ᠠᠳᠤᠭᠤᠨ ᠤ ᠦᠰᠦ ᠲᠤᠭᠤᠷᠠᠢ ᠶᠢᠨ ᠨᠡᠷᠡᠶᠢᠳᠤᠯ
ᠨᠡᠶᠢᠲᠡᠯᠡᠭᠰᠡᠨ ᠴᠠᠭ᠄
2020/4/21
ᠠᠳᠤᠭᠤᠨ ᠤ ᠦᠰᠦ ᠲᠤᠭᠤᠷᠠᠢ ᠶᠢᠨ ᠨᠡᠷᠡᠶᠢᠳᠤᠯ ᠳᠤ ᠪᠦᠷᠬᠦᠬᠦᠯ ᠦᠰᠦ᠂ ᠬᠦᠬᠦᠯ᠂ ᠳᠡᠯ᠂ ᠮᠣᠨᠳᠠᠭ᠎ᠠ᠂  ᠭᠡᠵᠢᠭᠡ᠂ ᠰᠣᠷᠮᠤᠤᠰᠤ᠂ ᠰᠠᠮᠠᠢ᠂ ᠰᠡᠬᠦᠯ᠂ ᠲᠤᠭᠤᠷᠠᠢ᠂ ᠰᠢᠪᠡᠷᠢ ᠬᠤᠬᠢᠰᠦ ᠭᠡᠬᠦ ᠮᠡᠳᠦ ᠶᠢᠨ ᠣᠯᠠᠨ ᠨᠡᠷ᠎ᠡ ᠪᠣᠢ᠃ᠠᠳᠤᠭᠤᠨ ᠤ ᠪᠦᠷᠬᠦᠬᠦᠯ ᠦᠰᠦᠠᠳᠤᠭᠤ ᠪᠤᠯ ᠪᠦᠬᠦ ᠪᠡᠶ᠎ᠡ ᠳᠡᠭᠡᠨ ᠨᠢᠮᠬᠡᠨ ᠪᠦᠷᠬᠦᠬᠦᠯ ᠦᠰᠦ ᠲᠠᠢ᠃ ᠪᠦᠷᠬᠦᠬᠦᠯ ᠦᠰᠦ ᠨᠢ ᠰᠤᠷ᠂  ᠨᠤᠤᠰᠤᠯᠢᠭ ᠡᠳ᠋᠂ ᠬᠢᠯᠭᠠᠰᠦ ᠪᠠᠷ ᠪᠦᠷᠢᠯᠳᠦᠳᠡᠭ ᠪᠦᠭᠡᠳ᠂ ᠬᠤᠨᠢ᠂ ᠢᠮᠠᠭ᠎ᠠ᠂ ᠲᠡᠮᠡᠭᠡ ᠶᠢ ᠪᠣᠳᠤᠪᠠᠯ ᠨᠤᠤᠰᠤᠯᠢᠭ  ᠦᠰᠦ ᠨᠢ ᠰᠢᠩᠭᠡᠪᠳᠦᠷᠬᠡᠨ ᠤᠷᠭᠤᠵᠦ᠂ ᠪᠣᠰᠤᠳ ᠭᠠᠵᠠᠷ ᠤᠨ ᠪᠦᠷᠬᠦᠬᠦᠯ ᠦᠰᠦ ᠨᠢ ᠵᠢᠭᠳᠡ ᠤᠷᠭᠤᠳᠠᠭ᠃ᠠᠳᠤᠭᠤᠨ ᠤ ᠬᠦᠬᠦᠯᠠᠳᠤᠭᠤᠨ ᠤ ᠲᠣᠯᠤᠭᠠᠢ ᠶᠢᠨ ᠣᠪᠤᠭ᠎ᠠ ᠠᠴᠠ ᠰᠢᠯᠢᠨ ᠬᠦᠵᠦᠭᠦᠦ᠂ ᠰᠡᠷᠪᠡᠭᠡ ᠳᠡᠭᠡᠭᠦᠷ ᠨᠢ ᠰᠠᠬᠤᠯᠢᠭ  ᠵᠤᠵᠠᠭᠠᠨ ᠤᠷᠳᠤ ᠦᠰᠦ ᠤᠷᠭᠤᠳᠠᠭ ᠢ ᠶᠡᠷᠦᠩᠬᠡᠢ ᠳᠤᠨᠢ ᠳᠡᠯ ᠭᠡᠵᠦ ᠨᠡᠷᠡᠯᠡᠳᠡᠭ ᠪᠣᠯᠪᠠᠴᠦ ᠳᠤᠲᠤᠷ᠎ᠠ ᠨᠢ ᠬᠦᠬᠦᠯ᠂  ᠳᠡᠯ᠂ ᠮᠣᠨᠳᠠᠭ᠎ᠠ ᠭᠡᠵᠦ ᠢᠯᠭᠠᠳᠠᠭ᠃ ᠠᠳᠤᠭᠤᠨ ᠤ ᠲᠣᠯᠤᠭᠠᠢ ᠶᠢᠨ ᠣᠪᠤᠭᠠᠨ ᠳᠡᠭᠡᠷᠡᠬᠢ ᠬᠤᠶᠠᠷ ᠴᠢᠬᠢᠨ ᠤ  ᠬᠤᠭᠤᠷᠤᠨᠳᠤᠬᠢ ᠦᠰᠦ ᠶᠢ ᠬᠦᠬᠦᠯ ᠭᠡᠵᠦ ᠨᠡᠷᠡᠯᠡᠨ᠎ᠡ᠃ ᠬᠦᠬᠦᠯ ᠢ ᠪᠠᠰᠠ ᠰᠣᠭᠰᠤᠭ᠎ᠠ ᠭᠡᠳᠡᠭ᠃ᠠᠳᠤᠭᠤᠨ ᠤ ᠳᠡᠯᠠᠳᠤᠭᠤᠨ ᠤ ᠬᠤᠶᠠᠷ ᠴᠢᠬᠢ ᠠᠴᠠ ᠠᠷᠤᠨᠰᠢ ᠰᠡᠷᠪᠡᠭᠡ ᠬᠦᠷᠳᠡᠯᠡᠬᠢ ᠦᠰᠦ ᠶᠢ ᠳᠡᠯ ᠭᠡᠳᠡᠭ᠂ ᠠᠳᠤᠭᠤᠨ ᠤ  ᠳᠡᠯ ᠤᠷᠳᠤ ᠰᠠᠬᠤᠯᠢᠭ ᠤᠷᠭᠤᠳᠠᠭ᠃ ᠬᠤᠷ ᠳᠡᠯ ᠲᠠᠢ ᠠᠵᠢᠷᠭ᠎ᠠ ᠪᠣᠶᠤ ᠭᠡᠭᠦᠦ ᠶᠢᠨ ᠳᠡᠯ ᠡᠪᠦᠳᠦᠭ ᠢᠶᠠᠨ ᠳᠠᠪᠠᠵᠦ  ᠭᠠᠵᠠᠷ ᠰᠢᠭᠦᠷᠳᠡᠭ᠃ ᠠᠳᠤᠭᠤᠨ ᠤ ᠳᠡᠯ ᠪᠣᠷᠤᠭᠤᠰᠢ ᠪᠠᠨ ᠵᠦᠪᠰᠢ ᠪᠠᠨ ᠪᠦᠷ ᠤᠨᠵᠠᠶᠢᠳᠠᠭ᠂ ᠭᠤᠤᠯ ᠢᠶᠠᠷ ᠢᠶᠠᠨ  ᠤᠷᠳᠤᠯᠵᠢᠨ ᠬᠠᠭᠠᠷᠠᠵᠦ ᠬᠤᠶᠠᠷ ᠲᠡᠰᠢ ᠤᠨᠵᠠᠶᠢᠭᠰᠠᠨ ᠳᠡᠯ ᠢ ᠱᠠᠩᠬᠤᠯᠠᠵᠦ ᠪᠠᠭᠤᠭᠰᠠᠨ ᠳᠡᠯ ᠭᠡᠳᠡᠭ᠃ᠠᠳᠤᠭᠤᠨ ᠤ ᠮᠣᠨᠳᠠᠭ᠎ᠠᠠᠳᠤᠭᠤᠨ ᠤ ᠰᠡᠷᠪᠡᠭᠡᠨ ᠳᠡᠭᠡᠷᠡᠬᠢ ᠪᠣᠶᠤ ᠰᠡᠷᠪᠡᠭᠡ ᠠᠴᠠ ᠶᠠᠯᠢᠮ ᠦᠭᠡᠢ ᠠᠷᠤᠨᠰᠢᠬᠢ ᠤᠷᠳᠤ ᠦᠰᠦ ᠶᠢ  ᠮᠣᠨᠳᠠᠭ᠎ᠠ ᠭᠡᠳᠡᠭ᠃ ᠠᠳᠤᠭᠤᠨ ᠤ ᠳᠡᠯ ᠠᠪᠬᠤ ᠳᠤ ᠮᠣᠨᠳᠠᠭ᠎ᠠ᠂ ᠬᠦᠬᠦᠯ ᠢ ᠨᠢ ᠬᠢᠷᠭᠠᠳᠠᠭ ᠦᠭᠡᠢ ᠶᠣᠰᠤ ᠪᠣᠢ᠃ᠠᠳᠤᠭᠤᠨ ᠤ ᠰᠣᠷᠮᠤᠤᠰᠤᠠᠳᠤᠭᠤᠨ ᠤ ᠨᠢᠳᠤᠨ ᠤ ᠠᠨᠢᠰᠬ᠎ᠠ ᠶᠢᠨ ᠢᠷᠮᠡᠭ ᠳᠠᠭᠠᠤ ᠤᠷᠭᠤᠭᠰᠠᠨ ᠤᠷᠳᠤ ᠦᠰᠦ ᠶᠢ ᠰᠣᠷᠮᠤᠤᠰᠤ  ᠭᠡᠳᠡᠭ᠃ᠠᠳᠤᠭᠤᠨ ᠤ ᠰᠠᠮᠠᠢᠠᠳᠤᠭᠤᠨ ᠤ ᠰᠡᠭᠦᠯ ᠤᠨ ᠤᠭ ᠤᠨ ᠶᠠᠰᠤ ᠶᠢ ᠪᠦᠷᠬᠦᠵᠦ ᠤᠷᠭᠤᠭᠰᠠᠨ ᠦᠨᠳᠦᠷ ᠬᠢᠯᠭᠠᠰᠦ ᠶᠢ ᠰᠠᠮᠠᠢ  ᠭᠡᠳᠡᠭ᠃ᠠᠳᠤᠭᠤᠨ ᠤ ᠰᠡᠭᠦᠯᠠᠳᠤᠭᠤᠨ ᠤ ᠶᠠᠰᠦ ᠰᠡᠭᠦᠯ ᠠᠴᠠ ᠳᠣᠷᠤᠭᠰᠢ ᠤᠷᠭᠤᠵᠦ ᠰᠠᠭᠯᠠᠭ᠎ᠠ ᠳᠠᠭᠠᠨ ᠬᠦᠷᠦᠭᠰᠡᠨ ᠤᠷᠳᠤ ᠪᠠᠭᠴᠠ  ᠬᠢᠯᠭᠠᠰᠦ ᠶᠢ ᠰᠡᠭᠦᠯ ᠭᠡᠨ᠎ᠡ᠃ ᠪᠠᠰᠠ ᠳᠤᠭ ᠰᠡᠭᠦᠯ ᠭᠡᠬᠦ ᠪᠤᠶᠤ ᠰᠡᠭᠦᠯ ᠤᠨ ᠬᠢᠯᠭᠠᠰᠦ ᠭᠡᠳᠡᠭ᠃ᠠᠳᠤᠭᠤᠨ ᠤ ᠡᠷᠭᠢᠭᠦᠯᠭᠡᠠᠳᠤᠭᠤᠨ ᠤ ᠪᠡᠶ᠎ᠡ ᠳᠡᠭᠡᠷᠡᠬᠢ ᠠᠯᠢ ᠨᠢᠭᠡᠨ ᠬᠡᠰᠡᠭ ᠤᠨ ᠦᠰᠦ ᠨᠢ ᠤᠰᠤᠨ ᠤ ᠣᠶᠢᠯ ᠮᠡᠳᠦ ᠡᠷᠭᠢᠭᠦᠯᠭᠡᠨ  ᠭᠠᠷᠴᠦ ᠤᠷᠭᠤᠭᠰᠠᠨ ᠢ ᠠᠳᠤᠭᠤᠨ ᠤ ᠡᠷᠭᠢᠭᠦᠯᠭᠡ ᠭᠡᠳᠡᠭ᠃ᠪᠡᠯᠡᠳᠬᠡᠭᠰᠡᠨ ᠨᠢ᠄ ᠡᠷᠳᠡᠨᠢᠬᠦᠦᠨᠠᠶᠢᠷᠠᠭᠤᠯᠤᠭᠰᠠᠨ ᠨᠢ᠄ ᠨᠠᠮᠤᠷᠬᠢᠨᠠᠭᠰᠠᠨ ᠨᠢ᠄ ᠤᠷᠢᠬᠠᠨ
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号