ᠮᠣᠩᠭᠤᠯ ᠭᠡᠷ ᠲᠦᠮᠡᠨ ᠵᠢᠯ ᠤᠨ ᠡᠮᠦᠨ᠎ᠡ ᠡᠭᠦᠰᠦᠭᠰᠡᠨ
ᠨᠡᠶᠢᠲᠡᠯᠡᠭᠰᠡᠨ ᠴᠠᠭ᠄
2020/4/22
 ᠮᠣᠩᠭᠤᠯᠴᠤᠳ ᠤᠨ ᠭᠡᠷ ᠲᠦᠮᠡᠨ ᠵᠢᠯ ᠠᠴᠠ ᠴᠦ ᠡᠮᠦᠨ᠎ᠡ ᠡᠭᠦᠰᠦᠭᠰᠡᠨ ᠭᠡᠳᠡᠭ ᠢ ᠨᠤᠲᠠᠯᠠᠬᠤ ᠶᠠᠩᠵᠤ ᠪᠦᠷᠢ ᠶᠢᠨ ᠬᠠᠳᠠᠨ ᠤ ᠰᠦᠭ ᠵᠢᠷᠤᠭ ᠤᠳ ᠣᠯᠳᠠᠵᠠᠢ᠃ ᠬᠠᠮᠤᠭ ᠤᠨ ᠲᠣᠳᠣ ᠵᠢᠱᠢᠶ᠎ᠡ ᠨᠢ ᠥᠪᠥᠷ ᠬᠠᠩᠭᠠᠢ ᠠᠶᠢᠮᠠᠭ ᠤᠨ ᠪᠤᠭᠤᠲᠤ ᠰᠤᠮᠤ ᠶᠢᠨ ᠬᠠᠳᠠᠨ ᠤ ᠵᠢᠷᠤᠭ ᠪᠥᠭᠡᠳ ᠶᠠᠨᠳᠣᠩ ᠲᠠᠢ ᠭᠡᠷ ᠵᠢᠷᠤᠭᠳᠠᠭᠰᠠᠨ ᠪᠠᠶᠢᠳᠠᠭ ᠪᠣᠯ ᠪᠠᠶᠠᠨ ᠥᠯᠥᠭᠡᠢ ᠠᠶᠢᠮᠠᠭ ᠤᠨ ᠴᠠᠭᠠᠨ ᠰᠠᠯᠠᠭ᠎ᠠ ᠬᠠᠳᠠᠨ ᠤ ᠵᠢᠷᠤᠭ ᠲᠤ ᠭᠡᠷ᠂ ᠳᠥᠷᠥᠭᠡ ᠬᠤᠶᠠᠷ ᠵᠢᠷᠤᠭᠰᠠᠨ ᠪᠠᠶᠢᠳᠠᠭ᠃ ᠠᠷᠪᠠᠨ ᠭᠤᠷᠪᠠᠳᠣᠭᠠᠷ ᠵᠠᠭᠤᠨ ᠤ ᠦᠶ᠎ᠡ ᠳᠤ ᠬᠡᠳᠦ ᠬᠡᠳᠦᠨ ᠶᠠᠩᠵᠤ ᠶᠢᠨ ᠭᠡᠷ ᠪᠠᠶᠢᠵᠠᠢ᠃  ᠬᠦᠵᠦᠬᠦᠪᠴᠢᠨ ᠲᠣᠭᠤᠨᠣ ᠲᠠᠢ᠂ ᠨᠡᠭᠦᠳᠡᠯ ᠬᠢᠬᠦ ᠳᠡᠭᠡᠨ ᠲᠡᠷᠭᠡᠨ ᠳᠡᠭᠡᠷ᠎ᠡ ᠪᠠᠷᠢᠭᠠᠳ ᠵᠥᠭᠡᠭᠡᠵᠦ ᠶᠠᠪᠤᠳᠠᠭ ᠪᠠᠶᠢᠭᠰᠠᠨ ᠭᠡᠷ ᠢ ᠲᠡᠷᠭᠡ ᠳᠤ ᠭᠡᠷ ᠭᠡᠳᠡᠭ ᠪᠣᠯ ᠭᠠᠳᠠᠭᠠᠳᠤ ᠳᠣᠲᠣᠭᠠᠳᠤ ᠶᠢᠨ ᠡᠯᠴᠢ ᠨᠠᠷ ᠢ ᠬᠦᠯᠢᠶᠡᠨ ᠠᠪᠳᠠᠭ᠂ ᠶᠡᠭᠡ ᠬᠤᠷᠠᠯᠳᠠᠢ ᠬᠤᠷᠠᠯᠳᠣᠭᠤᠯᠳᠠᠭ ᠬᠡᠳᠦᠨ ᠵᠠᠭᠤᠨ ᠬᠥᠮᠥᠨ ᠪᠠᠭᠲᠠᠬᠤ ᠲᠣᠮᠣ ᠭᠡᠷ ᠤᠳ ᠪᠠᠶᠢᠭᠰᠠᠨ ᠪᠥᠭᠡᠳ ᠲᠡᠭᠦᠨ ᠢ ᠣᠷᠳᠣ ᠭᠡᠷ ᠪᠤᠶᠤ ᠰᠢᠯᠲᠦᠭᠡᠨ ᠭᠡᠷ ᠭᠡᠨ᠎ᠡ᠃ ᠨᠣᠶᠠᠳ ᠢᠵᠠᠭᠤᠷᠲᠠᠨ ᠤᠳ ᠤᠨ ᠳᠠᠶᠢᠨ ᠪᠠᠶᠢᠯᠳᠤᠭᠠᠨ ᠳᠤ ᠠᠪᠴᠤ ᠶᠠᠪᠤᠳᠠᠭ ᠳᠠᠶᠢᠨ ᠤ ᠵᠣᠷᠢᠭᠤᠯᠤᠯᠲᠠ ᠲᠠᠢ ᠭᠡᠷ ᠢ ᠭᠡᠷᠯᠦᠭᠡ ᠬᠡᠮᠡᠨ᠎ᠡ᠃ ᠪᠤᠷᠭᠠᠰᠤ ᠵᠡᠷᠭᠡ ᠶᠢ ᠦᠵᠦᠭᠦᠷᠯᠡᠨ ᠪᠡᠶ᠎ᠡ ᠪᠡᠶ᠎ᠡ ᠳᠤ ᠨᠢ ᠣᠭᠯᠠᠭᠤᠷᠭᠠᠲᠠᠨ ᠬᠢᠭᠡᠳ ᠬᠠᠨ᠎ᠠ ᠶᠢ ᠡᠪᠡᠰᠦ ᠪᠠᠷ ᠬᠤᠴᠢᠭᠰᠠᠨ ᠭᠡᠷ ᠢ ᠡᠪᠡᠰᠦᠨ ᠭᠡᠷ ᠭᠡᠳᠡᠭ ᠪᠣᠯ ᠣᠷᠣᠴᠠ ᠮᠠᠶ᠋ᠢᠭ ᠤᠨ ᠬᠡᠯᠪᠡᠷᠢ ᠲᠠᠢ ᠭᠡᠷ ᠢ ᠬᠤᠰᠢᠯᠢᠭ ᠭᠡᠷ ᠭᠡᠳᠡᠭ ᠪᠠᠶᠢᠵᠠᠢ᠃ ᠮᠥᠨ 13 ᠳ᠋ᠣᠭᠠᠷ ᠵᠠᠭᠤᠨ ᠤ ᠦᠶ᠎ᠡ ᠳᠤ ᠮᠣᠩᠭᠤᠯ ᠬᠠᠭᠠᠳ ᠤᠨ ᠭᠡᠷ ᠢ ᠣᠯᠠᠨ ᠠᠷᠪᠠᠨ ᠰᠢᠷ᠎ᠠ ᠦᠬᠡᠷ ᠬᠥᠯᠯᠡᠭᠰᠡᠨ ᠲᠡᠷᠭᠡᠨ ᠳᠡᠭᠡᠷ᠎ᠡ ᠪᠠᠷᠢᠵᠤ ᠨᠡᠭᠦᠳᠡᠯ ᠬᠢᠳᠡᠭ ᠪᠠᠶᠢᠭᠰᠠᠨ᠃ ᠶᠡᠭᠡ ᠲᠡᠷᠭᠡ ᠠᠴᠠ ᠭᠠᠳᠠᠨ᠎ᠠ ᠳᠥᠷᠪᠡ᠂ ᠨᠠᠢᠮᠠᠨ ᠦᠬᠡᠷ ᠬᠥᠯᠯᠡᠭᠰᠡᠨ ᠪᠡᠰᠡᠷᠡᠭ ᠭᠡᠷ ᠲᠡᠷᠭᠡ ᠨᠦᠭᠦᠳ ᠴᠦ ᠣᠯᠠᠨ ᠪᠠᠶᠢᠵᠠᠢ᠃ 16 ᠳ᠋ᠣᠭᠠᠷ ᠵᠠᠭᠤᠨ ᠠᠴᠠ ᠣᠳᠣ ᠶᠢᠨ ᠮᠣᠩᠭᠤᠯ ᠭᠡᠷ ᠤᠨ ᠬᠡᠯᠪᠡᠷᠢ ᠳᠤ ᠰᠢᠯᠵᠢᠭᠰᠡᠨ ᠪᠥᠭᠡᠳ ᠭᠡᠷ ᠤᠨ ᠲᠣᠮᠣ ᠪᠠᠭ᠎ᠠ ᠬᠡᠮᠵᠢᠶ᠎ᠡ ᠨᠢ ᠵᠡᠷᠭᠡ ᠳᠡᠪ᠂ ᠬᠥᠷᠥᠩᠭᠡ ᠴᠢᠨᠡᠭᠡᠨ ᠠᠴᠠ ᠬᠠᠮᠢᠶᠠᠷᠴᠤ ᠪᠠᠶᠢᠪᠠ᠃ ᠵᠢᠷ ᠤᠨ ᠮᠠᠯᠴᠢᠳ ᠤᠨ ᠭᠡᠷ 4-5 ᠬᠠᠨ᠎ᠠ ᠲᠠᠢ᠂ ᠨᠣᠶᠠᠳ ᠤᠨ ᠭᠡᠷ ᠶᠡᠬᠡᠪᠴᠢᠯᠡᠨ 6-8 ᠬᠠᠨ᠎ᠠ ᠲᠠᠢ᠂ ᠠᠶᠢᠮᠠᠭ ᠬᠤᠰᠢᠭᠤᠨ ᠤ ᠲᠠᠮᠠᠭ᠎ᠠ ᠶᠢᠨ ᠭᠠᠵᠠᠷ ᠤᠨ ᠭᠡᠷ 10-12 ᠬᠠᠨ᠎ᠠ ᠲᠠᠢ ᠪᠠᠶᠢᠪᠠ᠃ ᠴᠢᠨᠡᠭᠡᠯᠢᠭ ᠠᠶᠢᠯ ᠤᠳ ᠭᠡᠷ ᠤᠨ ᠳᠡᠭᠡᠭᠦᠷ ᠴᠠᠰᠤ ᠪᠣᠷᠣᠭᠠᠨ ᠤ ᠤᠰᠤ᠂ ᠰᠠᠯᠬᠢ ᠰᠢᠭᠤᠷᠭᠠᠨ ᠠᠴᠠ ᠬᠠᠮᠠᠭᠠᠯᠠᠭᠰᠠᠨ ᠬᠥᠯᠲᠦ ᠡᠷᠦᠬᠡ ᠬᠡᠷᠡᠭᠯᠡᠵᠦ᠂ ᠳᠡᠭᠡᠪᠦᠷ ᠤᠨ ᠪᠦᠷᠢᠶᠡᠰᠦ ᠪᠠᠨ ᠤᠯᠠᠭᠠᠨ ᠬᠥᠬᠡ ᠬᠠᠯᠵᠠ ᠪᠠᠷ ᠴᠢᠮᠡᠳᠡᠭ ᠪᠠᠶᠢᠪᠠ᠃ ᠤᠯᠠᠭᠠᠨ ᠬᠠᠯᠵᠠ ᠎ ᠨᠢ ᠪᠠᠶᠠᠷ ᠪᠠᠶᠠᠰᠬᠤᠯᠠᠩ ᠢ᠂ ᠬᠥᠬᠡ ᠬᠠᠯᠵᠠ ᠨᠢ ᠲᠡᠭᠷᠢ ᠶᠢ ᠪᠡᠯᠭᠡᠳᠡᠭᠰᠡᠨ ᠪᠣᠯ ᠰᠢᠷ᠎ᠠ ᠶᠢᠨ ᠱᠠᠰᠢᠨ ᠳᠡᠯᠭᠡᠷᠡᠭᠦᠯᠦᠭᠰᠡᠨ ᠲᠠᠢ ᠬᠤᠯᠪᠣᠭᠳᠠᠨ ᠭᠡᠷ ᠤᠨ ᠴᠢᠮᠡᠭᠯᠡᠯ ᠳᠤ ᠶᠠᠩᠵᠤ ᠪᠦᠷᠢ ᠶᠢᠨ ᠬᠡ ᠤᠭᠠᠯᠵᠠ ᠪᠦᠬᠦᠢ ᠢᠲᠡᠭᠡᠯ ᠪᠢᠰᠢᠷᠡᠯ ᠤᠨ ᠴᠢᠨᠠᠷᠲᠠᠢ ᠵᠦᠢᠯᠡᠰ ᠣᠷᠣᠵᠤ ᠢᠷᠡᠭᠰᠡᠨ᠃ ᠡᠨᠡ ᠦᠶ᠎ᠡ ᠶᠢᠨ ᠶᠠᠳᠠᠭᠤᠰ ᠤᠨ ᠭᠡᠷ ᠢ ᠴᠡᠭᠡᠵᠢ ᠭᠡᠷ᠂ ᠲᠣᠪᠢ ᠭᠡᠷ᠂ ᠬᠠᠳᠬᠤᠭᠤᠷ ᠭᠡᠷ ᠭᠡᠬᠦ ᠮᠡᠲᠦ ᠪᠠᠷ ᠨᠡᠷᠡᠯᠡᠵᠦ ᠪᠠᠶᠢᠵᠠᠢ᠃ ᠴᠡᠭᠡᠵᠢ ᠭᠡᠷ ᠭᠡᠳᠡᠭ ᠨᠢ ᠵᠥᠪᠬᠡᠨ ᠤᠨᠢ ᠲᠣᠭᠤᠨᠣ ᠭᠡᠰᠡᠨ ᠶᠠᠰᠤ ᠮᠣᠳᠣ ᠲᠠᠢ ᠭᠡᠷ ᠢ ᠬᠡᠯᠡᠳᠡᠭ ᠪᠣᠯ ᠬᠠᠳᠬᠤᠭᠤᠷ ᠭᠡᠷ ᠨᠢ ᠳᠥᠷᠪᠡᠨ ᠲᠠᠯ᠎ᠠ ᠲᠠᠢ ᠱᠣᠪᠣᠭᠤᠷ ᠣᠷᠣᠢ ᠲᠠᠢ ᠪᠠᠶᠢᠵᠠᠢ᠃ ᠪᠤᠷᠭᠠᠰᠤ ᠶᠢ ᠵᠣᠷᠢᠭᠤᠳᠠ ᠮᠠᠬᠢᠢᠯᠭᠠᠨ ᠤᠨᠢ ᠬᠠᠨ᠎ᠠ ᠶᠢ ᠨᠢ ᠦᠷᠭᠦᠯᠵᠢᠯᠡᠯ ᠪᠣᠯᠭᠠᠨ ᠬᠢᠭᠰᠡᠨ ᠭᠡᠷ ᠢ ᠲᠣᠪᠢ ᠭᠡᠷ ᠭᠡᠳᠡᠭ᠃  ᠮᠣᠩᠭᠤᠯ ᠭᠡᠷ ᠤᠨ ᠬᠦᠨᠳᠦ ᠶᠢᠨ ᠵᠢᠩ ᠨᠢ 250-270 ᠺᠢᠯᠣᠭ᠍ᠷᠠᠮ ᠪᠠᠶᠢᠳᠠᠭ ᠤᠴᠢᠷ ᠬᠡᠳᠦᠬᠡᠨ ᠲᠡᠮᠡᠭᠡ ᠰᠠᠷᠯᠤᠭ ᠵᠡᠷᠭᠡ ᠳᠤ ᠠᠴᠢᠶᠠᠯᠠᠭᠠᠳ ᠨᠡᠭᠦᠴᠢᠬᠡᠳᠡᠭ᠂ ᠬᠡᠳᠦᠬᠡᠨ ᠴᠠᠭ ᠤᠨ ᠳᠣᠲᠣᠷ᠎ᠠ ᠬᠤᠶᠠᠭᠤᠯᠠ ᠭᠤᠷᠪᠠᠭᠤᠯᠠᠬᠠᠨ ᠢᠶᠠᠨ ᠪᠠᠷᠢᠴᠢᠬᠠᠳᠠᠭ᠂ ᠨᠡᠭᠦᠳᠡᠯ ᠳᠤ ᠲᠣᠬᠢᠷᠠᠮᠵᠢᠲᠠᠢ ᠬᠥᠩᠭᠡᠨ ᠠᠪᠰᠠᠷᠬᠠᠨ ᠰᠠᠭᠤᠴᠠ ᠶᠤᠮ᠃ ᠨᠡᠭᠦᠳᠡᠯ ᠬᠢᠵᠦ ᠶᠠᠪᠤᠭ᠎ᠠ ᠬᠥᠮᠥᠰ ᠢ ᠤᠭᠲᠤᠨ ᠲᠣᠰᠴᠤ ᠴᠠᠢ ᠢᠳᠡᠭᠡ ᠪᠠᠷ ᠴᠠᠶᠢᠯᠠᠳᠠᠭ᠂ ᠭᠡᠷ ᠪᠠᠷᠢᠵᠤ ᠪᠠᠶᠢᠬᠤ ᠳᠤ ᠲᠠᠭᠠᠷᠠᠪᠠᠯ ᠲᠠᠨᠢᠳᠠᠭ ᠴᠦ ᠪᠠᠢ᠂ ᠲᠠᠨᠢᠳᠠᠭ ᠦᠭᠡᠢ ᠴᠦ ᠪᠠᠢ ᠣᠴᠢᠵᠤ ᠲᠤᠰᠠᠯᠠᠳᠠᠭ ᠵᠠᠩᠰᠢᠯ ᠲᠠᠢ᠃ ᠭᠡᠷ ᠤᠨ ᠶᠡᠭᠡ ᠪᠠᠭ᠎ᠠ ᠶᠢ ᠬᠠᠨᠠᠨ ᠤ ᠲᠤᠭ᠎ᠠ ᠪᠠ ᠲᠣᠯᠣᠭᠠᠢ ᠪᠠᠷ ᠢᠯᠭᠠᠨ᠎ᠠ᠃ ᠭᠡᠷ ᠪᠣᠯ ᠳᠡᠯᠡᠬᠡᠢ ᠲᠠᠢ ᠠᠳᠠᠯᠢ ᠪᠥᠭᠡᠷᠡᠩᠬᠡᠢ ᠳᠤᠭᠤᠢ ᠤᠴᠢᠷ ᠠᠴᠠ ᠪᠤᠯᠤᠩ ᠲᠣᠬᠤᠢ ᠳᠤ ᠨᠢ ᠮᠠᠭᠤ ᠡᠨᠧᠷᠭᠢ ᠬᠤᠷᠭᠤᠳᠠᠨ ᠦᠯᠡᠳᠡᠬᠦ ᠦᠭᠡᠢ᠂ ᠭᠡᠷ ᠲᠤ ᠪᠠᠶᠢᠭ᠎ᠠ ᠬᠥᠮᠥᠨ ᠰᠠᠶᠢᠬᠠᠨ ᠠᠮᠠᠷᠠᠵᠤ ᠤᠨᠲᠠᠵᠤ ᠴᠢᠳᠠᠳᠠᠭ ᠭᠠᠳᠠᠨ᠎ᠠ ᠬᠥᠮᠥᠨ ᠤ ᠠᠭᠤᠷ ᠪᠣᠬᠢᠨᠢᠳᠣᠯ᠂ ᠣᠴᠠᠭᠠᠷ ᠢ ᠠᠮᠠᠷᠬᠠᠨ ᠲᠠᠶᠢᠯᠳᠠᠭ ᠪᠠᠶᠢᠨ᠎ᠠ᠃ ᠬᠠᠨ᠎ᠠ ᠪᠣᠯᠬᠤ ᠢᠰᠡᠭᠡᠢ ᠲᠤᠭᠤᠷᠭ᠎ᠠ ᠨᠢ ᠴᠠᠭ ᠲᠤ 500 ᠤᠳᠠᠭ᠎ᠠ ᠠᠭᠠᠷ ᠰᠣᠯᠢᠯᠴᠠᠵᠤ ᠴᠢᠳᠠᠳᠠᠭ ᠠᠵᠢ᠃ ᠪᠡᠯᠡᠳᠬᠡᠭᠰᠡᠨ ᠨᠢ᠄ ᠡᠷᠳᠡᠨᠢᠬᠦᠦ ᠨᠠᠶᠢᠷᠠᠭᠤᠯᠤᠭᠰᠠᠨ ᠨᠢ᠄ ᠨᠠᠮᠤᠷ ᠬᠢᠨᠠᠭᠰᠠᠨ ᠨᠢ᠄ ᠤᠷᠢᠬᠠᠨ
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号