ᠡᠮᠨᠢᠭ ᠰᠤᠷᠭᠠᠬᠤ ᠶᠣᠰᠣᠨ
ᠨᠡᠶᠢᠲᠡᠯᠡᠭᠰᠡᠨ ᠴᠠᠭ᠄
2020/4/21
  ᠮᠤᠩᠭᠤᠯᠴᠤᠳ ᠠᠳᠤᠭᠤ ᠶᠢ ᠤᠨᠤᠵᠤ ᠰᠤᠷᠭᠠᠬᠤ ᠳᠠᠭᠠᠨ ᠰᠢᠳᠦᠯᠡᠩ ᠪᠤᠶᠤ ᠭᠢᠵᠢᠶᠠᠯᠠᠩ ᠳᠤᠨᠢ ᠤᠨᠤᠵᠤ ᠰᠤᠷᠭᠠᠳᠠᠭ᠃ ᠡᠨᠡ ᠨᠠᠰᠤᠨ ᠳᠤᠨᠢ ᠤᠨᠤᠵᠤ ᠰᠤᠷᠭᠠᠪᠠᠯ ᠨᠤᠮᠤᠬᠠᠷᠠᠬᠤ ᠨᠢ ᠬᠤᠷᠳᠤᠨ᠂ ᠤᠨᠤᠰᠢ ᠰᠠᠶᠢᠳᠠᠢ᠂ ᠭᠦᠶᠦᠳᠡᠯ ᠲᠦᠷᠭᠡᠨ᠂ ᠠᠮᠠ ᠵᠦᠭᠡᠯᠡᠨ ᠰᠠᠶᠢᠬᠠᠨ ᠭᠦᠯᠦᠭ ᠪᠤᠯᠳᠠᠭ᠃ ᠨᠠᠰᠤ ᠨᠢ ᠶᠡᠭᠡ ᠪᠤᠯᠤᠭᠠᠳ ᠰᠤᠷᠭᠠᠪᠠᠯ ᠤᠨᠤᠬᠤ ᠳᠤ ᠭᠦᠰᠢᠭᠦᠨ ᠳᠡᠭᠡᠷ᠎ᠡ ᠪᠠᠨ ᠤᠨᠤᠰᠢ ᠨᠢ ᠰᠠᠶᠢᠨ ᠴᠤᠭᠤᠷᠠᠬᠤ ᠦᠭᠡᠢ ᠭᠡᠵᠤ ᠠᠬᠠᠮᠠᠳ ᠳᠤᠮᠤᠭᠠᠳᠠᠳ ᠶᠠᠷᠢᠳᠠᠭ᠃   ᠬᠠᠮᠤᠭ ᠳᠡᠷᠢᠭᠦᠨ ᠳᠤ ᠠᠳᠤᠭᠤᠨ ᠠᠴᠠ ᠪᠠᠷᠢᠬᠰᠠᠨ ᠡᠮᠨᠢᠭ ᠢᠶᠠᠨ ᠴᠢᠳᠤᠷᠯᠡᠵᠤ ᠰᠤᠷᠭᠠᠨ᠎ᠠ᠃ ᠠᠩᠬ᠎ᠠ ᠴᠢᠳᠦᠷᠯᠡᠭᠦ ᠳᠤ ᠡᠮᠨᠢᠭ ᠮᠤᠷᠢ ᠪᠡᠶ᠎ᠡ ᠶᠢᠨ ᠳᠡᠩᠴᠡᠭᠦᠷᠢ ᠪᠠᠨ ᠤᠯᠬᠤ ᠦᠭᠡᠢ ᠡᠮᠦᠨᠡᠰᠢ ᠪᠠᠨ ᠭᠤᠳᠤᠷᠠᠵᠤ ᠤᠢᠢᠴᠢᠭᠠᠳ ᠶᠠᠪᠤᠵᠤ ᠴᠢᠳᠠᠳᠠᠭ ᠦᠭᠡᠢ᠃ ᠡᠨᠡ ᠦᠶ᠎ᠡ ᠳᠤ ᠰᠡᠭᠦᠯ ᠠᠴᠠ ᠨᠢ ᠠᠷᠤᠬᠰᠢ ᠪᠠᠨ ᠳᠠᠳᠠᠪᠠᠯ ᠳᠤᠤᠷ᠎ᠠ ᠪᠠᠨ ᠳᠡᠩᠴᠡᠭᠦᠷᠢ ᠪᠠᠨ ᠤᠯᠴᠢᠬᠠᠳᠠᠭ᠃   ᠤᠨᠤᠵᠤ ᠰᠤᠷᠭᠠᠬᠤ ᠳᠠᠭᠠᠨ ᠵᠠᠪᠠᠯ ᠬᠤᠶᠠᠷ ᠴᠢᠭᠢ ᠠᠴᠠ ᠨᠢ ᠴᠢᠭᠢᠳᠤᠳᠡᠭ᠂ ᠢᠡᠭᠭᠢᠪᠡᠯ ᠬᠤᠵᠢᠮ ᠳᠤᠯᠤᠭᠠᠢ ᠳᠠᠭᠠᠨ ᠭᠡᠨᠭᠳᠡᠭ ᠦᠭᠡᠢ ᠪᠤᠯᠳᠠᠭ ᠭᠡᠵᠤ ᠭᠡᠯᠡᠳᠡᠭ᠃ ᠨᠢᠭᠡ ᠭᠦᠮᠦᠨ ᠡᠮᠨᠢᠭ ᠢᠶᠠᠨ ᠴᠢᠭᠢᠳᠤᠵᠤ᠂ ᠨᠢᠭᠡ ᠭᠦᠮᠦᠨ ᠨᠤᠬᠳᠤᠯᠤᠨ ᠬᠠᠵᠠᠭᠠᠷᠯᠠᠵᠤ ᠡᠮᠡᠭᠡᠯᠯᠡᠨ᠂ ᠡᠮᠡᠭᠡᠯ ᠤᠨ ᠤᠯᠤᠩ ᠢᠶᠠᠨ ᠵᠤᠭᠢᠬᠤ ᠭᠡᠮᠵᠢᠶ᠎ᠡ ᠲᠠᠢ ᠴᠢᠩᠭᠠᠯᠠᠵᠤ ᠴᠢᠳᠦᠷ ᠢᠶᠠᠨ ᠠᠪᠴᠤ᠂ ᠨᠤᠬᠳᠤᠨ ᠤ ᠪᠠᠨ ᠴᠤᠯᠪᠤᠭᠤᠷ ᠤᠨ ᠦᠵᠦᠭᠦᠷ ᠲᠤ ᠵᠠᠯᠭᠠᠨ ᠡᠮᠨᠢᠭ ᠢᠶᠠᠨ ᠡᠮᠡᠭᠡᠯ ᠲᠠᠢ ᠨᠢ ᠳᠦᠢᠯᠠᠭᠤᠯᠳᠠᠭ᠃ ᠡᠭᠦᠨ ᠢ ᠪᠠᠨ ᠴᠠᠩᠬ᠎ᠠ ᠶᠢ ᠨᠢ ᠭᠠᠷᠭᠠᠵᠤ ᠪᠠᠶᠢᠨ᠎ᠠ ᠭᠡᠳᠡᠭ᠃ ᠭᠡᠷᠪᠡ ᠢᠡᠭᠭᠢᠵᠤ ᠪᠤᠯᠭᠢᠭᠤᠯᠤᠨ ᠳᠦᠢᠯᠠᠭᠤᠯᠬᠤ ᠦᠭᠡᠢ ᠰᠢᠭᠤᠳ ᠤᠨᠤᠪᠠᠯ ᠵᠠᠷᠢᠮ ᠭᠡᠳᠡᠷ ᠡᠮᠨᠢᠭ ᠮᠤᠷᠢ ᠰᠢᠭᠤᠳ ᠰᠠᠪᠠᠵᠤ ᠤᠨᠠᠳᠠᠭ᠃   ᠡᠭᠢᠯᠡᠵᠤ ᠤᠨᠤᠬᠤ ᠳᠤ ᠠᠮᠠ ᠪᠠᠨ ᠤᠯᠬᠤ ᠦᠭᠡᠢ ᠪᠤᠯᠬᠤᠷ ᠮᠤᠷᠢ ᠲᠠᠢ ᠭᠦᠮᠦᠨ ᠡᠮᠤᠨ᠎ᠡ ᠨᠢ ᠳᠠᠭᠠᠭᠤᠯᠤᠨ ᠶᠠᠪᠤᠬᠤ ᠪᠤᠶᠤ ᠠᠷᠤ ᠠᠴᠠ ᠨᠢ ᠭᠦᠭᠡᠭᠡᠵᠤ ᠠᠩᠬᠠᠨ ᠤ ᠤᠨᠤᠯᠭ᠎ᠠ ᠪᠠᠨ ᠭᠦᠢᠴᠡᠭᠡᠳᠡᠭ᠃ ᠡᠮᠨᠢᠭ ᠤᠨ ᠳᠤᠯᠤᠭᠠᠢ ᠪᠡ ᠴᠠᠪᠢ ᠤᠷᠤᠭᠤ ᠳᠠᠰᠢᠭᠤᠷᠳᠠᠬᠤ ᠪᠤᠶᠤ ᠴᠢᠴᠢᠭᠦ ᠶᠢ ᠴᠡᠭᠡᠷᠯᠡᠨ᠎ᠡ᠃ ᠳᠤᠯᠤᠭᠠᠢ ᠶᠢ ᠨᠢ ᠳᠠᠰᠢᠭᠤᠷᠳᠠᠪᠠᠯ ᠠᠳᠤᠭᠤᠨ ᠤ ᠭᠡᠶᠢᠮᠤᠷᠢ ᠭᠡᠪᠳᠡᠵᠤ᠂ ᠴᠠᠪᠢ ᠤᠷᠤᠭᠤ ᠨᠢ ᠴᠢᠴᠢᠪᠡᠯ ᠴᠢᠳᠠᠯ ᠪᠠᠷᠢᠳᠠᠯ ᠦᠭᠡᠢ ᠪᠤᠯᠵᠤ ᠬᠤᠯᠠ ᠶᠢᠨ ᠵᠠᠮ ᠳᠤ ᠳᠠᠭᠠᠭᠠᠴᠠ ᠦᠭᠡᠢ ᠪᠤᠯᠤᠨ᠎ᠠ ᠭᠡᠵᠤ ᠭᠡᠯᠡᠳᠡᠭ᠃ ᠡᠬᠢᠯᠡᠵᠦ ᠰᠤᠷᠭᠠᠬᠤ ᠳᠠᠭᠠᠨ ᠬᠤᠯᠠ ᠶᠠᠪᠤᠬᠤ ᠦᠭᠡᠢ ᠪᠠᠶᠢᠵᠤ᠂ ᠬᠤᠶᠠᠷ ᠭᠤᠷᠪᠠᠨ ᠭᠠᠵᠠᠷ ᠭᠢᠷᠢᠳᠠᠢ ᠶᠠᠪᠤᠵᠤ ᠭᠦᠯᠦᠰᠦ ᠶᠢ ᠨᠢ ᠭᠠᠷᠭᠠᠨ ᠢᠷᠡᠵᠤ᠂ ᠬᠤᠷᠤᠭ᠎ᠠ ᠬᠠᠰᠢᠶᠠᠨ ᠠᠴᠠ ᠵᠠᠶᠢᠳᠠᠢ ᠤᠶᠠᠭᠠᠨ ᠳᠤ ᠤᠶᠠᠨ᠎ᠠ᠃ ᠤᠶᠠᠬᠤ ᠳᠠᠭᠠᠨ ᠨᠤᠬᠳᠤᠨ ᠤ ᠴᠤᠯᠪᠤᠭᠤᠷ ᠢ ᠤᠶᠠᠭᠠᠨ ᠳᠤ ᠳᠠᠩ ᠤᠷᠢᠶᠠᠵᠤ ᠭᠦᠵᠦᠭᠦᠦ ᠪᠠᠷ ᠨᠢ ᠤᠶᠠᠳᠠᠭ᠃ ᠡᠨᠡ ᠨᠢ ᠡᠮᠨᠢᠭ ᠮᠤᠷᠢ ᠤᠶᠠᠭ᠎ᠠ ᠪᠠᠨ ᠳᠤᠭᠤᠷᠢᠵᠤ ᠪᠠᠶᠢᠭᠠᠳ ᠪᠤᠭᠤᠵᠤ ᠦᠭᠦᠭᠦ ᠠᠴᠠ ᠰᠡᠷᠭᠡᠶᠢᠯᠡᠵᠤ ᠪᠠᠶᠢᠭ᠎ᠠ ᠶᠤᠮ᠃   ᠭᠦᠯᠦᠰᠦ ᠶᠢ ᠨᠢ ᠰᠠᠶᠢᠨ ᠰᠡᠪᠡᠭᠡᠭᠡᠳ ᠡᠮᠡᠭᠡᠯ ᠢ ᠨᠢ ᠬᠠᠭᠤᠯᠬᠤ ᠦᠭᠡᠢ ᠪᠤᠯ ᠵᠢᠯᠪᠢᠩ ᠪᠤᠶᠤ ᠴᠤᠤ ᠡᠪᠡᠳᠴᠢᠨ ᠤᠯᠬᠤ ᠠᠶᠤᠯᠳᠠᠢ᠃   ᠡᠮᠨᠢᠭ ᠢ ᠶᠡᠷᠦᠳᠡᠭᠡᠨ 3 ᠳ᠋ᠤᠭᠠᠷ ᠰᠠᠷ᠎ᠠ ᠶᠢᠨ ᠰᠡᠭᠦᠯᠴᠢ ᠠᠴᠠ 4 ᠳ᠋ᠤᠭᠡᠷ ᠰᠠᠷ᠎ᠠ ᠶᠢᠨ ᠬᠤᠭᠤᠷᠤᠨᠳᠤ ᠰᠤᠷᠭᠠᠨ᠎ᠠ᠃ ᠡᠨᠡ ᠦᠶ᠎ᠡ ᠪᠤᠯ ᠰᠠᠯᠭᠢ ᠭᠦᠢᠳᠡᠨ ᠤ ᠡᠷᠴᠢ ᠢᠳᠡᠭ ᠢᠳᠡᠭ ᠢᠶᠠᠷ ᠪᠠᠭᠤᠷᠠᠵᠤ ᠤᠷᠢᠨ ᠲᠤᠯᠠᠭᠠᠨ ᠤ ᠦᠶ᠎ᠡ ᠡᠭᠢᠯᠡᠵᠤ ᠪᠠᠶᠢᠭ᠎ᠠ ᠪᠤᠯᠬᠤᠷ ᠡᠪᠡᠳᠴᠢᠨ ᠭᠡᠮ ᠤᠯᠬᠤ ᠨᠢ ᠴᠦᠭᠡᠨ ᠪᠠᠶᠢᠳᠠᠭ᠃   ᠵᠤᠨ ᠨᠤᠭᠤᠭᠠᠨ ᠳᠤ ᠴᠡᠳᠤᠬᠰᠠᠨ ᠤ ᠳᠠᠷᠠᠭ᠎ᠠ ᠰᠤᠷᠭᠠᠪᠠᠯ ᠠᠮᠠᠷᠬᠠᠨ ᠵᠦᠡᠭᠰᠢᠷᠡᠳᠡᠭ ᠦᠭᠡᠢ ᠪᠦᠭᠡᠳ ᠭᠦᠯ ᠨᠢ ᠴᠢᠳᠤᠷ ᠲᠡᠭᠡᠨ ᠨᠢᠯᠳᠤᠷᠠᠵᠤ ᠰᠢᠯᠪᠤᠷᠠᠭᠠᠳ ᠮᠠᠭᠤ ᠪᠠᠶᠢᠳᠠᠭ᠃ᠪᠡᠯᠡᠳᠬᠡᠭᠰᠡᠨ ᠨᠢ᠄ ᠡᠷᠳᠡᠨᠢᠬᠦᠦᠨᠠᠶᠢᠷᠠᠭᠤᠯᠤᠭᠰᠠᠨ ᠨᠢ᠄ ᠨᠠᠮᠤᠷᠬᠢᠨᠠᠭᠰᠠᠨ ᠨᠢ᠄ ᠤᠷᠢᠬᠠᠨ
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号