ᠠᠷᠪᠠᠨ ᠬᠤᠶᠠᠷ ᠵᠢᠯ ᠤᠨ ᠪᠡᠯᠭᠡᠳᠡᠯ
ᠨᠡᠶᠢᠲᠡᠯᠡᠭᠰᠡᠨ ᠴᠠᠭ᠄
2020/4/21
  ᠮᠣᠩᠭᠤᠯᠴᠤᠳ ᠠᠯᠢ ᠡᠷᠲᠡ ᠲᠦᠷᠪᠠᠨ ᠣᠯᠠᠷᠢᠯ ᠢᠶᠠᠨ 12 ᠰᠠᠷ᠎ᠠ ᠪᠣᠯᠭᠠᠨ ᠬᠤᠪᠢᠶᠠᠵᠣ᠂ ᠦᠪᠡᠷᠰᠡᠳ ᠤᠨ  ᠢᠶᠠᠨ ᠠᠮᠢᠳᠣᠷᠠᠯ ᠳᠤ ᠣᠶᠢᠷ᠎ᠡ ᠪᠠᠶᠢᠳᠠᠭ᠂ ᠡᠰᠡᠪᠠᠯ ᠰᠢᠳᠦᠵᠣ ᠪᠢᠰᠢᠷᠡᠵᠣ ᠢᠷᠡᠭᠰᠡᠨ ᠠᠮᠢᠳᠠᠨ ᠤ ᠪᠠᠨ ᠨᠡᠷ᠎ᠡ ᠪᠠᠷ ᠨᠡᠷᠡᠯᠡᠵᠠᠢ᠃ ᠠᠷᠪᠠᠨ ᠬᠤᠶᠠᠷ ᠵᠢᠯ ᠢᠶᠠᠨ ᠣᠯᠠᠭᠴᠢᠨ᠂ ᠰᠢᠷᠠᠭᠴᠢᠨ᠂ ᠴᠠᠭᠠᠭᠴᠢᠨ᠂ ᠬᠦᠬᠡᠭᠴᠢᠨ᠂ ᠬᠠᠷᠠᠭᠴᠢᠨ ᠭᠡᠵᠣ ᠲᠠᠪᠣᠨ ᠦᠩᠭᠡ ᠪᠠᠷ ᠨᠡᠷᠡᠯᠡᠭᠡᠳ᠂ ᠠᠷᠪᠠᠨ ᠬᠤᠶᠠᠷ ᠵᠢᠯ ᠢᠶᠠᠨ 5 ᠣᠳᠠᠭ᠎ᠠ ᠶᠢᠨ ᠲᠠᠪᠳᠠᠯᠳᠠ ᠪᠠᠷ ᠲᠣᠭᠠᠴᠠᠵᠣ ᠨᠢᠭᠡ ᠵᠢᠷᠠᠨ ᠭᠡᠵᠣ ᠲᠣᠭᠠᠯᠠᠳᠠᠭ ᠪᠠᠶᠢᠵᠠᠢ᠃ ᠨᠢᠭᠡᠳᠦᠭᠡᠷ ᠰᠠᠷ᠎ᠠ ᠠᠴᠠ ︽ᠦᠭᠡᠷ ᠰᠠᠷ᠎ᠠ︾ ᠬᠡᠮᠡᠨ ᠲᠣᠭᠠᠯᠠᠵᠣ ᠡᠬᠢᠯᠡᠨ᠎ᠡ᠃   ᠵᠢᠯ ᠢ ᠳᠣᠳᠣᠷ᠎ᠠ ᠨᠢ ᠬᠠᠳᠠᠭᠤ᠂ ᠵᠦᠭᠡᠯᠡᠨ ᠭᠡᠵᠣ ᠢᠯᠭᠠᠨ ᠪᠠᠷᠰ᠂ ᠯᠣᠣ᠂ ᠮᠣᠷᠢ᠂ ᠨᠣᠬᠠᠢ᠂ ᠭᠠᠭ᠋ᠠᠢ ᠵᠢᠯ ᠢ ᠬᠠᠳᠠᠭᠤ ᠵᠢᠯ ᠭᠡᠵᠣ᠂ ᠪᠣᠰᠣᠳ ᠵᠢᠯ ᠢ ᠵᠦᠭᠡᠯᠡᠨ ᠵᠢᠯ ᠬᠡᠮᠡᠨ᠎ᠡ᠃   ᠠᠷᠪᠠᠨ ᠬᠤᠶᠠᠷ ᠵᠢᠯ ᠤᠨ ᠪᠡᠯᠭᠡᠳᠡᠯ ᠢ ᠲᠣᠭᠠᠴᠢᠪᠠᠯ ᠬᠤᠯᠣᠭᠠᠨ᠎ᠠ ᠵᠢᠯ ᠦᠨᠢᠷ ᠦᠳᠭᠡᠨ᠂ ᠦᠰᠴᠦ ᠦᠷᠡᠵᠢᠬᠦ  ᠶᠢ᠂ ᠦᠭᠡᠷ ᠵᠢᠯ ᠡᠯᠪᠡᠭ ᠲᠡᠯᠪᠡᠭ ᠪᠠᠶᠢᠬᠤ ᠶᠢ᠂ ᠪᠠᠷᠰ ᠵᠢᠯ ᠵᠣᠷᠢᠭᠳᠠᠢ᠂ ᠠᠪᠭᠠᠯᠵᠢ ᠰᠠᠮᠪᠠᠭ᠎ᠠ ᠲᠠᠢ ᠪᠠᠶᠢᠬᠤ ᠶᠢ᠂ ᠲᠠᠣᠯᠠᠢ ᠵᠢᠯ ᠴᠤᠭ ᠵᠣᠯᠪᠣᠭᠤ᠂ ᠲᠦᠯᠭᠡᠨ ᠰᠠᠶᠢᠬᠠᠨ ᠪᠠᠶᠢᠬᠤ ᠶᠢ᠂ ᠯᠣᠣ ᠵᠢᠯ ᠬᠦᠴᠦᠷᠬᠡᠭ ᠪᠠᠶᠢᠳᠠᠯ᠂ ᠬᠦᠨᠳᠦᠣᠭᠡᠯ᠂ ᠪᠠᠶᠠᠷ ᠪᠠᠶᠠᠰᠬᠤᠯᠠᠩ ᠢ᠂ ᠮᠣᠭᠠᠢ ᠵᠢᠯ ᠵᠦᠩ ᠪᠡᠯᠭᠡ᠂ ᠵᠡᠭᠦᠳᠦ ᠰᠣᠪᠢᠩ ᠢ᠂ ᠮᠣᠷᠢᠨ ᠵᠢᠯ ᠬᠤᠷᠳᠦ ᠬᠦᠴᠦ᠂ ᠡᠷᠳᠡᠮ ᠮᠡᠳᠡᠯᠭᠡ ᠶᠢ᠂ ᠬᠤᠨᠢᠨ ᠵᠢᠯ ᠦᠩᠭᠡᠳᠡᠢ᠂ ᠣᠷᠢᠨ ᠲᠣᠯᠠᠭᠠᠨ ᠪᠠᠶᠢᠬᠤ ᠶᠢ᠂ ᠪᠠᠴᠢᠨ ᠵᠢᠯ ᠬᠦᠭᠵᠢᠯ ᠬᠦᠳᠡᠯᠭᠡᠭᠡᠨ᠂ ᠣᠪ ᠰᠠᠮᠪᠠᠭ᠎ᠠ ᠲᠠᠢ ᠪᠠᠶᠢᠬᠤ ᠶᠢ᠂ ᠲᠠᠬᠢᠶ᠎ᠠ ᠵᠢᠯ ᠭᠤᠶᠣᠮᠰᠤᠭ ᠪᠠᠷᠳᠠᠮ᠂ ᠦᠷᠨᠢᠭᠦᠨ ᠶᠠᠪᠣᠬᠤ ᠶᠢ᠂ ᠨᠣᠬᠠᠢ ᠵᠢᠯ ᠬᠠᠶᠢᠷ᠎ᠠ ᠬᠠᠯᠠᠮᠵᠢ᠂ ᠦᠨᠡᠨᠴᠢ ᠰᠢᠳᠣᠷᠭᠤ ᠪᠠᠶᠢᠳᠠᠯ ᠢ᠂ ᠭᠠᠭ᠋ᠠᠢ ᠵᠢᠯ ᠰᠢᠯᠦᠭᠤᠨ ᠲᠠᠷᠳᠠᠩ᠂ ᠡᠷᠭᠢᠯᠳᠡ ᠪᠣᠴᠠᠯᠳᠠ ᠦᠭᠡᠢ ᠪᠠᠶᠢᠳᠠᠯ ᠢ ᠢᠯᠡᠷᠭᠡᠶᠢᠯᠡᠨ᠎ᠡ᠃   ᠪᠡᠯᠡᠳᠬᠡᠭᠰᠡᠨ ᠨᠢ᠄ ᠡᠷᠳᠡᠨᠢᠬᠦᠦᠨᠠᠶᠢᠷᠠᠭᠤᠯᠤᠭᠰᠠᠨ ᠨᠢ᠄ ᠨᠠᠮᠤᠷᠬᠢᠨᠠᠭᠰᠠᠨ ᠨᠢ᠄ ᠤᠷᠢᠬᠠᠨ
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号