ᠮᠤᠩᠭᠤᠯᠴᠤᠳ ᠤᠨ ᠲᠠᠪᠤᠨ ᠬᠤᠰᠢᠭᠤ ᠮᠠᠯ ᠲᠠᠢ ᠬᠠᠷᠢᠴᠠᠬᠤ ᠲᠤᠬᠢᠶ᠎ᠠ ᠲᠡᠭᠤᠳᠠᠯᠭ᠎ᠠ
ᠨᠡᠶᠢᠲᠡᠯᠡᠭᠰᠡᠨ ᠴᠠᠭ᠄
2020/4/21
  ᠮᠤᠩᠭᠤᠯᠴᠤᠳ ᠤᠷᠳᠤ ᠬᠤᠭᠤᠴᠠᠭᠠᠨ ᠤ ᠮᠠᠯᠵᠢᠬᠤ ᠤᠶᠢᠯᠡᠳᠪᠤᠷᠢᠯᠠᠯ ᠢ ᠡᠷᠬᠢᠯᠠᠬᠦ ᠶᠠᠪᠤᠴᠠ ᠳᠤ ᠲᠠᠪᠤᠨ ᠬᠤᠰᠢᠭᠤ ᠮᠠᠯ ᠤᠨ ᠲᠤᠬᠠᠢ ᠦᠪᠡᠷᠰᠠᠳ ᠤᠨ ᠦᠪᠡᠷᠮᠢᠴᠠ ᠦᠵᠡᠯᠳᠠ ᠤᠶᠢᠯᠭᠠᠯᠳᠠ ᠈ ᠬᠠᠶᠢᠷ᠎ᠠ ᠰᠡᠳᠬᠢᠯᠬᠡ ᠈ ᠠᠷᠭ᠎ᠠ ᠲᠤᠷᠰᠢᠯᠭ᠎ᠠ ᠬᠢᠬᠡᠳ ᠰᠤᠶᠤᠯ ᠢᠷᠬᠡᠨᠰᠢᠯ ᠲᠠᠢ ᠪᠤᠯᠤᠭᠰᠠᠨ ᠪᠠᠶᠢᠳᠠᠭ ᠉ ᠲᠡᠳᠡᠠ ᠤ ᠲᠠᠪᠤᠨ ᠬᠤᠰᠢᠭᠤ ᠮᠠᠯ  ᠲᠠᠢ ᠬᠠᠷᠢᠯᠴᠠᠬᠤ ᠲᠤᠬᠢᠶ᠎ᠠ ᠲᠠᠭᠤᠳᠠᠯᠭ᠎ᠠ ᠪᠠᠷ ᠠᠪᠤᠭᠠᠳ ᠦᠵᠡᠭᠰᠠᠨ ᠴᠦ ᠲᠤᠩ ᠢᠯᠡᠷᠬᠡᠢ ᠉ ᠲᠡᠪᠤᠨ ᠬᠤᠰᠢᠭᠤ ᠮᠠᠯ ᠲᠠᠢ ᠬᠠᠷᠢᠯᠴᠠᠬᠤ ᠲᠤᠬᠢᠶ᠎ᠠ ᠲᠠᠭᠤᠳᠠᠯᠭ᠎ᠠ ᠶᠢ ᠨᠢ ᠶᠡᠷᠤᠩᠬᠡᠢ ᠳᠡᠭᠡᠨ ᠲᠠᠭᠤᠳᠠᠬᠤ ᠈ ᠱᠠᠯᠠᠵᠦ ᠱᠠᠭᠠᠷᠳᠠᠬᠤ ᠈ ᠭᠤᠯᠤᠩᠬᠠᠢ ᠠᠪᠤᠭᠤᠯᠬᠤ ᠮᠡᠳᠤ ᠬᠠᠨᠳᠤᠯᠭ᠎ᠠ ᠴᠢᠭᠯᠡᠯ ᠢᠶᠠᠷ ᠬᠤᠪᠢᠶᠠᠵᠦ ᠪᠤᠯᠬᠤ ᠪᠦᠬᠡᠳ ᠡᠳᠡᠬᠡᠷ ᠲᠤᠬᠢᠶ᠎ᠠ ᠲᠠᠭᠤᠳᠠᠯᠭ᠎ᠠ ᠨᠢ ᠮᠠᠯᠯᠠᠭᠠᠨ ᠤ ᠬᠦᠮᠦᠨ ᠤ ᠬᠦᠴᠢᠷ ᠢ ᠬᠦᠡᠭᠬᠡᠷᠡᠬᠦᠯᠬᠦ ᠪᠤᠯᠤᠮᠵᠢ ᠶᠡᠬᠡᠬᠡᠨ ᠪᠠᠶᠢᠳᠠᠭ ᠉   ᠮᠤᠷᠢ ᠶᠢ ︽ᠭᠤᠷᠤᠢ ᠈ ᠭᠤᠷᠤᠢ︾ ᠈ ︽ᠲᠤᠤᠷ ᠈ ᠲᠤᠤᠷ︾ ︽ᠳ᠋ᠤᠷᠤᠢ ᠈ ᠳ᠋ᠤᠷᠤᠢ︾ ᠬᠡᠵᠦ ᠲᠠᠭᠤᠳᠠᠳᠠᠭ ᠉ ᠦᠬᠡᠷ ᠢ ︽ᠦ ᠈ ᠦ︾ ︽ᠦᠤᠪ ᠈ ᠦᠤᠪ︾ ᠈ ︽ᠦᠮᠪᠤ ᠈ ᠦᠮᠪᠤ︾ ᠬᠡᠵᠦ ᠲᠠᠭᠤᠳᠠᠳᠠᠭ ᠉ ᠲᠡᠮᠡᠭᠡ ᠶᠢ ︽ᠲᠤᠤᠷ ᠈ ᠲᠤᠤᠷ︾ ᠈ ︽ᠴᠦᠬᠡ ᠈ ᠴᠦᠬᠡ︾ ᠈ ︽ᠬᠦᠬᠡᠭ ᠈ ᠬᠦᠬᠡᠭ︾ ᠈ ︽ᠬᠦᠬᠡᠰ ᠈ ᠬᠦᠬᠡᠰ︾ ᠈ ︽ᠬᠦᠬᠡᠰᠤ ᠈ ᠬᠦᠬᠡᠰᠤ︾ ᠬᠡᠵᠦ ᠲᠠᠭᠤᠳᠠᠳᠠᠭ ᠉ ᠬᠤᠨᠢ ᠶᠢ ︽ᠲᠦᠳᠡ ᠈ ᠲᠦᠳᠡ︾ ︵︽ᠲᠦ᠋ ᠲᠦ᠋ ᠈ ᠲᠦ᠋ ᠲᠦ᠋︾︶ ᠈ ︽ᠲᠦᠬᠡ ᠈ ᠲᠦᠬᠡ︾ ᠈ ︽ᠬᠤᠯᠪᠤ ᠈ ᠬᠤᠯᠪᠤ︾ ᠈ ︽ᠬᠤᠯᠪᠤᠢ ᠈ ᠬᠤᠯᠪᠤᠢ︾ ᠈ ︽ᠲᠤᠤᠷ ᠲᠤᠤᠷ︾ ᠬᠡᠵᠦ ᠲᠠᠭᠤᠳᠠᠨ ᠢᠮᠠᠭ᠎ᠠ ᠶᠢ ︽ᠵᠤ ᠈ ᠵᠤ︾ ᠈ ︽ᠵᠤᠵᠤᠤ ᠈ ᠵᠤᠵᠤᠤ︾ ︵︽ᠵᠢᠵᠤᠤ ᠈ ᠵᠢᠵᠤᠤ︾ ᠈ ︽ᠵᠦᠵᠦ ᠈ ᠵᠦᠵᠦ ︶ ︽ᠢᠷ᠎ᠠ ᠈ ᠢᠷ᠎ᠠ︾ ᠬᠡᠵᠦ ᠲᠠᠭᠤᠳᠠᠳᠠᠭ ᠉ ᠮᠤᠷᠢ ᠶᠢ ᠬᠤᠷᠳᠤᠯᠠᠭᠤᠯᠬᠤ ᠈ ᠬᠦᠬᠡᠬᠡᠵᠦ ᠵᠠᠯᠠᠬᠤ ᠳᠤ ︽ᠴᠦᠬᠡ ᠈ ᠴᠦᠬᠡ︾ ᠬᠡᠵᠦ ᠈ ᠤᠰᠤᠯᠠᠬᠤ ᠈ ᠬᠦᠷᠪᠡᠬᠦᠯᠬᠦ  ᠳᠤ ︽ᠡᠰ ᠈ ᠡᠰ︾ ᠈ ︽ᠱᠤ᠋ ᠈ ᠱᠤ᠋︾ ᠬᠡᠬᠦ ᠪᠠ ᠢᠰᠬᠡᠷᠳᠡᠭ ᠉ ᠲᠤᠭᠰᠢᠷᠠᠬᠤ ᠈ ᠦᠷᠬᠦᠨ ᠰᠤᠴᠢᠵᠦ ᠦᠬᠡᠨ ᠳᠤ ᠤᠷᠤᠬᠤ ᠦᠬᠡᠢ ᠦᠶ᠎ᠡ ᠳᠤ ︽ᠬᠠᠢ ᠈ ᠬᠠᠢ︾ ᠈ ︽ᠶᠠᠭᠠᠬᠢᠬᠤ ᠪᠤᠢ ᠈ ᠶᠠᠭᠠᠬᠢᠬᠤ ᠪᠤᠢ︾ ᠬᠡᠳᠡᠭ ᠉ ᠦᠬᠡᠷ ᠢ ᠠᠷᠭᠠᠳᠠᠨ ᠨᠤᠮᠤᠬᠠᠷᠠᠭᠤᠯᠬᠤ ᠳᠠᠭᠠᠨ ︽ᠦ ᠈ ᠦ︾ ᠬᠡᠵᠦ ᠈ ᠱᠠᠯᠠᠵᠦ ᠱᠠᠭᠠᠷᠳᠠᠨ ᠈ ᠠᠶᠤᠯᠭᠠᠵᠦ ᠬᠦᠬᠡᠬᠡᠬᠦ ᠳᠡᠭᠡᠨ ︽ᠬᠦᠬᠡᠭ ᠈ ᠬᠦᠬᠡᠭ︾ ᠈ ︽ᠴᠦᠬᠡ ᠈ ᠴᠦᠬᠡ︾ ᠈ ︽ᠦᠸᠧ ᠈ ᠦᠸᠧ︾ ᠬᠡᠵᠦ ᠈ ᠵᠠᠯᠠᠬᠤ ᠳᠠᠭᠠᠨ ︽ᠳ᠋ᠠ ᠳ᠋ᠠ ᠈ ᠯᠠᠢ ᠯᠠᠢ︾ ᠈ ︽ᠢ ᠢ ᠈ ᠦᠸᠧ ᠦᠸᠧ︾ ᠬᠡᠳᠡᠭ ᠉ ᠲᠡᠮᠡᠭᠡ ᠶᠢ ᠰᠦᠬᠦᠳᠬᠡᠬᠦ ᠬᠡᠪᠳᠡᠬᠦᠯᠬᠦ ᠳᠡᠭᠡᠨ ︽ᠰᠦᠭ ᠈ ᠰᠦᠭ︾ ︵︽ᠰᠦᠬᠦ ᠈ ᠰᠦᠬᠦ︾︶ ᠬᠡᠵᠦ ᠱᠠᠯᠠᠵᠦ ᠱᠠᠭᠠᠷᠳᠠᠬᠤ ᠳᠠᠭᠠᠨ ︽ᠴᠦᠬᠡ ᠈ ᠴᠦᠬᠡ︾ ᠬᠡᠳᠡᠭ ᠉ ᠬᠤᠨᠢ  ᠶᠢ ᠬᠠᠰᠢᠵᠦ ᠵᠠᠯᠠᠬᠤ ᠳᠠᠭᠠᠨ ︽ᠬᠦᠤᠷ ᠈ ᠬᠦᠤᠷ︾ ᠈ ︽ᠬᠦᠤᠷᠬᠢ ᠈ ᠬᠦᠤᠷᠬᠢ︾ ᠈ ︽ᠴᠠᠳ ᠈ ᠴᠠᠳ︾ ᠬᠡᠳᠡᠭ ᠉ ᠢᠮᠠᠭ᠎ᠠ ᠶᠢ ︽ᠴᠠ ᠈ ᠴᠠ︾ ᠈ ︽ᠴᠠᠰ ᠈ ᠴᠠᠰ︾ ᠈ ︽ᠴᠠᠳ ᠈ ᠴᠠᠳ︾ ᠬᠡᠵᠦ ᠵᠠᠯᠠᠳᠠᠭ ᠉   ᠮᠤᠷᠢ ᠳᠤ ᠪᠠᠷᠤᠭ ᠭᠤᠯᠤᠩᠬᠠᠢ ᠠᠪᠤᠭᠤᠯᠬᠤ ᠶᠠᠪᠤᠳᠠᠯ ᠭᠠᠷᠳᠠᠭ ᠦᠬᠡᠢ ᠉ ᠦᠬᠡᠷ ᠢ ︽ᠦ ᠈ ᠦ︾ ᠈ ︽ᠦᠤᠪ ᠈ ᠦᠤᠪ︾ ᠈ ︽ᠦᠮᠪᠤ ᠈ ᠦᠮᠪᠤ︾ ᠬᠡᠵᠦ ᠲᠠᠭᠤᠳᠠᠨ ᠭᠤᠯᠤᠩᠬᠠᠢ ᠠᠪᠤᠭᠤᠯᠳᠠᠭ ᠉ ᠲᠡᠮᠡᠬᠡᠨ ᠳᠤ ᠭᠤᠯᠤᠩᠬᠠᠢ ᠠᠪᠤᠭᠤᠯᠬᠤ ᠳᠠᠭᠠᠨ ᠤᠶᠠᠷᠠᠭᠤᠨ ᠠᠶ᠎ᠠ ᠠᠶᠢᠵᠢᠮ ᠰᠤᠨᠤᠰᠬᠠᠬᠤ ᠶᠢᠨ ᠳᠠᠭᠤ ︽ᠲᠦᠤᠰᠤ ᠈ ᠲᠦᠤᠰᠤ︾ ᠬᠡᠳᠡᠭ ᠉ ᠬᠤᠨᠢᠨ ᠳᠤ ᠭᠤᠯᠤᠩᠬᠠᠢ ᠠᠪᠤᠭᠤᠯᠬᠤ ᠳᠠᠭᠠᠨ ︽ᠲᠤᠶᠢᠭ ᠈ ᠲᠤᠶᠢᠭ︾ ᠬᠡᠳᠡᠭ ᠉ ᠢᠮᠠᠭᠠᠨ ᠳᠤ ᠭᠤᠯᠤᠩᠬᠠᠢ ᠠᠪᠤᠭᠤᠯᠬᠤ ᠳᠠᠭᠠᠨ ︽ᠴᠠᠶᠢᠭ ᠈ ᠴᠠᠶᠢᠭ︾ ᠪᠤᠶᠤ ︽ᠴᠡᠭᠡ ᠈ ᠴᠡᠭᠡ︾ ᠬᠡᠳᠡᠭ ᠉   ᠪᠠᠰᠠ ᠦᠬᠡᠷ ᠈ ᠬᠤᠨᠢ ᠈ ᠢᠮᠠᠭᠠᠨ ᠤ ᠰᠦᠷᠦᠭ ᠶᠢ ᠡᠷᠬᠢᠬᠦᠯᠬᠦ ᠪᠤᠶᠤ ᠭᠠᠭᠴᠠ ᠬᠤᠶᠠᠷ ᠢᠶᠠᠷ ᠰᠠᠯᠵᠦ ᠪᠤᠳᠠᠷᠠᠭᠰᠠᠳ ᠢ ᠰᠦᠷᠦᠭ ᠳᠤᠨᠢ ᠨᠠᠶᠢᠯᠡᠬᠦᠯᠬᠦ ᠳᠤ ︽ᠡᠷᠬᠢ ᠈ ᠡᠷᠬᠢ︾ ᠈ ︽ᠪᠤᠴᠠ ᠈ ᠪᠤᠴᠠ︾ ᠬᠡᠵᠦ ᠲᠠᠭᠤᠳᠠᠳᠠᠭ ᠉ ᠬᠠᠰᠢᠶᠠᠯᠠᠵᠦ ᠬᠤᠷᠢᠬᠤ ᠳᠤ ︽ᠤᠷᠤ ᠈ ᠤᠷᠤ︾ ᠬᠡᠵᠦ ᠡᠬᠡ ᠲᠦᠯ ᠵᠡᠷᠬᠡ ᠶᠢ ᠰᠠᠯᠭᠠᠬᠤ ᠳᠤ ︽ᠴᠡᠭᠡ ᠈ ᠴᠡᠭᠡ︾ ᠬᠡᠳᠡᠭ ᠉   ᠡᠬᠦᠨᠴᠠ ᠭᠠᠳᠠᠨ᠎ᠠ ᠤᠭᠵᠢᠭᠤᠷ ᠈ ᠭᠤᠯᠤᠩᠬᠠᠢ ᠪᠤᠶᠤ ᠬᠠᠶᠢᠷᠠᠳᠠᠢ ᠮᠠᠯ ᠢᠶᠠᠨ ︽ᠤᠭᠵᠠ ᠈ ᠤᠭᠵᠠ︾ ᠈ ︽ᠤᠭᠵᠢᠭᠤᠷ︾ ᠈ ︽ᠭᠤᠯᠤᠩᠬᠠᠢ︾ ᠈ ︽ᠬᠠᠷ᠎ᠠ ᠨᠢᠳᠤᠮᠠᠯ︾ ᠁ ᠬᠡᠬᠦ ᠮᠡᠳᠤ ᠲᠤᠰᠬᠠᠢ ᠤᠨᠴᠠᠯᠢᠭ ᠪᠠᠶᠢᠳᠠᠯ  ᠢᠶᠠᠷ ᠨᠢ ᠨᠡᠷ᠎ᠠ ᠦᠭᠴᠦ ᠲᠠᠭᠤᠳᠠᠬᠤ ᠦᠵᠡᠭᠳᠠᠯ ᠴᠦ ᠲᠦᠬᠡᠮᠠᠯ ᠬᠠᠷᠠᠭᠳᠠᠳᠠᠭ ᠉   ᠮᠠᠯᠴᠢᠳ ᠤᠨ ᠲᠠᠪᠤᠨ ᠬᠤᠰᠢᠭᠤ ᠮᠠᠯ ᠲᠠᠢ ᠬᠠᠷᠢᠯᠴᠠᠬᠤ ᠲᠤᠬᠢᠶ᠎ᠠ ᠲᠠᠭᠤᠳᠠᠯᠭ᠎ᠠ ᠤᠷᠤᠨ ᠨᠤᠳᠤᠭ ᠵᠡᠷᠬᠡ ᠶᠢᠨ ᠢᠯᠭᠠᠭ᠎ᠠ ᠠᠴᠠ ᠪᠤᠯᠵᠦ ᠶᠢᠰᠤᠨ ᠦᠡᠭᠬᠡ ᠶᠢᠨ ᠪᠠᠶᠢᠭᠰᠠᠨ ᠴᠦ ᠪᠦᠷ ᠯᠠ ᠲᠡᠳᠡᠨ ᠤ ᠮᠠᠯ ᠰᠦᠷᠦᠭ ᠳᠤ ᠬᠠᠨᠳᠤᠭᠰᠠᠨ ᠬᠠᠶᠢᠷ᠎ᠠ ᠰᠡᠳᠬᠢᠯᠬᠡ ᠶᠢᠨ ᠢᠯᠠᠷᠠᠬᠦᠯᠤᠯ ᠪᠤᠯᠬᠤ ᠪᠦᠬᠡᠳ ᠬᠦᠳᠡᠯᠮᠤᠷᠢ ᠶᠢᠨ ᠬᠦᠴᠤ ᠬᠦᠯᠤᠰᠤ ᠶᠢ ᠠᠷᠪᠢᠯᠠᠵᠦ ᠈ ᠬᠦᠳᠡᠯᠮᠤᠷᠢ ᠠᠵᠢᠯᠯᠠᠭ᠎ᠠ ᠶᠢ ᠬᠦᠡᠭᠬᠡᠯᠡᠬᠦ ᠵᠤᠷᠢᠯᠭ᠎ᠠ ᠲᠠᠢ ᠮᠠᠯᠵᠢᠯ ᠤᠨ ᠵᠦᠢ ᠵᠤᠬᠢᠰᠳᠡᠢ ᠠᠷᠭ᠎ᠠ ᠲᠤᠷᠰᠢᠯᠭ᠎ᠠ ᠪᠤᠯᠬᠤ ᠨᠢ ᠦᠨᠠᠨ ᠉ᠪᠡᠯᠡᠳᠬᠡᠭᠰᠡᠨ ᠨᠢ᠄ ᠡᠷᠳᠡᠨᠢᠬᠦᠦᠨᠠᠶᠢᠷᠠᠭᠤᠯᠤᠭᠰᠠᠨ ᠨᠢ᠄ ᠨᠠᠮᠤᠷᠬᠢᠨᠠᠭᠰᠠᠨ ᠨᠢ᠄ ᠤᠷᠢᠬᠠᠨ
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号