ᠮᠤᠩᠭᠤᠯᠴᠤᠤᠡ ᠤᠨ ᠲᠡᠬᠡᠰᠤ ᠲᠠᠮᠤᠬᠤ
ᠨᠡᠶᠢᠲᠡᠯᠡᠭᠰᠡᠨ ᠴᠠᠭ᠄
2020/4/21
  ᠮᠤᠩᠭᠤᠯᠴᠤᠤᠡ ᠲᠡᠬᠡᠰᠤ ᠶᠢ ᠪᠦᠷ ᠠᠯᠠᠭ᠎ᠠ ᠪᠠᠷ ᠢᠶᠠᠨ ᠨᠢᠤᠡᠬᠡᠷᠡᠡ ᠡᠷᠴᠢᠯᠡᠵᠤ ᠲᠠᠮᠤᠳᠠᠭ᠂ ᠬᠡᠳᠤᠢ ᠬᠥᠴᠤᠳᠡᠢ ᠨᠢᠤᠡᠬᠡᠬᠦ ᠲᠤᠳᠤᠮ ᠡᠷᠴᠢ ᠨᠢ ᠲᠡᠳᠤᠢ ᠴᠢᠩᠭ᠎ᠠ ᠪᠤᠯᠳᠠᠭ ᠵᠥᠢᠳᠡᠢ᠃ ᠡᠷᠴᠢ ᠰᠡᠶᠢᠳᠡᠢ ᠲᠡᠬᠡᠰᠤ ᠡᠬᠡᠬᠡ ᠯᠡ ᠮᠤᠭᠠᠢ ᠮᠠᠳᠤ ᠬᠥᠷᠪᠡᠯᠵᠡᠵᠤ ᠪᠠᠶᠢᠳᠠᠭ᠃ ᠲᠡᠬᠡᠰᠤ ᠲᠠᠮᠤᠬᠤ ᠳᠤ ᠶᠠᠭᠤᠡ ᠤ ᠡᠮᠤᠨ᠎ᠡ᠂ ᠨᠤᠤᠰᠤ᠂ ᠬᠢᠯᠭᠠᠰᠤ᠂ ᠵᠤᠭᠳᠤᠷ᠂ ᠰᠤᠷ ᠢᠶᠠᠨ ᠡᠷᠬᠡᠪᠰᠢ ᠲᠦᠬᠦᠮ ᠠᠷᠭ᠎ᠠ ᠪᠠᠷ ᠪᠤᠯᠪᠠᠰᠤᠷᠠᠭᠤᠯᠬᠤ ᠴᠢᠬᠤᠯᠠᠳᠡᠢ ᠪᠠᠶᠢᠳᠠᠭ᠂ ᠦᠬᠡᠷ᠎ᠡ ᠪᠠᠷ ᠬᠡᠯᠡᠪᠡᠯ ᠲᠠᠮᠤᠬᠤ ᠨᠦᠬᠦᠴᠡᠯ ᠢ ᠪᠦᠷᠢᠯᠳᠥᠬᠦᠯᠬᠦ ᠶᠠᠪᠤᠳᠠᠯ ᠪᠤᠯᠤᠨ᠎ᠠ᠃   ᠨᠤᠤᠰᠤ ᠰᠠᠪᠠᠭᠠᠳᠠᠬᠤ ᠠᠷᠭ᠎ᠠ᠄ ᠲᠡᠭᠰᠢ ᠭᠠᠵᠠᠷ ᠢ ᠰᠤᠩᠭᠤᠵᠤ ᠪᠠᠶᠢᠭᠠᠤᠡ ᠠᠳᠠᠰᠭ᠎ᠠ ᠪᠠᠨ ᠲᠠᠪᠰᠡᠵᠤ ᠲᠡᠬᠡᠷ᠎ᠡ ᠨᠢ ᠨᠤᠤᠰᠤ ᠪᠠᠨ ᠲᠡᠯᠬᠡᠨ᠎ᠡ᠂ ᠬᠡᠮᠵᠢᠶ᠎ᠡ ᠶᠢ ᠨᠢ ᠵᠤᠬᠢᠰᠳᠡᠢ ᠲᠤᠬᠢᠷᠠᠭᠤᠯᠬᠤ ᠴᠢᠬᠤᠯᠳᠡᠢ᠃ ᠰᠠᠪᠠᠭ᠎ᠠ ᠮᠤᠳᠤ ᠪᠠᠨ ᠨᠢᠬᠡ ᠨᠢᠬᠡ ᠭᠠᠷ ᠲᠠᠭᠠᠨ ᠪᠠᠷᠢᠵᠤ ᠪᠠᠶᠢᠭᠠᠤᠡ ᠨᠤᠤᠰᠤᠡ ᠲᠡᠬᠡᠷ᠎ᠡ ᠪᠠᠨ ᠵᠦᠷᠢᠬᠦᠯᠵᠤ ᠭᠤᠶᠠᠳᠠᠨ᠎ᠠ᠂ ᠭᠤᠶᠠᠳᠠᠭᠰᠠᠠ ᠰᠠᠪᠠᠭ᠎ᠠ ᠪᠠᠨ ᠠᠷᠤᠡᠰᠢ ᠪᠠᠨ ᠲᠠᠳᠠᠰᠬᠢᠨ ᠰᠤᠭᠤᠯᠵᠤ ᠠᠪᠤᠭᠠᠤᠡ ᠨᠦᠬᠦᠬᠡ ᠰᠠᠪᠠᠭ᠎ᠠ ᠪᠠᠷ ᠢᠶᠠᠨ ᠭᠤᠶᠠᠳᠠᠵᠤ ᠠᠳᠠᠯᠢ ᠶᠤᠰᠤ ᠪᠠᠷ ᠰᠠᠪᠠᠭ᠎ᠠ ᠪᠠᠨ ᠠᠷᠤᠡᠰᠢ ᠪᠠᠨ ᠲᠠᠳᠠᠰᠬᠢᠨ ᠰᠤᠭᠤᠯᠵᠤ ᠠᠪᠤᠨ᠎ᠠ᠃ ᠰᠠᠪᠠᠭᠠᠳᠠᠬᠤ ᠬᠡᠮᠵᠢᠶ᠎ᠡ ᠨᠢ ᠠᠳᠠᠯᠢ ᠥᠬᠡᠢ ᠪᠠᠶᠢᠳᠠᠭ᠂ ᠲᠤᠭᠤᠰᠤ ᠰᠢᠷᠤᠢ ᠪᠠᠭ᠎ᠠ᠂ ᠴᠢᠬᠢᠭ ᠥᠬᠡᠢ ᠪᠣᠯ ᠬᠢᠯᠪᠡᠷ ᠲᠦᠬᠦᠮ ᠪᠠᠶᠢᠳᠠᠭ᠃ ᠶᠠᠮᠠᠷ ᠪᠠᠶᠢᠭᠰᠠᠠ ᠴᠦ ᠰᠠᠪᠠᠭᠠᠳᠠᠵᠤ ᠪᠠᠶᠢᠭ᠎ᠠ ᠨᠤᠤᠰᠤ ᠨᠢ ᠪᠦᠷ ᠵᠠᠳᠠᠷᠠᠵᠤ ᠰᠡᠪᠠᠶᠢᠬᠡᠤᠡ ᠬᠤᠭ ᠲᠤᠭᠤᠰᠤ ᠨᠢ ᠤᠨᠠᠭᠰᠠᠠ ᠪᠠᠶᠢᠬᠤ ᠪᠠᠷ ᠪᠠᠷᠢᠮᠵᠢᠶ᠎ᠠ ᠪᠤᠯᠭᠠᠨ᠎ᠠ᠃ ᠪᠠᠷᠢᠮᠵᠢᠶᠠᠠ ᠳᠤ ᠬᠥᠷᠳᠡᠯ᠎ᠡ ᠰᠠᠪᠠᠭᠠᠳᠠᠭᠰᠠᠠ ᠤ ᠲᠠᠷᠠᠭ᠎ᠠ᠂ ᠦᠬᠡᠷ᠎ᠡ ᠨᠢᠬᠡᠡ ᠲᠡᠪᠢᠰᠬᠡᠷ ᠲᠡᠬᠡᠷ᠎ᠡ ᠨᠤᠤᠰᠤ ᠪᠠᠨ ᠭᠠᠷᠭᠠᠵᠤ ᠠᠪᠤᠭᠠᠤᠡ ᠵᠢᠭᠠᠬᠠᠠ ᠤᠰᠤ ᠰᠡᠪᠡᠷᠡᠡ ᠴᠢᠬᠢᠭᠳᠡᠬᠦᠯᠵᠤ ᠤᠷᠢᠶᠠᠵᠤ ᠠᠪᠤᠨ᠎ᠠ᠃ ᠬᠢᠯᠭᠠᠰᠤ ᠶᠢ ᠪᠣᠯ ᠵᠠᠪᠠᠯ ᠤᠷᠠᠨ᠎ᠠ᠃ ᠦᠬᠡᠷ᠎ᠡ ᠪᠠᠷ ᠬᠡᠯᠡᠪᠡᠯ ᠠᠳᠤᠭᠤᠡ ᠤ ᠲᠡᠯ ᠢ ᠲᠤᠭ ᠲᠤᠭ ᠢᠶᠠᠷ ᠨᠢ ᠪᠠᠷᠢᠵᠤ ᠪᠠᠶᠢᠭᠠᠤᠡ ᠨᠢᠬᠡ ᠨᠢᠬᠡ ᠰᠢᠷᠬᠡᠭ ᠢᠶᠠᠷ ᠤᠷᠠᠵᠤ ᠵᠠᠳᠠᠯᠤᠨ᠎ᠠ᠃ ᠡᠬᠦᠡ ᠳᠤ ᠶᠠᠮᠠᠷᠴᠤ ᠪᠠᠭᠠᠵᠢ ᠬᠡᠷᠡᠭᠰᠡᠯ ᠬᠡᠷᠡᠭᠰᠡᠬᠦ ᠥᠬᠡᠢ᠂ ᠨᠢᠬᠡ ᠬᠡᠰᠡᠭ ᠠᠳᠠᠰᠭ᠎ᠠ ᠪᠤᠶᠤ ᠢᠰᠡᠬᠡᠢ ᠪᠠᠶᠢᠪᠠᠯ ᠪᠤᠯᠴᠢᠬᠠᠨ᠎ᠠ᠂ ᠲᠡᠬᠡᠷ᠎ᠡ ᠲᠡᠬᠡᠷ᠎ᠡ ᠨᠢ ᠤᠷᠠᠭᠰᠠᠭᠠᠷ ᠪᠠᠶᠢᠵᠤ ᠨᠡᠯᠢᠶᠡᠤᠡ ᠬᠡᠮᠵᠢᠶᠡᠡ ᠳᠤ ᠬᠦᠷᠥᠭᠰᠡᠡ ᠥᠶ᠎ᠡ ᠳᠤ ᠵᠢᠭᠠᠬᠠᠠ ᠤᠰᠤ ᠰᠡᠪᠡᠷᠡᠵᠤ ᠪᠠᠶᠢᠭᠠᠤᠡ ᠤᠷᠢᠶᠠᠵᠤ ᠠᠪᠤᠨ᠎ᠠ᠃ ᠵᠤᠭᠳᠤᠷ ᠢ ᠴᠦ ᠵᠠᠪᠠᠯ ᠤᠷᠠᠨ᠎ᠠ᠃ ᠠᠳᠤᠭᠤᠡ ᠲᠡᠯ ᠤᠷᠠᠳᠠᠭ ᠶᠤᠰᠤᠭᠠᠷ ᠨᠢᠬᠡ ᠨᠢᠬᠡ ᠰᠢᠷᠬᠡᠭ ᠢᠶᠠᠷ ᠨᠢ ᠤᠷᠠᠵᠤ ᠵᠠᠳᠠᠯᠤᠨ᠎ᠠ᠂ ᠤᠷᠠᠵᠤ ᠵᠠᠳᠠᠯᠤᠭᠠᠤᠡ ᠨᠡᠯᠢᠶᠡᠤᠡ ᠬᠡᠮᠵᠢᠶᠡᠡ ᠳᠤ ᠬᠥᠷᠥᠭᠰᠡᠡ ᠥᠶ᠎ᠡ ᠳᠤ ᠮᠥᠡᠬᠦ ᠲᠡᠬᠡᠷ᠎ᠡ ᠨᠢ ᠵᠢᠭᠠᠬᠠᠠ ᠤᠰᠤ ᠰᠡᠪᠡᠷᠡᠵᠤ ᠪᠠᠶᠢᠭᠠᠤᠡ ᠤᠷᠢᠶᠡᠵᠤ ᠠᠪᠤᠨ᠎ᠠ᠃    ᠰᠤᠷ ᠢ ᠴᠦ ᠵᠠᠪᠠᠯ ᠤᠷᠠᠨ᠎ᠠ᠃ ᠮᠥᠡᠬᠦ ᠲᠡᠯ ᠵᠤᠭᠳᠤᠷ ᠤᠷᠠᠳᠠᠭ ᠲᠠᠢ ᠠᠳᠠᠯᠢ ᠤᠷᠠᠵᠤ᠂ ᠨᠡᠯᠢᠶᠡᠤᠡ ᠬᠡᠮᠵᠢᠶᠡᠡ ᠳᠤ ᠬᠦᠷᠥᠭᠰᠡᠡ ᠤ ᠲᠠᠷᠠᠭ᠎ᠠ ᠪᠠᠭ᠎ᠠ ᠰᠠᠭ᠎ᠠ ᠤᠰᠤ ᠰᠡᠪᠡᠷᠡᠵᠤ ᠪᠠᠶᠢᠭᠠᠤᠡ ᠤᠷᠢᠶᠠᠵᠤ ᠠᠪᠤᠨ᠎ᠠ᠃ ᠲᠠᠷᠠᠭ᠎ᠠ ᠨᠢ᠂ ᠰᠠᠪᠠᠭᠠᠳᠠᠭᠰᠠᠠ ᠨᠤᠤᠰᠤ᠂ ᠤᠷᠠᠭᠰᠠᠠ ᠬᠢᠯᠭᠠᠰᠤ᠂ ᠵᠤᠭᠳᠤᠷ᠂ ᠰᠤᠷ ᠢᠶᠠᠨ ᠲᠥᠭᠦᠳᠡᠭᠯᠡᠨ᠎ᠡ᠂ ᠡᠨᠡ ᠪᠣᠯ ᠲᠡᠬᠡᠰᠤ ᠲᠠᠮᠤᠬᠤ ᠬᠤᠶᠠᠳᠤᠭᠠᠷ ᠠᠯᠬᠤᠮ ᠪᠤᠯᠤᠨ᠎ᠠ᠃ ᠨᠤᠤᠰᠤ ᠬᠢᠯᠭᠠᠰᠤ ᠲᠥᠭᠦᠳᠡᠭᠯᠡᠬᠦ ᠬᠡᠳᠡᠭ ᠨᠢ ᠰᠠᠪᠠᠭᠠᠳᠠᠵᠤ ᠤᠷᠢᠶᠠᠭᠰᠠᠠ ᠪᠠ ᠤᠷᠠᠵᠤ ᠤᠷᠢᠶᠠᠭᠰᠠᠠ ᠨᠤᠤᠰᠤ ᠬᠢᠯᠭᠠᠰᠤ ᠪᠠᠨ ᠲᠠᠮᠤᠬᠤ ᠬᠡᠵᠤ ᠪᠠᠶᠢᠭ᠎ᠠ ᠲᠡᠬᠡᠰᠥᠡ ᠤ ᠢᠶᠠᠨ ᠨᠠᠷᠢᠡ ᠪᠥᠳᠥᠬᠦᠡ ᠢᠶᠠᠷ ᠥᠡᠳᠤᠰᠥᠯᠡᠯ ᠪᠤᠯᠭᠠᠵᠤ᠂ ᠵᠢᠭᠳᠡ ᠬᠡᠮ ᠲᠠᠢ ᠲᠠᠳᠠᠵᠤ ᠰᠤᠩᠭᠠᠵᠤ ᠪᠠᠶᠢᠭᠠᠤᠡ ᠠᠯᠠᠭᠠᠳᠠᠨ᠎ᠠ᠂ ᠤᠷᠳᠤ ᠶᠢᠨ ᠬᠡᠮᠵᠢᠶ᠎ᠡ ᠨᠢ ᠲᠤᠬᠤᠢ ᠬᠢᠷᠢᠳᠡᠢ ᠪᠣᠯ ᠪᠤᠯᠴᠢᠬᠠᠨ᠎ᠠ᠃    ᠭᠤᠷᠪᠠᠳᠤᠭᠠᠷ ᠠᠯᠬᠤᠮ ᠳᠤ ᠲᠡᠬᠡᠰᠤ ᠪᠠᠨ ᠲᠠᠮᠤᠨ᠎ᠠ᠃ ᠲᠡᠬᠡᠰᠤᠡ ᠤ ᠢᠶᠠᠨ ᠨᠠᠷᠢᠡ ᠪᠥᠳᠥᠬᠦᠡ ᠢ ᠥᠡᠳᠤᠰᠤᠯᠡᠵᠤ ᠲᠥᠭᠦᠳᠡᠭᠯᠡᠭᠰᠡᠡ ᠲᠥᠭᠦᠳᠡᠭ ᠢᠶᠠᠨ ᠬᠤᠶᠡᠷ ᠢᠶᠠᠷ ᠠᠯᠠᠭᠠᠳᠠᠵᠤ ᠡᠷᠴᠢᠯᠡᠬᠦ ᠪᠤᠯᠤᠨ᠎ᠠ᠃ ᠠᠯᠠᠭ᠎ᠠ ᠪᠠᠨ ᠰᠠᠶᠢᠳᠤᠷ ᠲᠡᠯᠬᠡᠵᠤ᠂ ᠲᠥᠭᠦᠳᠡᠭ ᠤᠨ ᠢᠶᠠᠨ ᠬᠤᠶᠡᠷ ᠰᠠᠯᠠᠭ᠎ᠠ ᠶᠢ ᠨᠡᠶᠢᠯᠡᠬᠦᠯᠬᠦ ᠥᠬᠡᠢ ᠪᠠᠷ ᠬᠥᠴᠥᠳᠡᠢ ᠠᠯᠠᠭᠠᠳᠠᠵᠤ ᠨᠢᠤᠡᠬᠡᠬᠦ ᠴᠢᠬᠤᠯᠳᠡᠢ᠂ ᠬᠡᠳᠤᠢ ᠴᠢᠩᠭ᠎ᠠ ᠬᠥᠴᠥᠳᠡᠢ ᠠᠯᠠᠭᠠᠳᠠᠵᠤ ᠨᠢᠤᠡᠬᠡᠪᠡᠯ ᠲᠡᠳᠤᠢ ᠴᠢᠩᠭ᠎ᠠ ᠡᠷᠴᠢ ᠰᠠᠭᠤᠳᠠᠭ᠃ ᠲᠡᠬᠡᠰᠤ ᠲᠠᠮᠤᠬᠤ ᠥᠶ᠎ᠡ ᠳᠤ ᠠᠯᠠᠭ᠎ᠠ ᠪᠠᠨ ᠵᠢᠭᠠᠬᠠᠠ ᠨᠤᠷᠭᠠᠪᠠᠯ ᠠᠯᠠᠭᠠᠠ ᠳᠤ ᠬᠠᠯᠠ ᠥᠬᠡᠢ ᠮᠦᠷᠳᠡᠬᠡᠡ ᠲᠡᠬᠡᠰᠤᠡ ᠤ ᠡᠷᠴᠢ ᠴᠢᠩᠭᠠᠷᠠᠬᠤ ᠳᠤ ᠰᠠᠶᠢᠡ ᠪᠠᠶᠢᠳᠠᠭ᠃    ᠳᠡᠬᠡᠰᠦ ᠳᠠᠮᠤᠬᠤ ᠳᠤ ᠠᠩᠬᠠᠷᠤᠭᠠᠰᠢᠳᠡᠢ ᠵᠦᠢᠯ ᠬᠡᠪᠡᠯ᠄  1᠂ ᠲᠡᠬᠡᠰᠤᠡ ᠤ ᠡᠬᠢᠯᠡᠯᠳᠡ ᠶᠢ ᠡᠷᠬᠡᠪᠰᠢ ᠰᠠᠶᠢᠡ ᠡᠬᠢᠯᠡᠬᠦ ᠬᠡᠷᠡᠭᠳᠡᠢ᠃ ᠨᠢᠬᠡ ᠨᠡᠯᠢᠶᠡᠤᠡ ᠤᠷᠳᠤ ᠰᠢᠬ ᠲᠥᠭᠦᠳᠡᠭ ᠪᠡᠯᠡᠤᠡᠬᠡᠵᠤ ᠠᠪᠤᠭᠠᠤᠡ ᠲᠡᠬᠦᠡ ᠢᠶᠠᠨ ᠪᠦᠭᠳᠡᠷᠡᠵᠤ ᠪᠠᠶᠢᠭᠠᠤᠡ ᠲᠠᠮᠤᠵᠤ ᠡᠬᠢᠯᠡᠬᠦ ᠴᠢᠬᠤᠯᠠᠳᠡᠢ᠂ ᠢᠩᠬᠢᠪᠡᠯ ᠲᠡᠬᠡᠰᠤᠡ ᠤ ᠥᠵᠥᠬᠦᠷ ᠰᠠᠭᠠᠷᠠᠵᠤ ᠵᠠᠳᠠᠷᠠᠬᠤ ᠥᠬᠡᠢ ᠪᠠᠶᠢᠳᠠᠭ ;  2᠂ ᠲᠠᠮᠤᠵᠤ ᠪᠠᠶᠢᠭ᠎ᠠ ᠲᠡᠬᠡᠰᠤ ᠪᠠ ᠲᠥᠭᠦᠳᠡᠭ ᠤᠨ ᠵᠠᠯᠭᠠᠰᠤ ᠶᠢ ᠡᠷᠬᠡᠪᠰᠢ ᠰᠠᠶᠢᠡ ᠵᠠᠯᠭᠠᠬᠤ ᠬᠡᠷᠡᠭᠳᠡᠢ᠃ ᠵᠠᠯᠭᠠᠰᠤᠡ ᠤ ᠬᠤᠶᠠᠷ ᠥᠵᠥᠬᠦᠷ ᠢ ᠵᠠᠳᠠᠯᠵᠤ ᠪᠠᠶᠢᠭᠠᠤᠡ ᠰᠠᠶᠢᠨ ᠨᠢᠤᠡᠬᠡᠬᠦ ᠴᠢᠬᠤᠯᠠᠳᠡᠢ᠂ ᠵᠠᠯᠭᠠᠰᠤ ᠶᠢ ᠰᠠᠶᠢᠡ ᠵᠠᠯᠭᠠᠵᠤ ᠴᠢᠳᠠᠬᠤ ᠡᠰᠡᠬᠦ ᠨᠢ ᠲᠡᠬᠡᠰᠤᠡ ᠤ ᠴᠢᠨᠠᠷ ᠴᠢᠨᠰᠠᠭ᠎ᠠ ᠲᠠᠢ ᠮᠠᠰᠢ ᠶᠡᠭᠡ ᠬᠤᠯᠪᠤᠭ᠎ᠠ ᠲᠠᠢ ᠪᠠᠶᠢᠳᠠᠭ ;  3᠂ ᠲᠥᠭᠦᠳᠡᠭ ᠤᠨ ᠵᠠᠯᠭᠠᠰᠤ ᠶᠢ ᠵᠦᠷᠢᠬᠦᠯᠬᠦ ᠴᠢᠬᠤᠯᠠᠳᠡᠢ᠂ ᠦᠬᠡᠷ᠎ᠡ ᠪᠠᠷ ᠬᠡᠯᠡᠪᠡᠯ ᠲᠠᠮᠤᠵᠤ ᠪᠠᠶᠢᠭ᠎ᠠ ᠲᠡᠬᠡᠰᠤᠨ ᠤ ᠪᠠᠨ ᠬᠤᠶᠠᠷ ᠰᠠᠯᠠᠭᠠᠨ ᠤ ᠵᠠᠯᠭᠠᠰᠤ ᠶᠢ ᠨᠢᠬᠡ ᠲᠤᠤᠷ᠎ᠠ ᠪᠠᠶᠢᠯᠭᠠᠵᠤ ᠪᠤᠯᠬᠤ ᠥᠬᠡᠢ᠂ ᠵᠠᠪᠠᠯ ᠨᠡᠯᠢᠶᠡᠤᠡ ᠵᠠᠶᠢᠳᠡᠢ ᠵᠠᠯᠭᠠᠨ᠎ᠠ᠂ ᠡᠨᠡ ᠨᠢ ᠮᠦᠨᠴᠤ ᠲᠡᠬᠡᠰᠥᠨ ᠤ ᠴᠢᠨᠠᠷ ᠴᠢᠨᠰᠠᠭ᠎ᠠ ᠲᠠᠢ ᠬᠤᠯᠪᠤᠭ᠎ᠠ ᠲᠠᠢ ᠪᠠᠶᠢᠳᠠᠭ ;  4᠂ ᠲᠡᠬᠡᠰᠤ ᠲᠠᠮᠤᠵᠤ ᠪᠠᠶᠢᠭ᠎ᠠ ᠥᠶᠡᠰ ᠨᠢᠬᠡ ᠲᠥᠭᠦᠳᠡᠭ ᠪᠠᠷᠠᠵᠤ ᠲᠠᠬᠢᠵᠤ ᠨᠢᠬᠡ ᠶᠢ ᠵᠠᠯᠭᠠᠬᠤ ᠬᠡᠪᠡᠯ᠂ ᠵᠠᠪᠠᠯ ᠲᠡᠬᠡᠰᠤᠡ ᠤ ᠪᠠᠨ ᠡᠷᠴᠢ ᠶᠢ ᠡᠰᠡᠷᠬᠦ ᠵᠥᠭ ᠨᠢ ᠪᠤᠴᠠᠭᠠᠵᠤ ᠠᠯᠠᠭᠠᠳᠠᠠ ᠵᠤᠭᠰᠤᠭᠠᠬᠤ ᠬᠡᠷᠡᠭᠳᠡᠢ᠂ ᠢᠩᠬᠢᠪᠡᠯ ᠰᠠᠶ᠋ᠢ ᠲᠠᠮᠤᠵᠤ ᠪᠠᠶᠢᠭ᠎ᠠ ᠲᠡᠬᠡᠰᠤᠡ ᠤ ᠡᠷᠴᠢ ᠨᠢ ᠪᠤᠴᠠᠵᠤ ᠵᠠᠳᠠᠷᠠᠬᠤ ᠠᠴᠠ ᠵᠠᠶᠢᠯᠠᠰᠬᠢᠵᠤ ᠴᠢᠳᠠᠳᠠᠭ᠃ᠪᠡᠯᠡᠳᠬᠡᠭᠰᠡᠨ ᠨᠢ᠄ ᠡᠷᠳᠡᠨᠢᠬᠦᠦᠨᠠᠶᠢᠷᠠᠭᠤᠯᠤᠭᠰᠠᠨ ᠨᠢ᠄ ᠨᠠᠮᠤᠷᠬᠢᠨᠠᠭᠰᠠᠨ ᠨᠢ᠄ ᠤᠷᠢᠬᠠᠨ
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号