| | ᠣᠷᠡᠳ ᠤᠨ ᠰᠣᠳᠣᠯᠬᠤ ᠳᠤ ᠶᠠᠭᠤᠨ ᠤ ᠡᠮᠣᠨ᠎ᠡ ︿ᠣᠷᠠᠳ ᠠᠶᠢᠮᠠᠭ﹀ ᠬᠡᠵᠢᠶ᠎ᠡ ᠠᠴᠠ ᠪᠦᠷᠢᠯᠳᠡᠭᠰᠡᠨ ᠢ ᠮᠡᠳᠡᠬᠦ | ᠴᠢᠬᠤᠯᠠᠲᠠᠢ ᠪᠠᠶᠢᠨ᠎ᠠ᠃ ᠲᠡᠷᠡᠴᠢᠯᠡᠨ ︿ᠣᠷᠠᠳ﹀ ᠭᠡᠳᠡᠭ ᠨᠡᠷ᠎ᠡ ᠦᠭᠡ ᠨᠢ ᠲᠡᠣᠬᠡᠨ ᠲᠡᠭᠡᠷ᠎ᠡ ᠬᠡᠵᠢᠶ᠎ᠡ ᠠᠴᠠ | ᠡᠬᠢᠯᠡᠵᠦ ᠨᠡᠷᠡᠶᠢᠳᠣᠭ᠍ᠰᠡᠨ ᠭᠡᠳᠡᠭ ᠣᠴᠢᠷ ᠢ ᠰᠣᠳᠣᠯᠬᠤ ᠬᠡᠷᠡᠭᠲᠠᠢ᠃ | ︿︿ᠬᠠᠭᠠᠨᠳᠣ ᠲᠦᠷᠦ ᠶᠢᠨ ᠭᠠᠳᠠᠭᠠᠳᠣ ᠮᠣᠩᠭᠤᠯ ᠤᠨ ᠴᠢᠬᠤᠯᠠ ᠪᠣᠳᠣᠯᠭ᠎ᠠ﹀﹀ ᠭᠡᠬᠦ ᠱᠡᠰᠳᠢᠷ ᠲᠤ᠄ ︿︿ | ᠦᠭᠡᠯᠣᠨ ᠣᠣᠯ ᠨᠢ ᠲᠦᠷᠪᠡᠨ ᠠᠶᠢᠮᠠᠭ ᠪᠦᠯᠦᠭᠡ᠃ ᠲᠡᠭᠦᠨ ᠤ ᠨᠢᠭᠡ ᠨᠢ ᠬᠤᠱᠣᠳ᠂ ᠪᠣᠷᠵᠢᠬᠢᠳ ᠣᠪᠣᠭᠳᠠᠢ᠂ | ᠶᠣᠸᠠᠨ ᠲᠠᠶᠢᠽᠣ ᠶᠢᠨ ᠲᠡᠭᠦᠣ ᠬᠠᠪᠣᠳᠣ ᠬᠠᠰᠠᠷ ᠤᠨ ᠦᠷᠡᠳᠦᠰ᠃ ᠬᠠᠪᠣᠳᠣ ᠬᠠᠰᠠᠷ ᠤᠨ ᠲᠣᠯᠣᠳᠣᠭᠠᠷ ᠦᠶ᠎ᠡ ᠶᠢᠨ | ᠠᠴᠢ ᠠᠨᠣ ᠠᠭᠰᠠᠬᠠᠯᠳᠠᠢ᠂ ᠲᠡᠭᠦᠨ ᠤ ᠬᠤᠶᠠᠷ ᠬᠦᠪᠡᠭᠦᠨ ᠤ ᠶᠡᠭᠡ ᠢᠨᠣ ᠠᠷᠣᠭᠲᠡᠮᠣᠷ᠂ ᠪᠠᠭ᠎ᠠ ᠠᠨᠣ ᠦᠷᠦᠭᠳᠡᠮᠣᠷ | ᠃ ᠬᠤᠱᠣᠳ ᠤᠨ ᠲᠡᠭᠡᠳᠣᠰ ᠪᠣᠯᠠᠢ﹀﹀ ᠬᠡᠮᠡᠵᠦᠬᠦᠢ᠃ ︿︿ᠪᠣᠭᠳᠠ ᠴᠢᠩᠭᠡᠰ ᠤᠨ ᠲᠦᠷᠦ ᠶᠢ ᠪᠠᠷᠢᠭᠠᠳ ᠬᠠᠭᠠᠨ | ᠦᠷᠭᠦᠭᠡ ᠲᠡᠳᠭᠦᠭᠰᠡᠨ ᠲᠣᠭᠤᠵᠢ﹀﹀ ᠬᠡᠮᠡᠬᠦ ᠮᠣᠩᠭᠤᠯ ᠲᠡᠣᠬᠡ ᠶᠢᠨ ᠰᠣᠷᠪᠣᠯᠵᠢ ᠪᠢᠴᠢᠭ ᠲᠤ ᠪᠠᠰᠠ᠄ ︿︿ | ᠬᠠᠪᠣᠳᠣ ᠬᠠᠰᠷ᠂ ᠡᠭᠦᠨ ᠤ ᠬᠦᠪᠡᠭᠦᠨ ᠡᠩᠬᠡᠲᠡᠮᠦᠷ᠂ ᠡᠭᠦᠨ ᠤ ᠬᠦᠪᠡᠭᠦᠨ ᠪᠣᠷᠬᠠᠨᠰᠠᠨᠵᠠᠢ᠂ ᠡᠭᠦᠨ ᠤ ᠬᠦᠪᠡᠭᠦᠨ | ᠰᠢᠪᠰᠢᠷᠡᠮ᠂ ᠡᠭᠦᠨ ᠤ ᠬᠦᠪᠡᠭᠦᠨ ᠠᠭᠰᠠᠬᠠᠯᠳᠠᠢ ᠨᠣᠶᠠᠨ᠃ ᠡᠭᠦᠨ ᠤ ᠬᠦᠪᠡᠭᠦᠨ ᠠᠷᠣᠭᠳᠡᠮᠣᠷ᠂ ᠲᠡᠭᠦᠣ ᠨᠢ | ᠦᠷᠦᠭᠳᠡᠮᠣᠷ ᠲᠤ ᠬᠤᠰᠢᠭᠤᠨ ᠬᠤᠰᠢᠭᠤᠨ ᠠᠴᠠ ᠰᠠᠶᠢᠨ ᠮᠠᠭᠤ ᠠᠯᠪᠠᠳᠣ ᠪᠠᠷ ᠦᠮᠴᠢ ᠦᠭᠭᠦᠭᠰᠡᠨ ᠳᠤ ᠲᠡᠭᠦᠣ ᠨᠢ | ᠦᠵᠡᠯᠳᠦᠭᠡᠳ ᠨᠠᠷᠠᠨ ᠰᠢᠩᠭᠡᠬᠦ ᠵᠦᠭ ᠤᠨ ᠦᠦᠭᠡᠯᠡᠳ ᠤᠨ ᠲᠣᠭᠤᠨ ᠲᠠᠶᠢᠱᠢ ᠳᠤ ᠲᠦᠰᠢᠵᠦ ᠣᠳᠬᠤᠯ᠎ᠠ ᠨᠢ | ᠲᠣᠭᠤᠨ ᠲᠠᠶᠢᠱᠢ ᠬᠡᠣᠬᠡᠨ ᠢᠶᠠᠨ ᠦᠭᠭᠦᠭᠡᠳ ᠬᠦᠷᠭᠡᠨ ᠬᠢᠵᠦ ᠰᠠᠭᠤᠯᠭᠠᠪᠠ᠃ ᠬᠤᠰᠢᠭᠤᠳ ᠬᠡᠵᠦ ᠨᠡᠷᠡᠶᠢᠳᠪᠠᠢ﹀﹀ | ᠬᠡᠮᠡᠨ ᠲᠡᠮᠳᠡᠭᠯᠡᠵᠦᠬᠦᠢ᠃ ︿︿ᠭᠠᠪᠠᠩ ᠰᠢᠷᠠᠪ ᠤᠨ ᠲᠣᠭᠤᠵᠢ﹀﹀ ᠳᠤ ︿︿ᠬᠠᠰᠠᠷ ᠤᠨ ᠬᠤᠶᠢᠴᠢ ᠠᠭᠰᠠᠭᠤᠯᠳᠠᠢ | ᠨᠣᠶᠠᠨ᠃ ᠲᠡᠭᠦᠨ ᠤ ᠬᠦᠣ ᠠᠷᠠᠭ ᠲᠡᠮᠣᠷ᠂ ᠦᠷᠦᠭ᠂ ᠲᠡᠮᠣᠷ᠃ ᠠᠬ᠎ᠠ ᠳᠠᠭᠠᠨ ᠦᠮᠴᠢ ᠡᠰᠡ ᠦᠭᠳᠡᠭᠡᠳ᠂ | ᠦᠭᠡᠯᠡᠳ ᠤᠨ ᠲᠣᠭᠤᠨ ᠲᠠᠶᠢᠱᠢ ᠳᠤ ᠲᠦᠰᠢᠭᠰᠡᠨ﹀﹀ ᠭᠡᠵᠦ ᠲᠡᠮᠳᠡᠭᠯᠡᠵᠦ ᠠᠮᠣᠢ᠃ | ᠣᠶᠢᠷᠠᠳ ᠤᠨ ︿︿ᠵᠦᠩᠭᠠᠷ ᠤᠨ ᠲᠣᠬᠠᠢ ᠪᠦᠭᠦᠳᠡ ᠲᠡᠮᠳᠡᠭᠯᠡᠯ ᠤᠨ ᠲᠣᠪᠴᠢ﹀﹀ ᠬᠡᠮᠡᠬᠦ ᠲᠡᠮᠳᠡᠭᠯᠡᠯ ᠳᠤ | ᠬᠤᠰᠢᠭᠤᠳ ︵ᠬᠤᠱᠣᠳ︶ ᠲᠤ ᠣᠷᠠᠳ ᠣᠳᠤᠭ ᠤᠨ ᠡᠷᠦᠬᠡ ᠭᠤᠷᠪᠠᠨ ᠮᠢᠩᠭ᠎ᠠ᠂ ᠠᠯᠳᠠᠴᠢᠨ ᠲᠠᠪᠣᠨ ᠵᠠᠭᠤᠨ | ᠡᠷᠦᠬᠡ ᠪᠠᠶᠢᠵᠦ ᠭᠡᠵᠦ ᠲᠡᠮᠳᠡᠭᠯᠡᠵᠦ ᠪᠠᠶᠢᠨ᠎ᠠ᠃ ᠡᠳᠡᠭᠡᠷ ᠣᠷᠡᠳ ᠨᠢ ᠲᠠᠷᠦᠢ ᠠᠷᠪᠠᠨ ᠲᠠᠪᠣᠳᠣᠭᠠᠷ ᠵᠠᠭᠤᠨ ᠤ | ᠦᠶᠡᠰ ᠢᠶᠠᠷ ᠬᠤᠷᠴᠢᠨ ᠨᠣᠳᠤᠭ ᠠᠴᠠ ᠦᠷᠦᠭᠳᠡᠮᠣᠷ ᠢ ᠲᠠᠭᠠᠵᠦ ᠶᠠᠪᠣᠭᠰᠡᠨ ᠬᠤᠰᠢᠭᠤᠳ ᠠᠴᠠ ᠰᠠᠯᠭᠠᠵᠦ | ᠦᠭᠭᠦᠭᠰᠡᠨ ᠠᠯᠪᠠᠳᠣ ᠤᠳ ᠤᠨ ᠲᠣᠳᠣᠷᠠᠬᠢ ᠣᠷᠠᠳ ᠤᠳ ᠪᠣᠯᠣᠨ᠎ᠠ᠃ | ᠠᠷᠪᠠᠨ ᠲᠠᠪᠣᠳᠣᠭᠠᠷ ᠵᠠᠭᠤᠨ ᠤ ᠲᠣᠮᠳᠠᠴᠢ ᠦᠶ᠎ᠡ ᠠᠴᠠ ᠡᠬᠢᠯᠡᠨ ᠲᠣᠷᠣᠨ᠎ᠠ ᠮᠣᠩᠭᠤᠯ ᠤᠨ ᠬᠠᠭᠠᠨ ᠤ ᠬᠦᠴᠦᠨ | ᠰᠣᠯᠠᠷᠠᠭᠰᠡᠨ ᠲᠠᠯᠢᠮ ᠳᠤ ᠬᠤᠷᠴᠢᠨᠴᠣᠳ᠂ ᠴᠢᠩᠭᠡᠰ ᠤᠨ ᠲᠡᠭᠦᠣ ᠬᠠᠪᠣᠳᠣ ᠬᠠᠰᠠᠷ ᠲᠤ ᠦᠮᠴᠢ ᠪᠣᠯᠭᠠᠨ | ᠬᠤᠪᠢᠳᠠᠭᠰᠡᠨ ᠵᠡᠭᠦᠨ ᠣᠷᠣᠨ ᠡᠷᠭᠦᠨ᠎ᠠ ᠮᠦᠷᠢᠨ ᠤ ᠬᠠᠪᠢ ᠳᠠᠭᠠᠣ ᠨᠣᠳᠤᠭ ᠲᠤ ᠪᠠᠨ ᠢᠳᠡᠭ ᠢᠳᠡᠭ ᠢᠶᠠᠷ | ᠬᠦᠴᠦᠷᠬᠡᠭᠵᠢᠨ᠂ ᠣᠮᠠᠷᠠᠳᠣ ᠶᠣᠸᠠᠨ ᠣᠯᠣᠰ ᠤᠨ ᠬᠠᠭᠠᠨ ᠲᠦᠷᠦ ᠮᠠᠨᠳᠣᠵᠦ ᠪᠠᠭᠤᠷᠠᠬᠤ ᠶᠢ ᠰᠢᠢᠳᠪᠣᠷᠢᠯᠡᠬᠦ | ᠬᠦᠴᠦᠨ ᠲᠠᠢ ᠪᠣᠯᠣᠭᠰᠡᠨ ᠪᠠᠶᠢᠨ᠎ᠠ᠃ ᠪᠠᠳᠦᠮᠦᠩᠬᠡ ᠲᠠᠶᠠᠨ ᠬᠠᠭᠠᠨ ᠲᠣᠷᠣᠨ᠎ᠠ ᠮᠣᠩᠭᠤᠯ ᠣᠷᠣᠨ᠎ᠠ ᠵᠢᠷᠭᠤᠭᠠᠨ | ᠲᠦᠮᠡᠨ ᠤ ᠵᠠᠰᠠᠭ ᠵᠠᠬᠢᠷᠭ᠎ᠠ ᠶᠢ ᠪᠠᠶᠢᠭᠤᠯᠣᠨ᠂ ᠪᠣᠳᠠᠷᠠᠭᠰᠡᠨ ᠮᠣᠩᠭᠤᠯ ᠢᠶᠠᠨ ᠨᠢᠭᠡᠳᠬᠡᠬᠦ ᠳᠤ ᠬᠤᠷᠴᠢᠨ ᠶᠡᠭᠡ | ᠲᠣᠰᠠᠯᠠᠮᠵᠢ ᠲᠡᠮᠵᠢᠯᠭᠡ ᠦᠵᠡᠭᠦᠯᠣᠭᠰᠡᠨ ᠪᠦᠭᠡᠳ ᠡᠨᠡ ᠦᠶ᠎ᠡ ᠬᠤᠷᠴᠢᠨᠴᠣᠳ ᠨᠢᠭᠡᠨᠳᠡ ᠲᠠᠶᠠᠨ ᠬᠠᠭᠠᠨ ᠤ | ᠡᠷᠬᠡᠰᠢᠶᠠᠯ ᠳᠤ ᠦᠯᠦ ᠪᠠᠭᠳᠠᠬᠤ ᠲᠣᠰᠠᠭᠠᠷ ᠨᠢᠭᠡ ᠲᠦᠮᠡᠨ ᠪᠣᠯᠵᠦ᠂ ᠬᠤᠷᠴᠢᠨ ᠤ ᠣᠷᠳᠣᠳᠠᠢ ᠲᠦᠷᠦᠭᠦᠲᠠᠢ | ᠨᠣᠶᠠᠳ ᠬᠠᠷᠢᠶᠠᠳᠣ ᠲᠦᠮᠡᠨ ᠢᠶᠠᠨ ᠵᠠᠭᠦᠨ ᠪᠠᠷᠠᠭᠤᠨ ᠭᠠᠷ ᠲᠤ ᠣᠯᠣᠰ ᠬᠡᠮᠡᠨ ᠨᠣᠶᠠᠷᠬᠠᠵᠦ ᠪᠠᠶᠢᠵᠠᠢ᠃ | ᠡᠨᠡ ᠲᠣᠬᠠᠢ ᠠᠷᠪᠠᠨ ᠲᠣᠯᠣᠳᠣᠭᠠᠷ ᠵᠠᠭᠤᠨ ᠤ ᠦᠶ᠎ᠡ ᠪᠣᠶᠣ ᠠᠷᠪᠠᠨ ᠲᠣᠯᠣᠳᠣᠭᠠᠷ ᠵᠠᠭᠤᠨ ᠤ ᠡᠬᠢᠨ ᠤ ᠦᠶ᠎ᠡ | ᠪᠠᠷ ᠪᠢᠴᠢᠭᠳᠡᠭᠰᠡᠨ ᠮᠣᠩᠭᠤᠯ ᠤᠨ ᠲᠡᠣᠬᠡᠨ ᠠᠯᠳᠠᠷᠳᠣ ᠵᠣᠬᠢᠶᠠᠯ ᠶᠡᠭᠡ ᠪᠠᠭ᠎ᠠ ᠬᠤᠶᠠᠷ ᠬᠤᠪᠢ ︿︿ᠠᠯᠳᠠᠨ ᠳᠣᠪᠴᠢ | ﹀﹀ ᠬᠡᠮᠡᠬᠦ ᠨᠣᠮ ᠳᠤ᠄ ︿︿ᠰᠢᠨ᠎ᠡ ᠮᠢᠩᠭᠠᠨ᠂ ᠮᠠᠭᠤ ᠮᠢᠩᠭᠠᠨ᠂ ᠣᠷᠠᠳ᠂ ᠠᠯᠳᠠᠴᠢᠨ᠂ ᠪᠣᠳᠠᠴᠢᠨ᠂ ᠲᠠᠳᠠᠭᠠᠯᠵᠢᠨ | ᠂ ᠭᠤᠷᠯᠣᠰ ᠢ ᠵᠠᠭᠦᠨ ᠭᠠᠷ ᠤᠨ ᠲᠣᠯᠣᠭᠠᠨ ᠣᠳᠤᠭ ︵ᠬᠤᠷᠴᠢᠨ ᠣᠯᠣᠰ︶᠂ ᠬᠡᠷᠡᠶᠢᠳ᠂ ᠵᠣᠶᠢᠳ᠂ ᠶᠡᠭᠡ | ᠮᠢᠩᠭᠠᠨ᠂ ᠭᠡᠭᠦᠨ ᠭᠡᠰᠢᠭ ᠲᠦᠢᠪᠡᠭᠡᠨ᠂ ᠰᠠᠬᠠᠶᠢᠳ ᠢ ᠪᠠᠷᠠᠭᠤᠨ ᠭᠠᠷ ᠤᠨ ᠵᠢᠷᠭᠤᠭᠠᠨ ᠣᠳᠤᠭ ︵ᠬᠡᠷᠡᠶᠢᠳ | ᠣᠯᠣᠰ︶﹀﹀ ᠬᠡᠮᠡᠨ ᠳᠣᠲᠣ ᠲᠡᠮᠳᠡᠭᠯᠡᠭᠰᠡᠨ ᠪᠠᠶᠢᠨ᠎ᠠ᠃ | ᠡᠨᠡ ᠦᠶ᠎ᠡ ᠣᠷᠠᠳᠴᠣᠳ ᠪᠣᠯ ᠬᠤᠷᠴᠢᠨ ᠲᠦᠮᠡᠨ ᠤ ᠵᠠᠭᠦᠨ ᠭᠠᠷ ᠤᠨ ᠲᠣᠯᠣᠭᠠᠨ ᠣᠳᠤᠭ ᠤᠨ ᠨᠢᠭᠡ ᠪᠣᠯᠬᠤ | ᠪᠦᠭᠡᠳ ᠣᠨᠣᠨ ᠮᠦᠷᠢᠨ ᠤ ᠲᠣᠣᠷᠠᠳᠣ ᠣᠷᠣᠰᠬᠠᠯ ᠨᠢᠪᠴᠦ᠋ ᠣᠷᠴᠢᠮ ᠨᠣᠳᠣᠭᠯᠠᠵᠦ ᠪᠠᠶᠢᠪᠠ᠃ 1636 ᠣᠨ ᠤ | 11 ᠰᠠᠷ᠎ᠠ ᠳᠤ ᠴᠢᠩ ᠣᠯᠣᠰ ᠲᠤ ᠣᠷᠣᠵᠦ ᠦᠭᠭᠦᠭᠰᠡᠨ ᠮᠣᠩᠭᠤᠯ ᠬᠤᠰᠢᠭᠤᠳ ᠤᠨ ᠬᠦᠮᠦᠨ ᠠᠮᠠ ᠶᠢ | ᠪᠠᠶᠢᠴᠠᠭᠠᠬᠤ ᠦᠶ᠎ᠡ ᠣᠷᠠᠳ ᠣᠳᠤᠭ ᠨᠢ 1895 ᠡᠷᠦᠬᠡ 37 ᠰᠣᠮᠣ ᠲᠠᠢ ᠪᠠᠶᠢᠵᠠᠢ᠃ ᠡᠨᠡᠬᠦ 1895 ᠡᠷᠦᠬᠡ | ᠣᠷᠠᠳ ᠪᠣᠯ 15 ᠳ᠋ᠣᠭᠠᠷ ᠵᠠᠭᠤᠨ ᠤ ᠦᠶ᠎ᠡ ᠳᠤ ᠦᠷᠦᠭᠳᠡᠮᠣᠷ ᠢ ᠲᠠᠭᠠᠨ ᠰᠢᠩᠭᠡᠬᠦ ᠨᠠᠷᠠᠨ ᠤ ᠵᠦᠭ ᠲᠤ | ᠮᠣᠷᠳᠠᠭᠰᠡᠨ ᠣᠷᠠᠳ ᠤᠳ ᠠᠴᠠ ᠭᠠᠳᠠᠨ᠎ᠠ ᠬᠤᠷᠴᠢᠨ ᠨᠣᠳᠤᠭ ᠲᠤ ᠦᠯᠡᠳᠡᠭᠰᠡᠨ ᠬᠦᠮᠦᠰ ᠨᠢ ᠪᠣᠯᠣᠨ᠎ᠠ᠃ | ︿︿ᠪᠠᠷᠠᠭᠤᠨ ᠣᠷᠣᠨ ᠤ ᠨᠣᠳᠤᠭ ᠤᠨ ᠣᠶᠢᠯᠠᠯᠭ᠎ᠠ﹀﹀ ︵西域图志︶ ᠬᠡᠬᠦ ᠲᠡᠮᠳᠡᠭᠯᠡᠯ ᠠᠴᠠ | ᠦᠵᠡᠪᠡᠯ 16 ᠳ᠋ᠣᠭᠠᠷ ᠵᠠᠭᠤᠨ ᠤ ᠦᠶ᠎ᠡ ᠬᠦᠷᠴᠦ ᠢᠷᠡᠭᠡᠳ ᠦᠷᠦᠭᠳᠡᠮᠣᠷ ᠢ ᠳᠠᠭᠠᠵᠦ ᠶᠠᠪᠣᠭᠰᠡᠨ ᠣᠷᠠᠳᠴᠣᠳ ᠨᠢ | ᠬᠤᠱᠣᠳ ᠬᠠᠨᠢ ᠨᠣᠶᠠᠨ ᠬᠤᠩᠬᠤᠷ ᠤᠨ ᠣᠳᠬᠤᠨ ᠬᠦᠪᠡᠭᠦᠨ ᠪᠣᠶᠠᠨ ᠣᠳᠬᠤᠨ ᠤ ᠣᠣᠭᠠᠨ ᠬᠦᠪᠡᠭᠦᠨ | ᠳᠣᠭᠤᠯᠠᠩ ᠰᠡᠷᠡᠩ ᠤᠨ ᠬᠠᠷᠢᠶᠠᠨ ᠳᠤ ᠪᠠᠶᠢᠭᠰᠡᠨ ᠪᠠᠶᠢᠵᠠᠢ᠃ ᠰᠡᠭᠦᠯᠡᠷ ᠨᠢ ᠢᠯᠢ ᠭᠤᠣᠯ ᠤᠨ ᠭᠦᠩᠭᠦᠰ ᠬᠡᠮᠡᠬᠦ | ᠭᠠᠵᠠᠷ ᠲᠤ ᠨᠣᠳᠣᠭᠯᠠᠵᠦ ᠭᠤᠣᠯᠳᠠᠭᠤ ᠭᠠᠷ ᠦᠢᠯᠡᠳᠪᠦᠷᠢ ᠶᠢᠨ ᠠᠵᠢᠯ ᠢ ᠡᠷᠬᠢᠯᠡᠨ᠂ ᠲᠡᠨᠳᠡᠬᠢ ᠬᠤᠷᠪᠣᠰ ᠭᠡᠬᠦ | ᠨᠣᠳᠤᠭ ᠤᠨ ᠬᠦᠮᠦᠰ ᠲᠠᠢ ᠨᠡᠶᠢᠳᠡ 8 ᠮᠢᠩᠭᠠᠨ ᠡᠷᠦᠬᠡ ᠪᠠᠶᠢᠵᠠᠢ᠃ ᠡᠳᠡᠭᠡᠷ ᠣᠷᠠᠳ ᠢ ᠡᠬᠢᠨ ᠳᠤ ᠪᠠᠨ ︿︿ | ᠣᠷᠠᠨ ᠭᠠᠷ﹀﹀ ᠭᠡᠵᠦ ᠲᠠᠭᠤᠳᠠᠵᠦ ᠪᠠᠶᠢᠭᠰᠡᠨ ᠢᠶᠠᠨ ᠵᠡᠭᠦᠨᠭᠠᠷ ᠬᠠᠭᠠᠨᠳᠣ ᠣᠯᠣᠰ ᠤᠨ ᠦᠶ᠎ᠡ ︿︿ᠣᠷᠠᠳ﹀﹀ | ᠬᠡᠮᠡᠨ ᠨᠡᠷᠡᠯᠡᠬᠦ ᠪᠣᠯᠪᠠ᠃ ᠣᠷᠠᠳ ᠠᠶᠢᠮᠠᠭ ᠬᠦᠯᠦᠨ ᠪᠣᠶᠢᠷ ᠤᠨ ᠬᠦᠪᠳᠦ ᠨᠠᠢᠮᠠᠨ ᠴᠠᠭᠠᠨ ᠳᠤ ᠨᠣᠳᠣᠭᠰᠢᠵᠦ | ᠪᠠᠶᠢᠬᠤ ᠦᠶ᠎ᠡ ᠳᠤ ᠪᠠᠶᠢᠷᠢᠰᠢᠵᠦ ᠨᠣᠳᠣᠭᠰᠢᠭᠰᠡᠨ ᠣᠷᠴᠢᠨ ᠠᠬᠤᠢ ᠪᠠᠷ ᠢᠶᠠᠨ ᠡᠮᠦᠨ᠎ᠡ᠂ ᠬᠤᠶᠢᠳᠣ᠂ ᠲᠣᠮᠳᠠᠳᠣ | ᠬᠡᠮᠡᠨ ᠭᠤᠷᠪᠠᠨ ᠰᠠᠯᠠᠭ᠎ᠠ ᠬᠤᠪᠢᠶᠠᠭᠳᠠᠭᠰᠡᠨ ᠪᠠᠶᠢᠨ᠎ᠠ᠃ ᠬᠠᠷᠢᠨ ᠣᠳᠣᠬᠢ ᠨᠣᠳᠤᠭ ᠲᠤ ᠢᠷᠡᠭᠰᠡᠨ ᠤ ᠲᠠᠷᠠᠭ᠎ᠠ | ᠬᠤᠪᠢᠶᠠᠭᠳᠠᠭᠰᠡᠨ ᠣᠴᠢᠷ ᠣᠭᠳᠣ ᠪᠢᠰᠢ᠃ ᠭᠡᠪᠡᠴᠦ ᠣᠳᠣᠬᠢ ᠨᠣᠳᠣᠭᠰᠢᠵᠦ ᠪᠠᠶᠢᠬᠤ ᠨᠣᠳᠤᠭ ᠲᠤ ᠢᠷᠡᠭᠡᠳ | ᠡᠮᠣᠨ᠎ᠡ ᠰᠠᠯᠠᠭ᠎ᠠ ᠶᠢ ᠨᠢ ︿︿ᠣᠷᠠᠳ ᠤᠨ ᠪᠠᠷᠠᠭᠤᠨ ᠭᠦᠩ ᠤᠨ ᠬᠤᠰᠢᠭᠤ﹀﹀᠂ ᠳᠣᠮᠳᠠᠳᠣ ᠰᠠᠯᠠᠭ᠎ᠠ ᠶᠢ ᠨᠢ ︿︿ | ᠣᠷᠠᠳ ᠤᠨ ᠳᠣᠮᠳᠠᠳᠣ ᠭᠦᠩ ᠤᠨ ᠬᠤᠰᠢᠭᠤ﹀﹀᠂ ᠬᠤᠶᠢᠳᠣ ᠰᠠᠯᠠᠭ᠎ᠠ ᠶᠢ ᠨᠢ ︿︿ᠣᠷᠠᠳ ᠤᠨ ᠵᠠᠭᠦᠨ ᠭᠦᠩ | ᠤᠨ ᠬᠤᠰᠢᠭᠤ﹀﹀ ᠬᠤᠰᠢᠭᠤ ᠬᠡᠮᠡᠨ ᠨᠡᠭᠦᠳᠡᠯᠯᠡᠵᠦ ᠢᠷᠡᠭᠰᠡᠨ ᠤ ᠲᠠᠷᠠᠭᠠᠬᠢ ᠭᠠᠵᠠᠷ ᠤᠨ ᠪᠠᠶᠢᠴᠠ ᠪᠠᠷ ᠨᠢ | ᠨᠡᠷᠡᠯᠡᠭᠰᠡᠨ ᠪᠢᠯᠡ᠃ | ᠣᠷᠠᠳ ᠤᠨ ᠭᠤᠷᠪᠠᠨ ᠬᠤᠰᠢᠭᠤ ᠲᠦᠷᠦᠯ ᠰᠠᠳᠣᠨ ᠤ ᠬᠠᠷᠢᠴᠠᠭ᠎ᠠ ᠲᠠᠢ ᠳᠣᠯᠠ ᠨᠣᠳᠤᠭ ᠤᠨ ᠬᠢᠯᠢ ᠪᠠᠨ ᠶᠡᠷᠦ | ᠠᠴᠠ ᠳᠣᠳᠣ ᠬᠤᠪᠢᠶᠠᠭᠰᠡᠨ ᠦᠭᠡᠢ᠂ ᠳᠣᠮᠳᠠᠳᠣ ᠬᠤᠰᠢᠭᠤᠨ ᠤ ᠬᠦᠮᠦᠨ ᠡᠮᠣᠨᠡᠳᠣ ᠬᠤᠰᠢᠭᠤᠨ ᠳᠤ ᠰᠦᠮ᠎ᠡ | ᠬᠡᠶᠢᠳ ᠪᠠᠶᠢᠭᠤᠯᠵᠦ ᠪᠣᠯᠳᠠᠭ ᠶᠣᠮ᠃ ᠭᠡᠪᠡᠴᠣ ᠲᠡᠳᠡ ᠠᠯᠪᠠᠳᠣ ᠰᠣᠮᠣ ᠪᠠᠨ ᠲᠣᠳᠣᠷᠬᠠᠢ ᠬᠤᠪᠢᠶᠠᠭᠰᠡᠨ ᠪᠠᠶᠢᠳᠠᠭ᠃ | ᠣᠷᠠᠳ ᠤᠨ ᠭᠤᠷᠪᠠᠨ ᠭᠦᠩ ᠤᠨ ᠬᠤᠰᠢᠭᠤᠨ ᠤ ᠡᠵᠡᠯᠡᠵᠦ ᠰᠠᠭᠤᠭᠰᠡᠨ ᠨᠣᠳᠤᠭ ᠤᠨ ᠪᠠᠶᠢᠳᠠᠯ ᠨᠢ ᠡᠮᠣᠨᠡᠳᠣ | ᠬᠤᠰᠢᠭᠤ ᠨᠢ ᠮᠣᠨᠠ ᠠᠭᠤᠯᠠ ᠶᠢ ᠡᠪᠣᠷᠯᠡᠨ᠂ ᠬᠠᠳᠣᠨ ᠭᠤᠣᠯ ᠤᠨ ᠬᠤᠶᠢᠳᠣ ᠬᠦᠪᠡᠭᠡ ᠶᠢ ᠬᠦᠪᠡᠭᠡᠯᠡᠨ ᠪᠠᠷᠠᠭᠤᠨᠰᠢ | ᠠᠯᠠᠱᠠ ᠲᠠᠢ ᠵᠠᠬ᠎ᠠ ᠨᠡᠶᠢᠯᠡᠨ᠂ ᠠᠯᠠᠱᠠ ᠶᠢᠨ ᠵᠡᠭᠦᠨ ᠪᠡᠶ᠎ᠡ ᠪᠠᠷ ᠨᠢ ᠪᠠᠷᠠᠭᠤᠨ ᠬᠤᠶᠢᠰᠢ ᠭᠠᠷ ᠰᠣᠩᠭᠤᠬᠤ ᠮᠡᠳᠣ | ᠬᠦᠨᠳᠣᠰᠦ ᠴᠠᠭᠠᠨ ᠠᠭᠤᠯᠠ ᠬᠦᠷᠳᠡᠯ᠎ᠡ ᠨᠠᠷᠢᠨ ᠣᠷᠳᠣ ᠨᠣᠳᠤᠭ ᠲᠠᠢ ᠬᠤᠶᠢᠰᠢ ᠬᠠᠳᠠᠢ ᠠᠭᠤᠯᠠ᠂ ᠣᠯᠠᠭᠠᠨ ᠡᠷᠬᠢ | ᠬᠦᠷᠳᠡᠯ᠎ᠡ᠂ ᠵᠡᠭᠦᠨᠰᠢ ᠪᠣᠭᠤᠳᠣ ᠬᠦᠷᠳᠡᠯ᠎ᠡ ᠣᠷᠳᠣᠯᠵᠢᠨ ᠮᠠᠶ᠋ᠢᠭᠳᠠᠢ ᠨᠣᠳᠤᠭ ᠲᠡᠪᠢᠰᠭᠡᠷ ᠲᠠᠢ᠃ ᠳᠣᠮᠳᠠᠳᠣ | ᠬᠤᠰᠢᠭᠤ ᠨᠢ ᠪᠠᠷᠠᠭᠤᠨᠰᠢ ᠠᠯᠠᠱᠠ᠂ ᠵᠡᠭᠦᠨᠰᠢ ᠲᠠᠷᠬᠠᠨ ᠮᠣᠣᠮᠢᠩᠭᠠᠨ᠂ ᠬᠤᠶᠢᠰᠢ ᠪᠠᠨ ᠬᠠᠯᠬ᠎ᠠ ᠬᠦᠷᠳᠡᠯ᠎ᠡ ᠠᠭᠤᠳᠠᠮ | ᠨᠣᠳᠤᠭ ᠲᠡᠪᠢᠰᠭᠡᠷ ᠢ ᠡᠵᠡᠮᠰᠢᠵᠦ᠂ ᠬᠤᠶᠢᠳᠣ ᠬᠤᠰᠢᠭᠤ ᠵᠡᠭᠦᠨᠰᠢ ᠭᠦᠶᠠᠩ ᠰᠢᠶᠠᠨ᠂ ᠵᠡᠭᠦᠨ ᠡᠮᠣᠨᠡᠰᠢ ᠲᠦᠮᠡᠳ | ᠲᠠᠢ ᠵᠠᠬ᠎ᠠ ᠨᠡᠶᠢᠯᠡᠵᠦ᠂ ᠪᠠᠷᠠᠭᠤᠨᠰᠢ ᠡᠮᠣᠨ᠎ᠡ ᠬᠤᠰᠢᠭᠤ ᠲᠠᠢ ᠵᠠᠬ᠎ᠠ ᠨᠡᠶᠢᠯᠡᠵᠦ᠂ ᠪᠠᠷᠠᠭᠤᠨ ᠬᠤᠶᠢᠰᠢ ᠳᠣᠮᠳᠠᠳᠣ | ᠬᠤᠰᠢᠭᠤ ᠶᠢᠨ ᠴᠢᠩ ᠬᠦᠷᠢᠶ᠎ᠡ ᠬᠦᠷᠳᠡᠯᠡᠬᠢ ᠭᠠᠵᠠᠷ ᠲᠠᠢ ᠬᠤᠳᠬᠤᠯᠳᠣᠨ ᠪᠠᠶᠢᠷᠢᠰᠢᠵᠦ ᠪᠠᠶᠢᠳᠠᠭ᠃ ᠬᠤᠵᠢᠮ ᠨᠢ ︿ | ︿ᠪᠠᠳᠭᠡᠷ ᠵᠣᠣ﹀﹀ ᠪᠠᠶᠢᠭᠤᠯᠣᠭᠳᠠᠭᠰᠡᠨ ᠤ ᠲᠠᠷᠠᠭ᠎ᠠ ᠵᠡᠭᠦᠨ ᠭᠦᠩ ᠤᠨ ᠬᠤᠰᠢᠭᠤ᠂ ᠬᠤᠰᠢᠭᠤ ᠬᠡᠶᠢᠳ ᠪᠣᠯᠭᠠᠬᠤ | ᠬᠡᠮᠡᠨ ᠭᠠᠵᠠᠷ ᠨᠣᠳᠤᠭ ᠬᠦᠮᠦᠨ ᠠᠮᠠ ᠬᠤᠪᠢᠶᠠᠨ ᠭᠠᠷᠭᠠᠵᠦ ᠦᠭᠭᠦᠭᠰᠡᠨ ᠴᠦ ᠰᠠᠨᠠᠭᠠᠨ ᠳᠤ ᠪᠠᠨ ᠡᠰᠡ ᠬᠦᠷᠪᠡ᠃ | ᠵᠡᠭᠦᠨ ᠭᠦᠩ ᠤᠨ ᠬᠤᠰᠢᠭᠤᠨ ᠤ ᠵᠠᠰᠠᠭ ᠨᠣᠶᠠᠨ ᠳᠣᠪᠠ ᠪᠣᠯ ᠳᠣᠮᠳᠠᠳᠣ ᠭᠦᠩ ᠤᠨ ᠬᠤᠰᠢᠭᠤᠨ ᠤ ᠨᠣᠶᠠᠨ | ᠪᠠᠭᠪᠠᠭ᠋ᠠᠢ ᠳᠤ ᠠᠪᠠᠭ᠎ᠠ ᠶᠢᠨ ᠦᠶ᠎ᠡ ᠲᠠᠢ ᠬᠦᠮᠦᠨ ᠪᠣᠯᠣᠨ᠎ᠠ᠃ ᠳᠣᠪᠠ ᠭᠦᠩ ᠴᠢᠩ ᠣᠯᠣᠰ ᠤᠨ ᠡᠶᠡᠪᠡᠷ ᠵᠠᠰᠠᠭᠴᠢ | ᠲᠠᠢ ᠵᠠᠯᠠᠭᠤ ᠦᠶ᠎ᠡ ᠰᠠᠶᠢᠨ ᠨᠠᠶᠢᠵᠢ ᠪᠠᠶᠢᠭᠰᠡᠨ ᠪᠦᠭᠡᠳ ᠬᠤᠵᠢᠮ ᠡᠶᠡᠪᠡᠷ ᠵᠠᠰᠠᠭᠴᠢ ᠶᠢ ᠬᠠᠭᠠᠨ ᠰᠠᠭᠤᠪᠠᠯ ᠨᠠᠳᠠᠳᠣ | ᠶᠠᠮᠠᠷ ᠵᠡᠷᠭᠡ ᠦᠭᠬᠦ ᠪᠠᠨ ᠬᠦᠷᠳᠡᠯ᠎ᠡ ᠶᠡᠷᠢᠯᠴᠠᠳᠠᠭ ᠪᠠᠶᠢᠵᠠᠢ᠃ ᠲᠡᠢᠮᠣ ᠠᠴᠠ ᠡᠶᠡᠪᠡᠷ ᠵᠠᠰᠠᠭᠴᠢ ᠬᠠᠭᠠᠨ ᠪᠣᠯᠣᠨ | ᠭᠦᠩ ᠬᠤᠶᠠᠭᠤᠯᠠ ᠳᠣᠶᠢᠯ ᠤᠨ ᠳᠣᠳᠣᠨᠣ ᠶᠠᠪᠣᠯᠴᠠᠵᠦ᠂ ᠣᠷᠠᠳ ᠠᠶᠢᠮᠠᠭ ᠤᠨ ᠣᠯᠠᠨ ᠣᠴᠢᠷ ᠶᠠᠪᠣᠳᠠᠯ ᠳᠤ | ᠶᠠᠭᠤᠨ ᠤ ᠡᠮᠣᠨ᠎ᠡ ᠳᠣᠪᠠ ᠪᠠᠷ ᠲᠠᠮᠵᠢᠭᠤᠯᠣᠨ ᠣᠷᠠᠳ ᠠᠶᠢᠮᠠᠭ ᠢ ᠡᠷᠬᠡᠰᠢᠶᠡᠳᠡᠭ ᠪᠠᠶᠢᠪᠠ᠃ | ᠣᠷᠠᠳᠴᠣᠳ ᠡᠶᠡᠪᠡᠷ ᠵᠠᠰᠠᠭᠴᠢ ᠶᠢᠨ ᠵᠢᠷᠭᠤᠭᠠᠨ ᠣᠨ ᠳᠤ ᠣᠳᠣᠬᠢ ᠨᠣᠳᠤᠭ ᠲᠤ ᠨᠡᠭᠦᠳᠡᠯᠯᠡᠵᠦ ᠢᠷᠡᠬᠦ ᠦᠶ᠎ᠡ | 1895 ᠡᠷᠦᠬᠡ᠂ 37 ᠰᠣᠮᠣ ᠬᠦᠮᠦᠨ ᠢᠷᠡᠭᠰᠡᠨ ᠪᠠᠶᠢᠨ᠎ᠠ᠃ ᠲᠡᠳᠡ ᠬᠦᠯᠦᠨ ᠪᠣᠶᠢᠷ ᠤᠨ ᠬᠦᠪᠳᠣ ᠨᠠᠢᠮᠡᠨ ᠴᠠᠭᠠᠨ | ᠠᠴᠠ ᠣᠳᠣᠬᠢ ᠨᠣᠳᠤᠭ ᠲᠤ ᠢᠷᠡᠭᠰᠡᠨ ᠤ ᠲᠠᠷᠠᠭ᠎ᠠ ᠮᠣᠨᠠ ᠠᠭᠤᠯᠠ ᠶᠢᠨ ᠦᠪᠦᠷ ᠬᠠᠳᠠᠮᠠᠯ ᠤᠨ ᠭᠤᠣᠯ ᠤᠨ | ᠡᠮᠣᠨ᠎ᠡ ᠭᠤᠷᠪᠠᠨ ᠴᠠᠭᠠᠨ ᠮᠣᠩᠭᠤᠯ ᠭᠡᠷ ᠢᠶᠠᠨ ᠪᠣᠰᠬᠠᠨ ᠬᠠᠮᠳᠣ ᠵᠠᠰᠠᠭᠯᠠᠭᠰᠡᠨ ᠪᠠᠶᠢᠨ᠎ᠠ᠃ | 15 ᠳ᠋ᠣᠭᠠᠷ ᠵᠠᠭᠤᠨ ᠤ ᠦᠶ᠎ᠡ ᠣᠷᠠᠳ ᠤᠳ ᠳᠣᠷᠣᠨ᠎ᠠ ᠮᠣᠩᠭᠤᠯ ᠳᠣᠭᠠᠳᠠᠨ ᠤ ᠳᠣᠮᠳᠠ ᠶᠠᠮᠠᠷᠴᠣ ᠨᠡᠶᠢᠭᠡᠮ | ᠤᠨ ᠪᠠᠶᠢᠷᠢ ᠰᠠᠭᠤᠷᠢ ᠦᠭᠡᠢ᠂ ᠬᠠᠭᠠᠨ ᠨᠣᠶᠠᠳ ᠤᠨ ᠣᠭᠰᠠᠭᠠᠳᠠᠳ ᠤᠨ ᠬᠠᠷᠢᠶᠠᠳᠣ ᠠᠯᠪᠠᠳᠣ ᠪᠠᠶᠢᠭᠰᠡᠨ ᠳᠣᠯᠠ | ᠠᠷᠣᠭᠳᠡᠮᠣᠷ ᠲᠡᠭᠦᠣ ᠳᠤ ᠪᠠᠨ ᠬᠤᠰᠢᠭᠤ ᠬᠤᠰᠢᠭᠤᠨ ᠠᠴᠠ ᠲᠣᠷᠣᠢ ᠪᠠᠭᠤᠷᠠᠢ ᠬᠦᠮᠦᠰ ᠢ ᠬᠤᠪᠢᠶᠠᠵᠦ ᠦᠭᠬᠦ ᠳᠤ | ᠣᠷᠠᠳᠴᠣᠳ ᠬᠠᠮᠤᠭ ᠤᠨ ᠡᠮᠣᠨ᠎ᠡ ᠪᠡᠯᠡᠭ ᠪᠣᠯᠣᠭᠰᠡᠨ ᠨᠢ ᠢᠯᠡᠷᠬᠡᠢ᠃ | 15 ᠳ᠋ᠣᠭᠠᠷ ᠵᠠᠭᠤᠨ ᠪᠣᠯ ᠮᠣᠩᠭᠤᠯ ᠳᠣᠭᠤᠷᠭᠠᠳᠠᠳ ᠤᠨ ᠳᠣᠮᠳᠠ ᠦᠮᠡᠭᠡᠨ ᠶᠡᠭᠡ ᠲᠠᠢ ᠭᠠᠢ ᠭᠠᠮᠰᠢᠭ ᠲᠠᠢ | ᠣᠨ ᠵᠢᠯ ᠳᠣᠯᠠ ᠬᠤᠷᠴᠢᠨ ᠤ ᠵᠠᠭᠦᠨ ᠭᠠᠷ ᠤᠨ ᠳᠣᠯᠣᠭᠠᠨ ᠣᠳᠤᠭ ᠲᠤ ᠲᠡᠭᠡᠷ᠎ᠡ ᠪᠠᠨ ᠡᠵᠡᠳ ᠨᠣᠶᠠᠳ | ᠬᠠᠮᠢᠶᠠᠷᠠᠬᠤ ᠬᠦᠮᠦᠨ ᠦᠭᠡᠢ᠂ ᠮᠣᠩᠭᠤᠯ ᠤᠨ ᠳᠣᠮᠣ ᠣᠪᠣᠭ ᠣᠭᠰᠠᠭᠠᠳᠡᠳ᠂ ᠵᠢᠱᠢᠶᠠᠯᠡᠪᠡᠯ᠄ ︿︿ᠲᠡᠷᠡᠯᠢᠬᠡᠨ | ᠮᠣᠩᠭᠤᠯ﹀﹀ ᠤᠨ ᠬᠠᠷᠠᠨᠣᠳ᠂ ᠬᠡᠬᠡᠷᠡᠨᠣᠳ᠂ ᠣᠯᠠᠨᠣᠳ᠂᠂᠂᠂ ᠪᠠ ︿︿ᠨᠢᠷᠣᠭᠠᠨ ᠮᠣᠩᠭᠤᠯ﹀﹀ ᠤᠨ ᠬᠢᠶᠠᠳ᠂ | ᠪᠠᠳᠣᠳ ᠬᠡᠬᠦ ᠮᠡᠳᠣ ᠣᠭᠰᠠᠭᠠᠨ ᠤ ᠲᠠᠷᠠᠬᠠᠢ ᠪᠣᠲᠠᠷᠬᠠᠢ ᠵᠢᠵᠢᠭ ᠪᠦᠯᠦᠭ ᠤᠳ ᠲᠣᠩ ᠣᠯᠠᠨ ᠪᠠᠶᠢᠵᠠᠢ᠃ | ᠦᠷᠦᠭᠳᠡᠮᠣᠷ ᠢ ᠪᠠᠷᠠᠭᠤᠨᠰᠢ ᠮᠣᠷᠳᠠᠭᠰᠡᠨ ᠤ ᠲᠠᠷᠠᠭ᠎ᠠ ᠬᠤᠷᠴᠢᠨ ᠵᠡᠭᠦᠨ ᠭᠠᠷ ᠤᠨ ᠳᠣᠯᠣᠭᠠᠨ ᠣᠳᠤᠭ ᠲᠠᠬᠢ | ᠬᠤᠴᠣᠷᠣᠭᠰᠡᠨ ᠣᠷᠠᠳᠴᠣᠳ ᠮᠣᠩᠭᠤᠯ ᠤᠨ ᠳᠣᠮᠣ ᠣᠭᠰᠠᠭᠠᠳᠡᠳ ᠤᠨ ᠲᠠᠷᠠᠬᠠᠢ ᠪᠣᠳᠠᠷᠬᠠᠢ ᠵᠢᠵᠢᠭ ᠪᠦᠯᠦᠭ ᠤᠳ | ᠲᠤ ᠬᠠᠮᠢᠶᠠᠷᠣᠭᠳᠠᠵᠦ᠂ ᠵᠠᠷᠢᠮ ᠣᠷᠠᠳ ᠤᠳ ᠨᠢ ᠡᠵᠡᠨ ᠦᠭᠡᠢ ᠪᠠᠶᠢᠭᠰᠡᠨ ᠪᠠᠶᠢᠳᠠᠯ ᠳᠣᠣᠷ᠎ᠠ ᠬᠠᠪᠣᠳᠣ ᠬᠠᠰᠠᠷ ᠤᠨ | ᠠᠷᠪᠠᠨ ᠲᠠᠪᠣᠳᠣᠭᠠᠷ ᠦᠶ᠎ᠡ ᠶᠢᠨ ᠭᠤᠷᠪᠠᠨ ᠭᠡᠵᠢᠭᠡᠳᠣ ᠪᠣᠷᠬᠠᠢ ᠣᠳᠬᠠᠨ ᠲᠡᠳᠡᠨ ᠢ ᠨᠢᠭᠡᠳᠬᠡᠨ ᠨᠣᠶᠠᠯᠠᠵᠦ᠂ | ᠣᠷᠠᠳ ᠭᠠᠷᠣᠯᠳᠠᠢ ᠬᠦᠮᠦᠨ ᠲᠡᠶᠢᠯᠣᠩᠬᠡᠢ ᠳᠤᠭ᠎ᠠ ᠶᠢ ᠡᠵᠡᠯᠡᠬᠦ ᠳᠣᠯᠠ ᠡᠨᠡᠬᠦ ᠣᠳᠤᠭ ᠢᠶᠠᠨ ᠣᠷᠠᠳ ᠬᠡᠮᠡᠨ ᠨᠡᠷᠡᠯᠡᠪᠡ | ᠃ ᠡᠨᠡ ᠪᠣᠯ ᠲᠠᠷᠣᠢ ᠣᠷᠠᠳ ᠠᠶᠢᠮᠠᠭ ᠤᠨ ᠢᠷᠡᠯᠳᠡ ᠪᠣᠯᠣᠨ᠎ᠠ᠃ 1636 ᠣᠨ ᠳᠤ ᠮᠠᠨᠵᠦ ᠳᠤ ᠣᠷᠣᠵᠦ | ᠦᠭᠭᠦᠭᠰᠡᠨ ᠮᠣᠩᠭᠤᠯᠴᠣᠳ ᠤᠨ ᠬᠦᠮᠦᠨ ᠢ ᠪᠠᠶᠢᠴᠠᠭᠠᠬᠤ ᠦᠶ᠎ᠡ ᠳᠤ ᠣᠮᠪᠤ ᠶᠢᠨ ᠦᠪᠡᠷ ᠤᠨ ᠡᠷᠣᠬᠡ ᠨᠢ | ᠲᠦᠩᠭᠡᠵᠢ 20 ᠡᠷᠦᠬᠡ ᠪᠠᠶᠢᠬᠤ ᠳᠤ ᠲᠡᠭᠦᠨ ᠤ ᠬᠦᠮᠦᠨ ᠰᠢᠭᠤᠳ ᠬᠠᠷᠢᠶ᠎ᠠ ᠰᠢᠯᠭᠢ ᠬᠡᠮᠡᠭᠴᠢ 124 ᠡᠷᠦᠬᠡ ᠲᠠᠢ᠂ | ᠣᠷᠠᠳᠴᠣᠳ ᠢᠶᠠᠷ ᠪᠦᠷᠢᠯᠳᠦᠭᠰᠡᠨ ᠣᠷᠠᠳ ᠡᠪᠣᠭᠡᠨ ᠬᠡᠮᠡᠭᠴᠢ ᠶᠢᠨ ᠬᠤᠪᠢ ᠶᠢᠨ ᠡᠷᠦᠬᠡ ᠨᠢ 22 ᠡᠷᠦᠬᠡ ᠲᠠᠢ | ᠪᠠᠶᠢᠵᠠᠢ᠃ ᠳᠣᠰ ᠬᠦᠮᠦᠨ ᠠᠮᠠ ᠶᠢᠨ ᠪᠠᠶᠢᠴᠠᠭᠠᠯᠳᠠ ᠶᠢᠨ ᠨᠠᠷᠢᠨ ᠲᠠᠩᠰᠠ ᠳᠤ ᠣᠷᠠᠳ ᠭᠤᠷᠪᠠᠨ ᠰᠠᠯᠠᠭ᠎ᠠ | ᠳᠣᠣᠷᠠᠬᠢ ᠮᠡᠳᠦ ᠬᠦᠮᠦᠰ ᠢᠶᠠᠷ ᠪᠦᠷᠢᠯᠳᠦᠭᠰᠡᠨ ᠡᠷᠦᠬᠡ ᠶᠢᠨ ᠨᠣᠶᠠᠳ ᠲᠠᠢ ᠪᠠᠶᠢᠵᠠᠢ᠃ | | | ᠪᠡᠯᠡᠳᠬᠡᠭᠰᠡᠨ ᠨᠢ᠄ ᠡᠷᠳᠡᠨᠢᠬᠦᠦ | ᠨᠠᠶᠢᠷᠠᠭᠤᠯᠤᠭᠰᠠᠨ ᠨᠢ᠄ ᠨᠠᠮᠤᠷ | ᠬᠢᠨᠠᠭᠰᠠᠨ ᠨᠢ᠄ ᠤᠷᠢᠬᠠᠨ | | |