠰᠢ᠂ | ᠬᠠᠷᠢᠨ ᠲᠤᠬᠠᠢ ᠶᠢᠨ ᠦᠶ᠎ᠠ ᠶᠢᠨ ᠮᠤᠩᠭᠤᠯᠴᠤᠳ ᠤᠨ ᠦᠢᠯᠡᠰ ᠪᠦᠳᠦᠬᠡᠨ ᠤᠯᠤᠰ ᠪᠠᠶᠢᠭᠤᠯᠬᠤ ᠶᠢᠨ ᠲᠦᠯᠦᠬᠡ | ᠲᠡᠰᠪᠦᠷᠢ ᠬᠠᠳᠠᠭᠤᠵᠢᠯᠳᠠᠢ ᠲᠡᠮᠡᠴᠡᠭᠰᠡᠨ ᠵᠤᠷᠢᠬ ᠰᠠᠨᠠᠭ᠎ᠠ ᠶᠢ ᠰᠤᠷᠤᠯᠴᠠᠪᠠᠯ ᠲᠠᠭᠠᠷᠠᠨ᠎ᠠ︾ ᠬᠡᠵᠦ ᠶᠠᠷᠢᠨ᠎ᠠ᠃ | ᠨᠢᠭᠤᠴᠠ ᠲᠤᠪᠴᠢᠶᠠᠨ ᠦᠵᠡᠬᠦ ᠬᠡᠵᠦ ᠲᠡᠮᠡᠦᠯᠡᠭᠰᠡᠨ ᠬᠦᠮᠦᠰ ᠤᠪᠤᠨ ᠴᠤᠪᠤᠨ ᠤᠷᠤᠵᠤ ᠢᠷᠡᠵᠡᠬᠡᠨ᠎ᠡ᠃ ᠰᠠᠷ᠎ᠠ ᠶᠢᠨ | ᠡᠮᠦᠨ᠎ᠠ ᠠᠴᠠ ᠦᠵᠡᠰᠬᠦᠯᠡᠩ ᠡᠷᠬᠢᠯᠡᠬᠦ ᠬᠡᠵᠦ ᠮᠤᠩᠭᠠᠨᠢᠬᠰᠠᠨ ᠠᠯᠳᠠᠨ ᠬᠦᠷᠳᠦ ᠺᠤᠮᠫᠠᠨᠢ ᠶᠢᠨ ᠵᠠᠬᠢᠷᠤᠯ ᠪᠠᠶᠠᠭᠤᠳ · | ᠬᠠᠰᠪᠢᠯᠢᠭ᠌᠄ ︽ᠪᠢᠳᠡ ︿ᠮᠤᠩᠭᠤᠯ ᠤᠨ ᠨᠢᠭᠤᠴᠠ ᠲᠤᠪᠴᠢᠶᠠᠨ﹀ ᠢ ᠮᠤᠳᠤᠨ ᠲᠡᠭᠡᠷ᠎ᠡ ᠰᠡᠶᠢᠯᠵᠦ ᠲᠠᠭᠤᠰᠬᠠᠬᠰᠠᠨ | ᠬᠡᠵᠦ ᠲᠤᠭᠤᠯᠤᠭᠠᠳ ᠦᠵᠡᠰᠬᠦᠯᠡᠩ ᠡᠷᠬᠢᠯᠡᠬᠦ ᠬᠡᠵᠦ ᠰᠠᠷ᠎ᠠ ᠶᠢᠨ ᠡᠮᠦᠨ᠎ᠠ ᠠᠴᠠ ᠪᠡᠯᠡᠳᠭᠡᠭᠰᠡᠨ᠃ ᠬᠡᠬᠦ ᠳᠡᠭᠡᠨ | ᠦᠵᠡᠰᠬᠦᠯᠡᠩ ᠢ ᠡᠷᠬᠢᠯᠡᠬᠦ ᠳᠡᠭᠡᠨ ᠭᠤᠤᠯᠳᠠᠭᠤ ᠨᠡᠶᠢᠬᠡᠮ ᠨᠡᠶᠢᠳᠡ ᠶᠢᠨ ᠲᠡᠮᠵᠢᠯᠬᠡ ᠳᠤ ᠲᠦᠰᠢᠭᠯᠡᠬᠦ ᠶᠢ ᠵᠤᠷᠢᠭᠠᠳ᠂ | ᠤᠷᠠᠨ ᠵᠠᠶᠠᠭ᠎ᠠ ᠺᠤᠮᠫᠠᠨᠢ ᠪᠤᠯᠤᠨ ᠭᠤᠯᠤᠮᠳᠠ ᠺᠤᠮᠫᠠᠨᠢ ᠶᠢᠨ ᠬᠦᠴᠤᠳᠠᠢ ᠲᠠᠮᠵᠢᠯᠭᠡ ᠶᠢ ᠤᠯᠤᠬᠰᠠᠨ᠃ ᠶᠡᠷᠦᠨᠢ | ᠰᠤᠶᠤᠯ ᠤᠨ ᠠᠵᠢᠯᠯᠠᠭ᠎ᠠ ᠭᠡᠳᠡᠭ ᠨᠢ ᠭᠠᠭᠴᠠ ᠬᠤᠶᠠᠷ ᠭᠦᠮᠤᠨ ᠳᠤ ᠲᠦᠰᠢᠭᠡᠳ ᠪᠦᠳᠦᠬᠦ ᠠᠵᠢᠯ ᠪᠢᠰᠢ᠃ ᠬᠠᠷᠢᠨ | ᠲᠤᠬᠠᠢ ᠶᠢᠨ ᠰᠤᠶᠤᠯ ᠤᠨ ᠬᠢᠷᠢ ᠵᠡᠷᠬᠡ ᠤᠯᠠᠨ ᠲᠦᠮᠡᠨᠴᠢ ᠰᠠᠭᠤᠷᠢ ᠲᠠᠢ ᠡᠰᠡᠬᠦ ᠪᠠᠷ ᠰᠢᠢᠳᠪᠦᠷᠢᠯᠡᠭᠳᠡᠨ᠎ᠡ︾ ᠬᠡᠨ᠎ᠠ᠃ | ᠦᠵᠡᠰᠬᠦᠯᠡᠩ ᠲᠠᠭᠤᠰᠤᠬᠰᠠᠨ ᠤ ᠲᠠᠷᠠᠭ᠎ᠠ ᠪᠠᠷ᠂ ᠲᠦᠩᠯᠢᠶᠤᠤ ᠬᠤᠳᠠ ᠶᠢᠨ ᠨᠢᠬᠡᠨ ᠬᠦᠮᠦᠨ 1927 ᠤᠨ ᠳᠤ | ᠬᠡᠪᠯᠡᠭᠳᠡᠭᠰᠡᠨ ᠠᠩᠬᠡᠯᠢ ᠬᠡᠯᠡᠨ ᠤ ᠪᠠᠷ ᠤᠨ ︽ᠮᠤᠩᠭᠤᠯ ᠤᠨ ᠨᠢᠭᠤᠴᠠ ᠲᠤᠪᠴᠢᠶᠠᠨ︾ ᠢ ᠴᠤᠬᠳᠤᠨᠠᠷᠠᠨ ᠳᠤ | ᠬᠦᠷᠬᠡᠵᠦ ᠢᠷᠡᠭᠰᠡᠨ ᠬᠡᠬᠦ ᠰᠤᠷᠠᠬ ᠭᠠᠷᠴᠤ ᠪᠠᠶᠢᠨ᠎ᠠ᠃ ᠨᠡᠭᠡᠷᠡᠨ ᠨᠠᠢᠮᠠᠨ ᠵᠠᠭᠤᠨ ᠤ ᠲᠡᠷᠳᠡᠭᠡ ᠵᠤᠬᠢᠶᠠᠬᠳᠠᠬᠰᠠᠨ᠂ | ᠮᠤᠩᠭᠤᠯ ᠲᠦᠮᠡᠨ ᠤ ᠪᠠᠭ᠋ᠠᠷᠬᠠᠯ ᠪᠤᠯᠤᠬᠰᠠᠨ ︽ᠮᠤᠩᠭᠤᠯ ᠤᠨ ᠨᠢᠭᠤᠴᠠ ᠲᠤᠪᠴᠢᠶᠠᠨ︾ ᠮᠠᠨᠢ ᠤᠬᠠᠭᠠᠨᠳᠤ ᠠᠷᠠᠳ | ᠲᠦᠮᠡᠨ ᠤ ᠪᠠᠨ ᠬᠦᠴᠦᠨ ᠳᠤ ᠦᠨᠢ ᠡᠬᠦᠷᠢᠳᠡ ᠬᠡᠷᠡᠯ ᠬᠢᠯᠪᠠᠭ᠎ᠠ ᠪᠠᠨ ᠰᠠᠴᠤᠷᠠᠭᠤᠯᠤᠨ᠂ ᠲᠤᠮᠳᠠᠳᠤ ᠶᠢᠨ ᠬᠦᠰᠡᠯ | ᠵᠡᠬᠦᠳᠦ ᠪᠠᠨ ᠲᠡᠷᠭᠡᠯᠰᠢᠬᠦᠯᠬᠦ᠂ ᠦᠨᠳᠦᠰᠦᠳᠡᠨ ᠤ ᠰᠤᠶᠤᠯ ᠤᠨ ᠬᠦᠴᠦᠷᠭᠡᠭ ᠤᠷᠤᠨ ᠤ ᠪᠠᠶᠢᠭᠤᠯᠤᠯᠳᠠ ᠳᠤ ᠨᠡᠮᠡᠷᠢ | ᠤᠷᠤᠭᠤᠯᠬᠤ ᠪᠠᠶᠢᠬᠤ ᠳ᠋ᠠ᠃ | ︵ᠦᠪᠦᠷ ᠮᠤᠩᠭᠤᠯ ᠤᠨ ᠡᠳᠦᠷ ᠤᠨ ᠰᠤᠨᠢᠨ ᠤ ᠰᠤᠷᠪᠤᠯᠵᠢᠯᠠᠭᠴᠢ ᠰᠢᠨᠡᠪᠢᠯᠢᠭ᠂ ᠪᠤᠤ ᠰᠠᠷᠠᠭᠤᠯ︶ | | | ᠪᠡᠯᠡᠳᠬᠡᠭᠰᠡᠨ ᠨᠢ᠄ ᠡᠷᠳᠡᠨᠢᠬᠦᠦ | ᠨᠠᠶᠢᠷᠠᠭᠤᠯᠤᠭᠰᠠᠨ ᠨᠢ᠄ ᠨᠠᠮᠤᠷ | ᠬᠢᠨᠠᠭᠰᠠᠨ ᠨᠢ᠄ ᠤᠷᠢᠬᠠᠨ | | |