ᠰᠦᠨ ᠤᠮᠳᠠᠭᠠᠨ
ᠨᠡᠶᠢᠲᠡᠯᠡᠭᠰᠡᠨ ᠴᠠᠭ᠄
2020/4/21
   ᠠᠳᠤᠭᠤ᠂ ᠦᠬᠡᠷ᠂ ᠬᠤᠨᠢ᠂ ᠢᠮᠠᠭ᠎ᠠ᠂ ᠲᠡᠮᠡᠭᠡ ᠵᠡᠷᠬᠡ ᠲᠠᠪᠤᠨ  ᠬᠤᠰᠢᠭᠤ ᠮᠠᠯ ᠤᠨ ᠰᠦ ᠪᠠᠷ ᠪᠦᠳᠦᠭᠰᠡᠨ ᠤᠮᠳᠠᠭᠠᠨ ᠨᠤᠭᠤᠳ ᠢ ᠰᠦᠨ ᠤᠮᠳᠠᠭᠠᠨ ᠬᠡᠨ᠎ᠡ᠃ ᠴᠡᠭᠡ᠂ ᠲᠠᠷᠠᠭ᠂ ᠠᠶᠢᠷᠠᠭ᠂ ᠬᠤᠭᠤᠷᠮᠠᠭ᠂ ᠰᠢᠩᠭᠡ᠂ ᠬᠢᠷᠠᠮ᠎ᠠ ᠂ ᠴᠠᠶᠢᠳᠠᠮ ᠪᠤᠯ ᠴᠦᠮ ᠰᠦᠨ ᠤᠮᠳᠠᠭᠠᠨ ᠪᠤᠯᠬᠤ ᠶᠤᠮ᠃     ᠲᠠᠪᠤᠨ ᠬᠤᠰᠢᠭᠤ ᠮᠠᠯ ᠤᠨ ᠰᠢᠨ᠎ᠡ ᠰᠦ ᠪᠤᠯ ᠲᠡᠷᠡ ᠶᠤᠰᠤᠭᠠᠷ ᠢᠶᠠᠨ ᠰᠠᠶᠢᠨ ᠤᠮᠳᠠᠭᠠᠨ ᠪᠠᠶᠢᠳᠠᠭ᠃ ᠰᠦ ᠪᠤᠯ ᠲᠡᠯᠡᠬᠡᠢ ᠶᠢᠷᠳᠢᠨᠴᠤ ᠳᠠᠬᠢ ᠠᠮᠢ᠂ ᠠᠮᠢᠵᠢᠷᠠᠯ ᠢ ᠲᠡᠵᠢᠬᠡᠨ ᠲᠡᠳᠬᠦᠭᠴᠢ ᠰᠢᠮ᠎ᠡ ᠲᠡᠭᠦᠰ ᠡᠷᠬᠢᠮ ᠲᠡᠭᠡᠳᠣ ᠤᠮᠳᠠᠭᠠᠨ ᠮᠦᠨ᠃ ᠡᠷᠳᠡᠮᠳᠡᠳ ᠤᠳᠤᠬᠠᠨ ᠳᠤ ᠬᠠᠷᠠᠬᠠᠨ ᠰᠦ ᠮᠡᠳᠣ ᠡᠶᠢᠮᠤ ᠤᠯᠠᠨ ᠰᠢᠮ᠎ᠡ ᠲᠡᠵᠢᠬᠡᠯ ᠤᠨ ᠪᠤᠳᠠᠰ ᠢ ᠠᠭᠤᠯᠤᠭᠰᠠᠨ ᠬᠦᠨᠡᠰᠦᠨ ᠤ ᠵᠦᠢᠯ ᠢ ᠤᠳᠤ ᠪᠤᠯᠳᠠᠯ᠎ᠠ ᠤᠯᠤᠭᠠᠳᠤᠢ ᠪᠠᠶᠢᠭᠰᠠᠭᠠᠷ ᠶᠤᠮ᠃    ᠡᠷᠳᠡᠮᠳᠡᠳ ᠤᠨ ᠰᠤᠳᠤᠯᠤᠭᠰᠠᠨ ᠢᠶᠠᠷ᠂ ᠰᠦ ᠵᠠᠭᠤ ᠭᠠᠷᠤᠢ ᠵᠦᠢᠯ ᠤᠨ ᠪᠤᠳᠠᠰ ᠤᠨ ᠡᠯᠧᠮᠧᠨ᠋ᠲ  ᠠᠭᠤᠯᠵᠤ ᠪᠤᠢ᠃ ᠡᠳᠡᠬᠡᠷ ᠡᠯᠧᠮᠧᠨ᠋ᠲ ᠤᠨ ᠠᠯᠢᠨ ᠨᠢ ᠴᠦ ᠬᠡᠰᠡᠨ ᠬᠦᠮᠦᠨ ᠪᠠ ᠠᠮᠢᠳᠠᠨ ᠤ ᠠᠮᠢ ᠪᠡᠶ᠎ᠡ ᠢ ᠲᠡᠳᠬᠦᠨ ᠲᠡᠵᠢᠬᠡᠬᠦ ᠰᠢᠮ᠎ᠡ ᠪᠤᠯᠵᠤ ᠴᠢᠳᠠᠳᠠᠭ᠃ ᠬᠦᠮᠦᠨ ᠤ ᠪᠡᠶ᠎ᠡ ᠳᠤ ᠰᠦ ᠪᠠᠷᠤᠭ ᠪᠦᠷᠢᠨ ᠢᠶᠠᠷ ᠢᠶᠠᠨ ᠰᠢᠩᠭᠡᠵᠤ ᠴᠢᠳᠠᠳᠠᠭ ᠢᠶᠠᠷ ᠦᠯᠦ ᠪᠠᠷᠠᠮ ᠪᠠᠰᠠ ᠪᠤᠰᠤᠳ ᠵᠦᠢᠯ ᠤᠨ ᠬᠤᠭᠤᠯᠠ ᠤᠮᠳᠠ ᠶᠢᠨ ᠰᠢᠩᠭᠡᠭᠡᠯᠳᠡ ᠶᠢ ᠴᠦ ᠰᠠᠶᠢᠵᠢᠷᠠᠭᠤᠯᠳᠠᠭ᠃ ᠰᠦ ᠂ ᠬᠦᠮᠦᠨ ᠤ ᠪᠡᠶ᠎ᠡ ᠳᠤ ᠰᠢᠩᠭᠡᠭᠦ ᠳᠤ ᠪᠠᠨ ᠬᠤᠳᠤᠭᠤᠳᠤᠨ ᠤ ᠰᠢᠬᠦᠰᠣ ᠶᠢ ᠶᠠᠮᠠᠷ ᠴᠦ ᠬᠤᠭᠤᠯᠠ ᠬᠦᠨᠡᠰᠦ ᠠᠴᠠ ᠴᠦᠮ ᠪᠠᠭ᠎ᠠ ᠵᠠᠷᠤᠴᠠᠭᠤᠯᠳᠠᠭ᠃ ᠰᠦᠨ ᠤ ᠨᠠᠶᠢᠷᠠᠯᠭ᠎ᠠ ᠳᠤ ᠬᠤᠷᠢᠭᠠᠳ ᠵᠦᠢᠯ ᠤᠨ ᠰᠢᠪᠳᠤᠷ ᠬᠦᠴᠢᠯ᠂ ᠬᠤᠷᠢᠨ ᠲᠠᠪᠤᠨ ᠵᠦᠢᠯ ᠤᠨ ᠲᠤᠰᠤᠨ ᠤ ᠬᠦᠴᠢᠯ᠂ ᠭᠤᠴᠢᠭᠠᠳ ᠵᠦᠢᠯ ᠤᠨ ᠡᠷᠦᠳᠡᠰᠣ ᠶᠢᠨ ᠲᠠᠪᠤᠰᠤ᠂ ᠬᠤᠷᠢᠨ ᠬᠡᠳᠦᠨ ᠵᠦᠢᠯ ᠤᠨ ᠸᠢᠲ᠋ᠠᠮᠢᠨ᠂ ᠲᠦᠷᠪᠡᠨ ᠵᠦᠢᠯ ᠤᠨ ᠰᠦᠨ ᠤ ᠰᠢᠬᠢᠷ᠂ ᠤᠯᠠᠨ ᠵᠦᠢᠯ ᠤᠨ ᠢᠰᠬᠡᠬᠦᠷ᠂ ᠲᠠᠭᠠᠪᠤᠷ᠂ ᠢᠳᠡᠪᠬᠢᠵᠢᠬᠦᠯᠦᠭᠴᠢ ᠪᠠᠶᠢᠳᠠᠭ᠃    ᠲᠠᠪᠤᠨ ᠬᠤᠰᠢᠭᠤ ᠮᠠᠯ ᠤᠨ ᠰᠦᠨ ᠳᠤ ᠠᠭᠤᠯᠬᠤ ᠡᠯᠧᠮᠧᠨ᠋ᠲ ᠨᠦᠭᠦᠳ ᠤᠨ ᠬᠤᠪᠢ ᠬᠡᠮᠵᠢᠶ᠎ᠡ ᠨᠢ  ᠬᠡᠯᠡᠯᠬᠡᠨ ᠦᠭᠡᠢ ᠵᠦᠷᠢᠶᠡᠨ ᠲᠠᠢ ᠪᠠᠶᠢᠳᠠᠭ᠃ ᠬᠡᠪᠡᠴᠣ ᠦᠨᠳᠦᠰᠦᠨ ᠨᠠᠶᠢᠷᠠᠯᠭ᠎ᠠ ᠨᠢ ᠲᠡᠶᠢᠮᠤ ᠶᠡᠭᠡ ᠵᠦᠷᠢᠶ᠎ᠡ ᠦᠭᠡᠢ ᠪᠢᠯᠡ᠃ ᠮᠠᠯ ᠤᠨ ᠰᠦ ᠶᠡᠷᠦ ᠳᠤ ᠪᠠᠨ ᠬᠠᠪᠤᠷ ᠵᠤᠨ ᠳᠤ ᠪᠠᠨ ᠰᠢᠩᠭᠡᠪᠳᠦᠷ᠂ ᠨᠠᠮᠤᠷ ᠪᠤᠯᠬᠤ ᠳᠤ ᠦᠳᠬᠡᠷᠡᠵᠤ ᠢᠷᠡᠳᠡᠭ᠃ ᠰᠦ ᠦᠳᠬᠡᠷᠡᠬᠦ ᠲᠤᠳᠤᠮ ᠲᠤᠰᠤᠯᠢᠭ ᠪᠦᠳᠦᠴᠡ ᠨᠢ ᠨᠡᠮᠡᠭᠳᠡᠳᠡᠭ ᠶᠤᠮ᠃     ᠰᠢᠨ᠎ᠡ ᠰᠦ ᠪᠤᠯ ᠨᠢᠬᠡ ᠵᠦᠢᠯ ᠤᠨ ᠰᠠᠶᠢᠨ ᠤᠮᠳᠠᠭᠠᠨ ᠳᠤ ᠲᠤᠭᠠᠴᠠᠭᠳᠠᠨ᠎ᠠ᠃ ᠮᠤᠩᠭᠤᠯᠴᠤᠳ  ᠶᠡᠷᠤ ᠳᠤ ᠪᠠᠨ ᠨᠢᠯᠬ᠎ᠠ ᠬᠡᠦᠬᠡᠳ ᠲᠤ ᠰᠠᠶ᠋ᠢᠬᠠᠨ ᠰᠠᠭᠠᠭᠰᠠᠨ ᠰᠢᠨ᠎ᠡ ᠰᠦ ᠤᠤᠭᠤᠯᠭᠠᠳᠠᠭ᠃ ᠲᠤᠮᠤ ᠬᠦᠮᠦᠰ ᠨᠢ ᠡᠩ ᠤᠨ ᠪᠠᠶᠢᠳᠠᠯ ᠳᠤ ᠰᠦ ᠶᠢ ᠲᠠᠩ ᠢᠶᠠᠷ ᠤᠤᠭᠤᠳᠠᠭ ᠵᠠᠩᠰᠢᠯ ᠦᠭᠡᠢ᠃ ᠰᠢᠨ᠎ᠡ ᠰᠦ ᠪᠠᠷ ᠴᠠᠢ ᠰᠦᠯᠡᠬᠦ ᠪᠤᠶᠤ ᠪᠤᠰᠤᠳ ᠤᠮᠳᠠᠭᠠᠨ ᠤ ᠵᠦᠢᠯ ᠪᠤᠯᠪᠠᠰᠤᠷᠠᠭᠤᠯᠬᠤ ᠳᠤ ᠬᠡᠷᠡᠭᠯᠡᠨ᠎ᠡ᠃     ᠰᠦ ᠶᠡᠷᠤ ᠳᠤ ᠪᠠᠨ ᠴᠠᠭᠠᠨ ᠦᠩᠭᠡ ᠲᠠᠢ ᠪᠠᠶᠢᠳᠠᠭ᠃ ᠬᠡᠬᠦ ᠳᠤ ᠮᠤᠩᠭᠤᠯᠴᠤᠳ ᠰᠦᠨ ᠤ ᠦᠩᠭᠡ ᠶᠢ ᠪᠠᠰᠠ ᠨᠠᠷᠢᠨ ᠰᠢᠨᠵᠢᠳᠡᠭ᠃ ᠰᠢᠨ᠎ᠡ ᠰᠦ ᠴᠠᠭᠠᠨ ᠰᠢᠷᠭᠠᠯ ᠦᠩᠭᠡ ᠲᠠᠢ᠂ ᠵᠦᠬᠡᠬᠡᠢ ᠶᠢ ᠨᠢ ᠬᠠᠮᠤᠨ ᠠᠪᠤᠭᠰᠠᠨ ᠰᠦ ᠬᠦᠬᠡᠪᠳᠦᠷ ᠪᠠᠶᠢᠳᠠᠭ᠃ ᠬᠦᠬᠡᠷᠦᠬᠦᠯᠦᠭᠰᠡᠨ ᠰᠦ ᠲᠤᠳᠤ ᠴᠠᠭᠠᠨ ᠦᠩᠭᠡ ᠲᠠᠢ᠂ ᠤᠳᠠᠭᠠᠨ ᠰᠢᠭ᠋ ᠪᠤᠴᠠᠯᠭᠠᠭᠰᠠᠨ ᠰᠦ ᠬᠦᠷᠡᠪᠳᠦᠷ ᠪᠠᠶᠢᠳᠠᠭ᠃ ᠬᠦᠬᠡᠷᠦᠬᠦᠯᠦᠭᠰᠡᠨ ᠰᠦ ᠲᠤᠳᠤ ᠴᠠᠭᠠᠨ ᠦᠩᠭᠡ ᠲᠠᠢ᠂ ᠤᠳᠠᠭᠠᠨ ᠰᠢᠭ᠋ ᠪᠤᠴᠠᠯᠭᠠᠭᠰᠠᠨ ᠰᠦ ᠬᠦᠷᠡᠪᠳᠦᠷ ᠦᠩᠭᠡ ᠲᠠᠢ᠂ ᠤᠰᠤ ᠬᠤᠯᠢᠭᠰᠠᠨ ᠰᠦ ᠴᠡᠩᠭᠡᠷ ᠲᠤᠶᠠᠭ᠎ᠠ ᠲᠠᠳᠠᠨ᠂ ᠬᠦᠪᠡᠭᠡ  ᠪᠠᠷ ᠨᠢ ᠤᠰᠤᠨ ᠬᠦᠷᠢᠶ᠎ᠡ ᠬᠠᠷᠠᠭᠳᠠᠨ᠎ᠠ᠃ ᠢᠰᠴᠣ ᠭᠠᠰᠢᠯᠤᠭᠰᠠᠨ ᠰᠦ ᠬᠦᠬᠡ᠂ ᠤᠯᠠᠭᠠᠨ ᠨᠤᠭᠤᠭᠠᠨ ᠦᠩᠭᠡ  ᠲᠠᠢ ᠪᠤᠯᠤᠨ᠎ᠠ᠃ ᠪᠡᠯᠡᠳᠬᠡᠭᠰᠡᠨ ᠨᠢ᠄ ᠡᠷᠳᠡᠨᠢᠬᠦᠦᠨᠠᠶᠢᠷᠠᠭᠤᠯᠤᠭᠰᠠᠨ ᠨᠢ᠄ ᠨᠠᠮᠤᠷᠬᠢᠨᠠᠭᠰᠠᠨ ᠨᠢ᠄ ᠤᠷᠢᠬᠠᠨ
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号