ᠮᠤᠷᠢᠨ ᠤ ᠵᠡᠯ᠎ᠡ
ᠨᠡᠶᠢᠲᠡᠯᠡᠭᠰᠡᠨ ᠴᠠᠭ᠄
2020/4/21
  ᠤᠨᠤᠭ᠎ᠠ ᠮᠤᠷᠢ᠂  ᠤᠷᠤᠯᠳᠤᠭᠠᠨ ᠤ ᠮᠤᠷᠢ ᠶᠢ ᠰᠤᠶᠢᠵᠤ ᠤᠶᠠᠬᠤ ᠤᠶᠠᠭ᠎ᠠ᠃ ᠮᠤᠷᠢᠨ ᠤ ᠤᠶᠠᠭ᠎ᠠ᠂  ᠮᠤᠷᠢᠨ  ᠤ ᠵᠠᠯ᠎ᠡ᠂ ᠱᠤᠭᠰᠢᠭ ᠭᠡᠵᠤ ᠴᠤ ᠨᠠᠷᠡᠯᠡᠳᠡᠭ᠃ ᠮᠤᠩᠭᠤᠯᠴᠤᠳ ᠠᠳᠤᠭᠤ ᠶᠢ ᠰᠤᠷᠭᠠᠵᠤ ᠡᠳ᠋ᠯᠡᠵᠤ  ᠤᠨᠤᠭᠠᠷᠠᠢ ᠪᠤᠯᠭᠠᠭᠰᠠᠨ ᠴᠠᠭ ᠠᠴᠠ ᠡᠬᠢᠯᠡᠵᠤ ᠤᠨᠤᠭ᠎ᠠ ᠮᠤᠷᠢ ᠪᠠᠨ ᠤᠶᠠᠬᠤ ᠤᠶᠠᠭ᠎ᠠ ᠲᠠᠢ ᠪᠠᠶᠢᠭᠰᠠᠨ ᠨᠢ  ᠮᠡᠳᠡᠭᠡᠵᠢ ᠶᠢᠨ ᠭᠡᠷᠡᠭ ᠪᠢᠯᠡ᠃ ᠶᠠᠭ ᠡᠶᠢᠮᠤ ᠠᠴᠠ ᠨᠡᠶᠢᠳᠡ ᠮᠤᠩᠭᠤᠯ ᠤᠷᠤᠨ ᠤ ᠠᠯᠢ ᠨᠢᠭᠡᠨ ᠭᠠᠵᠠᠷ ᠤᠨ ᠠᠶᠢᠯ  ᠴᠤ ᠭᠡᠰᠡᠨ ᠦᠭᠡᠢ ᠪᠦᠷ ᠭᠠᠳᠠᠨ᠎ᠠ ᠪᠠᠨ ᠮᠤᠷᠢᠨ ᠤ ᠵᠡᠯ᠎ᠡ ᠤᠶᠠᠭ᠎ᠠ ᠲᠠᠢ ᠪᠠᠶᠢᠳᠠᠭ᠃   ᠮᠤᠷᠢᠨ ᠤ ᠵᠡᠯ᠎ᠡ ᠨᠢ ᠤᠶᠠᠭ᠎ᠠ ᠮᠤᠳᠤ᠂ ᠵᠠᠯ᠎ᠠ ᠶᠢᠨ ᠰᠤᠷ ᠡᠷᠬᠢᠭᠦᠯᠭᠡ ᠵᠡᠷᠭᠡ ᠪᠠᠷ ᠪᠦᠷᠢᠯᠳᠤᠨ᠎ᠡ᠃ ᠤᠶᠠᠭ᠎ᠠ  ᠮᠤᠳᠤ ᠨᠢ ᠠᠴᠠ ᠰᠠᠯᠠᠭ᠎ᠠ ᠲᠠᠢ ᠪᠦᠳᠤᠭᠦᠨ ᠬᠠᠶᠢᠯᠠᠰᠤᠨ ᠮᠤᠳᠤ᠂  ᠤᠷᠳᠤ ᠳᠤ ᠪᠠᠨ ᠬᠤᠶᠠᠷ ᠠᠯᠳᠠ ᠲᠠᠯᠢᠮ  ᠭᠤᠷᠪᠠᠨ ᠮᠤᠳᠤ ᠪᠤᠶᠤ ᠬᠤᠶᠠᠷ ᠮᠤᠳᠤ ᠤᠷᠤᠬᠤ ᠪᠦᠭᠡᠳ ᠵᠠᠯ᠎ᠠ ᠶᠢᠨ ᠰᠤᠷ ᠨᠢ 9 — 15 ᠠᠯᠳᠠ ᠤᠷᠳᠤ᠂  ᠭᠤᠷᠮᠤᠰᠤᠨ ᠲᠠᠮᠤᠵᠤ ᠬᠢᠭᠰᠡᠨ ᠰᠤᠷ ︵ᠤᠯᠤᠰᠤ ᠪᠠᠷ ᠬᠢᠭᠦ ᠶᠢ ᠴᠡᠭᠡᠷᠯᠡᠵᠤ᠂ ᠲᠡᠮᠡᠭᠡᠨ ᠤ ᠰᠢᠷᠢ ᠪᠠᠷ ᠬᠢᠭᠦ ᠨᠢ  ᠲᠦᠭᠡᠮᠡᠯ ᠪᠠᠶᠢᠵᠠᠢ︶ ᠢᠶᠠᠷ ᠬᠢᠨ᠎ᠡ᠂ ᠵᠠᠷᠢᠮ ᠭᠠᠵᠠᠷ ᠰᠦᠯᠵᠢᠵᠤ ᠬᠢᠨ᠎ᠡ᠃12 ᠡᠷᠬᠢᠭᠦᠯᠭᠡ ᠲᠠᠢ᠃ ᠡᠨᠡ ᠨᠢ ᠠᠷᠪᠠᠨ  ᠬᠤᠶᠠᠷ ᠵᠢᠯ ᠤᠨ ᠲᠤᠭ᠎ᠠ ᠪᠠᠷ ᠪᠡᠯᠭᠡᠳᠡᠯ ᠪᠤᠯᠭᠠᠭᠰᠠᠨ ᠭᠡᠷᠡᠭ ᠶᠤᠮ᠃ ᠮᠤᠷᠢᠨ ᠤ ᠵᠡᠯ᠎ᠠ ᠶᠢ ᠭᠡᠷ ᠤᠨ ᠢᠶᠠᠨ ᠪᠠᠷᠠᠭᠤᠨ  ᠬᠤᠶᠢᠨ᠎ᠠ᠂ ᠬᠤᠶᠢᠳᠤ ᠵᠦᠭ ᠪᠤᠶᠤ ᠵᠡᠭᠦᠨ ᠬᠤᠶᠢᠨ᠎ᠠ ᠪᠠᠨ ᠪᠤᠰᠬᠠᠳᠠᠭ ᠪᠦᠭᠡᠳ ᠵᠠᠷᠢᠮ ᠭᠠᠵᠠᠷ ᠨᠢ ᠡᠭᠦᠳᠡᠨ ᠡᠮᠤᠨ᠎ᠡ   ᠪᠠᠨ ᠪᠤᠰᠬᠠᠬᠤ ᠶᠢ ᠡᠷᠬᠢᠮᠯᠡᠳᠡᠭ ᠴᠤ ᠪᠤᠢ᠃ ᠮᠤᠷᠢᠨ ᠤ ᠤᠶᠠᠭ᠎ᠠ ᠪᠤᠰᠬᠠᠬᠤ ᠳᠤ ᠪᠠᠨ ᠢᠵᠢᠯ ᠨᠢᠭᠡᠨ ᠵᠠᠢ ᠳᠤ  ᠭᠤᠷᠪᠠᠨ ᠤᠶᠠᠭ᠎ᠠ ᠮᠤᠳᠤ ᠪᠠᠨ ᠬᠤᠶᠠᠷ ᠭᠤᠷᠪᠠᠨ ᠲᠤᠬᠤᠢ ᠨᠦᠭᠡᠨ ᠳᠤ ᠰᠠᠶᠢᠳᠤᠷ ᠪᠤᠯᠠᠵᠤ ᠰᠠᠭᠤᠯᠭᠠᠭᠠᠳ ᠠᠴᠠᠨ   ᠳᠤ ᠨᠢ ᠵᠠᠯ᠎ᠠ ᠰᠤᠷ ᠢᠶᠠᠨ ᠴᠢᠩᠭ᠎ᠠ ᠲᠠᠳᠠᠵᠤ ᠤᠶᠠᠭᠠᠳ ᠤᠶᠠᠭ᠎ᠠ ᠪᠠᠨ ᠪᠤᠰᠬᠠᠨ᠎ᠠ᠃ ᠭᠡᠭᠦ  ᠳᠤ ᠪᠠᠨ ᠬᠤᠶᠠᠷ ᠮᠤᠳᠤ   ᠲᠠᠢ ᠵᠠᠯ᠎ᠠ ᠶᠢ ᠪᠤᠯ ᠵᠠᠯ᠎ᠠ ᠲᠡᠭᠡᠰᠤᠨ ᠤ ᠤᠷᠳᠤ ᠶᠢᠨ ᠪᠠᠷᠢᠮᠵᠢᠶ᠎ᠡ ᠪᠠᠷ ᠮᠤᠳᠤ ᠶᠢ ᠨᠢ ᠲᠦᠭᠵᠢᠵᠤ ᠵᠠᠯ᠎ᠠ ᠪᠠᠨ  ᠲᠠᠳᠠᠨ᠎ᠠ᠃ ᠬᠤᠶᠠᠷ ᠮᠤᠳᠤ ᠲᠠᠢ ᠵᠠᠯ᠎ᠠ ᠨᠠᠯᠢᠶᠠᠳ ᠲᠦᠭᠡᠮᠡᠯ ᠭᠡᠷᠡᠭᠯᠡᠭᠳᠡᠨ᠎ᠡ᠃ ᠭᠠᠭᠴᠠ ᠤᠶᠠᠭ᠎ᠠ ᠮᠤᠳᠤ ᠶᠢ ᠱᠤᠩ  ᠭᠡᠵᠤ ᠭᠡᠯᠡᠳᠡᠭ ᠪᠦᠭᠡᠳ ᠠᠴᠠ ᠲᠠᠢ ᠭᠠᠭᠴᠠ ᠮᠤᠳᠤ ᠶᠢ ᠪᠤᠰᠬᠠᠵᠤ ᠤᠶᠠᠭ᠎ᠠ ᠪᠤᠯᠭᠠᠨ ᠮᠤᠷᠢ ᠤᠶᠠᠳᠠᠭ ᠴᠤ ᠪᠤᠢ᠃  ᠮᠤᠷᠢᠨ ᠤ ᠵᠠᠯ᠎ᠠ ᠶᠢ ᠪᠤᠰᠬᠠᠬᠤ ᠳᠤ ᠪᠠᠨ ᠴᠠᠭ ᠤᠯᠠᠷᠢᠯ᠂  ᠨᠤᠳᠤᠭᠯᠠᠵᠤ ᠰᠠᠭᠤᠭ᠎ᠠ ᠭᠠᠵᠠᠷ ᠤᠨ ᠪᠠᠶᠢᠴᠠ ᠵᠡᠷᠭᠡ   ᠠᠴᠠ ᠰᠢᠯᠳᠠᠭᠠᠯᠠᠵᠤ ᠠᠯᠢ ᠨᠢᠭᠡᠨ ᠲᠤᠬᠢᠷᠠᠮᠵᠢᠳᠠᠢ ᠭᠠᠵᠠᠷ᠂ ᠵᠦᠭ ᠲᠤ ᠪᠠᠨ ᠵᠠᠯ᠎ᠠ ᠤᠶᠠᠭ᠎ᠠ ᠪᠠᠨ ᠪᠤᠰᠠᠬᠵᠤ ᠪᠤᠯᠳᠠᠭ  ᠃   ᠮᠤᠷᠢ ᠤᠨᠤᠭ᠎ᠠ ᠲᠠᠢ ᠬᠦᠮᠤᠨ ᠠᠶᠢᠯ ᠤᠨ ᠤᠶᠠᠭᠠᠨ ᠲᠡᠭᠡᠷ᠎ᠡ ᠪᠠᠭᠤᠬᠤ᠂ ᠮᠤᠷᠳᠠᠬᠤ ᠳᠤ ᠶᠤᠰᠤ ᠵᠢᠷᠤᠮ ᠪᠤᠢ  ᠃ ᠡᠷᠡᠭᠳᠡᠢ ᠬᠦᠮᠤᠨ ᠤᠶᠠᠭᠠᠨ ᠤ ᠪᠠᠷᠠᠭᠤᠨ ᠲᠠᠯ᠎ᠠ ᠳᠤ ᠨᠢ ᠪᠠᠭᠤᠵᠤ᠂ ᠡᠮᠡᠭᠳᠡᠢ ᠬᠦᠮᠤᠨ ᠤᠶᠠᠭᠠᠨ ᠤ ᠵᠡᠭᠦᠨ ᠲᠠᠯ᠎ᠠ   ᠳᠤ ᠨᠢ ᠪᠠᠭᠤᠵᠤ᠂ ᠶᠡᠭᠡᠰ ᠬᠦᠮᠤᠨ ᠤᠶᠠᠭᠠᠨ ᠤ ᠭᠤᠤᠯ ᠳᠤ ᠮᠤᠷᠢ ᠪᠠᠨ ᠤᠶᠠᠬᠤ ᠲᠠᠳᠬᠠᠯ ᠲᠠᠢ᠃ ᠵᠠᠯ᠎ᠠ ᠳᠤ  ᠮᠤᠷᠢ ᠤᠶᠠᠬᠤ ᠳᠤ ᠪᠠᠨ ᠴᠤᠯᠪᠤᠭᠤᠷ ᠢᠶᠠᠨ ᠤᠶᠠᠭᠠᠨ ᠤ ᠡᠷᠬᠢᠭᠦᠯᠭᠡ ᠳᠤ ᠬᠦᠪᠤᠷᠡᠭᠡᠢ ᠤᠶᠠᠨ᠎ᠠ᠃ ᠮᠤᠷᠢ ᠲᠠᠢ  ᠬᠦᠮᠤᠨ ᠶᠠᠮᠠᠷ ᠨᠢᠭᠡᠨ ᠠᠶᠢᠯ ᠤᠨ ᠭᠠᠳᠠᠨ᠎ᠠ ᠵᠠᠯ᠎ᠠ ᠤᠶᠠᠭᠠᠨ ᠲᠡᠭᠡᠷ᠎ᠡ ᠪᠠᠭᠤᠬᠤ ᠳᠤ ᠪᠠᠨ ᠨᠠᠷᠠ ᠵᠦᠪ ᠡᠷᠬᠢᠭᠦ  ᠭᠤᠷᠢᠮ ᠢᠶᠠᠷ ᠵᠠᠯ᠎ᠠ ᠤᠶᠠᠭ᠎ᠠ ᠶᠢ ᠵᠦᠪ ᠡᠷᠬᠢᠵᠤ ᠪᠠᠭᠤᠬᠤ ᠪᠦᠭᠡᠳ ᠮᠤᠷᠳᠠᠵᠤ ᠶᠠᠪᠤᠬᠤ ᠳᠤ ᠪᠠᠨ ᠮᠦᠨ ᠤᠶᠠᠭ᠎ᠠ ᠶᠢ  ᠵᠦᠪ ᠲᠤᠭᠤᠷᠢᠵᠤ ᠭᠠᠷᠤᠭᠠᠳ ᠶᠠᠪᠤᠳᠠᠭ ᠤᠯᠠᠮᠵᠢᠯᠠᠯ ᠲᠠᠢ᠃   ᠤᠶᠠᠭ᠎ᠠ ᠵᠠᠯ᠎ᠠ ᠶᠢ ᠶᠡᠭᠡᠳᠡ ᠡᠷᠬᠢᠮᠯᠡᠨ ᠬᠦᠨᠳᠤᠯᠡᠭᠦ ᠶᠤᠰᠤ ᠶᠡᠭᠡ ᠲᠡᠭᠡᠷ᠎ᠡ ᠦᠶ᠎ᠡ ᠠᠴᠠ ᠤᠯᠠᠮᠵᠢᠯᠠᠭᠳᠠᠵᠤ  ᠢᠷᠡᠵᠠᠢ᠃ ᠤᠶᠠᠭᠠᠨ ᠤ ᠮᠤᠳᠤ ᠶᠢ ᠲᠦᠰᠢᠭᠦ᠂ ᠵᠡᠯ᠎ᠠ ᠶᠢᠨ ᠰᠤᠷ ᠠᠴᠠ ᠠᠳᠬᠤᠬᠤ᠂ ᠲᠡᠭᠦᠵᠢᠯᠡᠭᠦ᠂ ᠶᠠᠪᠠᠭᠠᠨ ᠪᠤᠶᠤ  ᠤᠨᠤᠭ᠎ᠠ ᠮᠤᠷᠢ ᠲᠠᠢ ᠵᠠᠯ᠎ᠠ ᠲᠤᠮᠳᠠᠭᠤᠷ ᠭᠠᠷᠬᠤ᠂ ᠭᠠᠵᠠᠷ ᠤᠨᠠᠭᠰᠠᠨ ᠤᠶᠠᠭᠠᠨ ᠤ ᠮᠤᠳᠤ᠂ ᠵᠠᠯ᠎ᠠ ᠶᠢᠨ ᠰᠤᠷ  ᠲᠡᠭᠡᠰᠤᠨ ᠲᠡᠭᠡᠭᠦᠷ ᠠᠯᠬᠤᠵᠤ ᠭᠠᠷᠬᠤ᠂ ᠤᠶᠠᠭ᠎ᠠ ᠵᠠᠯ᠎ᠠ ᠶᠢ ᠪᠤᠷᠤᠭᠤ ᠡᠷᠬᠢᠭᠦ ᠵᠡᠷᠭᠡ ᠶᠢ ᠮᠠᠰᠢ ᠴᠡᠭᠡᠷᠯᠡᠨ᠎ᠡ᠃ ᠵᠠᠯ᠎ᠠ  ᠤᠶᠠᠭ᠎ᠠ ᠪᠤᠰᠬᠠᠬᠤ ᠳᠤ ᠪᠠᠨ ᠤᠶᠠᠭ᠎ᠠ ᠮᠤᠳᠤᠨ ᠤ ᠠᠴᠠ ᠶᠢ ᠨᠢ ᠬᠤᠯᠠ ᠶᠢᠨ ᠬᠦᠳᠤᠯ᠂ ᠵᠠᠮ ᠤᠷᠤᠭᠤ  ᠬᠠᠷᠠᠭᠤᠯᠬᠤ ᠶᠢ ᠮᠠᠰᠢ ᠴᠡᠭᠡᠷᠯᠡᠳᠡᠭ᠃   ᠮᠤᠷᠢᠨ ᠤ ᠤᠶᠠᠭ᠎ᠠ ᠵᠠᠯ᠎ᠠ ᠶᠢᠨ ᠤᠷᠴᠢᠨ ᠲᠤᠭᠤᠷᠢᠨ ᠢ ᠰᠠᠶᠢᠨ ᠴᠡᠪᠡᠷᠯᠡᠵᠤ᠂ ᠦᠷᠭᠦᠯᠵᠢ ᠬᠢᠮᠠᠭᠠᠳᠠᠵᠤ  ᠶᠠᠪᠤᠬᠤ ᠶᠤᠰᠤᠳᠠᠢ᠃ ᠨᠢᠭᠡ ᠤᠶᠠᠭᠠᠨ ᠳᠤ ᠤᠨᠤᠭ᠎ᠠ ᠮᠤᠷᠢ ᠪᠠ ᠤᠷᠤᠯᠳᠤᠭᠠᠨ ᠳᠤ ᠰᠤᠶᠢᠵᠤ ᠪᠠᠶᠢᠭ᠎ᠠ ᠮᠤᠷᠢ ᠶᠢ  ᠬᠠᠮᠳᠤ ᠤᠶᠠᠳᠠᠭ ᠦᠭᠡᠢ᠃ ᠨᠡᠭᠦᠳᠡᠯ ᠬᠢᠭᠦ ᠳᠤ ᠪᠠᠨ ᠭᠡᠷ ᠢᠶᠠᠨ ᠪᠠᠭᠤᠯᠭᠠᠬᠤ ᠠᠴᠠ ᠡᠮᠤᠨ᠎ᠡ ᠮᠤᠷᠢᠨ ᠤ ᠤᠶᠠᠭ᠎ᠠ   ᠪᠠᠨ ᠪᠠᠷᠠᠭᠤᠨ ᠲᠠᠯ᠎ᠠ ᠠᠴᠠ ᠨᠢ ᠡᠬᠢᠯᠡᠵᠤ ᠪᠠᠭᠤᠯᠭᠠᠬᠤ ᠶᠤᠰᠤᠳᠠᠢ ᠪᠦᠭᠡᠳ ᠰᠢᠨ᠎ᠠ ᠨᠤᠳᠤᠭ ᠲᠤ ᠬᠦᠷᠴᠤ ᠠᠴᠢᠶ᠎ᠡ  ᠪᠠᠭᠤᠭᠰᠠᠨ ᠤ ᠬᠤᠶᠢᠨ᠎ᠠ ᠭᠡᠷ ᠢᠶᠠᠨ ᠪᠠᠷᠢᠬᠤ ᠠᠴᠠ ᠡᠮᠤᠨ᠎ᠡ ᠤᠶᠠᠭ᠎ᠠ ᠪᠤᠰᠬᠠᠬᠤ ᠭᠠᠵᠠᠷ ᠢᠶᠠᠨ ᠰᠤᠩᠭᠤᠵᠤ᠂  ᠤᠶᠠᠭ᠎ᠠ ᠮᠤᠳᠤ ᠪᠠᠨ ᠪᠤᠰᠬᠠᠬᠤ ᠪᠤᠶᠤ ᠰᠤᠩᠭᠤᠭᠰᠠᠨ ᠭᠠᠵᠠᠷ ᠢᠶᠠᠨ ᠤᠶᠠᠭ᠎ᠠ ᠮᠤᠳᠤ ᠪᠠᠨ ᠠᠪᠠᠴᠢᠵᠤ ᠲᠠᠯᠪᠢᠳᠠᠭ᠃  ᠭᠡᠷ ᠢᠶᠠᠨ ᠪᠠᠷᠢᠭᠰᠠᠨ ᠤ ᠰᠡᠭᠦᠯᠡᠷ ᠤᠶᠠᠭ᠎ᠠ ᠪᠠᠨ ᠪᠤᠰᠬᠠᠬᠤ ᠭᠠᠵᠠᠷ ᠴᠤ ᠪᠤᠢ᠃︽ᠮᠤᠩᠭᠤᠯᠴᠤᠳ ᠤᠨ ᠲᠡᠭᠡᠰᠤ ᠲᠠᠮᠤᠬᠤ ᠰᠤᠶᠤᠯ︾ ᠠᠴᠠ ᠪᠠᠭᠤᠯᠭᠠᠪᠠ ᠳ᠋᠊᠂ ᠴᠠᠭᠠᠨᠪᠡᠯᠡᠳᠬᠡᠭᠰᠡᠨ ᠨᠢ᠄ ᠡᠷᠳᠡᠨᠢᠬᠦᠦᠨᠠᠶᠢᠷᠠᠭᠤᠯᠤᠭᠰᠠᠨ ᠨᠢ᠄ ᠨᠠᠮᠤᠷᠬᠢᠨᠠᠭᠰᠠᠨ ᠨᠢ᠄ ᠤᠷᠢᠬᠠᠨ
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号